2023ᠤᠨ᠎ᠤ᠋ ᠪᠦᠬᠦ ᠤᠯᠤᠰ᠎ᠤ᠋ᠨ ᠬᠣᠶᠠᠷ ᠬᠤᠷᠠᠯ > ᠣᠨᠴᠠ ᠮᠡᠳᠡᠭᠡᠯᠡᠯ

2023-03-05 16:16:22

ᠵᠣᠬᠢᠶᠠᠭ᠍ᠴᠢ᠄ ᠾᠦ᠋ᠸᠸ ᠰᠢᠶᠣᠣ ᠴᠢᠩ ᠦ᠋ ᠰᠧ ᠲᠢᠶᠠᠨ ᠣᠩᠱᠢᠭ᠍ᠰᠠᠨ ᠣᠳᠠᠭ᠎ᠠ᠄ 3

ᠬᠡᠭᠡᠷ᠎ᠡ ᠶ᠋ᠢᠨ ᠲᠠᠤᠯᠠᠢ ᠬᠥᠯ ᠲᠤᠤᠭᠤᠷ ᠵᠢᠭᠤᠳᠠᠨ ᠦᠩᠬᠡᠷᠡᠬᠦ ᠳ᠋ᠤ ᠂ ᠸᠸᠨ ᠰᠢᠶᠦ᠋ᠩ ᠭᠠᠷ ᠤᠲᠠᠰᠤ᠎ᠪᠠᠷ᠎ᠢᠶᠠᠨ ᠭᠡᠷᠡᠯ ᠵᠢᠷᠤᠭ ᠲᠠᠲᠠᠬᠤ ᠵᠢ ᠪᠤᠳᠤᠳᠠᠯ᠎ᠠ᠂ ᠳᠠᠤᠯᠠᠢ ᠬᠡᠳᠦᠢᠨ ᠮᠣᠳᠣᠨ ᠪᠤᠲᠠᠨ᠎ᠳᠤ ᠰᠢᠷᠭᠤᠨ ᠣᠷᠣᠭᠠᠳ ᠠᠯᠠᠭ᠎ᠠ ᠪᠣᠯᠵᠠᠢ ᠃ ᠵᠢᠯ᠎ᠦᠨ ᠳᠥᠷᠪᠡᠨ ᠤᠯᠠᠷᠢᠯ᠎ᠳᠤ ᠠᠭᠤᠯᠠᠨ ᠳᠡᠭᠡᠷ᠎ᠡ ᠲᠣᠭᠣᠷᠢᠨ ᠬᠠᠮᠠᠭᠠᠯᠠᠬᠤ᠎ᠳᠤ᠂ ᠡᠯ᠎ᠡ ᠵᠦᠢᠯ᠎ᠦᠨ ᠬᠡᠬᠡᠷ᠎ᠠ ᠵᠢᠨ ᠠᠮᠢᠲᠠᠨ᠎ᠲᠠᠢ ᠬᠠᠷᠭᠤᠬᠤ ᠨᠢ ᠶᠡᠷᠦᠳᠡ᠎ᠶᠢᠨ ᠦᠵᠡᠭᠳᠡᠯ ᠪᠣᠯᠵᠠᠢ᠃

《ᠠᠩᠬᠠᠨ᠎ᠳᠠᠭᠠᠨ ᠡᠨᠡ ᠠᠭᠤᠯᠠ ᠬᠤᠪᠠᠬᠠᠢ ᠪᠠᠢᠵᠤ᠂ ᠨᠢᠭᠡ ᠮᠣᠳᠣ᠌᠎ᠶᠢ ᠴᠤ᠌ ᠣᠯᠵᠤ ᠦᠵᠡᠬᠦ ᠦᠭᠡᠢ ᠂ ᠠᠮᠢᠲᠠᠨ᠎ᠢ ᠨᠡᠩ ᠴᠤ᠌ ᠳᠤᠷᠠᠳᠬᠤ ᠬᠡᠷᠡᠭ ᠦᠭᠡᠢ ᠃ ᠣᠳᠣ᠌ ᠮᠣᠳᠣ᠌᠎ᠲᠠᠢ ᠪᠣᠯᠵᠤ ᠂ ᠠᠭᠤᠯᠠ ᠨᠣᠭᠣᠭᠠᠷᠠᠵᠠᠢ ᠂ ᠪᠢᠴᠢᠬᠠᠨ ᠠᠮᠢᠲᠠᠨ ᠴᠤ᠌ ᠡᠨᠳᠡ ᠤᠷᠤᠨᠭᠨᠠᠵᠠᠢ 》 ᠭᠡᠵᠦ ᠸᠸᠨ ᠰᠢᠶᠦ᠋ᠩ ᠬᠡᠯᠡᠨ᠎ᠡ᠃ ᠬᠠᠪᠤᠷ᠎ᠤᠨ ᠡᠬᠢ᠎ᠪᠡᠷ ᠢᠴᠡᠭᠡᠯᠡᠬᠦ ᠬᠤᠭᠤᠴᠠᠭᠠᠨ᠎ᠳᠠᠭᠠᠨ ᠪᠠᠢᠭ᠎ᠠ ᠵᠢᠭᠠᠷᠲᠤ ᠨᠠᠷᠠᠰᠤ ᠂ ᠭᠠᠴᠤᠷ᠎ᠠ ᠂ ᠠᠷᠴᠠ ᠨᠢ ᠭᠦᠨ ᠨᠣᠭᠣᠭᠠᠨ ᠥᠩᠭᠡ᠎ᠲᠠᠢ ᠪᠠᠢᠵᠤ ᠂ ᠠᠭᠤᠯᠠ᠎ᠶᠢᠨ ᠬᠣᠷᠮᠣᠢ᠎ᠳᠠᠬᠢ ᠪᠠᠶᠠᠨᠪᠤᠯᠠᠭ ᠪᠠᠯᠭᠠᠰᠤ ᠭᠦᠷ ᠨᠠᠷᠭᠢᠶᠠᠨ᠎ᠵᠢᠨᠷ ᠪᠢᠯᠬᠠᠨ᠎ᠠ᠃

ᠮᠤᠨᠢ ᠠᠭᠤᠯᠠ ᠨᠢᠷᠤᠭᠤ᠎ᠶᠢᠨ ᠪᠠᠷᠠᠭᠤᠨ ᠬᠡᠰᠡᠭ ᠨᠢ ᠪᠠᠶᠠᠨᠨᠠᠭᠤᠷ ᠬᠣᠲᠠ᠎ᠶᠢᠨ ᠤᠷᠠᠳ᠎ᠤᠨ ᠬᠣᠢᠲᠤ ᠬᠣᠰᠢᠭᠤᠨ᠎ᠤ ᠡᠮᠦᠨ᠎ᠡ ᠬᠡᠰᠡᠭ᠎ᠢᠶᠡᠷ 100 ᠭᠠᠷᠤᠢ ᠺᠢᠯᠣᠮᠧᠲᠷ ᠦᠷᠭᠦᠯᠵᠢᠯᠡᠵᠦ᠂ ᠵᠠᠭᠤ ᠮᠢᠩᠭᠠᠨ ᠵᠢᠯ᠎ᠦᠨ ᠲᠤᠷᠰᠢ ᠦᠶᠡᠷ᠎ᠦᠨ ᠤᠰᠤ ᠠᠭᠤᠯᠠᠨ ᠠᠮᠠ᠎ᠪᠠᠷ ᠴᠢᠳᠬᠤᠯᠠᠨ ᠪᠠᠭᠤᠵᠤ ᠂ ᠣᠷᠭᠠᠨᠢᠭ᠋ ᠪᠣᠳᠠᠰ ᠪᠠ ᠬᠥᠷᠥᠰᠥ᠍ ᠰᠢᠷᠣᠢ᠎ᠶᠢ ᠠᠪᠴᠤ ᠶᠠᠪᠤᠭᠠᠳ᠂ ᠡᠯᠡᠰᠦ ᠬᠠᠢᠷ ᠪᠠ ᠴᠢᠯᠠᠭᠤ ᠦᠯᠡᠳᠡᠭᠡᠭᠰᠡᠨ᠎ᠡᠴᠡ ᠲᠤᠨᠤᠮᠠᠯ ᠳᠡᠪᠢᠭᠦᠷᠯᠢᠭ ᠭᠠᠵᠠᠷ ᠪᠤᠶ ᠪᠣᠯᠤᠭᠰᠠᠨ ᠪᠠᠢᠨ᠎ᠠ᠃ ᠬᠠᠢᠷ ᠴᠢᠯᠠᠭᠤ ᠡᠵᠡᠭᠦᠢ ᠲᠠᠩ᠎ᠤᠨ ᠳᠡᠭᠡᠷ᠎ᠡ ᠠᠭᠤᠷ ᠠᠮᠢᠰᠬᠤᠯ ᠭᠠᠩ ᠬᠠᠭᠤᠷᠠᠢ ᠠ᠋ᠴᠠ ᠪᠣᠯᠵᠤ ᠤᠷᠭᠤᠮᠠᠯ ᠣᠷᠣᠰᠢᠨ ᠠᠮᠢᠳᠤᠷᠠᠬᠤ᠎ᠳᠤ ᠪᠡᠷᠬᠡ ᠪᠠᠢᠳᠠᠭ᠃

ᠸᠸᠨ ᠰᠢᠶᠦ᠋ᠩ ᠮᠡᠳᠡᠬᠡ ᠤᠷᠤᠬᠰᠠᠨ ᠡᠴᠨ ᠡᠬᠢᠯᠡᠨ ᠂ ᠬᠤᠢᠳᠤ ᠠᠭᠤᠯᠠ ᠰᠢᠷ᠎ᠠ ᠦᠩᠬᠡ ᠲᠠᠢ ᠪᠠᠢᠵᠠᠢ᠃ ᠬᠠᠪᠤᠷ ᠪᠣᠯᠣᠮᠠᠭᠴᠠ ᠶᠡᠬᠡ ᠰᠠᠯᠬᠢ ᠰᠠᠯᠬᠢᠯᠠᠵᠤ᠂ ᠲᠡᠭᠷᠢ ᠭᠠᠵᠠᠷ ᠨᠡᠢᠯᠡᠬᠡᠳ᠂ 2 ᠮᠧᠲᠷ᠎ᠦᠨ ᠴᠠᠭᠠᠨ᠎ᠠ ᠬᠥᠮᠥᠨ ᠬᠠᠷᠠᠭᠳᠠᠬᠤ᠎ᠪᠠᠨ ᠪᠣᠯᠢᠳᠠᠭ᠃ ᠎ᠵᠤᠨ᠎ᠤ ᠤᠯᠠᠷᠢᠯ᠎ᠳᠤ ᠶᠡᠬᠡ ᠪᠣᠷᠣᠭᠠᠨ ᠣᠷᠣᠪᠠᠯ ᠦᠶᠡᠷᠯᠡᠳᠡᠭ᠃

ᠤᠷᠠᠳ᠎ᠤᠨ ᠬᠣᠢᠲᠤ ᠬᠣᠰᠢᠭᠤ ᠡᠨᠡ ᠬᠦ᠌ ᠠᠭᠤᠯᠠᠷᠬᠠᠭ ᠭᠠᠵᠠᠷ᠎ᠢ ᠵᠠᠰᠠᠬᠤ᠎ᠪᠠᠷ ᠵᠣᠷᠢᠭ᠋ ᠰᠢᠭᠤᠳᠪᠠ᠃ 2018 ᠣᠨ᠎ᠤ ᠬᠠᠪᠤᠷ᠂ ᠵᠠᠰᠠᠯᠲᠠ᠎ᠶᠢᠨ ᠢᠨᠵᠧᠨᠧᠷᠢᠩ᠎ᠢ ᠡᠬᠢᠯᠡᠭᠦᠯᠵᠦ᠂ ᠲᠣᠮᠣ᠌ ᠭᠡᠯᠪᠡᠷᠢ᠎ᠶᠢᠨ ᠮᠠᠰᠢᠨ ᠠᠭᠤᠯᠠᠨ ᠬᠣᠷᠮᠣᠢ᠎ᠳᠤ ᠬᠦᠷᠴᠦ᠂ ᠮᠡᠷᠭᠡᠵᠢᠯ᠎ᠦᠨ ᠪᠦᠯᠭᠦᠮ᠎ᠦᠨ ᠭᠢᠨ ᠪᠡᠯᠡᠳᠬᠡᠯ᠎ᠢᠶᠡᠨ ᠳᠠᠭᠤᠰᠬᠠᠵᠤ᠂ ᠪᠠᠯᠭᠠᠰᠤᠨ᠎ᠳᠤ ᠠᠷᠠᠯᠵᠢᠶ᠎ᠠ ᠬᠢᠵᠦ ᠪᠠᠢᠬᠰᠠᠨ ᠸᠸᠨ ᠰᠢᠶᠦ᠋ᠩ ᠴᠦ᠍ ᠬᠠᠨᠴᠤᠢ ᠰᠢᠮᠠᠯᠠᠨ ᠤᠷᠤᠪᠠ᠃ ᠲᠡᠷᠡ ᠣᠢᠷ᠎ᠠ ᠬᠠᠪᠢ᠎ᠶᠢᠨ ᠰᠠᠭᠤᠭᠠᠯᠢ ᠠᠷᠠᠳ᠎ᠢ ᠴᠤᠭᠯᠠᠭᠤᠯᠤᠨ ᠠᠵᠢᠯᠯᠠᠬᠤ ᠠᠩᠭᠢ ᠪᠠᠢᠭᠤᠯᠵᠤ᠂ ᠬᠠᠮᠲᠤ᠎ᠪᠠᠷ ᠰᠦᠷ ᠳᠠᠯᠠᠢᠴᠠᠲᠠᠢ ᠮᠣᠳᠣ᠌ ᠲᠠᠷᠢᠬᠤ ᠠᠵᠢᠯᠯᠠᠭ᠎ᠠ᠎ᠳᠤ ᠣᠷᠣᠯᠴᠠᠵᠠᠢ᠃

ᠸᠸᠨ ᠰᠢᠶᠦ᠋ᠩ ᠄ 《ᠴᠢᠬᠢ ᠮᠤᠳᠤ ᠵᠥᠭᠡᠭᠡᠬᠦ ᠮᠠᠰᠢᠨ ᠲᠡᠷᠬᠡ ᠠᠭᠤᠯᠠᠨ ᠳ᠋ᠤ ᠭᠠᠷᠴᠤ ᠲᠡᠢᠯᠬᠦ ᠦᠬᠡᠢ ᠲᠤᠯᠠ ᠣᠯᠠᠨ᠎ᠢᠶᠠᠷ᠎ᠢᠶᠠᠨ ᠴᠢᠬᠢ ᠮᠤᠳᠤ ᠶ᠋ᠢ ᠡᠭᠦᠷᠦᠨ ᠠᠭᠤᠯᠠᠨ᠎ᠳᠤ ᠭᠠᠷᠭᠠᠨ᠎ᠠ ᠂ ᠠᠭᠤᠯᠠᠨ ᠳᠡᠭᠡᠷ᠎ᠡ ᠪᠦᠷ ᠴᠢᠯᠠᠭᠤ ᠂ ᠮᠣᠳᠣ᠌ ᠳᠠᠷᠢᠵᠤ ᠳᠡᠶ᠋ᠢᠯᠭᠦ ᠦᠭᠡᠢ ᠪᠣᠯᠬᠣᠷ ᠣᠯᠠᠨ᠎ᠢᠶᠠᠷ᠎ᠢᠶᠠᠨ ᠴᠢᠯᠠᠭᠤ ᠵᠢ ᠴᠡᠪᠡᠷᠯᠡᠨ᠎ᠡ》 ᠬᠡᠵᠦ ᠬᠡᠯᠡᠨ᠎ᠡ᠃ ᠣᠬᠣᠷᠬᠠᠨ 3 ᠰᠠᠷ᠎ᠠ᠎ᠶᠢᠨ ᠬᠤᠭᠤᠴᠠᠭᠠᠨ᠎ᠳᠤ᠂ 1800 ᠭᠠᠷᠤᠢ ᠮᠦ᠍ ᠤ᠌ᠢ ᠮᠣᠳᠣ᠌ ᠰᠢᠭᠤᠢᠷᠠᠨ ᠪᠤᠰᠪᠠ᠃

ᠮᠣᠳᠣ᠌ ᠲᠠᠷᠢᠬᠤ᠎ᠳᠤ ᠭᠤᠷᠪᠠᠨ ᠬᠤᠪᠢ ᠨᠢ ᠲᠠᠷᠢᠬᠤ ᠵᠢ ᠲᠦᠰᠢᠵᠦ ᠂ ᠲᠤᠯᠤᠭᠠᠨ ᠬᠤᠪᠢ ᠨᠢ ᠠᠷᠠᠴᠢᠯᠠᠬᠤ ᠳ᠋ᠤ ᠪᠤᠢ᠃ ᠡᠨᠡ ᠬᠦ᠌ ᠭᠢᠯᠪᠡᠷ ᠪᠤᠰᠤ᠎ᠪᠠᠷ ᠢᠷᠡᠭᠰᠡᠨ ᠨᠣᠭᠣᠭᠠᠨ ᠥᠩᠭᠡ᠎ᠶᠢ ᠰᠠᠢᠲᠤᠷ ᠬᠠᠮᠠᠭᠠᠯᠠᠬᠤ᠎ᠶᠢᠨ ᠲᠥᠯᠥᠭᠡ᠂ ᠸᠸᠨ ᠰᠢᠶᠦ᠋ᠩ ᠪᠣᠯᠣᠨ ᠠᠵᠢᠯᠯᠠᠬᠤ ᠠᠩᠭᠢ᠎ᠶᠢᠨ ᠨᠢᠭᠡ ᠪᠦᠯᠦᠭ ᠠᠵᠢᠯᠴᠢᠳ ᠤ᠌ᠢ ᠰᠢᠭᠤᠢ᠎ᠶᠢ ᠬᠠᠮᠠᠭᠠᠯᠠᠬᠤ᠎ᠪᠠᠷ ᠡᠷᠡᠰ ᠰᠢᠭᠤᠷᠬᠠᠢ᠎ᠪᠠᠷ ᠦᠯᠡᠳᠡᠨ ᠠᠵᠢᠯᠯᠠᠪᠠ᠃ ᠤᠰᠤᠯᠠᠬᠤ᠂ ᠭᠠᠯ᠎ᠢ ᠰᠡᠷᠭᠡᠢᠯᠡᠬᠦ᠂ ᠡᠪᠡᠳᠴᠢᠨ ᠬᠣᠷᠣᠬᠠᠢ᠎ᠶᠢᠨ ᠬᠥᠨᠥᠭᠡᠯ᠎ᠢ ᠰᠡᠷᠭᠡᠢᠯᠡᠬᠦ᠂ ᠨᠥᠬᠥᠵᠦ ᠲᠠᠷᠢᠬᠤ᠂ ᠨᠥᠬᠥᠵᠦ ᠣᠢᠵᠢᠭᠤᠯᠬᠤ᠂ ᠵᠢᠯ᠎ᠦᠨ ᠲᠦᠷᠪᠡᠨ ᠤᠯᠠᠷᠢᠯ᠎ᠳᠤ ᠶᠠᠭᠠᠷᠠᠯᠳᠤᠨ᠎ᠠ᠃

《 ᠶᠡᠬᠡ ᠬᠤᠪᠢᠷᠠᠯᠲᠠ ᠭᠠᠷᠴᠠᠢ ᠂ ᠲᠣᠯᠣᠭᠠᠢ ᠥᠨᠳᠡᠢᠮᠡᠭᠴᠡ ᠨᠣᠭᠣᠭᠠᠨ ᠥᠩᠭᠡ ᠬᠠᠷᠠᠭᠳᠠᠵᠤ᠂ ᠡᠯᠡᠰᠦᠨ ᠰᠢᠭᠤᠷᠭ᠎ᠠ ᠮᠡᠳᠡᠭᠳᠡᠬᠦᠢᠴᠡ ᠪᠠᠭᠠᠰᠴᠤ᠂ ᠦᠶᠡᠷ᠎ᠴᠦ᠍ ᠦᠨᠳᠦᠰᠦᠨ᠎ᠳᠡᠭᠡᠨ ᠦᠭᠡᠢ ᠪᠣᠯᠵᠠᠢ 》 ᠬᠡᠵᠦ ᠸᠸᠨ ᠰᠢᠶᠦ᠋ᠩ ᠬᠡᠯᠡᠪᠡ᠃ ᠠᠮᠢ ᠠᠬᠤᠢ ᠰᠠᠢᠵᠢᠷᠠᠭᠠᠳ ᠵᠤᠬᠰᠤᠬᠰᠠᠨ ᠦᠬᠡᠢ ᠪᠠᠶᠠᠨᠪᠤᠯᠠᠭ ᠪᠠᠯᠭᠠᠰᠤᠨ᠎ᠤ ᠬᠣᠢᠲᠤ ᠠᠭᠤᠯᠠ ᠶ᠋ᠢᠨ ᠦᠶᠡᠷ᠎ᠦᠨ ᠳᠡᠪᠢᠭᠦᠷᠯᠢᠭ ᠭᠠᠵᠠᠷ ᠢ᠋ ᠵᠠᠰᠠᠬᠤ ᠢᠨᠵᠧᠨᠧᠷᠢᠩ ᠨᠢ 《ᠠᠮᠢ ᠠᠬᠤᠢ ᠶ᠋ᠢᠨ ᠨᠣᠭᠣᠭᠠᠨ ᠪᠦᠰᠡ》 ᠵᠢ ᠪᠤᠶ ᠪᠤᠯᠭᠠᠵᠤ ᠂ ᠵᠢᠭᠤᠯᠴᠢᠯᠠᠬᠰᠡᠳ ᠤᠯᠠᠰᠢᠷᠠᠵᠤ᠂ ᠲᠤᠬᠠᠢ᠎ᠶᠢᠨ ᠭᠠᠵᠠᠷ᠎ᠤᠨ ᠬᠥᠮᠥᠰ ᠴᠠᠭ ᠲᠣᠭᠢᠶᠠᠯ᠎ᠢ ᠠᠮᠵᠢᠨ ᠲᠠᠷᠢᠶᠠᠴᠢᠨ ᠠᠢᠯ᠎ᠤᠨ ᠵᠢᠭᠤᠯᠴᠢᠯᠠᠯ᠂ ᠠᠷᠠᠳ᠎ᠤᠨ ᠣᠷᠣᠨ ᠰᠠᠭᠤᠴᠠ᠎ᠶᠢ ᠡᠷᠬᠢᠯᠡᠵᠦ᠂ ᠭᠡᠯᠪᠡᠷᠢ᠎ᠪᠡᠨ ᠬᠤᠪᠢᠷᠠᠭᠤᠯᠤᠨ ᠭᠦᠭᠵᠢᠭᠦ᠎ᠶᠢ ᠪᠡᠶᠡᠯᠡᠭᠦᠯᠵᠡᠢ᠃

ᠥᠩᠭᠡᠷᠡᠭᠰᠡᠨ 5 ᠵᠢᠯ᠎ᠳᠦ᠂ ᠥᠪᠥᠷ ᠮᠣᠩᠭᠣᠯ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ᠎ᠶᠢ ᠪᠦᠭᠦ ᠲᠠᠯ᠎ᠠ ᠪᠦᠭᠦ ᠣᠷᠣᠨ ᠪᠦᠰᠡ ᠪᠦᠭᠦ ᠶᠠᠪᠤᠴᠠ᠎ᠪᠠᠷ ᠠᠬᠢᠭᠤᠯᠵᠤ᠂ ᠨᠡᠢ᠍ᠢᠳᠡ 3700 ᠭᠠᠷᠤᠢ ᠲᠦᠮᠡᠨ ᠮᠦ᠍ ᠮᠣᠳᠣ᠌ ᠲᠠᠷᠢᠵᠦ᠂ 1.2 ᠳ᠋ᠦᠩᠰᠢᠭᠤᠷ ᠭᠠᠷᠤᠢ ᠮᠦ᠍ ᠡᠪᠡᠰᠦ ᠲᠠᠷᠢᠵᠤ᠂ 5400 ᠭᠠᠷᠤᠢ ᠲᠦᠮᠡᠨ ᠮᠦ᠍ ᠡᠯᠡᠰᠦ᠎ᠶᠢ ᠰᠡᠷᠭᠡᠢᠯᠡᠨ ᠵᠠᠰᠠᠵᠤ᠂ ᠴᠥᠮ ᠪᠦᠭᠦ ᠤᠯᠤᠰ᠎ᠲᠤ ᠲᠡᠷᠢᠬᠦᠯᠡᠵᠦ᠂ 10 ᠤᠯᠤᠰ᠎ᠤᠨ ᠠᠮᠢ ᠠᠬᠤᠢ ᠵᠢᠨ ᠪᠤᠯᠪᠠᠰᠤᠨ᠎ᠤ ᠪᠦᠳᠦᠭᠡᠨ ᠪᠠᠢᠭᠤᠯᠤᠯᠳᠠ ᠵᠢᠨ ᠵᠢᠱ᠌ᠢᠶ᠎ᠠ ᠦᠵᠡᠭᠦᠯᠬᠦ ᠲᠤᠭᠤᠷᠢᠭ ᠪᠠ 8 《ᠬᠦᠬᠡᠮᠳᠦᠭ ᠨᠤᠭᠤᠭᠠᠨ ᠠᠭᠤᠯᠠ ᠤᠰᠤ ᠪᠤᠯ ᠠᠯᠳᠠ ᠮᠦᠩᠬᠦᠨ ᠠᠭᠤᠯᠠ》 ᠵᠢᠨ ᠦᠢᠯᠡᠳᠦᠯᠭᠡ ᠰᠢᠨᠡᠴᠢᠯᠡᠯᠳᠡ ᠵᠢᠨ ᠰᠠᠭᠤᠷᠢᠨ ᠢ᠋ ᠡᠭᠦᠳᠦᠨ ᠪᠠᠢᠭᠤᠯᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠮᠦᠩᠭᠦᠨᠬᠤᠸᠠᠷ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面