ᠮᠣᠩᠭᠣᠯ ᠨᠤᠲᠤᠭ > ᠬᠥᠳᠡᠭᠡ ᠨᠤᠲᠤᠭ᠎ᠤᠨ ᠴᠠᠭᠠᠨ ᠰᠠᠷ᠎ᠠ

2023-01-24 10:52:04

ᠵᠣᠬᠢᠶᠠᠭ᠍ᠴᠢ᠄ ᠭᠣᠣ ᠮᠢᠨ ᠨᠠ ᠬᠠᠨ ᠢᠦᠢ ᠭᠧ ᠣᠩᠱᠢᠭ᠍ᠰᠠᠨ ᠣᠳᠠᠭ᠎ᠠ᠄ 3

ᠬᠠᠬᠢᠷ ᠡᠪᠦᠯ ᠤ᠋ᠨ ᠬᠥᠬᠡᠭᠡ ᠰᠠᠷ᠎ᠠ ᠳ᠋ᠤ᠌ ᠳᠤᠰᠤᠯ ᠤᠰᠤ ᠮᠥᠰᠥ ᠪᠣᠯᠳᠠᠭ ᠭᠡᠳᠡᠭ᠃ ᠡᠨᠡ ᠬᠦ᠌ ᠡᠪᠤᠯ᠎ᠤᠨ ᠬᠦᠢᠳᠡᠨ ᠡᠳᠤᠷ ᠵᠢᠩ ᠶᠧ ᠪᠦᠯᠦᠭᠯᠡᠯ ᠤ᠋ᠨ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠳ᠋ᠤ ᠦᠢᠯᠡᠳᠪᠤᠷᠢᠯᠡᠯ ᠢᠳᠡ ᠬᠦᠭ ᠲᠠᠢ ᠡᠮᠬᠢ ᠵᠢᠷᠤᠮ ᠲᠠᠢ ᠶᠠᠪᠤᠭᠳᠠᠨ᠎ᠠ᠃ ᠪᠣᠯᠣᠳ ᠪᠣᠯᠪᠠᠰᠤᠷᠠᠭᠤᠯᠬᠤ ᠦᠢᠯᠡᠳᠪᠦᠷᠢ ᠵᠢᠨ ᠡᠷᠭᠢᠯᠳᠦᠭᠡ ᠵᠤᠤᠬ᠎ᠠ ᠵᠢᠨ ᠲᠠᠰᠤᠭ ᠲᠤ᠌ ᠲᠡᠮᠦᠷ ᠴᠠᠯᠭᠢᠨ ᠂ ᠭᠠᠯ ᠤ᠋ᠨ ᠤᠴᠢ ᠪᠠᠳᠠᠷᠠᠨ ᠪᠦᠬᠦᠢᠯᠡ ᠡᠷᠭᠢᠯᠳᠦᠭᠡ ᠵᠤᠤᠬ᠎ᠠ ᠵᠢᠨ ᠲᠠᠪᠴᠠᠩ ᠢ᠋ ᠤᠯᠠᠢᠯᠭᠠᠨ ᠬᠡᠷᠡᠯᠳᠦᠭᠦᠯᠦᠨ᠎ᠠ ᠃

ᠬᠥᠮᠦᠰ ᠤ᠋ᠨ ᠪᠤᠳᠤᠯ ᠳ᠋ᠤ᠌ ᠂ ᠪᠤᠯᠤᠳ ᠲᠡᠮᠦᠷ ᠤ᠋ᠨ ᠦᠢᠯᠡᠳᠪᠦᠷᠢᠯᠡᠯ ᠪᠣᠯᠤᠨ ᠪᠣᠬᠢᠷᠳᠤᠯ ᠵᠡᠷᠭᠡ ᠪᠡᠷ ᠤᠷᠤᠰᠢᠳᠠᠭ ᠭᠡᠳᠡᠭ ᠃ ᠭᠡᠪᠡᠴᠦ 65 ᠵᠢᠯ ᠤ᠋ᠨ ᠲᠡᠦᠬᠡ ᠲᠡᠢ ᠡᠨᠡ ᠬᠦ᠌ ᠦᠢᠯᠡᠳᠪᠦᠷᠢ ᠵᠢᠨ ᠲᠠᠰᠤᠭ ᠲᠤ᠌ ᠤᠲᠤᠭ᠎ᠠ ᠲᠣᠭᠣᠰᠣ ᠬᠠᠷᠠᠭᠳᠠᠬᠤ ᠥᠬᠡᠢ ᠮᠥᠷᠲᠡᠭᠡᠨ ᠬᠠᠮᠠᠷ ᠴᠤᠷᠬᠢᠬᠤ ᠮᠠᠭᠤᠬᠠᠢ ᠦᠨᠦᠷ ᠴᠦ᠍ ᠦᠨᠤᠷᠳᠦᠭᠳᠡᠬᠦ ᠦᠭᠡᠢ ᠂ ᠴᠡᠪ ᠴᠡᠪᠡᠷᠭᠡᠨ ᠪᠠᠢᠬᠤ ᠠᠵᠢ ᠃

《ᠤᠲᠤᠭ᠎ᠠ ᠲᠣᠭᠣᠰᠣ ᠨᠢ ᠪᠦᠷ ᠤᠲᠤᠭᠠᠨ ᠤ᠋ ᠵᠠᠮ ᠵᠢᠡᠷ ᠨᠢᠭᠡᠳᠡᠬᠢ ᠤᠳᠠᠭ᠎ᠠ ᠵᠢᠨ ᠲᠣᠭᠣᠰᠣ ᠠᠷᠢᠯᠭᠠᠬᠤ ᠶᠠᠪᠤᠴᠠ ᠳ᠋ᠤ᠌ ᠬᠦᠷᠳᠡᠭ ᠂ ᠪᠢᠳᠡ ᠴᠠᠬᠢᠯᠭᠠᠨ ᠵᠢᠠᠷ ᠲᠣᠭᠣᠰᠣ ᠠᠷᠢᠯᠭᠠᠬᠤ ᠠᠷᠭ᠎ᠠ ᠪᠠᠷ ᠳᠠᠮᠵᠢᠨ ᠲᠡᠮᠦᠷ ᠠᠭᠤᠯᠬᠤ ᠬᠣᠯᠢᠴᠠ ᠪᠣᠳᠠᠰ ᠢ᠋ ᠬᠣᠷᠢᠶᠠᠨ ᠠᠪᠴᠤ ᠳᠠᠬᠢᠨ ᠠᠰᠢᠭᠯᠠᠵᠤ ᠪᠣᠯᠬᠤ ᠪᠥᠭᠡᠳ ᠬᠣᠶᠠᠳᠡᠬᠢ ᠤᠳᠠᠭ᠎ᠠ ᠵᠢᠨ ᠲᠣᠭᠣᠰᠣ ᠠᠷᠢᠯᠭᠠᠬᠤ ᠪᠠ ᠭᠡᠷ ᠤ᠋ᠨ ᠳᠡᠭᠡᠪᠦᠷ ᠳᠡᠭᠡᠷᠡᠬᠢ ᠭᠤᠷᠪᠠᠳᠡᠬᠢ ᠤᠳᠠᠭ᠎ᠠ ᠵᠢᠨ ᠲᠣᠭᠣᠰᠣ ᠠᠷᠢᠯᠭᠠᠬᠤ ᠠᠵᠢᠯ ᠢ᠋ ᠬᠦᠢᠴᠡᠳᠭᠡᠵᠤ ᠂ ᠬᠡᠳᠦ ᠳᠣᠣᠷ᠎ᠠ ᠭᠠᠳᠠᠭᠰᠢᠯᠠᠭᠤᠯᠤᠯᠲᠠ ᠵᠢ ᠪᠡᠶᠡᠯᠡᠭᠦᠯᠵᠡᠢ》 ᠭᠡᠵᠦ ᠪᠣᠯᠣᠳ ᠪᠣᠯᠪᠠᠰᠤᠷᠠᠭᠤᠯᠬᠤ ᠦᠢᠯᠡᠳᠪᠦᠷᠢ ᠵᠢᠨ ᠠᠶᠤᠯᠬᠦᠢ ᠵᠢᠨ ᠤᠷᠴᠢᠨ ᠲᠤᠭᠤᠷᠢᠨ᠎ᠤ ᠬᠠᠮᠠᠭᠠᠯᠠᠭᠴᠢ ᠵᠣᠣ ᠸᠸᠨ ᠢᠦᠢ ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠲᠣᠭᠣᠰᠣ ᠠᠷᠢᠯᠭᠠᠬᠤ ᠲᠡᠷᠢᠭᠦᠨ ᠤ᠋ ᠲᠥᠬᠥᠭᠡᠷᠦᠮᠵᠢ ᠵᠢ ᠵᠢᠭᠠᠵᠤ ᠣᠮᠣᠭᠳᠠᠢᠬᠠᠨ ᠶᠠᠷᠢᠨ᠎ᠠ ᠃

ᠵᠣᠣ ᠸᠸᠨ ᠢᠦᠢ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠳ᠋ᠤ᠌ 38 ᠬᠠᠪᠤᠷ ᠨᠠᠮᠤᠷ᠎ᠢ ᠤᠭᠳᠤᠭᠰᠠᠨ ᠪᠠᠢᠵᠠᠢ᠃ ᠤᠤᠯ᠎ᠨᠢ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠭᠡᠵᠤ ᠲᠠᠢᠮᠤ ᠯᠠ ᠪᠠᠢᠭᠰᠠᠨ ᠂ ᠦᠢᠯᠡᠳᠪᠤᠷᠢᠯᠡᠯ᠎ᠤᠨ ᠮᠠᠲ᠋ᠸᠷᠢᠶᠠᠯ ᠨᠢ ᠬᠠ ᠶᠠ ᠦᠭᠡᠢ ᠬᠠᠶᠠᠭᠳᠠᠨ᠂ ᠲᠣᠭᠣᠰᠣ ᠰᠢᠷᠣᠢ ᠳᠡᠭᠳᠡᠵᠤ ᠂ ᠱᠤᠤᠭᠢᠶᠠᠨ ᠪᠠ ᠪᠣᠬᠢᠷᠲᠤᠯ ᠵᠡᠷᠭᠡ ᠨᠢ ᠺᠤᠮᠫᠠᠨᠢ ᠡᠴᠡ ᠤᠢᠷᠠᠯᠴᠠᠭ᠎ᠠ ᠰᠠᠭᠤᠭ᠎ᠠ ᠰᠠᠭᠤᠭᠠᠯᠢ ᠠᠷᠠᠳ ᠤ᠋ᠨ ᠡᠭᠳᠡᠬᠦᠴᠡᠯ ᠢ᠋ ᠬᠦᠷᠭᠡᠳᠡᠭ ᠪᠠᠢᠵᠠᠢ ᠭᠡᠵᠤ ᠵᠤᠤ ᠸᠸᠨ ᠢᠤᠢ ᠡᠷᠬᠢᠴᠡᠬᠦᠯᠤᠨ ᠭᠡᠯᠡᠨ᠎ᠠ ᠃

ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠲᠥᠬᠥᠭᠡᠷᠦᠮᠵᠢ ᠳᠤᠲᠠᠮᠠᠭ ᠡᠴᠡ ᠪᠣᠯᠵᠤ ᠂ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠣᠷᠴᠢᠨ ᠲᠣᠭᠣᠷᠢᠨ ᠤ᠋ ᠵᠠᠰᠠᠯᠳᠠ ᠵᠢᠨ ᠴᠢᠳᠠᠪᠤᠷᠢ ᠬᠦᠷᠦᠯᠴᠡᠬᠦ ᠦᠭᠡᠢ ᠠᠰᠠᠭᠤᠳᠠᠯ ᠡᠳᠦᠷ ᠢᠷᠡᠬᠦᠶ᠎ᠡ ᠳᠣᠪᠣᠢᠮ᠎ᠠ ᠪᠣᠯᠵᠤ ᠂ ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠠᠰᠠᠭᠤᠳᠠᠯ ᠨᠢ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠣᠷᠣᠰᠢᠨ ᠲᠣᠭᠲᠠᠨᠢᠵᠤ ᠬᠥᠭᠵᠢᠬᠦ ᠵᠢᠨ ᠵᠠᠡᠭᠬᠢᠯᠠᠭ᠎ᠠ ᠪᠣᠯᠵᠠᠢ ᠃

ᠶᠠᠭᠠᠬᠢᠳᠠᠭ ᠪᠢᠯᠡ ? ᠡᠨᠡ ᠪᠣᠯ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ᠎ᠳᠤ ᠲᠤᠯᠭᠠᠷᠠᠭᠰᠠᠨ ᠬᠠᠮᠤᠭ ᠤ᠋ᠨ ᠬᠠᠳᠠᠭᠤ ᠰᠢᠯᠭᠠᠯᠳᠠ ᠪᠤᠯᠪᠠ ᠃ 2014 ᠣᠨ ᠳ᠋ᠤ᠌ ᠂ ᠣᠯᠠᠨ ᠲᠠᠯ᠎ᠠ ᠵᠢᠨ ᠴᠢᠷᠮᠠᠢᠯᠭ᠎ᠠ ᠪᠠᠷ ᠳᠠᠮᠵᠢᠨ ᠂ ᠵᠢᠩ ᠶᠧ ᠪᠦᠯᠦᠭᠯᠡᠯ ᠨᠢ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢ ᠳᠠᠬᠢᠨ ᠵᠣᠬᠢᠶᠠᠨ ᠪᠠᠢᠭᠤᠯᠬᠤ ᠠᠷᠭ᠎ᠠ ᠪᠤᠳᠤᠯᠭ᠎ᠠ ᠵᠢ ᠬᠡᠷᠡᠭᠵᠢᠭᠦᠯᠪᠡ ᠃ ᠳᠠᠬᠢᠨ ᠵᠣᠬᠢᠶᠠᠨ ᠪᠠᠢᠭᠤᠯᠤᠭᠰᠠᠨ ᠤ᠋ ᠳᠠᠷᠠᠭ᠎ᠠ ᠂ ᠵᠢᠩ ᠶᠧ ᠪᠦᠯᠦᠭᠯᠡᠯ ᠤ᠋ᠨ ᠬᠡᠷᠡᠭ ᠮᠡᠳᠡᠭᠴᠢᠳ ᠤ᠋ᠨ ᠳᠠᠷᠤᠭ᠎ᠠ ᠯᠢ ᠭᠠᠨ ᠫᠦᠧᠧ ᠣᠷᠴᠢᠨ ᠲᠣᠭᠣᠷᠢᠨ ᠤ᠋ ᠬᠠᠮᠠᠭᠠᠯᠠᠯᠲᠠ ᠵᠢ ᠰᠠᠢᠲᠤᠷ ᠬᠢᠬᠦ ᠠᠵᠢᠯ᠎ᠢ ᠭᠤᠤᠯ ᠠᠳᠬᠤᠵᠤ ᠡᠷᠴᠢᠮᠳᠠᠢ ᠦᠷᠨᠢᠬᠦᠯᠵᠤ ᠡᠬᠢᠯᠡᠪᠠ᠃

ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠬᠢᠨ ᠪᠣᠬᠢᠷᠲᠤᠯ ᠥᠬᠡᠢ ᠬᠥᠭᠵᠢᠯᠲᠡ ᠵᠢ ᠠᠵᠤ ᠠᠬᠤᠢᠯᠠᠯ ᠤ᠋ᠨ ᠣᠷᠣᠰᠢᠨ ᠲᠣᠭᠲᠠᠨᠢᠬᠤ ᠤᠷᠢᠳᠠᠯ ᠂ ᠬᠥᠭᠵᠢᠯᠲᠡ ᠵᠢᠨ ᠰᠠᠭᠤᠷᠢ ᠪᠣᠯᠭᠠᠵᠤ ᠂ ᠪᠣᠬᠢᠷᠲᠤᠯ ᠥᠬᠡᠢ ᠬᠥᠭᠵᠢᠬᠦᠯᠬᠦ ᠵᠠᠮ ᠵᠢᠠᠷ ᠭᠤᠢᠪᠢᠰᠢ ᠥᠬᠡᠢ ᠵᠠᠮᠨᠠᠨ ᠂ ᠣᠷᠴᠢᠨ ᠲᠣᠭᠣᠷᠢᠨ ᠢ᠋ ᠬᠠᠮᠠᠭᠠᠯᠠᠬᠤ ᠳ᠋ᠤ ᠭᠠᠳᠠᠭᠰᠢᠯᠠᠭᠤᠯᠤᠯᠲᠠ ᠵᠢ ᠬᠡᠳᠦ ᠳᠣᠣᠷ᠎ᠠ ᠪᠤᠯᠭᠠᠬᠤ ᠪᠠ ᠤᠯᠤᠰ ᠤ᠋ᠨ ᠪᠠᠷᠢᠮᠵᠢᠶ᠎ᠠ ᠳ᠋ᠤ᠌ ᠬᠦᠷᠭᠡᠬᠦ ᠬᠥᠭᠵᠢᠯᠲᠡ ᠵᠢᠨ ᠣᠢᠯᠠᠭᠠᠭᠳᠠᠬᠤᠨ ᠢ᠋ ᠪᠥᠬᠥ ᠲᠠᠯ᠎ᠠ ᠪᠠᠷ ᠬᠦᠴᠦᠯᠡᠵᠤ ᠂ ᠪᠣᠯᠣᠳ ᠲᠡᠮᠦᠷ ᠤ᠋ᠨ ᠦᠢᠯᠡᠳᠪᠦᠷᠢ ᠪᠠ ᠬᠣᠲᠠ ᠵᠢᠨ ᠡᠶ᠎ᠡ ᠵᠣᠬᠢᠴᠠᠩᠭᠤᠢ ᠬᠥᠭᠵᠢᠯᠳᠠ ᠵᠢᠨ 《ᠬᠠᠮᠲᠤ ᠵᠢᠨ ᠴᠣᠭᠴᠠ》 ᠶ᠋ᠢ ᠪᠣᠢ ᠪᠣᠯᠭᠠᠵᠤ ᠂ ᠠᠮᠢ ᠠᠬᠤᠢ ᠵᠢᠨ ᠮᠠᠶᠢᠭ ᠤ᠋ᠨ ᠦᠢᠯᠡᠳᠪᠦᠷᠢ ᠵᠢ ᠪᠠᠢᠭᠤᠯᠬᠤ ᠬᠥᠭᠵᠢᠯᠲᠡ ᠵᠢᠨ ᠬᠠᠷᠠᠯᠲᠠ ᠵᠢ ᠲᠣᠭᠲᠠᠭᠠᠵᠠᠢ ᠃ 2014 ᠣᠨ ᠡᠴᠡ ᠡᠬᠢᠯᠡᠨ ᠂ ᠨᠡᠢᠲᠡ 50 ᠳ᠋ᠦᠩᠰᠢᠭᠤᠷ ᠲᠥᠭᠥᠷᠢᠭ ᠤ᠋ᠨ ᠪᠡᠯᠡ ᠣᠷᠣᠭᠤᠯᠵᠤ ᠂ ᠰᠢᠲᠠᠭᠠᠨ ᠪᠠᠷᠢᠯᠳᠤᠭᠤᠯᠬᠤ ᠂ ᠲᠡᠮᠦᠷ ᠬᠠᠢᠯᠤᠭᠤᠯᠬᠤ ᠂ ᠪᠣᠯᠣᠳ ᠬᠠᠢᠯᠤᠭᠤᠯᠬᠤ ᠂ ᠪᠣᠯᠣᠳ ᠬᠡᠪᠰᠢᠭᠦᠯᠬᠦ ᠭᠣᠣᠯ ᠶᠠᠪᠤᠴᠠ ᠳ᠋ᠤ᠌ ᠣᠷᠴᠢᠨ ᠲᠣᠭᠣᠷᠢᠨ ᠤ᠋ ᠬᠠᠮᠠᠭᠠᠯᠠᠯᠲᠠ ᠵᠢ ᠳᠡᠰ ᠳᠡᠪᠰᠢᠭᠦᠯᠤᠨ ᠥᠭᠡᠷᠡᠴᠢᠯᠡᠨ ᠰᠠᠢᠵᠢᠷᠠᠭᠤᠯᠪᠠ ᠃ ᠣᠷᠴᠢᠨ ᠳᠤᠭᠤᠷᠢᠨ ᠤ᠋ ᠬᠠᠮᠠᠭᠠᠯᠠᠯᠲᠠ ᠂ ᠮᠡᠷᠭᠡᠵᠢᠯ ᠤ᠋ᠨ ᠥᠭᠡᠷᠡᠴᠢᠯᠡᠯᠲᠡ ᠳ᠋ᠦ᠍ ᠦᠨᠡᠨ ᠪᠤᠳᠠᠳᠠᠢ ᠪᠡᠷ ᠪᠡᠯᠡ ᠣᠷᠣᠭᠤᠯᠤᠯᠲᠠ ᠬᠢᠵᠦ ᠂ ᠥᠩᠭᠡᠷᠡᠭᠰᠡᠨ ᠤ᠋ 《ᠬᠤᠴᠤᠷᠤᠩᠭᠤᠢ ᠲᠤᠮᠤ ᠬᠠᠷ᠎ᠠ ᠪᠦᠳᠦᠭᠦᠯᠢᠭ》 ᠪᠠᠢᠭᠰᠠᠨ ᠱᠣᠰᠢᠭ᠎ᠠ ᠵᠢ ᠲᠠᠶᠠᠭᠳᠠᠨ 《ᠪᠣᠬᠢᠷᠳᠤᠯ ᠦᠭᠡᠢ ᠪᠤᠯᠤᠳ ᠲᠡᠮᠦᠷ ᠤ᠋ᠨ ᠦᠢᠯᠡᠳᠪᠦᠷᠢ》 ᠪᠣᠯᠭᠠᠨ ᠬᠤᠪᠢᠷᠠᠭᠤᠯᠵᠤ ᠂ ᠤᠷᠴᠢᠨ ᠳᠤᠭᠤᠷᠢᠨ ᠤ᠋ ᠦᠷ᠎ᠡ ᠠᠰᠢᠭ ᠪᠣᠯᠤᠨ ᠠᠵᠤ ᠠᠬᠤᠢ ᠵᠢᠨ ᠦᠷ᠎ᠡ ᠠᠰᠢᠭ ᠢ᠋ ᠵᠡᠷᠭᠡ ᠪᠡᠷ ᠳᠡᠭᠡᠭᠰᠢᠯᠡᠭᠦᠯᠪᠡ ᠃

《ᠣᠳᠣᠬᠠᠨ ᠳ᠋ᠤ᠌ ᠂ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠴᠠᠬᠢᠯᠭᠠᠨ ᠪᠠ ᠡᠨᠧᠷᠭᠢ ᠵᠢᠨ ᠬᠣᠷᠣᠭᠳᠠᠯ ᠨᠢ 2015 ᠣᠨ ᠤ᠋ ᠬᠢ ᠳᠠᠢ ᠬᠠᠷᠢᠴᠠᠭᠤᠯᠪᠠᠯ ᠲᠤᠰ ᠲᠤᠰ 24% ᠪᠠ 8% ᠪᠠᠭᠤᠷᠠᠵᠤ ᠂ ᠤᠰᠤᠨ ᠤ᠋ ᠬᠣᠷᠣᠭᠳᠠᠯ ᠨᠢ 2018 ᠣᠨ ᠤ᠋ ᠬᠢ ᠲᠡᠢ ᠬᠠᠷᠢᠴᠠᠭᠤᠯᠪᠠᠯ 17% ᠪᠠᠷ ᠪᠠᠭᠤᠷᠠᠵᠤ ᠂ ᠬᠦᠬᠦᠷ ᠤ᠋ᠨ ᠳᠠᠪᠬᠤᠷ ᠢᠰᠦᠯ ᠂ ᠠᠽᠣᠲ ᠤ᠋ᠨ ᠢᠰᠦᠯ ᠂ ᠮᠥᠬᠥᠯᠢᠭᠲᠦ ᠪᠣᠳᠠᠰ ᠭᠠᠳᠠᠭᠰᠢᠯᠠᠭᠤᠯᠬᠤ ᠬᠡᠮᠵᠢᠶ᠎ᠡ ᠨᠢ ᠴᠥᠮ ᠤᠯᠤᠰ ᠤ᠋ᠨ ᠪᠠᠷᠢᠮᠵᠢᠶ᠎ᠠ ᠳ᠋ᠤ᠌ ᠬᠦᠷᠦᠭᠰᠡᠨ ᠪᠠᠢᠨ᠎ᠠ》 ᠭᠡᠵᠤ ᠵᠢᠩ ᠶᠧ ᠪᠦᠯᠦᠭᠯᠡᠯ ᠤ᠋ᠨ ᠳᠡᠳ᠋ ᠶᠡᠷᠦᠩᠬᠡᠢ ᠳᠠᠭᠠᠭᠠᠮᠠᠯ ᠪᠦᠭᠡᠳ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠶᠡᠷᠦᠩᠬᠡᠢ ᠳᠠᠭᠠᠭᠠᠮᠠᠯ ᠤ᠋ᠨ ᠳᠤᠰᠢᠶᠠᠯ ᠢ᠋ ᠬᠠᠪᠰᠤᠷᠭᠠᠵᠤ ᠶᠠᠪᠤᠭ᠎ᠠ ᠱᠢ ᠡᠯ ᠮᠢᠩ ᠬᠡᠯᠡᠯ᠎ᠠ ᠃ ᠲᠠᠷᠠ᠂ ᠣᠷᠴᠢᠨ ᠲᠣᠭᠣᠷᠢᠨ ᠤ᠋ ᠬᠠᠮᠠᠭᠠᠯᠠᠯᠲᠠ ᠵᠢᠨ ᠮᠡᠷᠭᠡᠵᠢᠯ ᠤ᠋ᠨ ᠥᠭᠡᠷᠡᠴᠢᠯᠡᠯᠲᠡ ᠨᠢ ᠠᠵᠤ ᠠᠬᠤᠢᠯᠠᠯ ᠤ᠋ᠨ ᠥᠷᠢᠰᠥᠯᠳᠦᠬᠦ ᠬᠦᠴᠦᠨ ᠢ᠋ ᠳᠡᠭᠡᠭᠰᠢᠯᠡᠭᠦᠯᠦᠭᠰᠡᠨ ᠵᠢᠡᠷ ᠪᠠᠷᠠᠬᠤ ᠦᠭᠡᠢ ᠪᠠᠰᠠ ᠠᠵᠤ ᠠᠬᠤᠢᠯᠠᠯ ᠤ᠋ᠨ ᠣᠷᠣᠰᠢᠨ ᠲᠣᠭᠲᠠᠨᠢᠬᠤ ᠣᠷᠣᠨ ᠵᠠᠢ ᠵᠢ ᠥᠷᠭᠡᠳᠬᠡᠵᠦ ᠂ 2022 ᠣᠨ ᠳ᠋ᠤ᠌ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠵᠢᠨ ᠠᠵᠤ ᠦᠢᠯᠡᠳᠪᠦᠷᠢ ᠵᠢᠨ ᠶᠡᠷᠦᠩᠬᠡᠢ ᠦᠢᠯᠡᠳᠬᠦᠨ ᠤ᠋ ᠥᠷᠲᠡᠭ ᠨᠢ 66.3 ᠳ᠋ᠦᠩᠰᠢᠭᠤᠷ ᠲᠥᠭᠥᠷᠢᠭ ᠲᠦ᠍ ᠬᠦᠷᠴᠦ ᠂ 1.3 ᠲᠦᠮᠡᠨ ᠬᠥᠮᠦᠨ ᠳ᠋ᠦ᠍ ᠰᠢᠭᠤᠳ ᠪᠤᠶᠤ ᠳᠠᠮ ᠵᠢᠠᠷ ᠠᠵᠢᠯ ᠣᠯᠭᠣᠭᠰᠠᠨ ᠪᠠᠢᠨ᠎ᠠ ᠃ 2020 ᠣᠨ ᠡᠴᠡ 2022 ᠣᠨ ᠤ᠋ ᠬᠣᠭᠣᠷᠣᠨᠳᠣ ᠂ ᠤᠯᠠᠭᠠᠨᠬᠤᠲᠠ ᠵᠢᠨ ᠪᠣᠯᠣᠳ ᠲᠡᠮᠦᠷ ᠤ᠋ᠨ ᠬᠢᠵᠠᠭᠠᠷᠳᠤ ᠺᠣᠮᠫᠠᠨᠢ ᠭᠤᠷᠪᠠᠨ ᠵᠢᠯ ᠳᠠᠷᠠᠭᠠᠯᠠᠨ 《ᠥᠪᠥᠷ ᠮᠣᠩᠭᠣᠯ ᠤ᠋ᠨ ᠠᠷᠠᠳ ᠤ᠋ᠨ ᠡᠵᠡᠩᠨᠡᠯᠳᠡ ᠵᠢᠨ ᠠᠵᠤ ᠠᠬᠤᠢᠯᠠᠯ ᠤ᠋ᠨ 100 ᠬᠦᠴᠦᠷᠬᠡᠭ》 ᠤ᠋ᠨ ᠠᠯᠳᠠᠷ ᠢ᠋ ᠬᠦᠷᠲᠡᠵᠦ ᠂ ᠣᠢᠷ᠎ᠠ ᠳ᠋ᠤ᠌ 《ᠤᠯᠤᠰ ᠤ᠋ᠨ ᠳᠡᠭᠡᠳᠦ ᠰᠢᠨ᠎ᠡ ᠮᠡᠷᠭᠡᠵᠢᠯ ᠤ᠋ᠨ ᠠᠵᠤ ᠠᠬᠤᠢᠯᠠᠯ》 ᠤ᠋ᠨ ᠴᠣᠯᠠ ᠵᠢ ᠬᠦᠷᠳᠡᠵᠡᠢ ᠭᠡᠵᠤ ᠲᠠᠨᠢᠯᠴᠠᠭᠤᠯᠵᠤ ᠭᠠᠷᠤᠯ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面