2022-03-06 10:00:19
ᠮᠠᠨᠦ ᠣᠷᠣᠨᠦ ᠪᠦᠬᠦ ᠣᠯᠣᠰᠦᠨ ᠠᠷᠠᠳᠦᠨ ᠲᠦᠯᠦᠭᠡᠯᠡᠭᠴᠢᠳᠦᠨ ᠶᠡᠬᠡ ᠬᠣᠷᠠᠯ ᠦᠨ ᠲᠦᠯᠦᠭᠡᠯᠡᠭᠴᠢ ᠴᠸᠨ ᠯᠢᠶᠠᠩ ᠠᠩᠬᠠᠳᠠᠭᠴᠢ 《 ᠲᠦᠯᠦᠭᠡᠯᠡᠭᠴᠢᠳᠦᠨ ᠰᠣᠷᠪᠣᠯᠵᠢᠯᠠᠭ᠎ᠠ ᠬᠦᠯᠢᠶᠡᠬᠦ ᠵᠠᠮ 》ᠳᠦ ᠰᠣᠷᠪᠣᠯᠵᠢᠯᠠᠭ᠎ᠠ ᠬᠦᠯᠢᠶᠡᠪᠡ
— 《ᠤᠢ ᠰᠢᠭᠤᠢ ᠨᠤᠲᠤᠭ ᠪᠡᠯᠴᠢᠭᠡᠷ ᠢ᠋ ᠬᠠᠮᠠᠭᠠᠯᠠᠬᠤ ᠠᠵᠢᠯᠢ ᠠᠮᠢ ᠨᠠᠰᠤᠨ ᠤ᠋ ᠪᠠᠨ ᠨᠢᠭᠡᠨ ᠦᠨ᠎ᠡ ᠦᠷᠳᠡᠭ ᠪᠤᠯᠭᠠᠨ᠎ᠠ》
3 ᠰᠠᠷ᠎ᠠ ᠶ᠋ᠢᠨ 5 ᠤ᠋ ᠡᠳᠦᠷ ᠤ᠋ᠨ 8 ᠴᠠᠭᠲᠤ᠂ ᠠᠷᠪᠠᠨ ᠭᠤᠷᠪᠠᠳᠤᠭᠠᠷ ᠬᠤᠭᠤᠴᠠᠭᠠᠨ ᠤ᠋ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠠᠪᠤᠳᠤᠭᠠᠷ ᠬᠤᠷᠠᠯ ᠤ᠋ᠨ ᠲᠦᠷᠦᠭᠦᠦ ᠲᠠᠯᠠᠪᠤᠷ 《ᠲᠥᠯᠥᠭᠡᠯᠡᠭ᠌ᠴᠢᠳ ᠤ᠋ᠨ ᠰᠤᠷᠪᠤᠯᠵᠢᠯᠠᠭ᠎ᠠ ᠬᠦᠯᠢᠶᠡᠬᠦ ᠵᠠᠮ》 ᠪᠣᠯᠵᠣᠭ᠎ᠠ ᠶᠣᠰᠣᠭᠠᠷ ᠨᠡᠬᠡᠭᠡᠭᠳᠡᠪᠡ᠃ ᠥᠪᠥᠷ ᠮᠣᠩᠭᠣᠯᠠᠴᠠ ᠢᠷᠡᠭ᠌ᠰᠡᠨ ᠪᠦᠬᠦ᠌ ᠤᠯᠤᠰ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠶᠡᠬᠡ ᠬᠤᠷᠠᠯ ᠤ᠋ᠨ ᠲᠥᠯᠥᠭᠡᠯᠡᠭ᠌ᠴᠢ᠂ ᠬᠢᠩᠭᠠᠨ ᠠᠢᠮᠠᠭ ᠤ᠋ᠨ ᠤᠢ ᠱᠢᠭᠤᠢ ᠨᠤᠲᠤᠭ ᠪᠡᠯᠴᠢᠭᠡᠷ ᠤ᠋ᠨ ᠲᠦᠢᠮᠡᠷ ᠢ᠋ ᠰᠡᠷᠭᠡᠢᠯᠡᠬᠦ᠌ ᠦᠷᠳᠡᠭᠡ ᠶ᠋ᠢᠨ ᠳᠠᠷᠤᠭ᠎ᠠ ᠴᠧᠨ ᠯᠢᠶᠠᠩ ᠰᠤᠷᠪᠤᠯᠵᠢᠯᠠᠭ᠎ᠠ ᠬᠦᠯᠢᠶᠡᠵᠦ᠂ ᠤᠢ ᠱᠢᠭᠤᠢ ᠨᠤᠲᠤᠭ ᠪᠡᠯᠴᠢᠭᠡᠷ ᠢ᠋ ᠰᠠᠬᠢᠨ ᠬᠠᠮᠠᠭᠠᠯᠠᠭ᠍ᠰᠠᠨ ᠦᠯᠢᠭᠡᠷ ᠶ᠋ᠢᠡᠨ ᠬᠤᠪᠢᠶᠠᠯᠴᠠᠪᠠ᠃
《ᠣᠶ ᠱᠢᠭᠤᠶ ᠨᠤᠲᠤᠭ ᠪᠡᠯᠴᠢᠭᠡᠷ ᠤ᠋ᠨ ᠦᠨᠳᠦᠰᠦᠨ ᠱᠠᠲᠤᠨ ᠤ᠋ ᠠᠵᠢᠯᠲᠠᠨ ᠪᠣᠯᠤᠭ᠍ᠰᠠᠨ ᠤ᠋ ᠬᠤᠪᠢᠳᠤ᠂ ᠲᠠ ᠯᠠᠪᠲᠠᠶ ᠮᠠᠰᠢ ᠣᠯᠠᠨ ᠲᠥᠷᠥᠭ᠌ᠳᠡᠯᠲᠡᠶ ᠪᠠᠢᠬ᠎ᠠ᠂ ᠲᠠ ᠬᠠᠮᠲᠤ ᠠᠵᠢᠯᠯᠠᠭ᠍ᠰᠠᠳᠲᠠᠶᠪᠠᠨ ᠬᠠᠷᠢᠶᠠᠨᠳᠡᠬᠢ ᠣᠶ ᠱᠢᠭᠤᠶ᠂ ᠨᠤᠲᠤᠭ ᠪᠡᠯᠴᠢᠭᠡᠷ ᠢ᠋ ᠬᠡᠷᠬᠢᠨ ᠰᠠᠬᠢᠨ ᠬᠠᠮᠠᠭᠠᠯᠠᠵᠤ ᠪᠠᠢᠬᠤ ᠪᠣᠶ?》 ᠭᠡᠬᠦ ᠰᠤᠷᠪᠤᠯᠵᠢᠯᠠᠭ᠍ᠴᠢ ᠶ᠋ᠢᠨ ᠠᠰᠠᠭᠤᠯᠲᠠᠳᠤ ᠴᠧᠨ ᠯᠢᠶᠠᠩ᠄ 《 ᠪᠢ ᠤᠢ ᠱᠢᠭᠤᠢ ᠨᠤᠲᠤᠭ ᠪᠡᠯᠴᠢᠭᠡᠷ ᠤ᠋ᠨ ᠠᠵᠢᠯ ᠢ᠋ 30 ᠵᠢᠯ ᠬᠢᠵᠦ᠍᠂ ᠤᠢ ᠱᠢᠭᠤᠢ ᠨᠤᠲᠤᠭ ᠪᠡᠯᠴᠢᠭᠡᠷ ᠢ᠋ ᠬᠠᠮᠠᠭᠠᠯᠠᠬᠤ ᠶ᠋ᠢ ᠬᠡᠳᠦᠢᠨ ᠠᠮᠢ ᠨᠠᠰᠤᠨ ᠤ᠋ ᠪᠠᠨ ᠨᠢᠭᠡ ᠦᠨ᠎ᠡ ᠦᠷᠳᠡᠭ ᠪᠣᠯᠭᠠᠪᠠ᠃ ᠪᠢ ᠪᠠᠰᠠ ᠦᠷᠭᠦᠯᠵᠢ ᠣᠯᠠᠨᠳᠤ ᠣᠢ ᠱᠢᠭᠤᠶ ᠨᠤᠲᠤᠭ ᠪᠡᠯᠴᠢᠭᠡᠷ ᠶ᠋ᠢᠡᠨ ᠨᠢᠳᠦᠨᠤ ᠴᠡᠴᠡᠬᠡᠢ ᠪᠠᠨ ᠬᠠᠮᠠᠭᠠᠯᠠᠬᠤ ᠱᠢᠭ᠋ ᠬᠠᠮᠠᠭᠠᠯᠠᠵᠤ᠂ ᠠᠮᠢ ᠨᠠᠰᠤᠪᠠᠨ ᠨᠠᠨᠳᠢᠩᠨᠠᠬᠤ ᠲᠠᠢ ᠠᠳᠠᠯᠢ ᠪᠠᠷ ᠠᠮᠢ ᠠᠬᠤᠶ ᠣᠷᠴᠢᠨ ᠲᠣᠭᠣᠷᠢᠨᠳᠤ ᠬᠠᠨᠳᠤᠬᠤ ᠬᠡᠷᠡᠭ᠌ᠲᠡᠶ ᠭᠡᠵᠦ᠍ ᠶᠠᠷᠢᠳᠠᠭ᠂ ᠪᠢ ᠢᠩᠭᠢᠵᠦ᠍ ᠬᠡᠯᠡᠳᠡᠭ᠂ ᠨᠠᠩ ᠴᠤ᠌ ᠢᠩᠭᠢᠵᠦ᠍ ᠬᠢᠳᠡᠭ》 ᠭᠡᠵᠦ ᠶᠠᠷᠢᠨ᠎ᠠ᠃
ᠲᠡᠭᠦᠨᠦ ᠡᠨᠡ ᠬᠦ᠌ ᠡᠷᠡᠰ ᠪᠠᠲᠤ ᠰᠠᠬᠢᠨ ᠬᠠᠮᠠᠭᠠᠯᠠᠯᠲᠠ ᠨᠢ ᠬᠥᠬᠡᠮᠳᠦᠭ ᠨᠣᠭᠣᠭᠠᠨ ᠠᠭᠤᠯᠠ ᠤᠰᠤᠳᠠᠬᠢ ᠬᠠᠢᠷ᠎ᠠ ᠰᠡᠳᠬᠢᠯᠭᠡᠠᠴᠠ ᠢᠷᠡᠯᠲᠡᠲᠡᠶ ᠶᠤᠮ᠃ ᠡᠬᠡ ᠤᠯᠤᠰ ᠤ᠋ᠨ ᠤᠮᠠᠷᠠᠲᠤ ᠶ᠋ᠢᠨ ᠴᠢᠬᠤᠯᠠ ᠠᠮᠢ ᠠᠬᠤᠶ ᠶ᠋ᠢᠨ ᠠᠮᠤᠷ ᠲᠦᠪᠱᠢᠨᠦ ᠬᠠᠯᠬᠠᠪᠴᠢ ᠪᠣᠯᠤᠭ᠍ᠰᠠᠨ ᠤ᠋ ᠬᠤᠪᠢᠳᠤ ᠂ ᠥᠪᠥᠷ ᠮᠣᠩᠭᠣᠯ ᠠᠮᠢ ᠠᠬᠤᠶ ᠶ᠋ᠢ ᠤᠷᠢᠳ ᠵᠢᠡᠷ ᠪᠣᠳᠣᠯᠬᠢᠯᠠᠬᠤ ᠂ ᠪᠣᠬᠢᠷᠲᠤᠯ ᠥᠬᠡᠶ ᠬᠥᠭ᠌ᠵᠢᠭᠦᠯᠬᠦ᠌ᠪᠡᠷ ᠤᠳᠤᠷᠢᠳᠤᠮᠵᠢ ᠪᠣᠯᠭᠠᠭ᠍ᠰᠠᠨ ᠴᠢᠨᠠᠷ ᠰᠠᠢᠲᠠᠶ ᠬᠥᠭ᠌ᠵᠢᠯᠲᠡ ᠶ᠋ᠢᠨ ᠱᠢᠨ᠎ᠡ ᠵᠠᠮ ᠵᠢᠡᠷ ᠡᠷᠡᠰ ᠭᠤᠢᠪᠢᠰᠢ ᠥᠬᠡᠶ ᠵᠠᠮᠨᠠᠵᠤ᠂ ᠠᠮᠢ ᠠᠬᠤᠶ ᠣᠷᠴᠢᠨ ᠲᠣᠭᠣᠷᠢᠨ ᠦᠷᠭᠦᠯᠵᠢᠯᠡᠨ ᠰᠠᠢᠵᠢᠷᠠᠪᠠ᠃ ᠴᠧᠨ ᠯᠢᠶᠠᠩ ᠤ᠋ᠨ ᠪᠠᠢᠭ᠎ᠠ ᠬᠢᠩᠭᠠᠨ ᠠᠢᠮᠠᠭ ᠤ᠋ᠨ ᠣᠶ ᠱᠢᠭᠤᠶ ᠨᠤᠲᠤᠭ ᠪᠡᠯᠴᠢᠭᠡᠷ ᠤ᠋ᠨ ᠤᠷᠭᠤᠮᠠᠯ ᠦᠨ ᠪᠦᠷᠬᠦᠴᠡ ᠴᠦ᠍ ᠶᠠᠪᠤᠬᠤ ᠲᠤᠲᠤᠮ ᠥᠨᠳᠥᠷ ᠪᠣᠯᠵᠣ᠂ ᠣᠯᠠᠨ ᠵᠢᠯ ᠬᠠᠷᠠᠭ᠍ᠳᠠᠬᠤ ᠥᠬᠡᠶ ᠪᠣᠯᠤᠭ᠍ᠰᠠᠨ ᠪᠤᠭᠤ᠂ ᠪᠤᠷᠤ ᠭᠦᠷᠦᠭᠡᠰᠦ ᠴᠢᠨᠠᠭ᠍ᠰᠢᠯᠠᠭᠠᠳ ᠬᠠᠷ᠎ᠠ ᠪᠠᠭᠠᠪᠠᠭᠠᠶ ᠵᠡᠷᠭᠡ ᠬᠡᠭᠡᠷ᠎ᠡ ᠶ᠋ᠢᠨ ᠠᠮᠢᠲᠠᠨ ᠴᠤ᠌ ᠡᠨᠡ ᠨᠤᠲᠤᠭᠲᠤ ᠳᠠᠬᠢᠨ ᠢᠯᠡᠷᠡᠭᠰᠡᠨ ᠪᠠᠢᠨ᠎ᠠ᠃
《ᠰᠠᠢ᠌ᠨ ᠰᠠᠢᠬᠠᠨ ᠠᠮᠢ ᠠᠬᠤᠢ ᠶ᠋ᠢᠨ ᠠᠴᠢᠪᠠᠷ ᠂ ᠠᠷᠠᠳ ᠲᠦᠮᠡᠨ ᠠᠮᠢ ᠠᠬᠤᠢ ᠶ᠋ᠢᠨ ᠵᠢᠭᠤᠯᠴᠢᠯᠠᠯ ᠬᠢᠵᠦ᠍᠂ ᠪᠣᠬᠢᠷᠲᠤᠯ ᠦᠬᠡᠢ ᠣᠷᠭᠠᠨᠢᠭ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠶ᠋ᠢᠡᠨ ᠪᠣᠷᠣᠯᠠᠭᠤᠯᠵᠤ᠂ ᠰᠠᠢ᠌ᠨ ᠪᠦᠲᠦᠭᠡᠭ᠌ᠳᠡᠬᠦᠨ ᠵᠢᠡᠨ ᠰᠠᠢ᠌ᠨ ᠦᠨ᠎ᠡ ᠬᠠᠩᠰᠢ ᠪᠡᠷ ᠬᠤᠳᠠᠯᠳᠤᠭᠠᠳ᠂ ᠠᠮᠢᠳᠤᠷᠠᠯ ᠶᠠᠪᠤᠬᠤ ᠳᠤᠳᠤᠮ ᠰᠠᠢᠵᠢᠷᠠᠵᠠᠢ ᠂ 〈ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠳᠠ ᠮᠥᠩᠭᠥᠨ ᠠᠭᠤᠯᠠ ᠮᠦᠨ〉 ᠭᠡᠬᠦ᠌ ᠣᠢᠯᠠᠭᠠᠭ᠍ᠳᠠᠬᠤᠨ ᠬᠥᠮᠦᠰ ᠤ᠋ᠨ ᠰᠡᠳᠭᠢᠯᠳᠦ ᠭᠦᠨ ᠬᠠᠳᠠᠩᠱᠢᠪᠠ》ᠭᠡᠵᠦ ᠨᠤᠲᠤᠭ ᠤ᠋ᠨ ᠵᠢᠡᠨ ᠬᠤᠪᠢᠷᠠᠯᠲᠠ ᠶ᠋ᠢ ᠶᠠᠷᠢᠬᠤᠳᠠᠭᠠᠨ ᠴᠧᠨ ᠯᠢᠶᠠᠩ ᠤᠮᠤᠭ ᠲᠡᠭᠦᠯᠳᠡᠷ ᠪᠠᠢᠯ᠎ᠠ᠃
ᠬᠥᠮᠦᠨ ᠡᠬᠡ ᠪᠠᠢᠭᠠᠯᠢ ᠶ᠋ᠢ ᠬᠥᠰᠡᠷᠳᠡᠭᠦᠯᠬᠦ᠌ ᠦᠭᠡᠢ ᠪᠤᠯ ᠡᠬᠡ ᠪᠠᠢᠭᠠᠯᠢ ᠬᠥᠮᠦᠨ ᠢ᠋ ᠯᠠᠪ ᠬᠥᠰᠡᠷᠳᠡᠭᠦᠯᠬᠦ᠌ ᠦᠭᠡᠢ᠃ ᠠᠮᠢ ᠠᠬᠤᠢ ᠣᠷᠴᠢᠨ ᠲᠣᠭᠣᠷᠢᠨ ᠢ᠋ ᠦᠷᠭᠦᠯᠵᠢᠯᠡᠨ ᠰᠠᠢᠵᠢᠷᠠᠭᠤᠯᠬᠤᠳᠦ ᠴᠧᠨ ᠯᠢᠶᠠᠩ ᠮᠡᠲᠦ ᠶ᠋ᠢᠨ ᠨᠢᠭᠡ ᠪᠦᠯᠦᠭ ᠤᠢ ᠱᠢᠭᠤᠢ ᠨᠤᠲᠤᠭ ᠪᠡᠯᠴᠢᠭᠡᠷ ᠤ᠋ᠨ ᠠᠵᠢᠯᠲᠠᠳ ᠤ᠋ᠨ ᠱᠢᠷᠭᠠᠭᠤ ᠵᠢᠳᠬᠦᠯᠡᠴᠡ ᠰᠠᠯᠵᠤ ᠴᠢᠳᠠᠬᠤ ᠦᠭᠡᠢ ᠶᠤᠮ᠃
5 ᠳᠤᠭᠠᠷ ᠰᠠᠷ᠎ᠠ ᠶ᠋ᠢᠨ ᠨᠢᠭᠡᠨ ᠦᠳᠡᠳᠦ᠂ ᠠᠭᠤᠯᠠᠨᠳᠠᠬᠢ ᠮᠥᠰᠥ᠍ ᠴᠠᠰᠤ ᠬᠠᠷᠠᠬᠠᠨ ᠬᠠᠢᠯᠵᠤ ᠳᠠᠭᠤᠰᠤᠭᠠᠳᠤᠢ ᠪᠠᠢᠬᠤᠳᠤ᠂ ᠴᠧᠨ ᠯᠢᠶᠠᠩ ᠤᠢ ᠱᠢᠭᠤᠢ ᠶ᠋ᠢᠨ ᠲᠦᠢᠮᠡᠷ ᠤ᠋ᠨ ᠰᠡᠷᠡᠮᠵᠢᠵᠢᠨ ᠲᠤᠬᠢᠶ᠎ᠠ ᠶ᠋ᠢ ᠲᠤᠰᠴᠤ᠂ ᠳᠠᠷᠤᠢᠬᠠᠨ ᠬᠣᠯᠪᠣᠭ᠍ᠳᠠᠯ ᠪᠦᠬᠦᠢ ᠬᠥᠮᠦᠰ ᠢ᠋ ᠵᠣᠬᠢᠶᠠᠨ ᠪᠠᠢᠭᠤᠯᠵᠤ ᠲᠦᠢᠮᠡᠷ ᠤ᠋ᠨ ᠲᠠᠯᠠᠪᠠᠢᠳᠤ ᠬᠦᠷᠪᠡ᠃ ᠲᠤᠬᠠᠢ ᠶ᠋ᠢᠨ ᠦᠶᠡᠳᠦ᠂ ᠲᠡᠷᠡ ᠬᠠᠮᠠᠭᠠᠯᠠᠯᠳᠠ ᠵᠢᠨ ᠮᠠᠯᠠᠭᠠᠢ ᠵᠡᠭᠦᠵᠦ᠍᠂ ᠵᠣᠪ ᠵᠤᠵᠠᠭᠠᠨ ᠭᠠᠯ ᠰᠡᠷᠭᠡᠢᠯᠡᠬᠦ᠌ ᠬᠤᠪᠴᠠᠰᠤ ᠡᠮᠦᠰᠤᠨ᠂ 20 ᠱᠢᠬᠠᠮ ᠺᠢᠯᠣᠭ᠌ᠷᠠᠮ ᠤ᠋ᠨ ᠲᠦᠬᠦᠭᠡᠷᠦᠮᠵᠢ ᠪᠣᠯᠤᠨ ᠬᠠᠩᠭᠠᠯᠭ᠎ᠠ ᠵᠢᠨ ᠪᠣᠳᠠᠰ ᠡᠭᠦᠷᠤᠨ ᠲᠤᠬᠠᠢ ᠵᠢᠨ ᠲᠠᠯᠠᠪᠠᠢᠳᠤ ᠬᠦᠷᠬᠦᠳᠤ᠂ ᠨᠢᠳᠤᠨ ᠡᠮᠦᠨ᠎ᠡ ᠨᠢ ᠳᠦᠷᠡᠯᠵᠡᠨ ᠨᠤᠴᠤᠭᠰᠠᠨ ᠲᠤᠢᠮᠠᠷ ᠪᠠᠢᠯ᠎ᠠ᠃ ᠥᠨᠳᠥᠷ ᠳᠤᠯᠠᠭᠠᠨ ᠤ᠋ ᠱᠢᠷᠠᠯᠲᠠ ᠳᠣᠣᠷ᠎ᠠ ᠂ ᠴᠧᠨ ᠯᠢᠶᠠᠩ ᠤ᠋ᠨ ᠬᠤᠪᠴᠠᠰᠤ ᠨᠢᠭᠡᠨᠲᠡ ᠬᠦᠯᠦᠰᠦᠨᠳᠡᠭᠡᠨ ᠳᠡᠪᠲᠦᠪᠡ᠃ ᠭᠡᠲᠡᠯ᠎ᠡ ᠬᠥᠯ ᠳᠣᠣᠷ᠎ᠠ ᠨᠢ ᠪᠦᠷᠢᠮᠦᠰᠦᠨ ᠬᠠᠢᠯᠤᠭᠠᠳᠤᠶ ᠮᠥᠰᠥ᠍ ᠴᠠᠰᠤ ᠲᠡᠭᠦᠨᠦ ᠥᠮᠥᠳᠥ ᠪᠣᠯᠤᠨ ᠱᠠᠬᠠᠶ ᠶ᠋ᠢ ᠨᠢ ᠨᠣᠷᠭᠠᠵᠤ᠂ ᠶᠠᠰᠤ ᠶᠠᠩᠬᠢᠨᠠᠮ᠎ᠠ ᠬᠦᠢᠲᠡᠨ ᠪᠠᠢᠵᠤ᠂ ᠴᠧᠨ ᠯᠢᠶᠠᠩ 《ᠮᠥᠰᠥ᠍ ᠪᠠ ᠭᠠᠯ》 ᠤ᠋ᠨ ᠱᠢᠯᠭᠠᠯᠲᠠ ᠶ᠋ᠢ ᠬᠦᠯᠢᠴᠡᠵᠦ ᠪᠠᠢᠯ᠎ᠠ᠃ ᠭᠡᠪᠡᠴᠦ᠍ ᠲᠡᠷᠡ ᠠᠩᠭᠢ ᠶ᠋ᠢᠨ ᠭᠡᠱᠢᠭᠦᠳᠲᠡᠶᠪᠡᠨ ᠥᠴᠦᠬᠡᠨ ᠴᠦ᠍ ᠤᠬᠤᠷᠢᠭ᠍ᠰᠠᠨ ᠦᠭᠡᠢ᠂ ᠬᠡᠳᠦᠨ ᠡᠳᠦᠷ ᠦᠷᠭᠦᠯᠵᠢᠯᠡᠨ ᠪᠠᠢᠯᠳᠤᠵᠤ᠂ ᠲᠤᠢᠮᠠᠷ ᠢ᠋ ᠡᠴᠦᠰᠲᠡᠬᠡᠨ ᠤᠨᠲᠠᠷᠠᠭᠠᠪᠠ ᠂ ᠶᠠᠳᠠᠷᠠᠵᠤ ᠲᠤᠢᠯᠳᠠᠭᠰᠠᠨ ᠭᠡᠵᠦ ᠶᠠᠷᠢᠭᠰᠠᠨ ᠬᠦᠮᠦᠨ ᠨᠢᠭᠡ ᠴᠦ᠍ ᠪᠠᠢᠬᠤ ᠦᠭᠡᠢ᠃
ᠴᠧᠨ ᠯᠢᠶᠠᠩᠳᠤ ᠬᠠᠮᠤᠭ ᠤ᠋ᠨ ᠭᠦᠨ ᠰᠠᠭᠤᠭ᠍ᠳᠠᠯ ᠦᠯᠡᠳᠡᠭᠡᠭ᠌ᠰᠡᠨ ᠨᠢ ᠲᠦᠢᠮᠡᠷ ᠤᠨᠲᠠᠷᠠᠭᠠᠬᠤ ᠦᠶᠡᠳᠦ ᠲᠠᠨᠢᠯᠴᠠᠭ᠍ᠰᠠᠨ 20 ᠭᠠᠷᠤᠢᠬᠠᠨ ᠨᠠᠰᠤᠲᠠᠶ 《ᠯᠦ᠍ ᠠᠬ᠎ᠠ》 ᠪᠣᠯᠤᠨ᠎ᠠ᠃ ᠲᠤᠬᠠᠶ ᠶ᠋ᠢᠨ ᠦᠶᠡᠳᠦ᠂ 《ᠯᠦ᠍ ᠠᠬ᠎ᠠ》 ᠵᠢᠨ ᠨᠢᠭᠤᠷ ᠨᠢ ᠬᠠᠯᠲᠠᠷᠰᠢᠵᠤ᠂ ᠨᠢᠳᠦ ᠨᠢ ᠤᠯᠠᠢᠨ ᠬᠠᠪᠤᠳᠴᠤ᠌᠂ ᠲᠦᠢᠮᠡᠷ ᠤᠨᠲᠠᠷᠠᠭᠠᠭᠠᠳ ᠳᠥᠷᠪᠡᠨ ᠡᠳᠦᠷ ᠳᠥᠷᠪᠡᠨ ᠰᠥᠨᠢ ᠰᠠᠢᠨ ᠠᠮᠠᠷᠠᠭ᠍ᠰᠠᠨ ᠦᠭᠡᠢᠡᠴᠡ ᠪᠣᠯᠵᠤ᠂ ᠬᠠᠷᠠᠬᠤᠳᠤ ᠵᠢᠭᠠᠬᠠᠨ ᠡᠪᠤᠭᠡᠷᠡᠭᠰᠡᠨ ᠱᠢᠭ ᠪᠠᠢᠪᠠ᠃ ᠴᠧᠨ ᠯᠢᠶᠠᠩ ᠲᠡᠭᠦᠨᠡᠴᠡ ᠶᠠᠳᠠᠷᠠᠵᠤ ᠪᠠᠢᠨ᠎ᠠ ᠦᠦ ᠭᠡᠵᠦ᠍ ᠠᠰᠠᠭᠤᠭ᠍ᠰᠠᠨᠳᠤ ᠲᠡᠷᠡ᠄ 《 ᠤᠢ ᠱᠢᠭᠤᠢ ᠪᠣᠯ ᠮᠠᠨ ᠤ᠋ 〈 ᠪᠣᠬᠢᠷᠲᠤᠯ ᠦᠭᠡᠢ ᠡᠷᠳᠡᠨᠢᠰ ᠤ᠋ᠨ ᠰᠠᠩ 〉 ᠮᠥᠨ ᠂ ᠤᠢ ᠱᠢᠭᠤᠢ ᠶ᠋ᠢ ᠬᠠᠮᠠᠭᠠᠯᠠᠴᠢᠬᠠᠪᠠᠯ ᠠᠮᠢᠪᠠᠨ ᠴᠦᠯᠡᠭ᠌ᠰᠡᠨ ᠴᠦ᠍ ᠪᠡᠨᠡᠲᠡᠶ》 ᠭᠡᠵᠦ ᠶᠠᠷᠢᠭᠰᠠᠨ ᠭᠡᠨ᠎ᠡ᠃
《 ᠲᠤᠬᠠᠶ ᠶ᠋ᠢᠨ ᠦᠶᠡᠳᠦ ᠂ ᠲᠡᠭᠦᠨᠦ ᠦᠭᠡ ᠨᠢ ᠨᠠᠳᠠᠳᠤ ᠡᠨᠡ ᠪᠣᠯ ᠳᠠᠷᠤᠶ ᠪᠢᠳᠡᠨᠦ ᠬᠠᠮᠤᠭ ᠤ᠋ᠨ ᠦᠨᠡᠨ ᠪᠣᠳᠠᠲᠠᠶ ᠤᠢ ᠰᠢᠭᠤᠢ ᠨᠤᠲᠤᠭ ᠪᠡᠯᠴᠢᠭᠡᠷ ᠢ᠋ᠰᠠᠬᠢᠨ ᠬᠠᠮᠠᠭᠠᠯᠠᠭ᠍ᠴᠢ ᠮᠥᠨ ᠭᠡᠳᠡᠭ ᠢ᠋ ᠰᠠᠨᠠᠭ᠍ᠳᠠᠭᠤᠯᠪᠠ》ᠭᠡᠵᠦ 《ᠲᠥᠯᠥᠭᠡᠯᠡᠭ᠌ᠴᠢᠳ ᠤ᠋ᠨ ᠰᠤᠷᠪᠤᠯᠵᠢᠯᠠᠭ᠎ᠠ ᠬᠦᠯᠢᠶᠡᠬᠦ ᠵᠠᠮ》 ᠤ᠋ᠨ ᠠᠬᠤᠢ ᠲᠠᠯᠠᠪᠠᠢᠳᠤ ᠴᠧᠨ ᠯᠢᠶᠠᠩ ᠰᠡᠳᠭᠢᠯ ᠳᠤᠭᠳᠤᠯᠤᠨ ᠶᠠᠷᠢᠨ᠎ᠠ᠃
ᠴᠧᠨ ᠯᠢᠶᠠᠩ᠄ 《 ᠪᠢᠳᠡ ᠯᠠᠪᠲᠠᠶ ᠶᠡᠷᠦᠩᠬᠡᠶ ᠱᠦᠵᠢ ᠶ᠋ᠢᠨ ᠬᠦᠰᠡᠯ ᠨᠠᠢᠳᠠᠯᠭ᠎ᠠ ᠶ᠋ᠢ ᠪᠠᠲᠤ ᠴᠡᠭᠡᠵᠢᠯᠡᠵᠦ᠍᠂ ᠪᠥᠬᠥ᠌ ᠬᠦᠴᠦ᠍ᠪᠡᠨ ᠱᠢᠪᠬᠠᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠡᠬᠡ ᠤᠯᠤᠰ ᠤ᠋ᠨ ᠤᠮᠠᠷᠠᠲᠤ ᠶ᠋ᠢᠨ ᠡᠨᠡ ᠬᠦ᠌ ᠲᠦᠮᠡᠨ ᠭᠠᠵᠠᠷ ᠤ᠋ᠨ ᠨᠣᠮᠢᠨ ᠨᠣᠭᠣᠭᠠᠨ ᠣᠷᠳᠣ ᠴᠠᠭᠠᠨ ᠬᠡᠷᠡᠮ ᠢ᠋ ᠨᠠᠩ ᠪᠠᠲᠤ ᠪᠠᠬᠢ ᠴᠣᠭ᠍ᠴᠠᠯᠠᠬᠤ ᠶ᠋ᠢᠨ ᠲᠥᠯᠥᠭᠡ ᠦᠷᠭᠦᠯᠵᠢᠯᠡᠨ ᠴᠢᠷᠮᠠᠢᠨ᠎ᠠ!》 ᠭᠡᠵᠦ ᠢᠲᠡᠭᠡᠯ ᠲᠡᠭᠦᠯᠳᠡᠷ ᠶᠠᠷᠢᠯ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠹᠦ᠋ ᠭᠸᠨ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃