2022ᠤᠨ᠎ᠤ᠋ ᠪᠦᠬᠦ ᠤᠯᠤᠰ᠎ᠤ᠋ᠨ ᠬᠣᠶᠠᠷ ᠬᠤᠷᠠᠯ > ᠮᠡᠳᠡᠭᠡᠯᠡᠯ

2022-03-06 10:00:19

ᠵᠣᠬᠢᠶᠠᠭ᠍ᠴᠢ᠄ ᠯᠢ ᠬᠠᠨ ᠣᠩᠱᠢᠭ᠍ᠰᠠᠨ ᠣᠳᠠᠭ᠎ᠠ᠄ 3

ᠮᠠᠨ᠎ᠦ ᠣᠷᠣᠨ᠎ᠦ ᠪᠦᠬᠦ ᠣᠯᠣᠰ᠎ᠦᠨ ᠠᠷᠠᠳ᠎ᠦᠨ ᠲᠦᠯᠦᠭᠡᠯᠡᠭᠴᠢᠳ᠎ᠦᠨ ᠶᠡᠬᠡ ᠬᠣᠷᠠᠯ ᠎ᠦᠨ ᠲᠦᠯᠦᠭᠡᠯᠡᠭᠴᠢ ᠴᠸᠨ ᠯᠢᠶᠠᠩ ᠠᠩᠬᠠᠳᠠᠭᠴᠢ 《 ᠲᠦᠯᠦᠭᠡᠯᠡᠭᠴᠢᠳ᠎ᠦᠨ ᠰᠣᠷᠪᠣᠯᠵᠢᠯᠠᠭ᠎ᠠ ᠬᠦᠯᠢᠶᠡᠬᠦ ᠵᠠᠮ 》᠎ᠳᠦ ᠰᠣᠷᠪᠣᠯᠵᠢᠯᠠᠭ᠎ᠠ ᠬᠦᠯᠢᠶᠡᠪᠡ

— 《ᠤᠢ ᠰᠢᠭᠤᠢ ᠨᠤᠲᠤᠭ ᠪᠡᠯᠴᠢᠭᠡᠷ ᠢ᠋ ᠬᠠᠮᠠᠭᠠᠯᠠᠬᠤ ᠠᠵᠢᠯ᠎ᠢ ᠠᠮᠢ ᠨᠠᠰᠤᠨ ᠤ᠋ ᠪᠠᠨ ᠨᠢᠭᠡᠨ ᠦᠨ᠎ᠡ ᠦᠷᠳᠡᠭ ᠪᠤᠯᠭᠠᠨ᠎ᠠ》

3 ᠰᠠᠷ᠎ᠠ ᠶ᠋ᠢᠨ 5 ᠤ᠋ ᠡᠳᠦᠷ ᠤ᠋ᠨ 8 ᠴᠠᠭ᠎ᠲᠤ᠂ ᠠᠷᠪᠠᠨ ᠭᠤᠷᠪᠠᠳᠤᠭᠠᠷ ᠬᠤᠭᠤᠴᠠᠭᠠᠨ ᠤ᠋ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠠᠪᠤᠳᠤᠭᠠᠷ ᠬᠤᠷᠠᠯ ᠤ᠋ᠨ ᠲᠦᠷᠦᠭᠦᠦ ᠲᠠᠯᠠᠪᠤᠷ 《ᠲᠥᠯᠥᠭᠡᠯᠡᠭ᠌ᠴᠢᠳ ᠤ᠋ᠨ ᠰᠤᠷᠪᠤᠯᠵᠢᠯᠠᠭ᠎ᠠ ᠬᠦᠯᠢᠶᠡᠬᠦ ᠵᠠᠮ》 ᠪᠣᠯᠵᠣᠭ᠎ᠠ ᠶᠣᠰᠣᠭᠠᠷ ᠨᠡᠬᠡᠭᠡᠭᠳᠡᠪᠡ᠃ ᠥᠪᠥᠷ ᠮᠣᠩᠭᠣᠯ᠎ᠠᠴᠠ ᠢᠷᠡᠭ᠌ᠰᠡᠨ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠥᠯᠥᠭᠡᠯᠡᠭ᠌ᠴᠢ᠂ ᠬᠢᠩᠭᠠᠨ ᠠᠢᠮᠠᠭ ᠤ᠋ᠨ ᠤᠢ ᠱᠢᠭᠤᠢ ᠨᠤᠲᠤᠭ ᠪᠡᠯᠴᠢᠭᠡᠷ ᠤ᠋ᠨ ᠲᠦᠢᠮᠡᠷ ᠢ᠋ ᠰᠡᠷᠭᠡᠢᠯᠡᠬᠦ᠌ ᠦᠷᠳᠡᠭᠡ ᠶ᠋ᠢᠨ ᠳᠠᠷᠤᠭ᠎ᠠ ᠴᠧᠨ ᠯᠢᠶᠠᠩ ᠰᠤᠷᠪᠤᠯᠵᠢᠯᠠᠭ᠎ᠠ ᠬᠦᠯᠢᠶᠡᠵᠦ᠂ ᠤᠢ ᠱᠢᠭᠤᠢ ᠨᠤᠲᠤᠭ ᠪᠡᠯᠴᠢᠭᠡᠷ ᠢ᠋ ᠰᠠᠬᠢᠨ ᠬᠠᠮᠠᠭᠠᠯᠠᠭ᠍ᠰᠠᠨ ᠦᠯᠢᠭᠡᠷ ᠶ᠋ᠢᠡᠨ ᠬᠤᠪᠢᠶᠠᠯᠴᠠᠪᠠ᠃

《ᠣᠶ ᠱᠢᠭᠤᠶ ᠨᠤᠲᠤᠭ ᠪᠡᠯᠴᠢᠭᠡᠷ ᠤ᠋ᠨ ᠦᠨᠳᠦᠰᠦᠨ ᠱᠠᠲᠤᠨ ᠤ᠋ ᠠᠵᠢᠯᠲᠠᠨ ᠪᠣᠯᠤᠭ᠍ᠰᠠᠨ ᠤ᠋ ᠬᠤᠪᠢ᠎ᠳᠤ᠂ ᠲᠠ ᠯᠠᠪᠲᠠᠶ ᠮᠠᠰᠢ ᠣᠯᠠᠨ ᠲᠥᠷᠥᠭ᠌ᠳᠡᠯ᠎ᠲᠡᠶ ᠪᠠᠢᠬ᠎ᠠ᠂ ᠲᠠ ᠬᠠᠮᠲᠤ ᠠᠵᠢᠯᠯᠠᠭ᠍ᠰᠠᠳ᠎ᠲᠠᠶ᠎ᠪᠠᠨ ᠬᠠᠷᠢᠶᠠᠨ᠎ᠳᠡᠬᠢ ᠣᠶ ᠱᠢᠭᠤᠶ᠂ ᠨᠤᠲᠤᠭ ᠪᠡᠯᠴᠢᠭᠡᠷ ᠢ᠋ ᠬᠡᠷᠬᠢᠨ ᠰᠠᠬᠢᠨ ᠬᠠᠮᠠᠭᠠᠯᠠᠵᠤ ᠪᠠᠢᠬᠤ ᠪᠣᠶ?》 ᠭᠡᠬᠦ ᠰᠤᠷᠪᠤᠯᠵᠢᠯᠠᠭ᠍ᠴᠢ ᠶ᠋ᠢᠨ ᠠᠰᠠᠭᠤᠯᠲᠠ᠎ᠳᠤ ᠴᠧᠨ ᠯᠢᠶᠠᠩ᠄ 《 ᠪᠢ ᠤᠢ ᠱᠢᠭᠤᠢ ᠨᠤᠲᠤᠭ ᠪᠡᠯᠴᠢᠭᠡᠷ ᠤ᠋ᠨ ᠠᠵᠢᠯ ᠢ᠋ 30 ᠵᠢᠯ ᠬᠢᠵᠦ᠍᠂ ᠤᠢ ᠱᠢᠭᠤᠢ ᠨᠤᠲᠤᠭ ᠪᠡᠯᠴᠢᠭᠡᠷ ᠢ᠋ ᠬᠠᠮᠠᠭᠠᠯᠠᠬᠤ ᠶ᠋ᠢ ᠬᠡᠳᠦᠢᠨ ᠠᠮᠢ ᠨᠠᠰᠤᠨ ᠤ᠋ ᠪᠠᠨ ᠨᠢᠭᠡ ᠦᠨ᠎ᠡ ᠦᠷᠳᠡᠭ ᠪᠣᠯᠭᠠᠪᠠ᠃ ᠪᠢ ᠪᠠᠰᠠ ᠦᠷᠭᠦᠯᠵᠢ ᠣᠯᠠᠨ᠎ᠳᠤ ᠣᠢ ᠱᠢᠭᠤᠶ ᠨᠤᠲᠤᠭ ᠪᠡᠯᠴᠢᠭᠡᠷ ᠶ᠋ᠢᠡᠨ ᠨᠢᠳᠦᠨ᠎ᠤ ᠴᠡᠴᠡᠬᠡᠢ ᠪᠠᠨ ᠬᠠᠮᠠᠭᠠᠯᠠᠬᠤ ᠱᠢᠭ᠋ ᠬᠠᠮᠠᠭᠠᠯᠠᠵᠤ᠂ ᠠᠮᠢ ᠨᠠᠰᠤ᠎ᠪᠠᠨ ᠨᠠᠨᠳᠢᠩᠨᠠᠬᠤ ᠲᠠᠢ ᠠᠳᠠᠯᠢ ᠪᠠᠷ ᠠᠮᠢ ᠠᠬᠤᠶ ᠣᠷᠴᠢᠨ ᠲᠣᠭᠣᠷᠢᠨ᠎ᠳᠤ ᠬᠠᠨᠳᠤᠬᠤ ᠬᠡᠷᠡᠭ᠌ᠲᠡᠶ ᠭᠡᠵᠦ᠍ ᠶᠠᠷᠢᠳᠠᠭ᠂ ᠪᠢ ᠢᠩᠭᠢᠵᠦ᠍ ᠬᠡᠯᠡᠳᠡᠭ᠂ ᠨᠠᠩ ᠴᠤ᠌ ᠢᠩᠭᠢᠵᠦ᠍ ᠬᠢᠳᠡᠭ》 ᠭᠡᠵᠦ ᠶᠠᠷᠢᠨ᠎ᠠ᠃

ᠲᠡᠭᠦᠨ᠎ᠦ ᠡᠨᠡ ᠬᠦ᠌ ᠡᠷᠡᠰ ᠪᠠᠲᠤ ᠰᠠᠬᠢᠨ ᠬᠠᠮᠠᠭᠠᠯᠠᠯᠲᠠ ᠨᠢ ᠬᠥᠬᠡᠮᠳᠦᠭ ᠨᠣᠭᠣᠭᠠᠨ ᠠᠭᠤᠯᠠ ᠤᠰᠤ᠎ᠳᠠᠬᠢ ᠬᠠᠢᠷ᠎ᠠ ᠰᠡᠳᠬᠢᠯᠭᠡ᠎ᠠᠴᠠ ᠢᠷᠡᠯᠲᠡ᠎ᠲᠡᠶ ᠶᠤᠮ᠃ ᠡᠬᠡ ᠤᠯᠤᠰ ᠤ᠋ᠨ ᠤᠮᠠᠷᠠᠲᠤ ᠶ᠋ᠢᠨ ᠴᠢᠬᠤᠯᠠ ᠠᠮᠢ ᠠᠬᠤᠶ ᠶ᠋ᠢᠨ ᠠᠮᠤᠷ ᠲᠦᠪᠱᠢᠨ᠎ᠦ ᠬᠠᠯᠬᠠᠪᠴᠢ ᠪᠣᠯᠤᠭ᠍ᠰᠠᠨ ᠤ᠋ ᠬᠤᠪᠢ᠎ᠳᠤ ᠂ ᠥᠪᠥᠷ ᠮᠣᠩᠭᠣᠯ ᠠᠮᠢ ᠠᠬᠤᠶ ᠶ᠋ᠢ ᠤᠷᠢᠳ ᠎ᠵᠢᠡᠷ ᠪᠣᠳᠣᠯᠬᠢᠯᠠᠬᠤ ᠂ ᠪᠣᠬᠢᠷᠲᠤᠯ ᠥᠬᠡᠶ ᠬᠥᠭ᠌ᠵᠢᠭᠦᠯᠬᠦ᠌᠎ᠪᠡᠷ ᠤᠳᠤᠷᠢᠳᠤᠮᠵᠢ ᠪᠣᠯᠭᠠᠭ᠍ᠰᠠᠨ ᠴᠢᠨᠠᠷ ᠰᠠᠢᠲᠠᠶ ᠬᠥᠭ᠌ᠵᠢᠯᠲᠡ ᠶ᠋ᠢᠨ ᠱᠢᠨ᠎ᠡ ᠵᠠᠮ ᠎ᠵᠢᠡᠷ ᠡᠷᠡᠰ ᠭᠤᠢᠪᠢᠰᠢ ᠥᠬᠡᠶ ᠵᠠᠮᠨᠠᠵᠤ᠂ ᠠᠮᠢ ᠠᠬᠤᠶ ᠣᠷᠴᠢᠨ ᠲᠣᠭᠣᠷᠢᠨ ᠦᠷᠭᠦᠯᠵᠢᠯᠡᠨ ᠰᠠᠢᠵᠢᠷᠠᠪᠠ᠃ ᠴᠧᠨ ᠯᠢᠶᠠᠩ ᠤ᠋ᠨ ᠪᠠᠢᠭ᠎ᠠ ᠬᠢᠩᠭᠠᠨ ᠠᠢᠮᠠᠭ ᠤ᠋ᠨ ᠣᠶ ᠱᠢᠭᠤᠶ ᠨᠤᠲᠤᠭ ᠪᠡᠯᠴᠢᠭᠡᠷ ᠤ᠋ᠨ ᠤᠷᠭᠤᠮᠠᠯ ᠎ᠦᠨ ᠪᠦᠷᠬᠦᠴᠡ ᠴᠦ᠍ ᠶᠠᠪᠤᠬᠤ ᠲᠤᠲᠤᠮ ᠥᠨᠳᠥᠷ ᠪᠣᠯᠵᠣ᠂ ᠣᠯᠠᠨ ᠵᠢᠯ ᠬᠠᠷᠠᠭ᠍ᠳᠠᠬᠤ ᠥᠬᠡᠶ ᠪᠣᠯᠤᠭ᠍ᠰᠠᠨ ᠪᠤᠭᠤ᠂ ᠪᠤᠷᠤ ᠭᠦᠷᠦᠭᠡᠰᠦ ᠴᠢᠨᠠᠭ᠍ᠰᠢᠯᠠᠭᠠᠳ ᠬᠠᠷ᠎ᠠ ᠪᠠᠭᠠᠪᠠᠭᠠᠶ ᠵᠡᠷᠭᠡ ᠬᠡᠭᠡᠷ᠎ᠡ ᠶ᠋ᠢᠨ ᠠᠮᠢᠲᠠᠨ ᠴᠤ᠌ ᠡᠨᠡ ᠨᠤᠲᠤᠭ᠎ᠲᠤ ᠳᠠᠬᠢᠨ ᠢᠯᠡᠷᠡᠭᠰᠡᠨ ᠪᠠᠢᠨ᠎ᠠ᠃

《ᠰᠠᠢ᠌ᠨ ᠰᠠᠢᠬᠠᠨ ᠠᠮᠢ ᠠᠬᠤᠢ ᠶ᠋ᠢᠨ ᠠᠴᠢ᠎ᠪᠠᠷ ᠂ ᠠᠷᠠᠳ ᠲᠦᠮᠡᠨ ᠠᠮᠢ ᠠᠬᠤᠢ ᠶ᠋ᠢᠨ ᠵᠢᠭᠤᠯᠴᠢᠯᠠᠯ ᠬᠢᠵᠦ᠍᠂ ᠪᠣᠬᠢᠷᠲᠤᠯ ᠦᠬᠡᠢ ᠣᠷᠭᠠᠨᠢᠭ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠶ᠋ᠢᠡᠨ ᠪᠣᠷᠣᠯᠠᠭᠤᠯᠵᠤ᠂ ᠰᠠᠢ᠌ᠨ ᠪᠦᠲᠦᠭᠡᠭ᠌ᠳᠡᠬᠦᠨ ᠎ᠵᠢᠡᠨ ᠰᠠᠢ᠌ᠨ ᠦᠨ᠎ᠡ ᠬᠠᠩᠰᠢ ᠪᠡᠷ ᠬᠤᠳᠠᠯᠳᠤᠭᠠᠳ᠂ ᠠᠮᠢᠳᠤᠷᠠᠯ ᠶᠠᠪᠤᠬᠤ ᠳᠤᠳᠤᠮ ᠰᠠᠢᠵᠢᠷᠠᠵᠠᠢ ᠂ 〈ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠦᠨ〉 ᠭᠡᠬᠦ᠌ ᠣᠢᠯᠠᠭᠠᠭ᠍ᠳᠠᠬᠤᠨ ᠬᠥᠮᠦᠰ ᠤ᠋ᠨ ᠰᠡᠳᠭᠢᠯ᠎ᠳᠦ ᠭᠦᠨ ᠬᠠᠳᠠᠩᠱᠢᠪᠠ》ᠭᠡᠵᠦ ᠨᠤᠲᠤᠭ ᠤ᠋ᠨ ᠎ᠵᠢᠡᠨ ᠬᠤᠪᠢᠷᠠᠯᠲᠠ ᠶ᠋ᠢ ᠶᠠᠷᠢᠬᠤ᠎ᠳᠠᠭᠠᠨ ᠴᠧᠨ ᠯᠢᠶᠠᠩ ᠤᠮᠤᠭ ᠲᠡᠭᠦᠯᠳᠡᠷ ᠪᠠᠢᠯ᠎ᠠ᠃

ᠬᠥᠮᠦᠨ ᠡᠬᠡ ᠪᠠᠢᠭᠠᠯᠢ ᠶ᠋ᠢ ᠬᠥᠰᠡᠷᠳᠡᠭᠦᠯᠬᠦ᠌ ᠦᠭᠡᠢ ᠪᠤᠯ ᠡᠬᠡ ᠪᠠᠢᠭᠠᠯᠢ ᠬᠥᠮᠦᠨ ᠢ᠋ ᠯᠠᠪ ᠬᠥᠰᠡᠷᠳᠡᠭᠦᠯᠬᠦ᠌ ᠦᠭᠡᠢ᠃ ᠠᠮᠢ ᠠᠬᠤᠢ ᠣᠷᠴᠢᠨ ᠲᠣᠭᠣᠷᠢᠨ ᠢ᠋ ᠦᠷᠭᠦᠯᠵᠢᠯᠡᠨ ᠰᠠᠢᠵᠢᠷᠠᠭᠤᠯᠬᠤ᠎ᠳᠦ ᠴᠧᠨ ᠯᠢᠶᠠᠩ ᠮᠡᠲᠦ ᠶ᠋ᠢᠨ ᠨᠢᠭᠡ ᠪᠦᠯᠦᠭ ᠤᠢ ᠱᠢᠭᠤᠢ ᠨᠤᠲᠤᠭ ᠪᠡᠯᠴᠢᠭᠡᠷ ᠤ᠋ᠨ ᠠᠵᠢᠯᠲᠠᠳ ᠤ᠋ᠨ ᠱᠢᠷᠭᠠᠭᠤ ᠵᠢᠳᠬᠦᠯ᠎ᠡᠴᠡ ᠰᠠᠯᠵᠤ ᠴᠢᠳᠠᠬᠤ ᠦᠭᠡᠢ ᠶᠤᠮ᠃

5 ᠎ᠳᠤᠭᠠᠷ ᠰᠠᠷ᠎ᠠ ᠶ᠋ᠢᠨ ᠨᠢᠭᠡᠨ ᠦᠳᠡ᠎ᠳᠦ᠂ ᠠᠭᠤᠯᠠᠨ᠎ᠳᠠᠬᠢ ᠮᠥᠰᠥ᠍ ᠴᠠᠰᠤ ᠬᠠᠷᠠᠬᠠᠨ ᠬᠠᠢᠯᠵᠤ ᠳᠠᠭᠤᠰᠤᠭᠠᠳᠤᠢ ᠪᠠᠢᠬᠤ᠎ᠳᠤ᠂ ᠴᠧᠨ ᠯᠢᠶᠠᠩ ᠤᠢ ᠱᠢᠭᠤᠢ ᠶ᠋ᠢᠨ ᠲᠦᠢᠮᠡᠷ ᠤ᠋ᠨ ᠰᠡᠷᠡᠮᠵᠢ᠎ᠵᠢᠨ ᠲᠤᠬᠢᠶ᠎ᠠ ᠶ᠋ᠢ ᠲᠤᠰᠴᠤ᠂ ᠳᠠᠷᠤᠢᠬᠠᠨ ᠬᠣᠯᠪᠣᠭ᠍ᠳᠠᠯ ᠪᠦᠬᠦᠢ ᠬᠥᠮᠦᠰ ᠢ᠋ ᠵᠣᠬᠢᠶᠠᠨ ᠪᠠᠢᠭᠤᠯᠵᠤ ᠲᠦᠢᠮᠡᠷ ᠤ᠋ᠨ ᠲᠠᠯᠠᠪᠠᠢ᠎ᠳᠤ ᠬᠦᠷᠪᠡ᠃ ᠲᠤᠬᠠᠢ ᠶ᠋ᠢᠨ ᠦᠶ᠎ᠡ᠎ᠳᠦ᠂ ᠲᠡᠷᠡ ᠬᠠᠮᠠᠭᠠᠯᠠᠯᠳᠠ ᠵᠢᠨ ᠮᠠᠯᠠᠭᠠᠢ ᠵᠡᠭᠦᠵᠦ᠍᠂ ᠵᠣᠪ ᠵᠤᠵᠠᠭᠠᠨ ᠭᠠᠯ ᠰᠡᠷᠭᠡᠢᠯᠡᠬᠦ᠌ ᠬᠤᠪᠴᠠᠰᠤ ᠡᠮᠦᠰᠤᠨ᠂ 20 ᠱᠢᠬᠠᠮ ᠺᠢᠯᠣᠭ᠌ᠷᠠᠮ ᠤ᠋ᠨ ᠲᠦᠬᠦᠭᠡᠷᠦᠮᠵᠢ ᠪᠣᠯᠤᠨ ᠬᠠᠩᠭᠠᠯᠭ᠎ᠠ ᠵᠢᠨ ᠪᠣᠳᠠᠰ ᠡᠭᠦᠷᠤᠨ ᠲᠤᠬᠠᠢ ᠵᠢᠨ ᠲᠠᠯᠠᠪᠠᠢ᠎ᠳᠤ ᠬᠦᠷᠬᠦ᠎ᠳᠤ᠂ ᠨᠢᠳᠤᠨ ᠡᠮᠦᠨ᠎ᠡ ᠨᠢ ᠳᠦᠷᠡᠯᠵᠡᠨ ᠨᠤᠴᠤᠭᠰᠠᠨ ᠲᠤᠢᠮᠠᠷ ᠪᠠᠢᠯ᠎ᠠ᠃ ᠥᠨᠳᠥᠷ ᠳᠤᠯᠠᠭᠠᠨ ᠤ᠋ ᠱᠢᠷᠠᠯᠲᠠ ᠳᠣᠣᠷ᠎ᠠ ᠂ ᠴᠧᠨ ᠯᠢᠶᠠᠩ ᠤ᠋ᠨ ᠬᠤᠪᠴᠠᠰᠤ ᠨᠢᠭᠡᠨᠲᠡ ᠬᠦᠯᠦᠰᠦᠨ᠎ᠳᠡᠭᠡᠨ ᠳᠡᠪᠲᠦᠪᠡ᠃ ᠭᠡᠲᠡᠯ᠎ᠡ ᠬᠥᠯ ᠳᠣᠣᠷ᠎ᠠ ᠨᠢ ᠪᠦᠷᠢᠮᠦᠰᠦᠨ ᠬᠠᠢᠯᠤᠭᠠᠳᠤᠶ ᠮᠥᠰᠥ᠍ ᠴᠠᠰᠤ ᠲᠡᠭᠦᠨ᠎ᠦ ᠥᠮᠥᠳᠥ ᠪᠣᠯᠤᠨ ᠱᠠᠬᠠᠶ ᠶ᠋ᠢ ᠨᠢ ᠨᠣᠷᠭᠠᠵᠤ᠂ ᠶᠠᠰᠤ ᠶᠠᠩᠬᠢᠨᠠᠮ᠎ᠠ ᠬᠦᠢᠲᠡᠨ ᠪᠠᠢᠵᠤ᠂ ᠴᠧᠨ ᠯᠢᠶᠠᠩ 《ᠮᠥᠰᠥ᠍ ᠪᠠ ᠭᠠᠯ》 ᠤ᠋ᠨ ᠱᠢᠯᠭᠠᠯᠲᠠ ᠶ᠋ᠢ ᠬᠦᠯᠢᠴᠡᠵᠦ ᠪᠠᠢᠯ᠎ᠠ᠃ ᠭᠡᠪᠡᠴᠦ᠍ ᠲᠡᠷᠡ ᠠᠩᠭᠢ ᠶ᠋ᠢᠨ ᠭᠡᠱᠢᠭᠦᠳ᠎ᠲᠡᠶ᠎ᠪᠡᠨ ᠥᠴᠦᠬᠡᠨ ᠴᠦ᠍ ᠤᠬᠤᠷᠢᠭ᠍ᠰᠠᠨ ᠦᠭᠡᠢ᠂ ᠬᠡᠳᠦᠨ ᠡᠳᠦᠷ ᠦᠷᠭᠦᠯᠵᠢᠯᠡᠨ ᠪᠠᠢᠯᠳᠤᠵᠤ᠂ ᠲᠤᠢᠮᠠᠷ ᠢ᠋ ᠡᠴᠦᠰ᠎ᠲᠡᠬᠡᠨ ᠤᠨᠲᠠᠷᠠᠭᠠᠪᠠ ᠂ ᠶᠠᠳᠠᠷᠠᠵᠤ ᠲᠤᠢᠯᠳᠠᠭᠰᠠᠨ ᠭᠡᠵᠦ ᠶᠠᠷᠢᠭᠰᠠᠨ ᠬᠦᠮᠦᠨ ᠨᠢᠭᠡ ᠴᠦ᠍ ᠪᠠᠢᠬᠤ ᠦᠭᠡᠢ᠃

ᠴᠧᠨ ᠯᠢᠶᠠᠩ᠎ᠳᠤ ᠬᠠᠮᠤᠭ ᠤ᠋ᠨ ᠭᠦᠨ ᠰᠠᠭᠤᠭ᠍ᠳᠠᠯ ᠦᠯᠡᠳᠡᠭᠡᠭ᠌ᠰᠡᠨ ᠨᠢ ᠲᠦᠢᠮᠡᠷ ᠤᠨᠲᠠᠷᠠᠭᠠᠬᠤ ᠦᠶ᠎ᠡ᠎ᠳᠦ ᠲᠠᠨᠢᠯᠴᠠᠭ᠍ᠰᠠᠨ 20 ᠭᠠᠷᠤᠢᠬᠠᠨ ᠨᠠᠰᠤᠲᠠᠶ 《ᠯᠦ᠍ ᠠᠬ᠎ᠠ》 ᠪᠣᠯᠤᠨ᠎ᠠ᠃ ᠲᠤᠬᠠᠶ ᠶ᠋ᠢᠨ ᠦᠶ᠎ᠡ᠎ᠳᠦ᠂ 《ᠯᠦ᠍ ᠠᠬ᠎ᠠ》 ᠵᠢᠨ ᠨᠢᠭᠤᠷ ᠨᠢ ᠬᠠᠯᠲᠠᠷᠰᠢᠵᠤ᠂ ᠨᠢᠳᠦ ᠨᠢ ᠤᠯᠠᠢᠨ ᠬᠠᠪᠤᠳᠴᠤ᠌᠂ ᠲᠦᠢᠮᠡᠷ ᠤᠨᠲᠠᠷᠠᠭᠠᠭᠠᠳ ᠳᠥᠷᠪᠡᠨ ᠡᠳᠦᠷ ᠳᠥᠷᠪᠡᠨ ᠰᠥᠨᠢ ᠰᠠᠢᠨ ᠠᠮᠠᠷᠠᠭ᠍ᠰᠠᠨ ᠦᠭᠡᠢ᠎ᠡᠴᠡ ᠪᠣᠯᠵᠤ᠂ ᠬᠠᠷᠠᠬᠤ᠎ᠳᠤ ᠵᠢᠭᠠᠬᠠᠨ ᠡᠪᠤᠭᠡᠷᠡᠭᠰᠡᠨ ᠱᠢᠭ ᠪᠠᠢᠪᠠ᠃ ᠴᠧᠨ ᠯᠢᠶᠠᠩ ᠲᠡᠭᠦᠨ᠎ᠡᠴᠡ ᠶᠠᠳᠠᠷᠠᠵᠤ ᠪᠠᠢᠨ᠎ᠠ ᠦᠦ ᠭᠡᠵᠦ᠍ ᠠᠰᠠᠭᠤᠭ᠍ᠰᠠᠨ᠎ᠳᠤ ᠲᠡᠷᠡ᠄ 《 ᠤᠢ ᠱᠢᠭᠤᠢ ᠪᠣᠯ ᠮᠠᠨ ᠤ᠋ 〈 ᠪᠣᠬᠢᠷᠲᠤᠯ ᠦᠭᠡᠢ ᠡᠷᠳᠡᠨᠢᠰ ᠤ᠋ᠨ ᠰᠠᠩ 〉 ᠮᠥᠨ ᠂ ᠤᠢ ᠱᠢᠭᠤᠢ ᠶ᠋ᠢ ᠬᠠᠮᠠᠭᠠᠯᠠᠴᠢᠬᠠᠪᠠᠯ ᠠᠮᠢ᠎ᠪᠠᠨ ᠴᠦᠯᠡᠭ᠌ᠰᠡᠨ ᠴᠦ᠍ ᠪᠡᠨ᠎ᠡ᠎ᠲᠡᠶ》 ᠭᠡᠵᠦ ᠶᠠᠷᠢᠭᠰᠠᠨ ᠭᠡᠨ᠎ᠡ᠃

《 ᠲᠤᠬᠠᠶ ᠶ᠋ᠢᠨ ᠦᠶ᠎ᠡ᠎ᠳᠦ ᠂ ᠲᠡᠭᠦᠨ᠎ᠦ ᠦᠭᠡ ᠨᠢ ᠨᠠᠳᠠ᠎ᠳᠤ ᠡᠨᠡ ᠪᠣᠯ ᠳᠠᠷᠤᠶ ᠪᠢᠳᠡᠨ᠎ᠦ ᠬᠠᠮᠤᠭ ᠤ᠋ᠨ ᠦᠨᠡᠨ ᠪᠣᠳᠠᠲᠠᠶ ᠤᠢ ᠰᠢᠭᠤᠢ ᠨᠤᠲᠤᠭ ᠪᠡᠯᠴᠢᠭᠡᠷ ᠢ᠋᠎ᠰᠠᠬᠢᠨ ᠬᠠᠮᠠᠭᠠᠯᠠᠭ᠍ᠴᠢ ᠮᠥᠨ ᠭᠡᠳᠡᠭ ᠢ᠋ ᠰᠠᠨᠠᠭ᠍ᠳᠠᠭᠤᠯᠪᠠ》ᠭᠡᠵᠦ 《ᠲᠥᠯᠥᠭᠡᠯᠡᠭ᠌ᠴᠢᠳ ᠤ᠋ᠨ ᠰᠤᠷᠪᠤᠯᠵᠢᠯᠠᠭ᠎ᠠ ᠬᠦᠯᠢᠶᠡᠬᠦ ᠵᠠᠮ》 ᠤ᠋ᠨ ᠠᠬᠤᠢ ᠲᠠᠯᠠᠪᠠᠢ᠎ᠳᠤ ᠴᠧᠨ ᠯᠢᠶᠠᠩ ᠰᠡᠳᠭᠢᠯ ᠳᠤᠭᠳᠤᠯᠤᠨ ᠶᠠᠷᠢᠨ᠎ᠠ᠃

ᠴᠧᠨ ᠯᠢᠶᠠᠩ᠄ 《 ᠪᠢᠳᠡ ᠯᠠᠪᠲᠠᠶ ᠶᠡᠷᠦᠩᠬᠡᠶ ᠱᠦᠵᠢ ᠶ᠋ᠢᠨ ᠬᠦᠰᠡᠯ ᠨᠠᠢᠳᠠᠯᠭ᠎ᠠ ᠶ᠋ᠢ ᠪᠠᠲᠤ ᠴᠡᠭᠡᠵᠢᠯᠡᠵᠦ᠍᠂ ᠪᠥᠬᠥ᠌ ᠬᠦᠴᠦ᠍᠎ᠪᠡᠨ ᠱᠢᠪᠬᠠᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠡᠬᠡ ᠤᠯᠤᠰ ᠤ᠋ᠨ ᠤᠮᠠᠷᠠᠲᠤ ᠶ᠋ᠢᠨ ᠡᠨᠡ ᠬᠦ᠌ ᠲᠦᠮᠡᠨ ᠭᠠᠵᠠᠷ ᠤ᠋ᠨ ᠨᠣᠮᠢᠨ ᠨᠣᠭᠣᠭᠠᠨ ᠣᠷᠳᠣ ᠴᠠᠭᠠᠨ ᠬᠡᠷᠡᠮ ᠢ᠋ ᠨᠠᠩ ᠪᠠᠲᠤ ᠪᠠᠬᠢ ᠴᠣᠭ᠍ᠴᠠᠯᠠᠬᠤ ᠶ᠋ᠢᠨ ᠲᠥᠯᠥᠭᠡ ᠦᠷᠭᠦᠯᠵᠢᠯᠡᠨ ᠴᠢᠷᠮᠠᠢᠨ᠎ᠠ!》 ᠭᠡᠵᠦ ᠢᠲᠡᠭᠡᠯ ᠲᠡᠭᠦᠯᠳᠡᠷ ᠶᠠᠷᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠹᠦ᠋ ᠭᠸᠨ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面