ᠲᠤᠰᠬᠠᠢ ᠮᠡᠳᠡᠭᠡᠯᠡᠯ > ᠠᠮᠤᠭᠤᠯᠠᠩᠲᠤ ᠤᠮᠠᠷᠠᠲᠤ ᠬᠢᠯᠢ

2026-10-21 17:15:50

ᠵᠣᠬᠢᠶᠠᠭ᠍ᠴᠢ᠄ ᠪᠢᠯᠢᠭᠪᠡᠭᠠᠳᠤᠷ ᠣᠩᠱᠢᠭ᠍ᠰᠠᠨ ᠣᠳᠠᠭ᠎ᠠ᠄ 3

ᠰᠢᠯᠢ᠎ᠶᠢᠨ ᠭᠤᠤᠯ ᠠᠶ᠋ᠢᠮᠠᠭ᠎ᠤᠨ ᠰᠥᠨᠢᠳ ᠵᠡᠭᠦᠨ ᠬᠣᠰᠢᠭᠤᠨ᠎ᠤ ᠲᠡᠯᠡᠶ ᠰᠤᠮᠤᠨ᠎ᠤ ᠪᠠᠶᠠᠠᠡᠷᠳᠡᠨᠢ ᠭᠠᠴᠠᠭᠠᠨ᠎ᠤ ᠮᠠᠯᠴᠢᠳ᠎ᠤᠨ ᠲᠠᠡᠭᠳᠠ ᠶᠠᠷᠢᠳᠠᠭ 《ᠪᠤᠭᠤᠷᠤᠯ ᠱᠦᠵᠢ》 ᠵᠢ ᠰᠤᠷᠪᠤᠯᠵᠢᠯᠠᠭᠴᠢ ᠲᠦᠷᠦᠭᠦᠬᠡᠨ ᠰᠤᠨᠢᠭᠤᠴᠢᠯᠠᠨ ᠰᠤᠷᠪᠤᠯᠵᠢᠯᠠᠵᠦ ᠪᠢᠯᠡ᠃ ᠲᠡᠷᠡ ᠪᠣᠯ ᠳᠠᠷᠤᠢ ᠰᠢᠯᠢ᠎ᠶᠢᠨ ᠭᠣᠣᠯ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠬᠢ᠎ᠶᠢᠨ ᠪᠠᠶᠠᠨᠳᠤᠯᠠᠭᠠᠨ ᠳ᠋ᠡᠬᠢ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠭᠤᠷᠪᠠᠳᠤᠭᠠᠷ ᠳᠡᠰ᠎ᠤᠨ ᠴᠠᠭᠳᠠᠭᠠᠨ ᠳᠠᠷᠤᠭ᠎ᠠ᠂ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ  ᠸᠠᠩ  ᠢ ᠮᠢᠨ  ᠪᠣᠯᠤᠨ᠎ᠠ᠃

2019 ᠣᠨ᠎ᠤ ᠬᠠᠪᠤᠷ᠂ ᠸᠠᠩ  ᠢ ᠮᠢᠨ ᠠᠩᠬ᠎ᠠ ᠡᠨᠳᠠ ᠢᠷᠡᠭᠡᠳ ᠨᠡᠶ᠋ᠢᠭᠡᠮ ᠲᠣᠭᠣᠷᠢᠭ᠎ᠤᠨ ᠠᠷᠠᠳ᠎ᠤᠨ ᠴᠠᠭᠳᠠᠭ᠎ᠠ ᠪᠣᠯᠤᠭᠰᠠᠨ ᠡᠴᠡ ᠨᠠᠭᠠᠰᠢᠬᠢ 7 ᠵᠢᠯ᠎ᠦᠨ ᠲᠤᠷᠰᠢ ᠬᠠᠷᠢᠶ᠎ᠠ ᠬᠠᠮᠢᠶᠠᠷᠤᠯᠳᠠ ᠵᠢᠨ ᠣᠷᠣᠨ᠎ᠤ ᠪᠡᠨ 1050 ᠲᠡᠭᠰᠢ ᠳᠥᠷᠪᠡᠯᠵᠢᠨ ᠺᠢᠯᠤᠮᠸᠲᠷ ᠨᠤᠲᠤᠭ ᠲᠡᠭᠡᠷ᠎ᠡ ᠠᠯᠪᠠᠨ ᠠᠵᠢᠯ ᠵᠢᠠᠨ ᠭᠢᠯᠠᠷᠠᠳᠠᠯ᠎ᠠ ᠪᠡᠶᠡᠯᠡᠭᠦᠯᠵᠦ᠂ ᠮᠠᠯᠴᠢᠳ᠎ᠤᠨ ᠵᠢᠡᠨ ᠰᠠᠢᠨ ᠠᠨᠳᠠ᠂ ᠠᠮᠤᠷ ᠲᠦᠪᠰᠢᠨ᠎ᠤ ᠪᠠᠳᠤ ᠲᠦᠰᠢᠭ ᠪᠤᠯᠵᠠᠢ᠃

2025 ᠣᠨ᠎ᠤ ᠡᠬᠢ᠎ᠪᠡᠷ᠂ ᠸᠠᠩ  ᠢ ᠮᠢᠨ ᠭᠠᠴᠠᠭᠠᠨ᠎ᠳᠤ ᠰᠠᠭᠤᠭ᠎ᠠ ᠨᠢᠭᠡᠳᠦᠭᠡᠷ ᠱᠦᠵᠢ᠎ᠶᠢᠨ ᠲᠤᠰᠢᠶᠠᠯ᠎ᠢ ᠬᠠᠪᠰᠤᠷᠭᠠᠨ ᠡᠭᠦᠷᠭᠡᠯᠡᠵᠦ᠂ ᠬᠢᠯᠢ ᠭᠢᠵᠠᠭᠠᠷ ᠤᠷᠤᠨ᠎ᠤ ᠠᠮᠤᠷ ᠲᠦᠪᠰᠢᠨ᠎ᠤ ᠠᠵᠢᠯ ᠭᠢᠭᠡᠳ ᠭᠠᠴᠠᠭᠠᠨ᠎ᠤ ᠠᠵᠢᠯ᠎ᠳᠤ ᠪᠤᠷᠪᠢ ᠪᠤᠬᠢᠰᠬᠢᠯ ᠦᠭᠡᠢ ᠴᠢᠷᠮᠠᠢᠬᠤ ᠪᠤᠯᠪᠠ᠃ ᠨᠠᠰᠤ ᠬᠡᠳᠦᠢᠪᠡᠷ ᠰᠠᠶᠢ ᠭᠤᠴᠢ ᠭᠠᠷᠴᠦ ᠪᠠᠢᠭ᠎ᠠ᠎ᠴᠦ ᠸᠠᠩ  ᠢ ᠮᠢᠨ ᠎ᠤ ᠭᠡᠵᠢᠭᠡ ᠨᠢ ᠡᠷᠳᠡ ᠴᠠᠢᠭᠰᠠᠨ ᠪᠤᠯᠬᠤᠷ ᠮᠠᠯᠴᠢᠳ ᠲᠡᠭᠦᠨ᠎ᠢ 《ᠪᠤᠭᠤᠷᠤᠯ ᠱᠦᠵᠢ》 ᠭᠡᠵᠦ ᠲᠤᠳᠤᠨᠤᠴᠢᠯᠠᠨ ᠲᠠᠭᠤᠳᠠᠳᠠᠭ᠃ ᠨᠢᠳᠤᠨᠤᠨ᠎ᠤ ᠲᠥᠯ᠎ᠤᠨ ᠦᠶ᠎ᠡ᠎ᠳᠤ ᠶᠡᠬᠡ ᠴᠠᠰᠤ ᠲᠤᠬᠢᠶᠠᠵᠦ᠂ ᠮᠠᠯᠴᠢᠨ ᠥᠰᠬᠦᠪᠠᠶᠠᠷ᠎ᠤᠨ ᠬᠢᠨ᠎ᠤ ᠴᠠᠬᠢᠯᠭᠠᠨ ᠨᠢ ᠵᠤᠭᠰᠤᠭᠠᠳ᠂ ᠲᠤᠯᠠᠭᠠᠨ ᠫᠸᠡᠭ᠎ᠤᠨ ᠲᠤᠯᠠᠭᠠᠯᠠᠭ᠎ᠠ ᠨᠢ ᠲᠠᠰᠤᠷᠠᠵᠦ ᠮᠠᠰᠢ ᠲᠦᠪᠡᠭᠳᠡᠵᠦ ᠪᠠᠢᠯ᠎ᠠ᠃ ᠴᠠᠬᠢᠯᠭᠠᠨ ᠬᠦᠴᠦᠳᠡᠯ ᠥᠭᠡᠷᠡᠴᠢᠯᠡᠭᠴᠢ᠎ᠶᠢ ᠰᠤᠯᠢᠬᠤ᠎ᠳᠤ ᠬᠣᠰᠢᠭᠤᠨ᠎ᠡᠴᠡ ᠬᠢᠨᠠᠨ ᠵᠥᠪᠰᠢᠶᠡᠷᠡᠯ ᠠᠪᠴᠦ᠂ ᠠᠳᠠᠭ ᠲᠠᠭᠠᠨ ᠬᠠᠭᠠᠰ ᠰᠠᠷ᠎ᠠ ᠤᠷᠤᠨ᠎ᠠ᠃ ᠡᠨᠡ ᠬᠦ᠌ ᠪᠠᠴᠢᠮ ᠦᠶ᠎ᠡ᠎ᠳᠤ  ᠸᠠᠩ  ᠢ ᠮᠢᠨ ᠰᠠᠯᠬᠢ ᠰᠢᠭᠤᠷᠭ᠎ᠠ ᠰᠦᠷᠦᠨ ᠬᠤᠰᠢᠭᠤᠨ ᠲᠦᠪ ᠤᠷᠤᠵᠦ᠂ ᠴᠠᠬᠢᠯᠭᠠᠨ ᠬᠦᠴᠦᠨ᠎ᠦ ᠰᠠᠯᠠᠭ᠎ᠠ ᠮᠥᠴᠢᠷ ᠎ᠢ ᠡᠷᠢᠨ᠂ ᠬᠢᠨᠠᠨ ᠵᠥᠪᠰᠢᠶᠡᠷᠡᠬᠦ᠌ ᠭᠠᠷᠳᠡᠮ ᠎ᠢ ᠱᠠᠯᠠᠪᠳᠠᠨ ᠭᠦᠢᠴᠡᠳᠭᠡᠪᠡ᠃ ᠪᠠᠷᠢᠯᠭ᠎ᠠ ᠡᠬᠢᠯᠡᠬᠦ᠎ᠳᠤ ᠲᠡᠷᠡ ᠮᠠᠯᠴᠢᠳ᠎ᠲᠠᠢ ᠬᠠᠮᠳᠤ ᠬᠦᠷ ᠴᠠᠰᠤᠨ᠎ᠳᠤ ᠴᠠᠬᠢᠯᠭᠠᠨ ᠬᠡᠷᠡᠭᠰᠡᠯ ᠪᠠᠭᠠᠵᠢ ᠵᠢ ᠡᠭᠦᠷᠦᠨ ᠤᠢᠷᠠᠳᠤᠭᠤᠯᠵᠦ ᠦᠭᠭᠦᠭᠰᠡᠨ ᠡᠴᠡ ᠬᠡᠳᠦᠭᠡᠨ ᠡᠳᠦᠷ᠎ᠤᠨ ᠲᠤᠳᠤᠷ᠎ᠠ ᠴᠠᠬᠢᠯᠭᠠᠨ ᠵᠤᠭᠰᠤᠭᠰᠠᠨ ᠬᠦᠴᠢᠷ ᠠᠰᠠᠭᠤᠳᠠᠯ᠎ᠢ ᠰᠢᠢᠳᠪᠦᠷᠢᠯᠡᠵᠡᠢ᠃ ᠮᠠᠯᠴᠢᠨ ᠦᠰᠭᠦᠪᠠᠶᠠᠷ᠄《ᠸᠠᠩ ᠱᠦᠵᠢ᠎ᠵᠢᠨ ᠬᠠᠯᠠᠭᠤᠨ ᠰᠡᠳᠬᠢᠯ ᠬᠠᠪᠰᠤᠷᠤᠯᠭ᠎ᠠ ᠲᠡᠮᠵᠢᠯᠭᠡ᠎ᠳᠤ ᠪᠢᠳᠡ ᠰᠡᠳᠬᠢᠯ᠎ᠤᠨ ᠤᠭ ᠡᠴᠡ ᠪᠡᠨ ᠪᠠᠶᠠᠷᠯᠠᠵᠦ ᠶᠠᠪᠤᠨ᠎ᠠ》 ᠭᠡᠵᠦ  ᠰᠡᠳᠬᠢᠯ ᠲᠤᠭᠳᠤᠯᠤᠨ ᠶᠠᠷᠢᠬᠰᠠᠨ ᠪᠢᠯᠡ᠃

ᠦᠢᠷ᠎ᠡ᠎ᠶᠢᠨ ᠵᠢᠯ᠎ᠳᠦ᠂ ᠲᠠᠯ᠎ᠠ ᠨᠤᠲᠤᠭ᠎ᠤᠨ ᠠᠮᠢ ᠠᠬᠤᠶ ᠰᠠᠢᠵᠢᠷᠠᠵᠤ᠂ ᠴᠢᠨᠣ᠎ᠠ᠂ ᠦᠨᠡᠭᠡ ᠵᠡᠷᠭᠡ ᠠᠮᠢᠲᠠᠨ ᠠᠷᠢᠶᠠᠳᠠᠨ ᠤᠯᠠᠰᠢᠷᠠᠵᠦ᠂ ᠵᠠᠷᠢᠮ ᠳ᠋ᠠᠭᠠᠨ ᠮᠠᠯ ᠤᠨᠤᠭ᠎ᠠ ᠵᠢ ᠪᠠᠷᠢᠵᠦ᠂ ᠵᠠᠷᠢᠮ ᠮᠠᠯᠴᠢᠨ ᠡᠷᠦᠬᠡ ᠪᠠᠭ᠎ᠠ ᠪᠤᠰᠤ ᠬᠤᠬᠢᠷᠠᠯ ᠠᠮᠰᠠᠵᠠᠢ᠃ ᠤᠤᠯ᠎ᠤᠨ ᠬᠡᠭᠡᠷ᠎ᠡ᠎ᠶᠢᠨ ᠠᠮᠢᠲᠠᠨ᠎ᠤ ᠬᠤᠤᠷ ᠬᠥᠨᠥᠭᠡᠯ᠎ᠦᠨ ᠳᠠᠭᠠᠳᠬᠠᠯ ᠨᠢ ᠲᠤᠬᠠᠶ᠋ᠢᠯᠠᠭᠰᠠᠨ ᠠᠵᠢᠯ᠎ᠤᠨ ᠲᠣᠬᠢᠷᠠᠭᠤᠯᠤᠯᠲᠠ᠎ᠠᠴᠠ ᠪᠣᠯᠵᠤ ᠵᠣᠭᠰᠣᠵᠤ᠂ ᠮᠠᠯᠴᠢᠳ ᠭᠠᠷ ᠵᠢᠠᠨ ᠨᠤᠬᠤᠯᠤᠨ ᠭᠠᠴᠢᠭᠳᠠᠵᠦ ᠪᠠᠢᠪᠠ᠃  ᠸᠠᠩ  ᠢ ᠮᠢᠨ  ᠡᠨᠡ ᠬᠦ᠌ ᠪᠠᠢᠳᠠᠯ᠎ᠢ ᠤᠯᠵᠦ ᠮᠡᠳᠡᠭᠰᠡᠨ᠎ᠤ ᠲᠠᠷᠠᠭ᠎ᠠ ᠮᠠᠯ ᠤᠨᠤᠭ᠎ᠠ ᠵᠢ ᠬᠤᠷᠤᠭᠠᠭᠰᠠᠨ ᠸᠢᠳᠢᠣ᠋᠂ ᠡᠭᠡ ᠲᠠᠩᠰᠠ ᠵᠢ ᠡᠮᠬᠢᠳᠬᠡᠵᠦ᠍᠂ ᠲᠤᠰᠬᠠᠢ ᠰᠡᠳᠦᠪᠲᠦ᠍ ᠮᠡᠳᠡᠭᠦᠯᠦᠯᠲᠡ ᠪᠢᠴᠢᠵᠦ᠂ ᠠᠶ᠋ᠢᠮᠠᠭ᠎ᠤᠨ ᠳᠠᠭᠠᠳᠬᠠᠯ᠎ᠤᠨ ᠺᠣᠮᠫᠠᠨᠢ᠎ᠳᠤ ᠬᠦᠷᠴᠦ᠍᠂ 《ᠬᠢᠯᠢ ᠬᠢᠵᠠᠭᠠᠷ᠎ᠤᠨ ᠮᠠᠯᠵᠢᠬᠤ ᠣᠷᠣᠨ᠎ᠤ ᠬᠡᠭᠡᠷ᠎ᠡ᠎ᠶᠢᠨ ᠠᠮᠢᠳᠠᠨ᠎ᠤ ᠬᠣᠬᠢᠷᠠᠯ ᠡᠴᠡ ᠬᠠᠮᠠᠭᠠᠯᠠᠬᠤ ᠳᠠᠭᠠᠳᠬᠠᠯ》 ᠢ᠋ ᠵᠤᠯᠭᠠᠭᠤᠯᠪᠠ᠃ ᠣᠬᠣᠷᠬᠠᠨ ᠬᠤᠭᠤᠴᠠᠭᠠᠨ᠎ᠳᠤ ᠮᠠᠯᠵᠢᠬᠤ ᠡᠷᠦᠬᠡ᠎ᠶᠢᠨ ᠳᠠᠭᠠᠳᠬᠠᠯ᠎ᠤᠨ ᠰᠦᠢᠳᠬᠡᠯ᠎ᠢ ᠪᠦᠬᠦᠨ᠎ᠢ ᠴᠤᠭᠯᠠᠭᠤᠯᠵᠤ ᠳᠡᠶ᠋ᠢᠯᠬᠦ᠌ ᠥᠬᠡᠶ ᠪᠠᠶ᠋ᠢᠳᠠᠯ ᠳᠤᠤᠷ᠎ᠠ᠂ ᠲᠡᠷᠡ ᠢᠲᠡᠭᠡᠮᠵᠢ᠎ᠶᠢᠨ ᠺᠠᠷᠲ᠎ᠢᠶᠠᠷ ᠵᠢᠡᠨ 3.5 ᠲᠦᠮᠡᠨ ᠲᠥᠭᠥᠷᠢᠭ᠎ᠤᠨ ᠳᠠᠭᠠᠳᠬᠠᠯ᠎ᠤᠨ ᠰᠦᠢᠳᠭᠡᠯ᠎ᠢ ᠨᠢ ᠣᠷᠣᠯᠠᠨ ᠲᠤᠰᠢᠶᠠᠵᠤ᠂ 100 ᠭᠠᠷᠤᠢ ᠮᠠᠯᠴᠢᠨ ᠡᠷᠦᠬᠡ ᠵᠢ᠎ᠳᠠᠭᠠᠳᠬᠠᠯ᠎ᠳᠤ ᠤᠷᠤᠭᠤᠯᠵᠦ ᠦᠭᠪᠡ᠃

ᠳᠠᠭᠠᠳᠬᠠᠯ ᠬᠦᠴᠦᠨ᠎ᠲᠡᠶ ᠪᠣᠯᠣᠭᠠᠳ ᠰᠠᠶᠢ ᠨᠢᠭᠡ ᠰᠠᠷ᠎ᠠ ᠪᠣᠯᠵᠤ ᠪᠠᠢᠬᠤ᠎ᠳᠤ᠂ ᠨᠢᠭᠡ ᠤᠳᠠᠭᠠᠨ᠎ᠤ ᠦᠷᠭᠦᠯᠵᠢᠯᠡᠭᠰᠡᠨ ᠶᠡᠬᠡ ᠪᠣᠷᠣᠭᠠᠨ᠎ᠳᠤ ᠴᠢᠨᠣ᠎ᠠ ᠬᠤᠨᠢᠨ ᠰᠦᠷᠦᠭ᠎ᠢ ᠳᠠᠭᠠᠷᠢᠵᠦ᠂ ᠨᠡᠯᠢᠶᠡᠳ ᠡᠷᠦᠬᠡ ᠬᠦᠨᠳᠦ ᠬᠤᠭᠢᠷᠠᠵᠠᠢ᠃  ᠸᠠᠩ  ᠢ ᠮᠢᠨ ᠪᠣᠷᠣᠭᠠᠨ᠎ᠤ ᠳᠤᠮᠳᠠᠭᠤᠷ ᠲᠤᠬᠠᠢ ᠵᠢᠨ ᠲᠠᠯᠠᠪᠠᠢ᠎ᠳᠤ ᠬᠦᠷᠴᠦ᠂ ᠭᠡᠷᠡᠴᠢ ᠴᠤᠭᠯᠠᠭᠤᠯᠤᠨ ᠡᠮᠬᠢᠳᠭᠡᠵᠦ᠂ 31 ᠬᠣᠨᠢᠨ᠎ᠤ ᠲᠦᠯᠦᠪᠦᠷᠢ᠎ᠳᠦ 15419.83 ᠲᠥᠭᠥᠷᠢᠭ᠎ᠦᠨ ᠲᠥᠯᠥᠪᠦᠷᠢ᠎ᠶᠢᠨ ᠵᠣᠭᠣᠰ᠎ᠢ ᠮᠠᠰᠢ ᠲᠦᠷᠭᠡᠨ᠎ᠢᠶᠡᠷ ᠲᠠᠡᠭᠰᠠᠨ ᠡᠴᠡ ᠲᠠᠢᠯᠵᠤ ᠦᠭᠴᠠᠢ᠃ ᠬᠢᠯᠢ ᠬᠠᠮᠠᠭᠠᠯᠠᠭᠴᠢ ᠵᠠᠩ ᠶᠦᠩ ᠴᠢᠩ᠄《ᠸᠠᠩ ᠱᠦᠵᠢ᠎ᠶᠢᠨ ᠵᠤᠯᠭᠠᠭᠤᠯᠵᠦ ᠦᠭᠭᠦᠭᠰᠡᠨ ᠡᠨᠡ ᠳᠠᠭᠠᠳᠬᠠᠯ ᠪᠣᠯ ᠦᠨᠡᠨ ᠬᠦ᠌ ᠮᠠᠯᠴᠢᠳ᠎ᠤᠨ ᠠᠮᠢᠨ ᠵᠢᠭᠤᠯᠭ᠎ᠠ᠎ᠳᠤ ᠪᠠᠲᠤᠯᠠᠭ᠎ᠠ ᠪᠤᠯᠤᠭᠰᠠᠨ ᠰᠠᠢᠨ ᠠᠷᠭ᠎ᠠ ᠬᠢᠳᠡᠯ ᠮᠥᠨ》 ᠭᠡᠯ᠎ᠠ᠃

ᠨᠢᠭᠡᠳᠦᠭᠡᠷ ᠱᠦᠵᠢ ᠪᠣᠯᠤᠭᠰᠠᠨ᠎ᠤ ᠳᠠᠷᠠᠭ᠎ᠠ᠂  ᠸᠠᠩ  ᠢ ᠮᠢᠨ ᠴᠠᠭᠳᠠᠭᠠᠨ᠎ᠤ ᠶᠠᠪᠤᠳᠠᠯ᠎ᠤᠨ ᠲᠠᠰᠤᠭ᠂ ᠬᠢᠯᠢ᠎ᠶᠢᠨ ᠬᠠᠷᠠᠭᠤᠯ᠎ᠤᠨ ᠥᠷᠲᠡᠭᠡ᠂ ᠨᠡᠭᠦᠳᠡᠯ ᠡᠶᠡᠳᠡᠭᠦᠯᠬᠦ᠌ ᠠᠩᠭᠢ ᠵᠢ ᠡᠷᠴᠢᠮᠵᠢᠭᠦᠯᠦᠨ ᠬᠠᠮᠢᠶᠠᠷᠴᠤ᠂ ᠨᠤᠲᠤᠭ ᠪᠡᠯᠴᠢᠭᠡᠷ᠎ᠤᠨ ᠵᠠᠭᠠᠭ ᠬᠢᠵᠠᠭᠠᠷ᠎ᠢ ᠲᠤᠳᠤᠷᠬᠠᠢ ᠪᠤᠯᠭᠠᠵᠦ᠂ ᠠᠶ᠋ᠢᠯ ᠰᠠᠭᠠᠬᠠᠯᠲᠠ᠎ᠵᠢᠨ ᠬᠤᠭᠤᠷᠤᠨᠳᠤᠬᠢ ᠵᠦᠷᠢᠴᠡᠯ ᠵᠠᠭᠤᠷᠠᠯᠳᠤᠭᠠᠨ᠎ᠢ ᠡᠶᠡᠳᠡᠭᠦᠯᠦᠨ ᠰᠢᠢᠳᠪᠦᠷᠢᠯᠡᠪᠠ᠃ ᠲᠡᠭᠦᠨ᠎ᠤ ᠠᠷᠠᠳ᠎ᠤᠨ ᠪᠠᠶ᠋ᠢᠳᠠᠯ᠎ᠤᠨ ᠲᠤᠬᠠᠶ ᠡᠳᠦᠷ᠎ᠦᠨ ᠲᠡᠮᠳᠡᠭᠯᠡᠯ᠎ᠢ ᠨᠢ ᠰᠡᠬᠦᠵᠦ ᠦᠵᠡᠪᠡᠯ ᠲᠠᠡᠭᠳᠠ ᠵᠢᠵᠢᠭ ᠰᠠᠵᠢᠭ ᠤᠴᠢᠷ ᠶᠠᠪᠤᠳᠠᠯ᠎ᠢ ᠨᠠᠷᠢᠨ ᠤᠨᠤᠪᠴᠢᠳᠠᠢ ᠲᠡᠮᠳᠡᠭᠯᠡᠭᠰᠡᠨ ᠪᠠᠢᠯ᠎ᠠ᠃ 《ᠴᠠᠭᠳᠠᠭ᠎ᠠ ᠪᠠᠢᠲᠠᠯ᠎ᠠ ᠲᠠ ᠶᠠᠭᠠᠬᠢᠭᠠᠳ ᠭᠠᠴᠠᠭᠠᠨ᠎ᠳᠤ ᠢᠷᠡᠵᠦ ᠱᠦᠵᠢ ᠪᠤᠯᠴᠢᠬᠠᠪᠠ?》 ᠭᠡᠬᠦ ᠬᠦᠮᠦᠰ᠎ᠤᠨ ᠠᠰᠠᠭᠤᠯᠳᠠ᠎ᠳᠤ᠂ 《ᠪᠢᠳᠠ ᠬᠢᠯᠢ᠎ᠪᠡᠨ ᠰᠠᠬᠢᠵᠤ ᠪᠠᠶ᠋ᠢᠭ᠎ᠠ ᠨᠢ ᠬᠢᠯᠢ ᠬᠢᠵᠠᠭᠠᠷ᠎ᠤᠨ ᠠᠮᠤᠷ ᠲᠦᠪᠰᠢᠨ᠎ᠤ ᠲᠦᠯᠦᠭᠡ ᠪᠦᠭᠡᠳ ᠨᠡᠩ ᠴᠤ᠌ ᠮᠠᠯᠴᠢᠨ ᠲᠦᠮᠡᠨ᠎ᠤ ᠪᠠᠶᠠᠨ ᠴᠢᠨᠡᠭᠡᠯᠢᠭ ᠠᠮᠢᠳᠤᠷᠠᠯ᠎ᠤᠨ ᠲᠦᠯᠦᠭᠡ ᠶᠤᠮ》 ᠭᠡᠵᠦ ᠲᠠᠷᠠ ᠢᠳᠡᠭᠡᠯ ᠲᠡᠬᠦᠯᠳᠡᠷ ᠬᠠᠷᠢᠭᠤᠯᠳᠠ ᠦᠭᠬᠦᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面