2024-03-07 12:49:52
《ᠣᠳᠣᠬᠠᠨ᠎ᠳᠤ ᠮᠠᠨ᠎ᠤ ᠤᠯᠤᠰ ᠤᠨ ᠠᠵᠢᠯ ᠤᠨ ᠴᠠᠭ ᠪᠣᠯᠣᠨ ᠴᠠᠯᠢᠩ ᠲᠠᠢ᠎ᠪᠠᠷ ᠵᠢᠯ᠎ᠦᠨ ᠠᠮᠠᠷᠠᠯᠲᠠ ᠠᠪᠬᠤ ᠳᠦᠷᠢᠮ ᠢ ᠨᠠᠢᠳᠠᠪᠤᠷᠢᠵᠢᠭᠤᠯᠤᠭᠰᠠᠨᠦᠷᠡ ᠪᠦᠲᠦᠮᠵᠢ ᠲᠡᠶ᠋ᠢᠮᠦ ᠰᠠᠢᠨ ᠪᠢᠰᠢ》᠃ ᠮᠠᠨ᠎ᠤ ᠤᠯᠤᠰ ᠤᠨ ᠬᠥᠳᠡᠯᠮᠦᠷᠢᠶᠢᠨᠬᠥᠮᠥᠨ ᠠᠮᠠ ᠳᠤ ᠤᠷᠤᠰᠢᠵᠦ ᠪᠠᠢᠭ᠎ᠠ 《ᠠᠮᠠᠷᠠᠬᠤ ᠴᠢᠯᠦᠭᠡ ᠦᠭᠡᠢ》《ᠠᠮᠠᠷᠠᠵᠤ ᠪᠣᠯᠬᠤ ᠦᠭᠡᠢ》 《ᠠᠮᠠᠷᠠᠬᠤᠵᠣᠷᠢᠭ᠋ ᠦᠭᠡᠢ》 ᠵᠡᠷᠭᠡ ᠪᠠᠢᠳᠠᠯ ᠳ᠋ᠤ ᠬᠠᠨᠳᠤᠭᠤᠯᠤᠨ᠂ ᠪᠥᠬᠥ ᠤᠯᠤᠰ᠎ᠤᠨᠠᠷᠠᠳ᠎ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠲᠥᠯᠥᠭᠡᠯᠡᠭᠴᠢ᠂ ᠰᠢᠶᠠᠩᠭᠠᠩ ᠣᠨᠴᠠᠭᠠᠶ ᠵᠠᠰᠠᠭ ᠵᠠᠬᠢᠷᠭᠠᠨᠤᠣᠷᠣᠨᠤ ᠬᠠᠤᠯᠢ ᠲᠣᠭᠲᠠᠭᠠᠬᠤ ᠬᠤᠷᠠᠯ᠎ᠤᠨ ᠵᠥᠪᠯᠡᠯᠭᠡᠨ᠎ᠦ ᠭᠡᠰᠢᠭᠦᠨ ᠾᠦᠸᠸ ᠴᠢ ᠭᠠᠩ ᠡᠨᠡ ᠵᠢᠯ 《ᠠᠵᠢᠯᠯᠠᠬᠤᠴᠠᠭ ᠪᠠ ᠴᠠᠯᠢᠩ ᠲᠠᠢ ᠪᠡᠷ ᠵᠢᠯ ᠤᠨ ᠠᠮᠠᠷᠠᠯᠳᠠᠠᠪᠬᠤ ᠳᠦᠷᠢᠮ᠎ᠢ ᠨᠠᠢᠳᠠᠪᠤᠷᠢᠵᠢᠭᠤᠯᠤᠨ ᠲᠡᠭᠦᠯᠳᠡᠷᠵᠢᠭᠦᠯᠵᠦ᠂ ᠤᠯᠤᠰ ᠠᠷᠠᠳ᠎ᠤᠨ ᠠᠵᠤ ᠠᠬᠤᠢ᠎ᠶᠢᠨ ᠣᠷᠴᠢᠯᠢᠠᠬᠢᠭᠤᠯᠤᠨ᠂ ᠠᠷᠠᠳ ᠲᠦᠮᠡᠨ᠎ᠦ ᠵᠣᠯ ᠵᠢᠷᠭᠠᠯᠲᠤ ᠲᠥᠷᠥᠭᠳᠡᠯ ᠢ ᠨᠡᠮᠡᠭᠳᠡᠭᠦᠯᠬᠦ》 ᠲᠤᠬᠠᠢ ᠰᠠᠨᠠᠯ ᠳᠡᠪᠰᠢᠭᠦᠯᠬᠦ᠎ᠪᠡᠷ ᠪᠠᠢᠨ᠎ᠠ᠃ ᠴᠠᠯᠢᠩ ᠲᠠᠢ ᠪᠡᠷ ᠵᠢᠯ ᠤᠨ ᠠᠮᠠᠷᠠᠯᠳᠠ ᠠᠪᠬᠤ ᠬᠣᠯᠪᠣᠭᠳᠠᠯ ᠪᠦᠬᠦᠢ ᠲᠥᠷᠥᠶᠢᠨᠪᠣᠳᠣᠯᠭᠠᠶᠢ ᠠᠯᠪᠠᠳᠠᠯᠭ᠎ᠠ᠎ᠪᠠᠷ ᠬᠡᠷᠡᠭᠵᠢᠭᠦᠯᠵᠦ᠂ ᠠᠵᠤ ᠠᠬᠤᠢᠯᠠᠯ᠎ᠤᠨ ᠬᠠᠤᠯᠢ ᠴᠠᠭᠠᠵᠠ᠎ᠶᠢᠨ ᠬᠠᠷᠢᠭᠤᠴᠠᠯᠭᠠᠠᠴᠠᠵᠥᠷᠢᠴᠡᠭᠰᠡᠨ ᠲᠣᠭᠲᠠᠭᠠᠯ᠎ᠢ ᠲᠡᠭᠦᠯᠳᠡᠷᠵᠢᠭᠦᠯᠦᠨ᠂ ᠠᠵᠤ ᠠᠬᠤᠢᠯᠠᠯ᠎ᠤᠨ ᠵᠢᠯ᠎ᠦᠨ ᠠᠮᠠᠷᠠᠯᠲᠠ᠎ᠶᠢᠨ ᠬᠡᠷᠡᠭᠵᠢᠭᠦᠯᠦᠯᠲᠡ᠎ᠵᠢ ᠬᠠᠮᠢᠶᠠᠷᠬᠤ ᠪᠡᠨ ᠴᠢᠩᠭᠠᠳᠬᠠᠬᠤ ᠬᠡᠷᠡᠭᠲᠡᠢ ᠭᠡᠵᠤ ᠳᠡᠷᠡ ᠢᠯᠡᠳᠬᠡᠵᠠᠢ᠃
ᠡᠭᠦᠨ᠎ᠦ ᠵᠡᠷᠭᠡ᠎ᠪᠡᠷ ᠲᠡᠷᠡᠪᠠᠰᠠ ᠣᠲᠣ᠌ ᠬᠡᠷᠡᠭᠵᠢᠭᠦᠯᠵᠦ ᠪᠠᠢᠭ᠎ᠠ《ᠠᠵᠢᠯᠲᠠᠨ ᠠᠵᠢᠯᠴᠢᠨ᠎ᠤ ᠴᠠᠯᠢᠩ ᠲᠠᠢ᠎ᠪᠡᠷ ᠵᠢᠯ ᠤᠨ ᠠᠮᠠᠷᠠᠯᠳᠠ ᠠᠪᠬᠤ ᠳᠦᠷᠢᠮ》 (ᠳᠣᠷᠣᠭ᠍ᠰᠢ 《ᠳᠦᠷᠢᠮ》 ᠭᠡᠵᠦ ᠲᠣᠪᠴᠢᠯᠠᠨ᠎ᠠ)᠎ᠤᠨ ᠭᠤᠷᠪᠠᠳᠤᠭᠠᠷ ᠵᠦᠢᠯ᠎ᠳᠡᠬᠢ ᠵᠢᠯ ᠦᠨ ᠠᠮᠠᠷᠠᠯᠲᠠ᠎ᠶᠢᠨ ᠡᠳᠦᠷ᠎ᠦᠨ ᠲᠣᠭᠠᠶᠢᠨᠲᠤᠬᠠᠢ ᠲᠣᠭᠲᠠᠭᠠᠯ᠎ᠳᠤ ᠵᠠᠰᠠᠪᠤᠷᠢ ᠣᠷᠣᠭᠤᠯᠬᠤ ᠵᠢ ᠰᠠᠨᠠᠭᠤᠯᠵᠤ᠂ ᠠᠵᠢᠯᠯᠠᠭᠰᠠᠨ ᠵᠢᠯ᠎ᠢᠶᠡᠷ ᠪᠤᠳᠤᠵᠤᠴᠠᠯᠢᠩ ᠲᠠᠢ ᠪᠡᠷ ᠠᠮᠠᠷᠠᠬᠤ ᠡᠳᠦᠷ᠎ᠦᠨ ᠲᠣᠭ᠎ᠠ᠎ᠶᠢ ᠨᠡᠮᠡᠭᠳᠡᠭᠦᠯᠪᠡᠯ ᠵᠤᠬᠢᠨ᠎ᠠ ᠂ ᠳᠠᠷᠤᠢ ᠨᠡᠶ᠋ᠢᠲᠡ ᠠᠵᠢᠯᠯᠠᠭᠰᠠᠨ ᠵᠢᠯ ᠨᠢ ᠪᠦᠬᠦᠯᠢ1 ᠵᠢᠯ ᠡᠴᠡ 10 ᠵᠢᠯ᠎ᠤᠨ ᠬᠤᠭᠤᠷᠤᠨᠳᠤ ᠪᠠᠢᠪᠠᠯ᠂ ᠡᠬᠢᠨ᠎ᠤ ᠬᠣᠶᠠᠷ ᠵᠢᠯ᠎ᠳᠦ ᠵᠢᠯ ᠪᠦᠷᠢ 5 ᠡᠳᠦᠷᠠᠮᠠᠷᠠᠵᠦ᠂ ᠳᠠᠷᠠᠭ᠎ᠠ ᠨᠢ ᠵᠢᠯ ᠪᠦᠷᠢ 1 ᠡᠳᠦᠷ ᠨᠡᠮᠡᠵᠦ᠂ ᠬᠠᠮᠤᠭ᠎ᠤᠨ ᠥᠨᠳᠥᠷ᠎ᠲᠡᠬᠡᠨ 10 ᠡᠳᠦᠷ ᠪᠣᠯᠲᠠᠯᠠᠨᠡᠮᠡᠭᠳᠡᠭᠦᠯᠪᠡᠯ ᠵᠤᠬᠢᠨ᠎ᠠ ᠭᠡᠵᠡᠢ᠃
ᠾᠦᠸᠸ ᠴᠢ ᠭᠠᠩ᠂ ᠣᠲᠣ᠌ ᠬᠡᠷᠡᠭᠵᠢᠬᠦᠯᠵᠦᠪᠠᠢᠭᠠ ᠠᠵᠢᠯ᠎ᠤᠨ ᠴᠠᠭ ᠪᠠ ᠴᠠᠯᠢᠩ᠎ᠲᠠᠢ ᠪᠡᠷ ᠵᠢᠯ ᠤᠨ ᠠᠮᠠᠷᠠᠯᠳᠠ ᠠᠪᠬᠤ ᠳᠦᠷᠢᠮ᠎ᠢ ᠪᠥᠬᠥ ᠲᠠᠯ᠎ᠠ᠎ᠪᠠᠷ ᠨᠠᠢᠳᠠᠪᠤᠷᠢᠵᠢᠭᠤᠯᠤᠨ ᠲᠡᠭᠦᠯᠳᠡᠷᠵᠢᠭᠦᠯᠬᠦᠪᠣᠯ ᠠᠷᠠᠳ ᠣᠯᠠᠨ᠎ᠤ ᠵᠣᠯ ᠵᠢᠷᠭᠠᠯᠲᠤ ᠲᠥᠷᠥᠭᠳᠡᠯ᠎ᠢ ᠳᠡᠭᠡᠭᠰᠢᠯᠡᠭᠦᠯᠬᠦ ᠪᠤᠰᠤᠳᠴᠢ ᠱᠠᠭᠠᠷᠳᠠᠯᠭ᠎ᠠ ᠮᠥᠨ᠂ᠪᠠᠰᠠ ᠴᠤ᠌ ᠳᠣᠲᠣᠭᠠᠳᠤ ᠬᠡᠷᠡᠭᠴᠡᠭᠡ᠎ᠶᠢ ᠥᠷᠭᠡᠳᠬᠡᠬᠦ ᠴᠢᠬᠤᠯᠠ ᠨᠢᠭᠡ ᠭᠣᠭᠴᠣᠭ᠎ᠠ ᠮᠥᠨ᠂ ᠡᠨᠡ ᠨᠢ ᠬᠡᠷᠡᠭᠯᠡᠭᠡᠪᠠ ᠪᠡᠯᠡ ᠣᠷᠣᠭᠤᠯᠤᠯᠲᠠ ᠬᠠᠷᠢᠯᠴᠠᠨ ᠠᠬᠢᠭᠤᠯᠤᠬᠰᠠᠨ ᠰᠠᠢᠨ ᠣᠷᠴᠢᠯ᠎ᠢ ᠪᠣᠶ ᠪᠣᠯᠭᠠᠬᠤ᠎ᠳᠤ ᠠᠰᠢᠭ᠍ᠲᠠᠢ ᠭᠡᠪᠡ᠃
ᠲᠡᠭᠦᠨ᠎ᠦ ᠣᠢᠯᠠᠭᠠᠭᠰᠠᠨ᠎ᠢᠶᠠᠷ᠂ᠣᠳᠣᠬᠠᠨ᠎ᠳᠤ ᠬᠡᠰᠡᠭ ᠠᠵᠤ ᠠᠬᠤᠢᠯᠠᠯ᠎ᠳᠤ ᠴᠠᠯᠢᠩ ᠲᠠᠢ ᠪᠡᠷ ᠵᠢᠯ ᠤᠨ ᠠᠮᠠᠷᠠᠯᠳᠠ ᠠᠪᠬᠤ ᠳᠦᠷᠢᠮ᠎ᠢ ᠬᠡᠷᠡᠭᠵᠢᠭᠦᠯᠦᠭᠰᠡᠨ ᠦᠭᠡᠢ ᠮᠥᠷᠲᠡᠭᠡᠨ ᠴᠢᠨᠠᠭᠰᠢᠯᠠᠪᠠᠯᠪᠠᠷᠢᠮᠵᠢᠶᠠᠲᠤ ᠠᠵᠢᠯ᠎ᠤᠨ ᠴᠠᠭ᠎ᠤᠨ ᠳᠦᠷᠢᠮ᠎ᠢ ᠵᠢᠷᠤᠮᠯᠠᠬᠤ ᠦᠭᠡᠢ ᠦᠵᠡᠭᠳᠡᠯ ᠣᠷᠣᠰᠢᠵᠤ ᠪᠠᠢᠨ᠎ᠠ᠃ ᠲᠡᠷᠡ᠄《ᠬᠥᠳᠡᠯᠮᠦᠷᠢᠴᠢᠳ᠎ᠦᠨ ᠠᠮᠠᠷᠠᠯᠲᠠ ᠪᠠᠭ᠎ᠠ ᠠᠪᠬᠤ ᠨᠢ ᠣᠬᠣᠷᠬᠠᠨ ᠬᠤᠭᠤᠴᠠᠭᠠᠨ᠎ᠳᠤ ᠠᠵᠤᠠᠬᠤᠢᠯᠠᠯᠤᠨ ᠠᠰᠢᠭ᠋ ᠲᠤᠰᠠ ᠶᠢ ᠨᠡᠮᠡᠭᠳᠡᠭᠦᠯᠵᠦ ᠮᠡᠳᠡᠬᠦ ᠪᠤᠯᠪᠠᠴᠤ ᠠᠵᠤ ᠠᠬᠤᠢ ᠨᠡᠢᠭᠡᠮ᠎ᠦᠨ ᠦᠷᠭᠦᠯᠵᠢᠯᠡᠬᠦᠬᠥᠭᠵᠢᠯᠲᠡᠳᠦ ᠠᠰᠢᠭ᠋ ᠦᠭᠡᠢ ᠶᠤᠮ》ᠭᠡᠵᠡᠢ ᠃
ᠾᠦᠸᠸ ᠴᠢ ᠭᠠᠩ᠄《ᠮᠠᠨ᠎ᠤ ᠤᠯᠤᠰ᠎ᠤᠨ ᠬᠥᠮᠥᠨ ᠠᠮᠠ ᠶᠢᠨ ᠪᠦᠲᠦᠴᠡ᠎ᠳᠦ ᠶᠡᠷᠦᠩᠬᠡᠢ᠎ᠳᠡᠭᠡᠨ ᠨᠠᠰᠤᠵᠢᠬᠤ ᠪᠠᠢᠳᠠᠯᠢᠯᠡᠷᠡᠵᠦ᠂ 10 ᠵᠢᠯ᠎ᠡᠴᠡ ᠳᠣᠷᠣᠭ᠍ᠰᠢ ᠠᠵᠢᠯᠯᠠᠭᠰᠠᠨ ᠵᠠᠯᠠᠭᠤᠴᠤᠳ ᠨᠡᠩ ᠴᠢᠬᠤᠯᠠ ᠦᠢᠯᠡᠳᠦᠯ᠎ᠢᠶᠡᠨ ᠪᠠᠳᠠᠷᠠᠭᠤᠯᠵᠤᠪᠠᠢᠬᠤ ᠪᠥᠭᠡᠳ ᠪᠠᠰᠠ ᠨᠡᠯᠢᠶᠡᠳ ᠶᠡᠬᠡ ᠡᠳ᠋ ᠪᠣᠳᠠᠰ᠎ᠤᠨ ᠪᠠ ᠣᠶᠤᠨ ᠰᠠᠨᠠᠭᠠᠨ᠎ᠤ ᠳᠠᠷᠤᠯᠲᠠ᠎ᠲᠠᠢ ᠪᠠᠢᠨ᠎ᠠ᠂ᠬᠠᠤᠯᠢ᠎ᠪᠠᠷ ᠲᠣᠭᠲᠠᠭᠠᠭᠰᠠᠨ 5 ᠡᠳᠦᠷ᠎ᠦᠨ ᠵᠢᠯ᠎ᠦᠨ ᠠᠮᠠᠷᠠᠯᠲᠠ ᠨᠢ ᠲᠡᠳᠡᠨ᠎ᠦ ᠭᠦᠢᠴᠡᠳ ᠠᠮᠠᠷᠠᠬᠤᠶᠢᠪᠠᠲᠤᠯᠠᠬᠤ ᠶᠢᠨ ᠠᠷᠭ᠎ᠠ ᠦᠭᠡᠢ ᠂ ᠢᠩᠭᠢᠭᠡᠳ ᠯᠡ ᠪᠠᠢᠪᠠᠯ ᠨᠡᠢᠭᠡᠮ ᠨᠡᠶ᠋ᠢᠲᠡ᠎ᠶᠢᠨ ᠣᠶᠤᠨ ᠰᠠᠨᠠᠭᠠᠨ᠎ᠤ ᠬᠡᠪᠪᠣᠯᠪᠠᠰᠤᠷᠠᠯ᠂ ᠪᠦᠬᠦᠯᠢ ᠴᠤᠬᠴᠠ ᠵᠢᠨ ᠳᠦᠷᠰᠦ ᠪᠠᠢᠳᠠᠯ᠂ ᠤᠷᠤᠭᠰᠢ ᠳᠠᠪᠰᠢᠬᠤ ᠬᠢᠷᠢ ᠲᠦᠪᠰᠢᠨ᠎ᠢ ᠨᠥᠯᠥᠭᠡᠯᠡᠬᠦᠪᠣᠯᠣᠨᠠ》 ᠭᠡᠵᠡᠢ᠃
ᠾᠦᠸᠸ ᠴᠢ ᠭᠠᠩᠤᠨᠦᠵᠡᠬᠦ ᠪᠡᠷ᠂ ᠠᠮᠠᠷᠠᠯᠲᠠ ᠵᠢᠨ ᠳᠦᠷᠢᠮ ᠲᠡᠭᠦᠯᠳᠡᠷ ᠪᠤᠰᠤ ᠡᠴᠡ ᠪᠤᠯᠵᠤ ᠮᠠᠨ᠎ᠤ ᠤᠯᠤᠰᠤᠨᠵᠢᠭᠤᠯᠴᠢᠯᠠᠯᠤᠨ ᠦᠢᠯᠡᠰ ᠴᠤ᠌ ᠨᠦᠯᠦᠭᠡ ᠬᠦᠷᠲᠡᠵᠦ ᠪᠤᠢ᠃ ᠣᠲᠣ᠌᠎ᠶᠢᠨ ᠪᠠᠢᠭ᠎ᠠ ᠵᠢᠯ᠎ᠦᠨ ᠠᠮᠠᠷᠠᠯᠲᠠᠶᠢᠨᠳᠦᠷᠢᠮ ᠨᠢ ᠵᠢᠭᠤᠯᠴᠢᠯᠠᠯ᠎ᠤᠨ ᠵᠠᠬ᠎ᠠ ᠳᠡᠯᠭᠡᠭᠦᠷ᠎ᠲᠦ ᠭᠣᠣᠯ ᠪᠠᠢᠷᠢ᠎ᠶᠢ ᠡᠵᠡᠯᠡᠵᠦ ᠪᠠᠢᠭ᠎ᠠ ᠵᠠᠯᠠᠭᠤᠴᠤᠳᠤᠨᠬᠡᠷᠡᠭᠯᠡᠭᠡᠨᠦ ᠴᠢᠳᠠᠪᠤᠷᠢ᠎ᠶᠢ ᠬᠢᠵᠠᠭᠠᠷᠯᠠᠵᠤ ᠪᠠᠢᠨ᠎ᠠ᠃ 2023 ᠣᠨ᠎ᠳᠤ᠂ ᠮᠠᠨ᠎ᠤ ᠤᠯᠤᠰ᠎ᠤᠨ ᠵᠢᠭᠤᠯᠴᠢᠯᠠᠬᠤᠪᠠᠷᠭᠠᠷᠤᠬᠰᠠᠨ ᠤᠳᠠᠭ᠎ᠠ᠎ᠪᠠᠷ ᠬᠠᠮᠤᠭ᠎ᠤᠨ ᠤᠯᠠᠨ ᠬᠥᠮᠥᠰ ᠪᠣᠯ ᠪᠡᠶ᠎ᠡ᠎ᠪᠡᠨ ᠳᠠᠭᠠᠭᠠᠭᠰᠠᠨ ᠵᠢᠭᠤᠯᠴᠢᠯᠠᠯ᠎ᠤᠨ ᠬᠡᠷᠡᠭᠯᠡᠭᠡᠨᠦᠰᠢᠢᠳᠪᠦᠷᠢ ᠭᠠᠷᠭᠠᠬᠤ ᠡᠷᠬᠡ᠎ᠲᠠᠢ 《95 ᠣᠨ᠎ᠤ ᠰᠡᠭᠦᠯᠡᠷᠬᠢ》 ᠪᠤᠯᠪᠠᠴᠤ᠂ ᠳᠡᠳᠡᠨᠠᠷ ᠤᠨ ᠠᠵᠢᠯᠯᠠᠭᠰᠠᠨ ᠵᠢᠯ ᠨᠢ ᠨᠡᠢᠳᠡᠮ᠎ᠳᠡᠭᠡᠨ 10 ᠵᠢᠯ᠎ᠡᠴᠡ ᠳᠣᠷᠣᠭ᠍ᠰᠢ ᠪᠠᠢᠵᠤ᠂5 ᠡᠳᠦᠷ᠎ᠦᠨ ᠵᠢᠯ᠎ᠦᠨ ᠠᠮᠠᠷᠠᠯᠲᠠ ᠨᠢ ᠲᠡᠳᠡᠨ᠎ᠦ ᠶᠠᠪᠤᠵᠦ ᠰᠠᠭᠤᠬᠤ ᠬᠡᠷᠡᠭᠯᠡᠭᠡᠨ᠎ᠦ ᠳᠠᠯᠳᠠ ᠬᠦᠴᠦᠨ᠎ᠢ ᠪᠦᠲᠦᠮᠵᠢᠲᠡᠢᠪᠠᠳᠠᠷᠠᠭᠤᠯᠵᠤ ᠴᠢᠳᠠᠬᠤ ᠦᠭᠡᠢ ᠪᠠᠢᠨ᠎ᠠ᠃
ᠳᠡᠷᠡ ᠰᠠᠨᠠᠯ ᠳᠠᠭᠠᠨ᠂ ᠣᠲᠣ᠌ᠶᠢᠨᠬᠥᠳᠡᠯᠮᠦᠷᠢᠶᠢᠨ ᠬᠠᠤᠯᠢ᠎ᠳᠠᠬᠢ ᠭᠠᠷᠠᠭ ᠪᠦᠷᠢ᠎ᠶᠢᠨ ᠠᠵᠢᠯᠯᠠᠬᠤ ᠴᠠᠭ ᠤᠨ ᠲᠤᠬᠠᠢ ᠲᠣᠭᠲᠠᠭᠠᠯ ᠢ ᠴᠢᠩᠭᠠᠨᠠᠢᠳᠠᠪᠤᠷᠢᠵᠢᠭᠤᠯᠵᠤ᠂ ᠠᠵᠤ ᠠᠬᠤᠢᠯᠠᠯ ᠠᠵᠢᠯ ᠦᠢᠯᠡᠰ᠎ᠦᠨ ᠨᠢᠭᠡᠴᠢ᠎ᠶᠢᠨ ᠠᠵᠢᠯ᠎ᠤᠨ ᠴᠠᠭ᠎ᠢ ᠬᠡᠷᠡᠭᠵᠢᠭᠦᠯᠵᠦᠪᠠᠢᠭᠠ ᠪᠠᠢᠳᠠᠯ᠎ᠳᠤ ᠬᠢᠨᠠᠯᠲᠠ ᠬᠠᠮᠢᠶᠠᠷᠤᠯᠲᠠ᠎ᠪᠠᠨ ᠴᠢᠩᠭᠠᠳᠬᠠᠵᠤ᠂ ᠣᠨᠴᠠᠭᠠᠶ ᠪᠤᠰᠤ ᠪᠠᠢᠳᠠᠯ᠎ᠳᠤ ᠠᠵᠤᠠᠬᠤᠢᠯᠠᠯ ᠡᠴᠡ ᠠᠵᠢᠯᠲᠠᠨ ᠠᠵᠢᠯᠴᠢᠨ᠎ᠤ ᠭᠠᠷᠠᠭ᠎ᠤᠨ ᠰᠡᠬᠦᠯᠴᠢ ᠵᠢᠨ ᠠᠮᠠᠷᠠᠯᠳᠠ᠎ᠶᠢ ᠬᠦᠴᠦᠨ ᠦᠭᠡᠢ ᠪᠣᠯᠭᠠᠬᠤᠶᠢᠴᠠᠭᠠᠵᠠᠯᠠᠵᠤ᠂ ᠠᠵᠤ ᠠᠬᠤᠢᠯᠠᠯ᠎ᠤᠨ ᠠᠵᠢᠯ᠎ᠤᠨ ᠬᠡᠷᠡᠭᠴᠡᠭᠡ᠎ᠡᠴᠡ ᠪᠣᠯᠵᠤ ᠠᠵᠢᠯ᠎ᠤᠨ ᠴᠠᠭ᠎ᠢ ᠤᠷᠲᠤᠳᠬᠠᠬᠤ ᠪᠠᠢᠳᠠᠯᠳᠤᠲᠣᠳᠣᠷᠬᠠᠢ ᠲᠣᠭᠲᠠᠭᠠᠯ ᠭᠠᠷᠭᠠᠬᠤ ᠬᠡᠷᠡᠭᠲᠡᠢ ᠭᠡᠵᠦ ᠢᠯᠡᠳᠬᠡᠵᠠᠢ᠃
ᠢᠷᠡᠯᠲᠡ ᠄ ᠫᠸᠩ ᠫᠠᠢ ᠰᠤᠨᠢᠨ ᠮᠡᠳᠡᠭᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃