ᠮᠣᠩᠭᠣᠯ ᠨᠤᠲᠤᠭ > ᠬᠥᠳᠡᠭᠡ ᠨᠤᠲᠤᠭ᠎ᠤᠨ ᠴᠠᠭᠠᠨ ᠰᠠᠷ᠎ᠠ

2023-01-23 12:06:07

ᠵᠣᠬᠢᠶᠠᠭ᠍ᠴᠢ᠄ ᠵᠣᠣ ᠰᠢ ᠣᠩᠱᠢᠭ᠍ᠰᠠᠨ ᠣᠳᠠᠭ᠎ᠠ᠄ 3

1 ᠰᠠᠷ᠎ᠠ᠎ᠶ᠋ᠢᠨ 21 ᠤ᠋ ᠡᠳᠦᠷ᠂ ᠬᠥᠯᠥᠨ ᠪᠤᠢ᠌ᠷ ᠬᠤᠳᠠ ᠴᠠᠰᠤ ᠮᠥᠰᠥᠨ᠎ᠳᠦ ᠬᠤᠴᠢᠭ᠍ᠳᠠᠭ᠍ᠰᠠᠨ ᠪᠣᠯᠪᠠᠴᠤ᠌ ᠬᠥᠯᠥᠨ ᠪᠤᠢ᠌ᠷ ᠬᠤᠳᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠤ᠋ᠨ ᠭᠡᠷ ᠳᠤᠳᠤᠷ᠎ᠠ ᠬᠠᠷᠢᠨ ᠮᠠᠰᠢ ᠳᠤᠯᠠᠭᠠᠬᠠᠨ ᠪᠠᠢᠯ᠎ᠠ᠃

ᠪᠢᠲᠡᠭᠦᠨ᠎ᠦ ᠥᠷᠯᠥᠭᠡ ᠂ ᠬᠡᠦᠬᠡᠳ᠎ᠦᠳ ᠠᠪᠠᠭ᠎ᠠ ᠠᠨᠢᠶ᠎ᠠ ᠨᠠᠷ ᠤ᠋ᠨ᠎ᠢᠶᠠᠨ ᠨᠠᠷᠢᠨ ᠨᠢᠮᠪᠠᠢ ᠰᠣᠩᠭᠣᠵᠤ ᠦᠭᠭᠦᠭᠰᠡᠨ ᠱᠢᠨ᠎ᠡ ᠬᠤᠪᠴᠠᠰᠤ᠎ᠶ᠋ᠢ ᠡᠮᠦᠰᠴᠦ᠍ ᠂ ᠤᠯᠠᠭᠠᠨ ᠦᠩᠭᠡᠳᠠᠢ ᠲᠤᠮᠤ 《ᠪᠤᠶᠠᠨ》 ᠭᠡᠬᠦ ᠦᠰᠦᠭ ᠪᠤᠯᠤᠨ ᠭᠤᠶᠤ ᠰᠠᠢᠬᠠᠨ ᠬᠠᠢᠴᠢᠯᠠᠮᠠᠯ ᠬᠤᠸᠠᠷ᠎ᠢ ᠡᠭᠦᠳᠡ ᠪᠠ ᠴᠣᠩᠬᠣᠨ ᠳ᠋ᠠᠭᠠᠨ ᠨᠠᠭᠠᠵᠤ᠂ ᠬᠠᠷᠢᠯᠴᠠᠨ ᠮᠡᠨᠳᠦᠴᠢᠯᠡᠨ ᠵᠦᠩᠨᠡᠵᠤ ᠂ ᠬᠦᠷᠢᠶᠡᠯᠡᠩ ᠳᠣᠲᠣᠷ᠎ᠠ ᠪᠠᠶᠠᠷ᠎ᠤᠨ ᠡᠳᠦᠷ᠎ᠦᠨ ᠬᠠᠯᠠᠭᠤᠨ ᠳᠤᠯᠠᠭᠠᠨ ᠠᠭᠤᠷ ᠠᠮᠢᠰᠭᠤᠯ᠎ᠢᠶᠠᠷ ᠪᠢᠯᠬᠠᠨ᠎ᠠ᠃

ᠬᠠᠷ᠎ᠠ ᠥᠷᠯᠥᠭᠡᠬᠦᠷ ᠠᠰᠠᠷᠠᠮᠵᠢ᠎ᠶ᠋ᠢᠨ ᠬᠦᠷᠢᠶᠡᠯᠡᠩ᠎ᠦᠨ ᠢᠳᠡᠭᠡᠨ ᠤᠮᠳᠠᠭᠠᠨ᠎ᠤ ᠬᠡᠯᠲᠡᠰ ᠤ᠋ᠨ ᠠᠵᠢᠯᠲᠠᠳ ᠨᠣᠭᠣᠭ᠎ᠠ ᠤᠬᠢᠶᠠᠵᠤ᠂ ᠬᠡᠷᠴᠢᠵᠤ ᠶᠠᠭᠠᠷᠠᠯᠳᠤᠭᠠᠳ ᠁ ᠬᠠᠭᠤᠷᠤᠯᠭ᠎ᠠ ᠬᠠᠭᠠᠷᠢᠯᠭ᠎ᠠ ᠮᠠᠰᠢ ᠡᠮᠬᠢ ᠴᠡᠭ᠌ᠴᠡ ᠲᠠᠢ ᠶᠠᠪᠤᠭᠳᠠᠵᠤ᠂ ᠲᠣᠭᠣᠭᠠᠨ ᠭᠡᠷ᠎ᠲᠦ ᠬᠦᠷ ᠬᠦᠭᠵᠢᠶᠠᠨ ᠲᠠᠢ ᠴᠠᠭᠠᠨ ᠰᠠᠷ᠎ᠠ᠎ᠶ᠋ᠢᠨ ᠠᠭᠤᠷ ᠠᠮᠢᠰᠭᠤᠯ᠎ᠢᠶᠠᠷ ᠪᠢᠯᠬᠠᠨ᠎ᠠ᠃

ᠬᠡᠦᠬᠡᠳ᠎ᠦᠳ ᠲᠣᠮᠣᠴᠤᠤᠯ᠎ᠤᠨ ᠶᠠᠭᠠᠷᠠᠵᠤ ᠪᠠᠢᠬᠤ ᠵᠢ ᠬᠠᠷᠠᠭᠠᠳ ᠪᠠᠶᠠᠷ ᠬᠦᠷ᠎ᠲᠡᠶ᠎ᠪᠡᠷ ᠬᠣᠭᠣᠯᠠᠨ ᠭᠡᠷ᠎ᠲᠦ ᠤᠷᠤᠵᠦ ᠬᠠᠮᠵᠢᠨ᠂ ᠤᠮᠳᠠᠭᠠᠨ᠂ ᠠᠶᠠᠭ᠎ᠠ ᠰᠠᠪᠬ᠎ᠠ᠎ᠪᠠᠨ ᠵᠢᠭᠰᠠᠭᠠᠨ ᠲᠠᠯᠪᠢᠬᠰᠠᠨ᠎ᠦ ᠲᠠᠷᠠᠭ᠎ᠠ ᠂ ᠡᠮᠬᠢ ᠲᠢᠭᠯᠢᠮ ᠲᠠᠢ ᠲᠤᠮᠤᠭ᠎ᠠ ᠲᠠᠢ ᠰᠠᠭᠤᠵᠤ ᠪᠠᠶᠠᠷ ᠪᠠᠶᠠᠰᠭᠤᠯᠠᠩ᠎ᠲᠠᠶ᠎ᠪᠠᠷ ᠠᠮᠲᠠᠲᠤ ᠢᠳᠡᠭᠡᠨ᠎ᠢ ᠱᠢᠷᠡᠭᠡᠨ᠎ᠳᠦ ᠦᠷᠤᠵᠦ ᠲᠠᠯᠪᠢᠬᠤ᠎ᠶ᠋ᠢ ᠬᠦᠯᠢᠶᠡᠨ᠎ᠡ᠃

ᠪᠢᠲᠡᠭᠦᠨ᠎ᠳᠤ ᠠᠰᠠᠷᠠᠮᠵᠢ᠎ᠶ᠋ᠢᠨ ᠬᠦᠷᠢᠶᠡᠯᠡᠩ᠎ᠦᠨ ᠠᠵᠢᠯᠲᠠᠨ ᠬᠡᠦᠬᠡᠳ᠎ᠦᠳ᠎ᠲᠦ ᠠᠷᠪᠠᠨ ᠵᠦᠶ᠋ᠯ᠎ᠦᠨ ᠪᠤᠳᠠᠭ᠎ᠠ ᠨᠣᠭᠣᠭ᠎ᠠ ᠪᠡᠯᠡᠳᠭᠡᠵᠠᠢ᠃

ᠪᠢᠲᠡᠭᠦᠨ᠎ᠦ ᠬᠣᠭᠣᠯᠠ᠎ᠶ᠋ᠢ ᠱᠢᠷᠡᠭᠡᠨ᠎ᠳᠦ ᠭᠠᠷᠭᠠᠭᠰᠠᠨ ᠲᠡᠷᠡ ᠮᠥᠴᠡ᠎ᠳᠦ ᠴᠠᠭᠠᠨ ᠰᠠᠷ᠎ᠠ ᠵᠢᠨ ᠦᠨᠦᠷ ᠠᠮᠳᠠ ᠬᠠᠩᠬᠤᠯᠵᠤ ᠪᠠᠢᠯ᠎ᠠ᠃ ᠱᠢᠷᠠᠭ᠍ᠰᠠᠨ ᠬᠣᠨᠢᠨ ᠭᠤᠶ᠎ᠠ ᠂ ᠱᠢᠬᠢᠷ ᠼᠤ᠌᠎ᠲᠠᠶ ᠵᠢᠭᠠᠰᠤ᠂ ᠳ᠋ᠧᠵᠧᠦ᠍᠎ᠶ᠋ᠢᠨ ᠱᠢᠷᠠᠭ᠍ᠰᠠᠨ ᠳᠠᠬᠢᠶ᠎ᠠ ᠵᠡᠷᠭᠡ ᠨᠣᠭᠣᠭ᠎ᠠ ᠵᠠᠭᠤᠰᠢ ᠨᠢ ᠬᠡᠦᠬᠡᠳ᠎ᠦᠨ ᠬᠠᠮᠤᠭ᠎ᠤᠨ ᠳᠤᠷᠠᠲᠠᠢ ᠢᠳᠡᠭᠡᠨ ᠪᠠᠢᠯ᠎ᠠ᠃

ᠬᠣᠭᠣᠯᠠ ᠡᠬᠢᠯᠡᠬᠦ᠌᠎ᠡᠴᠡ ᠡᠮᠦᠨ᠎ᠡ᠂ ᠠᠰᠠᠷᠠᠮᠵᠢ᠎ᠶ᠋ᠢᠨ ᠬᠦᠷᠢᠶᠡᠯᠡᠩ᠎ᠦᠨ ᠠᠵᠢᠯᠲᠠᠳ ᠬᠡᠦᠬᠡᠳ᠎ᠲᠸ᠋ ᠬᠦᠰᠡᠵᠦ᠍ ᠤᠳᠠᠭ᠍ᠰᠠᠨ ᠤᠯᠠᠭᠠᠨ ᠪᠠᠭ᠍ᠯᠠᠭ᠎ᠠ ᠭᠠᠷᠳᠠᠭᠤᠯᠪᠠ᠃ ᠤᠯᠠᠭᠠᠨ ᠪᠠᠭ᠍ᠯᠠᠭ᠎ᠠ ᠲᠠᠷᠬᠠᠭᠠᠬᠤ᠎ᠶ᠋ᠢ ᠳᠠᠭᠠᠯᠳᠤᠨ᠂ ᠬᠡᠷ ᠲᠦᠭᠦᠷᠡᠩ ᠢᠷᠦᠭᠡᠯ ᠪᠣᠯᠤᠨ ᠪᠠᠶᠠᠷ ᠬᠥᠷ ᠵᠢᠡᠷ ᠪᠢᠯᠬᠠᠪᠠ᠃ ᠲᠡᠳᠡ ᠠᠮᠳᠠᠳᠠᠢᠬᠠᠨ ᠢᠳᠡᠵᠦ᠍ ᠤᠤᠭᠤᠭᠠᠳ ᠴᠢᠷᠠᠢ᠎ᠳᠤᠨᠢ ᠬᠠᠨᠤᠮᠵᠢᠲᠠᠢ ᠢᠨᠢᠶᠡᠮᠰᠦᠭ᠌ᠯᠡᠯ ᠲᠣᠳᠣᠷᠠᠨ᠎ᠠ᠃

ᠬᠡᠦᠬᠡᠳ᠎ᠦᠳ᠎ᠢ ᠪᠠᠶᠠᠷ ᠬᠥᠷ᠎ᠲᠡᠶ ᠴᠠᠭᠠᠨ ᠰᠠᠷ᠎ᠠ᠎ᠶ᠋ᠢ ᠥᠩᠭᠡᠷᠡᠭᠦᠯᠬᠦ᠌᠎ᠶ᠋ᠢᠨ ᠲᠥᠯᠥᠭᠡ᠂ ᠲᠤᠰ ᠠᠰᠠᠷᠠᠮᠵᠢ᠎ᠶ᠋ᠢᠨ ᠬᠦᠷᠢᠶᠡᠯᠡᠩ᠎ᠦᠨ ᠠᠵᠢᠯᠲᠠᠳ ᠬᠠᠭᠠᠰ ᠰᠠᠷ᠎ᠠ᠎ᠶ᠋ᠢᠨ ᠡᠮᠦᠨ᠎ᠡ ᠡᠴᠡ ᠠᠵᠢᠯ᠎ᠢᠶᠠᠨ ᠬᠤᠪᠢᠶᠠᠷᠢᠯᠠᠨ ᠂ ᠴᠠᠭᠠᠨ ᠰᠠᠷ᠎ᠠ᠎ᠶ᠋ᠢᠨ ᠪᠡᠯᠡᠳᠭᠡᠯ ᠬᠢᠵᠡᠶ᠃ ᠡᠭᠦᠨ᠎ᠦ ᠬᠠᠮᠲᠤ ᠠᠰᠠᠷᠠᠮᠵᠢ᠎ᠶ᠋ᠢᠨ ᠬᠦᠷᠢᠶᠡᠯᠡᠩ ᠪᠠᠰᠠ ᠬᠡᠦᠬᠡᠳ᠎ᠦᠳ᠎ᠲᠦ ᠪᠠᠶᠠᠯᠢᠭ ᠰᠠᠢᠬᠠᠨ ᠠᠵᠢᠯᠯᠠᠭ᠎ᠠ ᠲᠣᠬᠢᠷᠠᠭᠤᠯᠵᠤ ᠦᠭᠴᠠᠢ᠃ ᠴᠠᠭᠠᠨ ᠰᠠᠷ᠎ᠠ᠎ᠶ᠋ᠢᠨ ᠤᠯᠠᠮᠵᠢᠯᠠᠯᠲᠤ ᠵᠠᠩᠱᠢᠯ᠎ᠢᠶᠠᠷ ᠠᠰᠠᠷᠠᠮᠵᠢ᠎ᠶ᠋ᠢᠨ ᠬᠦᠷᠢᠶᠡᠯᠡᠩ᠎ᠦᠨ ᠠᠵᠢᠯᠲᠠᠳ ᠬᠡᠦᠬᠡᠳ᠎ᠦᠳ᠎ᠲᠦ ᠡᠯ᠎ᠡ ᠵᠦᠶ᠋ᠯ᠎ᠦᠨ ᠪᠤᠤᠪᠤ ᠪᠤᠭᠤᠷᠰᠤᠭ ᠬᠢᠬᠦ ᠵᠢ ᠵᠢᠭᠠᠵᠤ ᠰᠤᠷᠭᠠᠵᠠᠢ᠃

《ᠲᠠᠷᠠᠭᠠᠴᠢ ᠵᠢᠨ ᠨᠢᠭᠡ ᠵᠢᠯ᠎ᠳᠦ᠂ ᠪᠢᠳᠡ ᠬᠡᠦᠬᠡᠳ᠎ᠦᠳ᠎ᠲᠦ ᠨᠠᠩ ᠴᠢᠨᠠᠷ ᠰᠠᠢᠲᠠᠶ ᠦᠶ᠋ᠯᠡᠴᠢᠯᠡᠭᠡ ᠬᠠᠩᠭᠠᠵᠤ᠂ ᠲᠡᠳᠡᠨ᠎ᠦ ᠠᠮᠢᠳᠤᠷᠠᠯ᠎ᠢ ᠨᠠᠩ ᠪᠠᠶᠠᠷ ᠬᠥᠷ᠎ᠲᠡᠶ᠂ ᠵᠣᠯ ᠵᠢᠷᠭᠠᠯ᠎ᠲᠠᠶ ᠪᠣᠯᠭᠠᠨ᠎ᠠ》 ᠭᠡᠵᠦ᠍ ᠠᠰᠠᠷᠠᠮᠵᠢ᠎ᠶ᠋ᠢᠨ ᠬᠦᠷᠢᠶᠡᠯᠡᠩ᠎ᠦᠨ ᠠᠵᠢᠯᠲᠠᠨ ᠯᠢᠦ ᠠᠨᠢᠶ᠎ᠠ ᠬᠡᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面