2022-03-10 09:20:56
ᠰᠢᠨᠬᠤᠸᠠ ᠬᠤᠷᠢᠶᠠᠨ ᠤ᠋ ᠪᠡᠭᠡᠵᠢᠩ ᠤ᠋ᠨ 3 ᠰᠠᠷ᠎ᠠ ᠢ᠋ᠢᠨ 9 ᠤ᠋ ᠴᠠᠬᠢᠯᠭᠠᠨᠮᠡᠲᠡᠭᠡ ᠲᠤᠮᠲᠠᠲᠤ ᠤᠯᠤᠰ ᠤ᠋ᠨ ᠡᠪ ᠬᠠᠮᠲᠦ ᠨᠠᠮ ᠤ᠋ᠨᠲᠦᠪ ᠬᠤᠷᠢᠶ᠎ᠠ ᠢ᠋ᠢᠨ ᠤᠯᠤᠰ ᠲᠦᠷᠦ ᠢ᠋ᠢᠨ ᠲᠤᠪᠴᠢᠶ᠎ᠠ ᠢ᠋ᠢᠨ ᠪᠠᠢᠩᠭᠤ ᠢ᠋ᠢᠨ ᠬᠡᠰᠢᠭᠦᠨ᠂ ᠪᠦᠬᠦ ᠤᠯᠤᠰ ᠤ᠋ᠨᠤᠯᠤᠰ ᠲᠦᠷᠦ ᠢ᠋ᠢᠨ ᠵᠦᠪᠯᠡᠯᠭᠡᠨ ᠤ᠋ ᠲᠡᠷᠢᠭᠦᠯᠡᠭᠴᠢ ᠸᠠᠩ ᠶᠠᠩ 9 ᠤ᠋ ᠦᠲᠡ ᠢ᠋ᠢᠨ ᠡᠮᠦᠨ᠎ᠡ ᠠᠷᠪᠠᠨ ᠭᠤᠷᠪᠠᠳᠤᠭᠠᠷᠬᠤᠭᠤᠴᠠᠭᠠᠨ ᠤ᠋ ᠪᠦᠬᠦ ᠤᠯᠤᠰ ᠤ᠋ᠨ ᠠᠷᠠᠳ ᠤ᠋ᠨ ᠲᠦᠯᠦᠭᠡᠯᠡᠭᠴᠢᠳ ᠤ᠋ᠨ ᠶᠡᠬᠡ ᠬᠤᠷᠠᠯ ᠤ᠋ᠨ ᠲᠠᠪᠤᠳᠤᠭᠠᠷ ᠬᠤᠷᠠᠯᠤ᠋ᠨ ᠲᠠᠢᠸᠠᠨ ᠤ᠋ ᠲᠦᠯᠦᠭᠡᠯᠡᠭᠴᠢᠳ ᠤ᠋ᠨ ᠪᠦᠯᠬᠦᠮ ᠤ᠋ᠨ ᠬᠢᠨᠠᠨ ᠵᠦᠪᠯᠡᠬᠦ ᠳ᠋ᠤ ᠤᠷᠤᠯᠴᠠᠪᠠ᠃ ᠴᠸᠨ ᠵᠢᠶᠦ᠋ᠨ᠂ᠹᠦ ᡁᠢ ᠭᠤᠸᠠᠨ᠂ ᠯᠢᠶᠠᠩ ᡁᠢ ᠴᠢᠶᠠᠩ ᠵᠡᠷᠭᠡ ᠲᠦᠯᠦᠭᠡᠯᠡᠭᠴᠢ ᠢ᠋ᠢᠨ ᠦᠭᠡ ᠬᠡᠯᠡᠬᠦ ᠵᠢ ᠰᠤᠨᠤᠰᠤᠬᠰᠠᠨ ᠤ᠋ ᠲᠠᠷᠠᠭ᠎ᠠ᠂ᠸᠠᠩ ᠶᠠᠩ᠂ ᠦᠩᠭᠡᠷᠡᠭᠰᠡᠨ ᠨᠢᠭᠡ ᠵᠢᠯ ᠳ᠋ᠤ᠂ ᠰᠢ ᠵᠢᠨ ᠫᠢᠩ ᠨᠦᠬᠦᠷ ᠢ᠋ᠢᠡᠷ ᠭᠤᠤᠯ ᠪᠤᠯᠭᠠᠬᠰᠠᠨ ᠨᠠᠮ ᠤ᠋ᠨᠲᠦᠪ ᠬᠤᠷᠢᠶ᠎ᠠ ᠢ᠋ᠢᠨ ᠪᠠᠲᠦ ᠴᠢᠩᠭ᠎ᠠ ᠤᠳᠤᠷᠢᠳᠤᠯᠭ᠎ᠠ ᠲᠤᠤᠷ᠎ᠠ᠂ ᠲᠠᠢᠸᠠᠨ ᠤ᠋ ᠲᠤᠬᠠᠢ ᠠᠵᠢᠯ ᠦᠷ᠎ᠡ ᠪᠦᠲᠦᠮᠵᠢᠲᠡᠢᠪᠦᠭᠡᠳ ᠲᠤᠬᠲᠠᠭᠤᠨ ᠤ᠋ ᠲᠤᠮᠲᠠ ᠤᠷᠤᠬᠰᠢᠯᠠᠬᠰᠠᠨ ᠪᠠᠢᠨ᠎ᠠ᠃ ᠤᠳᠤᠬᠠᠨ ᠤ᠋ ᠲᠡᠯᠡᠬᠡᠢ ᠶᠢᠷᠳᠢᠨᠴᠦ ᠵᠢᠨ ᠤᠯᠠᠷᠢᠯᠬᠤᠪᠢᠰᠤᠯᠲᠠ ᠤᠷᠢᠳ ᠪᠠᠢᠭ᠎ᠠ ᠦᠭᠡᠢ ᠲᠦᠷᠬᠡᠳᠴᠦ᠂ ᠲᠠᠢᠸᠠᠨ ᠤ᠋ ᠲᠤᠬᠲᠠᠪᠤᠷᠢ ᠦᠭᠡᠢ ᠲᠤᠬᠲᠠᠭᠠᠯᠳᠦ ᠪᠤᠰᠤ ᠴᠢᠨᠠᠷ ᠨᠡᠮᠡᠭᠲᠡᠵᠦ ᠪᠤᠢ᠂ ᠬᠡᠪᠡᠴᠤ ᠴᠠᠬ᠂ ᠬᠠᠨᠳᠤᠰᠢ᠂ ᠵᠢᠷᠦᠮ ᠢᠮᠠᠬᠲᠠ ᠪᠢᠲᠡᠨ ᠤ᠋ ᠲᠠᠯᠠᠳᠤ ᠪᠠᠢᠲᠠᠭ᠂ ᠪᠢᠲᠡᠡᠯᠡ ᠵᠦᠢᠯ ᠤ᠋ᠨ ᠪᠤᠳᠤᠯᠢᠶᠠᠨᠲᠠᠢ ᠪᠠᠢᠲᠠᠯ ᠢ᠋ ᠠᠷᠭᠠᠴᠠᠭᠠᠬᠤ ᠶᠡᠷᠦᠩᠬᠡᠢᠯᠡᠭᠰᠡᠨ ᠪᠤᠲᠠᠲᠤ ᠬᠦᠴᠦᠨ ᠪᠠ ᠵᠠᠪᠠᠯᠢᠯᠠᠬᠤ ᠢᠲᠡᠭᠡᠯ ᠲᠠᠢ ᠪᠠᠢᠨ᠎ᠠ᠃ ᠰᠢᠨ᠎ᠡ ᠴᠠᠬ ᠦᠶ᠎ᠡ ᠢ᠋ᠢᠨ ᠨᠠᠮ ᠤ᠋ᠨ ᠲᠠᠢᠸᠠᠨ ᠤ᠋ ᠠᠰᠠᠭᠤᠲᠠᠯ ᠢ᠋ ᠰᠢᠢᠳᠪᠦᠷᠢᠯᠡᠬᠦᠶᠡᠷᠦᠩᠬᠡᠢ ᠴᠢᠭᠯᠡᠯᠲᠡ ᠪᠠ ᠨᠠᠮ ᠤ᠋ᠨ ᠲᠦᠪ ᠬᠤᠷᠢᠶ᠎ᠠ ᠢ᠋ᠢᠨ ᠲᠠᠢᠸᠠᠨ ᠤ᠋ ᠲᠤᠬᠠᠢ ᠠᠵᠢᠯᠤᠨ ᠰᠢᠢᠳᠪᠦᠷᠢᠲᠦᠪᠤᠳᠤᠯᠭᠠ ᠪᠠᠢᠷᠢᠯᠠᠭᠤᠯᠤᠯᠲᠠ ᠵᠢ ᠲᠤᠭᠤᠰᠢᠯᠠᠭᠤᠯᠵᠦ᠂ ᠬᠤᠷᠢᠭ᠎ᠠ ᠱᠤᠭᠤᠮ ᠤ᠋ᠨ ᠰᠡᠳᠬᠢᠬᠦᠢ ᠵᠢ ᠪᠠᠲᠦ ᠪᠤᠢᠪᠤᠯᠭᠠᠵᠦ᠂ ᠲᠡᠮᠡᠴᠡᠯ ᠤ᠋ᠨ ᠵᠤᠷᠢᠭ ᠰᠠᠨᠠᠭ᠎ᠠ ᠵᠢ ᠪᠠᠲᠠᠷᠠᠭᠤᠯᠵᠦ᠂ ᠨᠢᠭᠡ ᠲᠤᠮᠲᠠᠲᠤ ᠤᠯᠤᠰ ᠤ᠋ᠨ ᠵᠠᠷᠴᠢᠮᠪᠤᠯᠤᠨ 《ᠶᠡᠷᠡᠨ ᠬᠤᠶᠠᠷ ᠤᠨ ᠤ᠋ ᠬᠠᠮᠲᠦ ᠢ᠋ᠢᠨ ᠲᠠᠨᠢᠯᠲᠠ》 ᠵᠢ ᠪᠠᠷᠢᠮᠲᠠᠯᠠᠵᠦ᠂ 《ᠲᠠᠢᠸᠠᠨ ᠢ᠋ ᠲᠤᠰᠠᠭᠠᠷᠯᠠᠭᠤᠯᠬᠤ》 ᠬᠠᠭᠠᠴᠠᠭᠤᠯᠬᠤ ᠠᠵᠢᠯᠯᠠᠭ᠎ᠠ ᠵᠢ ᠡᠷᠡᠰ ᠡᠰᠡᠷᠭᠦᠴᠡᠵᠦ᠂ ᠭᠠᠲᠠᠭᠠᠲᠦ ᠢ᠋ᠢᠨ ᠬᠦᠴᠦᠨ ᠤ᠋ᠬᠠᠯᠲᠠᠯᠭᠠ ᠵᠢ ᠡᠷᠡᠰ ᠡᠰᠡᠷᠭᠦᠴᠡᠵᠦ᠂ ᠲᠠᠢᠸᠠᠨ ᠬᠤᠭᠤᠯᠠᠢᠵᠢᠨ ᠬᠤᠶᠠᠷ ᠬᠦᠪᠡᠭᠡ ᠵᠢᠨ ᠬᠠᠷᠢᠴᠠᠭᠠᠨᠤ ᠡᠩᠭᠡ ᠲᠠᠢᠪᠤᠩ ᠢ᠋ᠢᠡᠷ ᠬᠦᠭᠵᠢᠬᠦ᠂ ᠠᠭᠤᠰᠤᠯᠴᠠᠨ ᠬᠦᠭᠵᠢᠬᠦ ᠵᠢᠯᠠᠪᠲᠠᠭᠤᠨ ᠪᠠᠲᠤᠲᠠᠢ ᠠᠬᠢᠭᠤᠯᠬᠤ ᠬᠡᠷᠡᠭᠲᠡᠢ᠃ ᠲᠠᠢᠸᠠᠨ ᠬᠤᠭᠤᠯᠠᠢ ᠵᠢᠨ ᠬᠤᠶᠠᠷ ᠬᠦᠪᠡᠭᠡ ᠵᠢᠨ ᠠᠬ᠎ᠠ ᠲᠡᠭᠦᠦᠨᠠᠷ ᠲᠡᠦᠬᠡ ᠢ᠋ᠢᠨ ᠶᠡᠬᠡ ᠬᠠᠨᠳᠤᠰᠢ ᠵᠢ ᠡᠵᠡᠮᠲᠡᠵᠦ᠂ ᠦᠨᠳᠦᠰᠦᠲᠡᠨ ᠤ᠋ ᠶᠡᠬᠡ ᠵᠢᠷᠦᠮ ᠢ᠋ ᠡᠷᠡᠰ ᠰᠠᠬᠢᠵᠦ᠂ ᠲᠠᠢᠸᠠᠨᠬᠤᠭᠤᠯᠠᠢ ᠵᠢᠨ ᠬᠤᠶᠠᠷ ᠬᠦᠪᠡᠭᠡ ᠵᠢᠨ ᠠᠬ᠎ᠠ ᠲᠡᠭᠦᠦᠨᠠᠷ ᠤ᠋ᠨ ᠪᠤᠶᠠᠨ ᠵᠢᠷᠭᠠᠯ ᠢ᠋ ᠨᠡᠮᠡᠭᠲᠡᠭᠦᠯᠬᠦ ᠠᠷᠭ᠎ᠠ ᠪᠤᠳᠤᠯᠭ᠎ᠠ ᠵᠢ ᠢᠯᠡᠭᠦᠭᠡᠨ ᠰᠦᠪᠡᠭᠴᠢᠯᠡᠵᠦ᠂ ᠰᠤᠯᠢᠯᠴᠠᠭᠠᠬᠠᠮᠳᠤᠷᠠᠯᠴᠠᠭᠠ ᠵᠢ ᠴᠢᠩᠭᠠᠳᠬᠠᠬᠤ ᠶᠠᠪᠤᠲᠠᠯ ᠢ᠋ ᠢᠯᠡᠭᠦᠭᠡᠨ ᠬᠢᠵᠦ᠂ ᠰᠡᠳᠬᠢᠯ ᠰᠠᠨᠠᠭ᠎ᠠ ᠪᠠᠨ ᠤᠯᠤᠯᠴᠠᠬᠤᠠᠷᠭᠠ ᠠᠪᠴᠠᠯ ᠢ᠋ ᠢᠯᠡᠭᠦᠭᠡᠨ ᠠᠬᠢᠭᠤᠯᠵᠦ᠂ ᠡᠬᠡ ᠤᠯᠤᠰ ᠤ᠋ᠨ ᠨᠢᠭᠡᠲᠦᠯ ᠤ᠋ᠨ ᠶᠡᠬᠡ ᠦᠢᠯᠡᠰ᠂ ᠦᠨᠳᠦᠰᠦᠲᠡᠨᠤ᠋ ᠰᠡᠷᠭᠦᠨ ᠮᠠᠨᠲᠤᠯᠲᠠ ᠢ᠋ᠢᠨ ᠠᠭᠤᠤ ᠦᠢᠯᠡᠰ ᠢ᠋ ᠭᠠᠷ ᠬᠤᠯᠪᠤᠨ ᠬᠠᠮᠲᠦ ᠪᠡᠷ ᠠᠬᠢᠭᠤᠯᠬᠤ ᠬᠡᠷᠡᠭᠲᠡᠢ ᠬᠡᠵᠦ ᠵᠢᠭᠠᠵᠦ ᠭᠠᠷᠭᠠᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃