2022-03-02 09:42:05
ᠴᠠᠭᠠᠨ ᠰᠠᠷᠠ ᠥᠩᠭᠡᠷᠡᠮᠡᠭ᠌ᠴᠡ᠂ ᠮᠸᠩ ᠼᠤᠤ ᠱᠢᠨᠵᠢᠯᠡᠬᠦ᠌ ᠤᠬᠠᠭᠠᠨ ᠰᠤᠳᠤᠯᠭᠠᠨᠤ᠋ ᠪᠦᠯᠬᠦᠮ ᠤ᠋ᠨ ᠬᠢᠨ ᠦᠷᠡ ᠶ᠋ᠢᠨ ᠮᠢᠺᠷᠣ᠋ ᠵᠢᠨ ᠰᠡᠭᠦᠳᠡᠷᠯᠡᠯᠲᠡ᠂ᠨᠠᠬᠢᠶᠠᠯᠠᠬᠤ ᠨᠤᠷᠮᠠᠵᠢ ᠪᠠᠢᠴᠠᠭᠠᠬᠤ ᠵᠢᠴᠢ ᠴᠢᠬᠢ ᠪᠣᠢᠵᠢᠭᠤᠯᠬᠤ ᠵᠡᠷᠭᠡ 2022 ᠣᠨ ᠤ᠋ ᠦᠷᠡᠡᠳ᠋ᠤᠨ ᠡᠬᠢ ᠪᠠᠶᠠᠯᠢᠭ ᠢ᠋ ᠦᠨᠡᠯᠡᠬᠦ᠌ ᠠᠵᠢᠯ ᠳ᠋ᠦ ᠪᠡᠯᠡᠳᠭᠡᠯ ᠬᠢᠵᠦ᠂ ᠵᠢᠯ ᠤ᠋ᠨ ᠠᠵᠢᠯᠵᠢᠡᠨ ᠡᠬᠢᠯᠡᠭᠦᠯᠵᠡᠢ᠃

ᠠᠥ᠋ᠲ᠋ᠤᠴᠢᠯᠠᠭ᠍ᠰᠠᠨ ᠴᠢᠬᠢ ᠰᠠᠭᠤᠯᠭᠠᠬᠤ ᠦᠢᠯᠡᠳᠪᠦᠷᠢᠯᠡᠯᠦᠨ ᠱᠤᠭᠤᠮ
2014 ᠣᠨᠤ 1 ᠰᠠᠷᠠᠶ᠋ᠢᠨ 28 ᠤ᠋ ᠡᠳᠦᠷ᠂ ᠶᠡᠷᠦᠩᠬᠡᠶ ᠱᠦᠵᠢ ᠰᠢ ᠵᠢᠨᠫᠢᠩ ᠮᠠᠨᠤ ᠣᠷᠣᠨᠤᠮᠸᠩ ᠼᠤᠤ ᠪᠦᠯᠦᠭᠯᠡᠯᠳᠦ ᠱᠢᠨᠵᠢᠯᠡᠨ ᠪᠠᠢᠴᠠᠭᠠᠬᠤᠳᠠᠭᠠᠨ᠂ ᠪᠣᠬᠢᠷᠲᠤᠯ ᠥᠬᠡᠶ ᠬᠥᠭ᠌ᠵᠢᠯᠲᠡᠶ᠋ᠢᠪᠡᠶᠡᠯᠡᠭᠦᠯᠬᠦ᠌ᠳᠦ ᠵᠠᠩᠭᠢᠯᠠᠭᠠᠨᠢ ᠲᠠᠪᠴᠠᠩ᠂ ᠮᠡᠷᠭᠡᠵᠢᠯ᠂ ᠠᠷᠭᠠ ᠪᠠᠷᠢᠯ ᠪᠠᠢᠬᠤ ᠬᠡᠷᠡᠭ᠌ᠲᠡᠶ ᠪᠠᠢᠵᠦ᠂ᠨᠣᠭᠣᠭᠠᠷᠠᠭᠤᠯᠤᠯᠲᠠᠳᠤ ᠵᠥᠪᠬᠡᠨ 《ᠬᠠᠴᠢᠨ ᠰᠣᠨᠢᠨ ᠡᠪᠡᠰᠦ ᠴᠡᠴᠡᠭ》ᠳᠠᠷᠢᠬᠤ ᠨᠢ ᠦᠷᠭᠦᠯᠵᠢᠯᠡᠵᠦ᠍ ᠳᠡᠢᠯᠬᠦ᠌ ᠥᠬᠡᠶ ᠪᠠᠢᠵᠤ᠂ ᠰᠣᠬᠣᠷ ᠪᠠᠯᠠᠶᠪᠠᠷᠣᠷᠣᠭᠤᠯᠤᠨ ᠠᠪᠴᠢᠷᠠᠬᠤ ᠨᠢ ᠴᠦ᠍ ᠵᠣᠬᠢᠴᠠᠬᠤ ᠥᠬᠡᠶ ᠪᠠᠢᠵᠤ ᠮᠡᠳᠡᠨᠡ᠂ ᠪᠠᠢᠭᠠᠯᠢᠶ᠋ᠢᠨ ᠵᠢᠮᠡ ᠶᠣᠰᠣᠨᠳᠤᠨᠡᠢᠴᠡᠭ᠌ᠰᠡᠨ᠂ ᠤᠯᠤᠰᠤᠨ ᠪᠠᠢᠳᠠᠯ᠂ ᠭᠠᠵᠠᠷ ᠣᠷᠣᠨᠤ ᠤᠨᠴᠠᠯᠢᠭ ᠲᠦ᠍ ᠨᠡᠢᠴᠡᠭ᠌ᠰᠡᠨ ᠨᠣᠭᠣᠭᠠᠷᠠᠭᠤᠯᠤᠯᠲᠠᠶ᠋ᠢᠨᠵᠠᠮᠢ ᠰᠦᠪᠡᠭ᠌ᠴᠢᠯᠡᠬᠦ᠌ ᠬᠡᠷᠡᠭ᠌ᠲᠡᠶ ᠭᠡᠵᠦ᠍ ᠨᠠᠢᠳᠠᠵᠠᠢ᠃ ᠡᠨᠡ 8 ᠵᠢᠯᠳᠦ᠂ ᠮᠸᠩ ᠼᠤᠤ ᠪᠦᠯᠦᠭᠯᠡᠯ ᠶᠡᠷᠦᠩᠬᠡᠢᠱᠦᠵᠢᠶ᠋ᠢᠨ ᠬᠦᠰᠡᠯ ᠨᠠᠢᠳᠠᠯᠭᠠᠶ᠋ᠢ ᠢᠮᠠᠭ᠍ᠲᠠ ᠪᠠᠲᠤ ᠴᠡᠭᠡᠵᠢᠯᠡᠵᠦ᠍᠂ ᠬᠡᠭᠡᠷᠡᠶ᠋ᠢᠨ ᠤᠷᠭᠤᠮᠠᠯᠢ ᠳᠠᠰᠭᠠᠨᠪᠣᠢᠵᠢᠭᠤᠯᠬᠤ ᠮᠡᠷᠭᠡᠵᠢᠯᠢ ᠢᠳᠡᠪᠬᠢᠲᠡᠢ ᠬᠠᠢᠨ ᠰᠦᠪᠡᠭ᠌ᠴᠢᠯᠡᠵᠦ᠍᠂ ᠠᠮᠢ ᠠᠬᠤᠢᠶ᠋ᠢ ᠰᠡᠷᠭᠦᠭᠡᠨ ᠵᠠᠰᠠᠬᠤᠳᠤᠮᠳᠠ ᠨᠤᠲᠤᠭᠤᠨ ᠡᠪᠡᠰᠦᠨᠦ ᠦᠷᠡᠶ᠋ᠢᠨ ᠦᠢᠯᠡᠳᠦᠯᠢ ᠶᠡᠭᠡ ᠪᠡᠷ ᠪᠠᠳᠠᠷᠠᠭᠤᠯᠤᠨ᠂ ᠱᠢᠯᠢᠳᠡᠭ ᠬᠢᠷᠢ ᠪᠦᠲᠦᠮᠵᠢᠣᠯᠤᠭ᠍ᠰᠠᠨ ᠬᠠᠷᠢᠭᠤᠯᠲᠠᠶ᠋ᠢᠨ ᠬᠠᠭᠤᠳᠠᠰᠤ ᠲᠤᠱᠢᠶᠠᠭ᠍ᠰᠠᠨ ᠪᠠᠢᠨᠠ᠃
8 ᠵᠢᠯ ᠤ᠋ᠨ ᠲᠤᠷᠰᠢ᠂ ᠮᠧᠩ ᠼᠤᠤ ᠱᠢᠨᠵᠢᠯᠡᠬᠦ᠌ ᠤᠬᠠᠭᠠᠨ ᠰᠤᠳᠤᠯᠭᠠᠨ ᠤ᠋ ᠪᠦᠯᠬᠦᠮᠤᠷᠢᠳ ᠬᠣᠵᠢᠳ ᠪᠥᠬᠥ᠌ ᠤᠯᠤᠰᠲᠤ 18 ᠦᠷᠡ ᠶ᠋ᠢᠨ ᠦᠶ᠋ᠯᠡᠰᠤ᠋ᠨ ᠰᠤᠳᠤᠯᠭᠠᠨ ᠤ᠋ ᠬᠦᠷᠢᠶᠡᠯᠡᠩ ᠵᠢᠴᠢ ᠬᠠᠷᠠᠭᠠᠯᠵᠠᠭᠰᠠᠨ ᠨᠤᠲᠤᠭ ᠤ᠋ᠨ ᠤᠷᠭᠤᠮᠠᠯ ᠤ᠋ᠨ ᠦᠷᠡ ᠡᠳ᠋ ᠤ᠋ᠨᠡᠬᠢ ᠪᠠᠶᠠᠯᠢᠭ ᠤ᠋ᠨ ᠬᠥᠮᠥᠷᠭᠡ ᠪᠠᠢᠭᠤᠯᠵᠤ᠂ 4.8 ᠲᠦᠮᠡᠨ ᠬᠤᠪᠢ ᠦᠷᠡ ᠡᠳ᠋ ᠤ᠋ᠨ ᠡᠬᠢ ᠪᠠᠶᠠᠯᠢᠭ᠂ 12 ᠲᠦᠮᠡᠨᠬᠤᠪᠢ ᠵᠠᠭ᠍ᠪᠤᠷ᠂ 140 ᠲᠦᠮᠡᠨ ᠬᠤᠪᠢ ᠬᠥᠷᠥᠰᠥ᠍ ᠵᠢᠨᠶᠠᠨᠭᠵᠤ ᠴᠤᠭ᠍ᠯᠠᠭᠤᠯᠵᠦ᠂ 25 ᠵᠦᠢᠯ ᠤ᠋ᠨ ᠡᠪᠡᠰᠦᠨᠦ ᠡᠭᠦᠯᠳᠡᠷ ᠢ᠋ ᠬᠢᠨᠠᠨ ᠲᠣᠭ᠍ᠲᠠᠭᠠᠵᠤ᠂ᠤᠯᠤᠰ ᠤ᠋ᠨ 6 ᠲᠦᠷᠦᠯ ᠤ᠋ᠨ ᠤᠷᠭᠤᠮᠠᠯ ᠤ᠋ᠨ ᠱᠢᠨᠡ ᠡᠭᠦᠯᠳᠡᠷᠢ ᠲᠡᠯᠭᠡᠷᠡᠭᠦᠯᠬᠦ ᠡᠷᠬᠡ ᠵᠢ ᠣᠯᠵᠤ᠂ 《 ᠴᠠᠩ ᠧ》 ᠬᠠᠢᠭᠤᠷᠵᠢᠡᠷ ᠳᠠᠮᠵᠢᠨ 6 ᠵᠦᠶ᠋ᠯ ᠤ᠋ᠨ ᠡᠪᠡᠰᠦᠨ ᠦᠷᠠᠶᠢ ᠰᠠᠨᠰᠠᠷᠲᠤ ᠪᠣᠢᠵᠢᠭᠤᠯᠵᠤ᠂ ᠭᠠᠩ ᠬᠠᠭ᠍ᠰᠠᠷᠠᠭᠠᠨᠲᠠᠶ ᠲᠡᠮᠡᠴᠡᠬᠦ᠌᠂ᠬᠦᠶ᠋ᠲᠡᠨᠳᠦ ᠲᠡᠰᠪᠦᠷᠢᠲᠡᠶ᠂ ᠭᠢᠰᠭᠢᠯᠡᠬᠦ᠌ᠳᠦ ᠳᠠᠭᠠᠭᠠᠮᠠᠭᠠᠶ᠂ ᠡᠮᠳᠦ ᠬᠡᠷᠡᠭ᠌ᠯᠡᠵᠦ᠍ ᠪᠣᠯᠬᠤ ᠵᠡᠷᠭᠡᠤᠷᠭᠤᠮᠠᠯ ᠤ᠋ᠨ ᠬᠡᠷᠡᠭ᠌ᠯᠡᠭᠡᠨᠦ ᠣᠨᠴᠠᠯᠢᠭ ᠢ᠋ ᠰᠤᠳᠤᠯᠵᠤ᠂ 383 ᠵᠦᠶ᠋ᠯ ᠤ᠋ᠨ ᠪᠠᠷᠢᠮᠵᠢᠶᠠ ᠵᠢ ᠨᠠᠢᠷᠠᠭᠤᠯᠤᠨᠵᠣᠬᠢᠶᠠᠵᠤ᠂ 485 ᠵᠦᠶ᠋ᠯ ᠤ᠋ᠨ ᠲᠤᠰᠭᠠᠶ ᠠᠱᠢᠭ ᠭᠤᠶᠤᠴᠢᠯᠠᠵᠤ᠂ ᠦᠶ᠋ᠯᠡᠳᠪᠦᠷᠢᠯᠡᠯ ᠤ᠋ᠨ ᠦᠶ᠋ᠯᠡᠳᠦᠯᠭᠡᠵᠢᠵᠢᠯᠣᠭᠣᠳᠪᠠ᠃ ᠤᠳᠠᠭᠠᠨ ᠵᠢᠯ ᠦᠷᠭᠦᠯᠵᠢᠯᠡᠭ᠌ᠰᠡᠨ ᠦᠷᠡ ᠶ᠋ᠢᠨ ᠦᠶ᠋ᠯᠡᠰ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠦᠶ᠋ᠯᠡᠳᠦᠯᠭᠡᠪᠡᠷ ᠳᠡᠮᠵᠢᠨ᠂ ᠮᠸᠩᠼᠤᠤ ᠪᠦᠯᠦᠭᠯᠡᠯ ᠨᠢᠭᠡᠨᠲᠡ 《ᠪᠣᠢᠵᠢᠭᠤᠯᠬᠤ ᠦᠷᠡᠵᠢᠭᠦᠯᠬᠦ᠌ ᠳᠡᠯᠭᠡᠷᠡᠭᠦᠯᠬᠦ᠌》 ᠶ᠋ᠢ ᠨᠢᠭᠡ ᠴᠣᠭ᠍ᠴᠠᠵᠢᠭᠤᠯᠤᠭ᠍ᠰᠠᠨ ᠬᠡᠷᠡᠭ᠌ᠯᠡᠭᠡᠨᠦ ᠱᠢᠰᠲ᠋ᠧᠮᠢ᠋ ᠪᠠᠢᠭᠤᠯᠵᠤ᠂ ᠦᠷᠡ ᠶ᠋ᠢᠨ ᠠᠮᠢ ᠠᠬᠤᠶ ᠶ᠋ᠢᠨ ᠪᠤᠭᠤᠳᠠᠯᠤᠨ ᠲᠥᠷᠥᠯ ᠭᠡᠯᠪᠡᠷᠢ ᠵᠢᠨ ᠱᠢᠨᠡ ᠵᠢ ᠡᠭᠦᠳᠴᠦ᠍᠂ᠡᠯᠡ ᠭᠡᠯᠪᠡᠷᠢ ᠵᠢᠨ ᠠᠮᠢ ᠠᠬᠤᠶ ᠶ᠋ᠢᠨ ᠰᠡᠷᠭᠦᠭᠡᠯᠲᠡ ᠶ᠋ᠢᠨ ᠲᠦᠷᠦᠯ ᠵᠦᠢᠯᠳᠦ ᠥᠷᠭᠡᠨ ᠶ᠋ᠢᠡᠷ ᠬᠡᠷᠡᠭ᠌ᠯᠡᠵᠦ᠍᠂ ᠦᠷᠭᠦᠯᠵᠢᠯᠡᠬᠦ᠌ᠤᠨᠤᠴᠠᠲᠠᠢ ᠠᠮᠢ ᠠᠬᠤᠶ ᠶ᠋ᠢᠨ ᠰᠡᠷᠭᠦᠭᠡᠯᠲᠡᠵᠢ ᠪᠡᠶᠡᠯᠡᠭᠦᠯᠪᠡ᠃ᠥᠩᠭᠡᠷᠡᠭ᠌ᠰᠡᠨᠤ ᠵᠠᠯᠠᠢᠨᠠᠭᠤᠷ ᠤ᠋ᠨ ᠠᠭᠤᠷᠬᠠᠶ ᠵᠢᠨ ᠤᠷᠤᠨ ᠵᠠᠰᠠᠯᠲᠠᠪᠠᠷ ᠳᠠᠮᠵᠢᠨ᠂ ᠠᠭᠤᠯᠠ ᠨᠢ ᠬᠥᠬᠡᠷᠡᠵᠦ᠍ᠡᠪᠡᠰᠦ ᠨᠢ ᠨᠣᠭᠣᠭᠠᠷᠠᠭ᠍ᠰᠠᠨᠵᠢᠡᠷ ᠪᠠᠷᠠᠬᠤ ᠥᠬᠡᠶ ᠨᠠᠩ ᠴᠤ᠌ ᠤᠯᠠᠭᠠᠨ ᠦᠨᠡᠭᠡ᠂ ᠬᠡᠭᠡᠷᠡ ᠶ᠋ᠢᠨ ᠨᠤᠭᠤᠰᠤ᠂ᠬᠠᠢᠷᠠᠭᠤᠴᠠᠶ᠂ ᠪᠦᠷᠭᠦᠳ ᠵᠡᠷᠭᠡ ᠡᠯᠡᠵᠦᠶ᠋ᠯᠤ᠋ᠨᠠᠮᠢᠲᠠᠨᠤᠷᠭᠤᠮᠠᠯᠤ᠋ᠨ ᠦᠵᠡᠰᠭᠦᠯᠡᠩᠲᠦ ᠰᠠᠢᠬᠠᠨ ᠬᠡᠷᠣᠷᠣᠨ ᠪᠣᠯᠵᠠᠢ᠃ ᠡᠳᠦᠭᠡ᠂ ᠲᠡᠳᠡᠨᠤ ᠪᠤᠢᠵᠢᠭᠤᠯᠤᠭᠰᠠᠨ ᠰᠦᠯ ᠰᠠᠢᠳᠠᠢ ᠡᠪᠡᠰᠦ ᠬᠥᠬᠡᠨᠠᠭᠤᠷ ᠲᠥᠪᠡᠳ ᠤ᠋ᠨ ᠥᠨᠳᠥᠷᠯᠢᠭᠲᠦ᠍᠂ ᠲᠠᠯᠠ ᠨᠤᠲᠤᠭ ᠤ᠋ᠨ ᠥᠷᠥᠴᠡᠨᠳᠦ᠂ ᠵᠠᠭᠤᠨ ᠵᠢᠯ ᠤ᠋ᠨ ᠠᠭᠤᠷᠬᠠᠢ ᠶ᠋ᠢᠨ ᠣᠷᠣᠨ ᠳᠦ ᠦᠨᠳᠦᠰᠦᠯᠡᠵᠦ ᠁ ᠬᠥᠬᠡᠮᠳᠦᠭ ᠠᠭᠤᠯᠠ ᠵᠢᠨᠤᠭᠤᠭᠠᠷᠠᠭᠤᠯᠵᠤ᠂ ᠨᠤᠲᠤᠭ ᠪᠡᠯᠴᠢᠭᠡᠷ ᠢ᠋ ᠰᠡᠷᠭᠦᠭᠡᠵᠦ᠍᠂ ᠴᠦᠯᠯᠡᠷᠬᠡᠭ ᠭᠠᠵᠠᠷᠢ ᠵᠠᠰᠠᠪᠠ᠃ 2022 ᠣᠨ ᠤ᠋ ᠲᠥᠪ ᠤ᠋ᠨ ᠨᠢᠭᠡᠳᠦᠭᠡᠷ ᠲᠣᠭᠠᠲᠤ ᠪᠢᠴᠢᠭ ᠮᠠᠲ᠋ᠧᠷᠢᠶᠠᠯᠳ᠋ᠦ᠂ ᠦᠷᠡ ᠶ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤᠠᠵᠢᠯᠯᠠᠭᠠ ᠶ᠋ᠢᠨ ᠲᠥᠰᠦᠯ ᠢ᠋ ᠪᠥᠬᠥ᠌ ᠲᠠᠯᠠᠪᠠᠷ ᠬᠡᠷᠡᠭ᠌ᠵᠢᠭᠦᠯᠬᠦ᠌ᠬᠡᠷᠡᠭ᠌ᠲᠡᠶ ᠭᠡᠵᠦ᠍ ᠳᠤᠷᠠᠳᠤᠨ ᠭᠠᠷᠭᠠᠪᠠ᠃ ᠮᠸᠩ ᠼᠤᠤ ᠪᠦᠯᠦᠭᠯᠡᠯ ᠤᠳᠤ ᠶᠠᠭ ᠵᠠᠰᠠᠭ ᠤ᠋ᠨ ᠣᠷᠳᠣᠨ᠂ ᠠᠵᠤ ᠠᠬᠤᠢᠯᠠᠯ᠂ᠱᠢᠨᠵᠢᠯᠡᠬᠦ᠌ ᠤᠬᠠᠭᠠᠨ ᠰᠤᠳᠤᠯᠭᠠᠨ ᠤ᠋ ᠬᠦᠷᠢᠶᠡᠯᠡᠩ᠂ ᠶᠡᠬᠡ ᠳᠡᠭᠡᠳᠦ ᠰᠤᠷᠭᠠᠭᠤᠯᠢᠪᠠᠷ ᠳᠡᠮᠵᠢᠨ ᠲᠠᠪᠴᠠᠩᠡᠭᠦᠳᠦᠨ ᠪᠠᠢᠭᠤᠯᠵᠤ᠂ ᠬᠠᠮᠲᠤᠷᠠᠯ ᠬᠦᠴᠦᠨ ᠢ᠋ ᠪᠦᠷᠢᠯᠳᠦᠭᠦᠯᠵᠦ᠍᠂ ᠡᠬᠢ ᠪᠠᠶᠠᠯᠢᠭ ᠤ᠋ᠨ ᠡᠯᠧᠮᠧᠨ᠋ᠲ ᠤ᠋ᠨ ᠨᠡᠪᠲᠡᠷᠡᠨᠠᠭᠤᠰᠤᠯᠴᠠᠬᠤ ᠵᠢ ᠠᠬᠢᠭᠤᠯᠵᠤ᠂ ᠤᠨᠴᠠᠯᠢᠬ᠍ᠳᠤ ᠦᠷᠡ ᠶ᠋ᠢᠨ ᠦᠶ᠋ᠯᠡᠰ ᠤ᠋ᠨ ᠪᠥᠬᠥ᠌ ᠠᠵᠤ ᠦᠶ᠋ᠯᠡᠰ ᠤ᠋ᠨ ᠬᠡᠯᠬᠢᠶᠡᠵᠢᠲᠦᠷᠭᠡᠳᠭᠡᠨ ᠪᠠᠢᠭᠤᠯᠵᠤ᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠳ᠋ᠦ ᠬᠦᠴᠦᠨ ᠨᠡᠮᠡᠷᠢᠯᠡᠵᠦᠪᠠᠢᠨᠠ᠃ ᠣᠳᠣᠬᠠᠨ ᠳ᠋ᠦ᠂ ᠱᠢᠯᠢ ᠶ᠋ᠢᠨ ᠭᠤᠤᠯ ᠠᠢᠮᠠᠭᠤ᠋ᠨ ᠤᠯᠠᠭᠠᠶ ᠬᠠᠮᠢᠶᠠᠷᠤᠯᠲᠠ ᠶ᠋ᠢᠨ ᠣᠷᠣᠨ᠂ ᠪᠠᠶᠠᠨᠨᠠᠭᠤᠷᠬᠣᠲᠠ ᠶ᠋ᠢᠨ ᠤᠷᠠᠳ ᠤ᠋ᠨ ᠳᠤᠮᠳᠠᠳᠤ ᠬᠣᠱᠢᠭᠤᠲᠠᠶ ᠪᠠᠢᠯᠳᠤᠬᠤᠪᠣᠳᠣᠯᠭᠠ ᠶ᠋ᠢᠨ ᠬᠠᠮᠲᠤᠷᠠᠯᠴᠠᠭᠠ ᠲᠣᠭ᠍ᠲᠠᠵᠤ᠂ ᠬᠠᠮᠲᠤᠷᠠᠯᠴᠠᠭᠠᠨᠤ᠋ ᠠᠭᠤᠯᠭᠠ ᠵᠢ ᠡᠪᠡᠰᠦᠨ ᠦᠷᠡ ᠶ᠋ᠢᠨ ᠦᠶ᠋ᠯᠡᠰ ᠤ᠋ᠨᠲᠣᠭᠣᠷᠢᠨ ᠳ᠋ᠦ ᠥᠷᠨᠢᠭᠦᠯᠵᠦ᠍᠂ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠦᠷᠡ ᠡᠳ᠋ ᠤ᠋ᠨ ᠡᠬᠢ ᠪᠠᠶᠠᠯᠢᠭᠢ᠋ ᠬᠠᠮᠠᠭᠠᠯᠠᠬᠤ ᠪᠠ ᠨᠡᠭᠡᠭᠡᠨ ᠠᠱᠢᠭ᠍ᠯᠠᠬᠤ ᠵᠢᠴᠢ ᠴᠢᠨᠠᠷ ᠰᠠᠢᠲᠠᠶ ᠡᠪᠡᠰᠦ ᠪᠣᠷᠳᠣᠭᠠ ᠬᠢᠭᠡᠳ ᠠᠮᠢ ᠠᠬᠤᠶ ᠶ᠋ᠢᠨ ᠡᠪᠡᠰᠦᠵᠢ ᠪᠣᠢᠵᠢᠭᠤᠯᠤᠨ ᠥᠷᠭᠡᠳᠭᠡᠬᠦ᠌ ᠰᠠᠭᠤᠷᠢᠨᠤᠪᠥᠲᠥᠭᠡᠨ ᠪᠠᠢᠭᠤᠯᠤᠯᠲᠠ ᠵᠡᠷᠭᠡᠵᠢ ᠪᠠᠭ᠍ᠲᠠᠭᠠᠵᠤ᠂ ᠬᠠᠮᠢᠶᠠ ᠪᠥᠬᠥᠶ ᠵᠦᠶ᠋ᠯᠡᠰ ᠢ᠋ ᠶᠠᠭ ᠢᠳᠡᠪᠬᠢᠲᠡᠶᠠᠬᠢᠭᠤᠯᠵᠤ ᠪᠠᠢᠨᠠ᠃ ᠪᠥᠬᠥ᠌ ᠤᠯᠤᠰ ᠤ᠋ᠨ ᠤᠯᠤᠰ ᠲᠥᠷᠥ ᠶ᠋ᠢᠨ ᠵᠥᠪᠯᠡᠯᠭᠡᠨᠦ ᠭᠡᠱᠢᠭᠦᠨ᠂ ᠮᠸᠩ ᠼᠤᠤ ᠪᠦᠯᠦᠭᠯᠡᠯᠤᠨᠬᠡᠷᠡᠭ ᠮᠡᠳᠡᠭ᠌ᠴᠢᠳ ᠤ᠋ᠨ ᠳᠠᠷᠤᠭᠠ ᠸᠠᠩ ᠵᠣᠣ ᠮᠢᠩ ᠰᠤᠷᠪᠤᠯᠵᠢᠯᠠᠭᠠ ᠬᠦᠯᠢᠶᠡᠬᠦᠳᠡᠭᠡᠨ᠄ 《ᠬᠤᠳᠠᠯᠳᠤᠨ ᠠᠪᠴᠢᠷᠠᠭᠰᠠᠨ ᠡᠪᠡᠰᠦᠨ ᠦᠷᠡᠵᠢ ᠲᠠᠷᠢᠪᠡᠯ ᠭᠡᠰᠡᠭ ᠭᠠᠵᠠᠷᠢ ᠨᠤᠭᠤᠭᠠᠷᠠᠭᠤᠯᠵᠦᠲᠡᠢᠯᠬᠦ ᠡᠴᠡ ᠪᠢᠰᠢ᠂ ᠪᠦᠬᠦᠢᠯᠡ ᠲᠠᠯᠠ ᠨᠤᠲᠤᠭᠢ ᠨᠤᠭᠤᠭᠠᠷᠠᠭᠤᠯᠵᠤ ᠲᠡᠢᠯᠬᠦ ᠦᠭᠡᠢ ᠶᠤᠮ᠃ ᠲᠠᠷᠠᠭᠠᠴᠢ ᠶ᠋ᠢᠨ ᠠᠯᠬᠤᠮ ᠳ᠋ᠦ᠂ ᠪᠢᠳᠡ ᠣᠨᠴᠠᠯᠢᠭ᠍ᠲᠤ ᠦᠷᠡ ᠶ᠋ᠢᠨ ᠦᠶ᠋ᠯᠡᠰᠤ᠋ᠨ ᠬᠦᠷᠢᠶᠡᠨᠳᠦ ᠲᠠᠰᠤᠷᠠᠯᠲᠠ ᠥᠬᠡᠶ ᠬᠦᠴᠦᠯᠡᠵᠦ᠍᠂ 〈ᠨᠤᠲᠤᠭ ᠤ᠋ᠨᠤᠷᠭᠤᠮᠠᠯ ᠤ᠋ᠨ ᠦᠷᠡ ᠡᠳ᠋ ᠤ᠋ᠨ ᠡᠬᠢ ᠪᠠᠶᠠᠯᠢᠭ ᠤ᠋ᠨ ᠬᠥᠮᠥᠷᠭᠡ〉ᠶ᠋ᠢ ᠲᠠᠰᠤᠷᠠᠯᠲᠠ ᠥᠬᠡᠶ ᠲᠡᠭᠦᠯᠳᠡᠷᠵᠢᠭᠦᠯᠵᠦ᠍᠂ ᠤᠮᠠᠷᠠᠲᠤ ᠬᠢᠯᠢ ᠶ᠋ᠢᠨ ᠠᠮᠢ ᠠᠬᠤᠶ ᠶ᠋ᠢᠨ ᠰᠡᠷᠭᠦᠭᠡᠯᠲᠡᠳᠦ 〈ᠲᠠᠷᠢᠵᠤ ᠪᠣᠯᠬᠤ ᠦᠷᠡᠲᠡᠶ᠂ ᠲᠠᠷᠢᠵᠤ ᠪᠤᠯᠬᠤ ᠤᠷᠭᠤᠮᠠᠯ ᠲᠠᠢ〉 ᠪᠠᠢᠬᠤ ᠶ᠋ᠢ ᠪᠠᠲᠤᠯᠠᠵᠤ᠂ ᠲᠠᠷᠢᠮᠠᠯᠤᠨ ᠵᠦᠢᠯᠡᠰ᠂ ᠬᠢᠲᠠᠳ ᠡᠮ ᠤ᠋ᠨ ᠮᠠᠲ᠋ᠧᠷᠢᠶᠠᠯᠵᠡᠷᠭᠡᠳᠦ ᠴᠢᠭ᠌ᠯᠡᠭᠦᠯᠦᠨ ᠣᠨᠴᠠᠯᠢᠭ᠍ᠲᠤ ᠦᠷᠡ ᠶ᠋ᠢᠨ ᠦᠶ᠋ᠯᠡᠰ ᠤ᠋ᠨ ᠬᠥᠭ᠌ᠵᠢᠯᠲᠡ ᠶ᠋ᠢᠨ ᠱᠢᠰᠲ᠋ᠧᠮ ᠢ᠋ ᠪᠦᠷᠢᠨᠱᠢᠭᠦᠯᠵᠦ᠍᠂ᠰᠢᠯᠢᠳᠡᠭ ᠦᠷᠡᠵᠢ ᠬᠦᠮᠦᠷᠭᠡᠯᠡᠵᠦ ᠬᠠᠳᠠᠭᠠᠯᠠᠬᠤ ᠪᠡᠷ ᠪᠠᠷᠠᠬᠤ ᠦᠭᠡᠢ ᠲᠠᠷᠢᠵᠤ ᠤᠷᠭᠤᠭᠤᠯᠤᠨᠠ》 ᠭᠡᠵᠦ ᠶᠠᠷᠢᠵᠦ ᠪᠠᠢᠯᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃