2023-01-23 12:07:47
ᠡᠪᠦᠯ᠎ᠤᠨ ᠬᠦᠢᠲᠡᠨ ᠰᠠᠯᠬᠢ ᠬᠠᠴᠠᠷ ᠨᠢᠭᠤᠷ᠎ᠢ ᠬᠠᠭᠠᠷᠢᠵᠤ᠂ ᠬᠡᠭᠡᠷ᠎ᠡ ᠲᠠᠯ᠎ᠠ ᠡᠯᠦᠶ ᠬᠤᠯᠤᠶ᠃ ᠤᠯᠠᠭᠠᠨᠬᠠᠳᠠ ᠬᠤᠳᠠ᠎ᠶ᠋ᠢᠨ ᠬᠤᠩᠱᠠᠨ ᠲᠣᠭᠣᠷᠢᠭ᠎ᠤᠨ ᠬᠤᠩ ᠮᠢᠶᠣᠣ ᠽᠢ ᠪᠠᠯᠭᠠᠰᠤᠨ᠎ᠤ ᠳ᠋ᠦᠩ ᠨᠠᠨ ᠶᠢᠩᠽᠢ ᠲᠣᠰᠭᠣᠨ᠎ᠳᠤ ᠪᠠᠢᠭ᠎ᠠ ᠤᠯᠠᠭᠠᠨᠬᠠᠳᠠ᠎ᠶ᠋ᠢᠨ ᠬᠤᠩ ᠰᠢ ᠢᠳᠡᠰᠢᠨ ᠮᠦᠬᠦ᠌ᠲᠠᠷᠢᠬᠤ ᠲᠠᠷᠢᠶᠠᠴᠢᠨ᠎ᠤ ᠲᠤᠰᠭᠠᠢ ᠬᠤᠷᠱᠢᠶᠠᠨ ᠳ᠋ᠤ ᠬᠠᠷᠢᠨ ᠬᠦᠷ ᠬᠦᠭᠵᠢᠶᠡᠨ ᠵᠢᠡᠷ ᠪᠢᠯᠬᠠᠨ᠂ ᠬᠦᠮᠦᠰ ᠶᠠᠭᠠᠷᠠᠯᠲᠠᠢ ᠠᠵᠢᠯᠯᠠᠵᠠᠭᠠᠨ᠎ᠠ᠃
《ᠣᠳᠣ ᠤᠮᠠᠷᠠᠲᠤ᠎ᠶ᠋ᠢᠨ ᠬᠣᠷᠣᠬᠠᠶ ᠡᠪᠡᠰᠦ ᠬᠤᠷᠢᠶᠠᠬᠤ ᠬᠤᠶᠠᠳᠡᠬᠢ ᠤᠯᠠᠷᠢᠯ ᠪᠣᠯᠵᠤ᠂ ᠡᠨᠡ ᠬᠡᠳᠦᠨ ᠡᠳᠦᠷ ᠶᠠᠭ ᠰᠠᠢᠬᠠᠨ ᠲᠡᠭᠦᠵᠦ᠍᠂ ᠬᠠᠳᠠᠭᠠᠵᠤ᠂ ᠪᠣᠭᠣᠳᠠᠯᠯᠠᠵᠤ ᠪᠤᠢ᠃ ᠬᠤᠷᠱᠢᠶᠠᠨ᠎ᠤ ᠠᠵᠢᠯᠴᠢᠨ ᠶᠠᠭᠠᠷᠠᠭᠠᠳ ᠵᠠᠪᠳᠤᠬᠤ ᠦᠭᠡᠢ ᠦᠶ᠎ᠡ ᠳ᠋ᠤ ᠪᠢᠳᠡᠨ᠎ᠢ ᠬᠥᠯᠥᠰᠥᠯᠡᠳᠡᠭ᠂ ᠡᠪᠦᠯ᠎ᠤᠨ ᠰᠡᠯᠡᠭᠦᠦ ᠴᠠᠭ᠎ᠲᠤ ᠪᠠᠭ᠎ᠠ ᠰᠠᠭ᠎ᠠ ᠵᠣᠭᠣᠰ ᠣᠯᠵᠤ ᠭᠡᠷ᠎ᠦᠨ ᠵᠠᠷᠤᠳᠠᠯ᠎ᠢᠶᠠᠨ ᠨᠥᠬᠥᠪᠥᠷᠢᠯᠡᠬᠦ ᠨᠢ ᠪᠠᠰᠠ ᠶᠡᠬᠡ ᠰᠠᠢᠨ ᠪᠠᠢᠨ᠎ᠠ》 ᠭᠡᠵᠦ᠍ ᠬᠤᠷᠰᠢᠶᠠᠨ ᠳ᠋ᠤ ᠠᠵᠢᠯᠯᠠᠵᠤ ᠪᠠᠢᠭᠰᠠᠨ ᠲᠣᠰᠭᠣᠨ᠎ᠤ ᠠᠷᠠᠳ ᠸᠠᠩ ᠱᠢᠶᠤᠤ ᠵᠢᠤᠸᠠᠨ ᠠᠵᠢᠯᠯᠠᠬᠤ ᠶ᠋ᠢᠨ ᠵᠠᠪᠰᠠᠷ ᠶᠠᠷᠢᠨ᠎ᠠ᠃
ᠬᠦᠯᠡᠮᠵᠢ ᠵᠢᠨ ᠳᠣᠲᠣᠷᠠᠬᠢ ᠮᠥᠷ ᠮᠥᠷ ᠵᠢᠶᠠᠰᠠᠨ ᠳᠡᠭᠡᠷ᠎ᠡ ᠰᠦᠯᠢᠶᠣᠣ ᠫᠧᠩᠰᠡ ᠳᠠᠪᠬᠤᠷᠯᠠᠨ ᠲᠠᠯᠪᠢᠭᠠᠳ᠂ ᠳᠣᠲᠣᠷ᠎ᠠ ᠨᠢ ᠠᠯᠲᠠᠨ ᠱᠢᠷᠭᠠᠯ ᠥᠩᠭᠡᠲᠡᠢ ᠮᠦᠭᠦ ᠵᠢᠨ ᠨᠢᠭᠡ ᠵᠦᠢᠯ ᠪᠤᠯᠬᠤ ᠤᠮᠠᠷᠠᠲᠤ᠎ᠶ᠋ᠢᠨ ᠬᠣᠷᠣᠬᠠᠶ ᠡᠪᠡᠰᠦ ᠤᠷᠭᠤᠵᠤ ᠪᠠᠢᠨ᠎ᠠ᠃ ᠨᠢᠮᠭᠡᠨ ᠰᠦᠯᠢᠶᠣᠣ ᠪᠦᠲᠡᠭᠡᠯᠭᠡ᠎ᠶ᠋ᠢ ᠨᠡᠭᠡᠭᠡᠬᠦ᠌᠎ᠳᠦ ᠰᠠᠪᠬ᠎ᠠ ᠰᠢᠭ᠋ ᠪᠦᠳᠦᠭᠦᠨ 6 ᠡᠴᠡ 10 ᠰᠠᠨᠲ᠋ᠢᠮᠧᠲ᠋ᠷ ᠤᠷᠳᠤ ᠤᠮᠠᠷᠠᠲᠤ᠎ᠶ᠋ᠢᠨ ᠬᠣᠷᠣᠬᠠᠶ ᠡᠪᠡᠰᠦ ᠰᠦᠨ ᠴᠠᠭᠠᠨ ᠥᠩᠭᠡᠲᠡᠶ ᠪᠤᠢᠵᠢᠭᠤᠯᠤᠭᠴᠢ ᠳᠡᠭᠡᠷ᠎ᠡ ᠶᠠᠭ ᠯᠠ ᠠᠯᠲᠠᠨ ᠤᠲᠠᠰᠤ ᠱᠢᠭ᠋ ᠤᠷᠭᠤᠵᠤ ᠪᠠᠢᠨ᠎ᠠ᠃ ᠬᠠᠲᠠᠭᠠᠭᠰᠠᠨ ᠤᠮᠠᠷᠠᠲᠤ᠎ᠶ᠋ᠢᠨ ᠬᠣᠷᠣᠬᠠᠶ ᠡᠪᠡᠰᠦ ᠵᠢ ᠠᠵᠢᠯᠴᠢᠳ ᠰᠦᠯᠢᠶᠣᠣ ᠤᠭᠤᠲᠠᠨ᠎ᠳᠤ ᠬᠢᠵᠦ ᠲᠡᠷᠢ ᠲᠡᠭ᠌ᠰᠢ ᠪᠢᠲᠡᠭᠦᠮᠵᠢᠯᠡᠨ᠂ ᠪᠦᠬᠦ᠌ ᠤᠯᠤᠰ᠎ᠤᠨ ᠡᠯ᠎ᠡ ᠭᠠᠵᠠᠷ᠎ᠤᠨ ᠠᠷᠠᠯᠵᠢᠶᠠᠴᠢᠳᠢ ᠬᠦᠯᠢᠶᠡᠨ᠎ᠡ᠃
《2022 ᠣᠨ᠎ᠳᠤ ᠮᠠᠨ᠎ᠤ ᠬᠣᠷᠱᠢᠶ᠎ᠠ ᠳ᠋ᠦᠩ ᠨᠠᠨ ᠶᠢᠩᠽᠢ ᠲᠣᠰᠭᠣᠨ᠎ᠤ ᠤᠮᠠᠷᠠᠲᠤ᠎ᠶ᠋ᠢᠨ ᠬᠣᠷᠣᠬᠠᠶ ᠡᠪᠡᠰᠦ ᠳᠠᠷᠢᠵᠤ ᠪᠠᠢᠭ᠎ᠠ 9 ᠡᠷᠦᠬᠡ᠎ᠲᠡᠶ ᠬᠠᠮᠲᠤᠷᠠᠨ ᠠᠵᠢᠯᠯᠠᠵᠤ᠂ ᠬᠣᠷᠱᠢᠶᠠᠨᠠᠴᠠ ᠮᠡᠷᠭᠡᠵᠢᠯ᠎ᠦᠨ ᠵᠢᠯᠣᠭᠣᠳᠣᠯᠭ᠎ᠠ᠂ ᠬᠠᠮᠢᠶᠠᠷᠤᠯᠲᠠ ᠪᠠ ᠪᠣᠷᠣᠯᠠᠭᠤᠯᠭ᠎ᠠ᠎ᠶ᠋ᠢ ᠬᠠᠷᠢᠭᠤᠴᠠᠵᠠᠢ᠃ ᠬᠣᠶᠠᠳᠠᠬᠢ ᠤᠳᠠᠭ᠎ᠠ ᠲᠡᠭᠦᠵᠦ᠍ ᠬᠤᠷᠢᠶᠠᠬᠤ᠎ᠳᠠᠭᠠᠨ 17 ᠲᠤᠰᠬᠤᠨ᠎ᠤ ᠠᠷᠠᠳ᠎ᠢ ᠬᠦᠯᠦᠰᠦᠯᠡᠨ ᠵᠠᠷᠤᠵᠤ᠂ ᠲᠣᠭ᠍ᠲᠠᠭ᠍ᠰᠠᠨ ᠬᠤᠭᠤᠴᠠᠭᠠᠨ᠎ᠳᠤ ᠲᠡᠭᠦᠵᠦ ᠬᠤᠷᠢᠶᠠᠵᠤ ᠳᠡᠢᠯᠦᠭᠰᠡᠨ ᠪᠦᠭᠡᠳ ᠲᠣᠰᠭᠣᠨ᠎ᠤ ᠠᠷᠠᠳ ᠲᠤ᠌ ᠡᠪᠦᠯ᠎ᠦᠨ ᠰᠡᠯᠡᠭᠦᠦ ᠴᠠᠭ᠎ᠲᠤ ᠵᠣᠬᠢᠬᠤ ᠬᠡᠮᠵᠢᠶᠡᠨ᠎ᠦ ᠠᠵᠤ ᠠᠬᠤᠢ᠎ᠶ᠋ᠢᠨ ᠣᠷᠣᠯᠭᠠᠤᠯᠭᠤᠪᠠ》 ᠭᠡᠵᠦ᠍ ᠤᠯᠠᠭᠠᠨᠬᠠᠳᠠ᠎ᠶ᠋ᠢᠨ ᠬᠣᠩ ᠰᠢ ᠢᠳᠡᠰᠢᠨ ᠮᠥᠭᠥᠲᠠᠷᠢᠬᠤ ᠲᠠᠷᠢᠶᠠᠴᠢᠨ᠎ᠤ ᠲᠤᠰᠭᠠᠢ ᠬᠤᠷᠱᠢᠶ᠎ᠠ᠎ᠶ᠋ᠢᠨ ᠬᠡᠷᠡᠭ ᠡᠷᠬᠢᠯᠡᠭ᠌ᠴᠢᠳ᠎ᠦᠨ ᠳᠠᠷᠤᠭ᠎ᠠ ᠵᠠᠩ ᠵᠢᠶᠠᠨ ᠭᠦᠸᠧ ᠲᠠᠨᠢᠯᠴᠠᠭᠤᠯᠤᠨ᠎ᠠ᠃
ᠲᠠᠷᠢᠶᠠᠴᠢᠳ᠎ᠤᠨ ᠣᠷᠣᠯᠭ᠎ᠠ᠎ᠶ᠋ᠢ ᠨᠡᠮᠡᠭ᠌ᠳᠡᠭᠦᠯᠬᠦ᠌᠎ᠶ᠋ᠢᠨ ᠲᠥᠯᠥᠭᠡ᠂ ᠳ᠋ᠦᠩ ᠨᠠᠨ ᠶᠢᠩᠽᠢ ᠲᠣᠰᠭᠣᠨ ᠬᠦᠷᠢᠶᠡᠨ ᠬᠠᠰᠢᠶᠠᠨᠦ ᠠᠵᠤ ᠠᠬᠤᠢ᠎ᠶ᠋ᠢ ᠬᠥᠭ᠌ᠵᠢᠭᠦᠯᠵᠦ᠍᠂ ᠲᠠᠷᠢᠶᠠᠴᠢᠨ ᠡᠷᠦᠬᠡ᠎ᠶ᠋ᠢᠨ ᠰᠤᠯᠠ ᠪᠠᠢᠬᠤ ᠬᠦᠷᠢᠶ᠎ᠡ ᠬᠠᠱᠢᠶ᠎ᠠ ᠪᠤᠶᠤ ᠭᠡᠷ᠎ᠦᠨ ᠬᠠᠪᠢ ᠵᠢᠨ ᠬᠣᠭᠣᠰᠣᠨ ᠭᠠᠵᠠᠷ᠎ᠢ ᠠᠱᠢᠭ᠍ᠯᠠᠨ ᠤᠮᠠᠷᠠᠲᠤ᠎ᠶ᠋ᠢᠨ ᠬᠣᠷᠣᠬᠠᠢ ᠡᠪᠡᠰᠦ ᠲᠠᠷᠢᠵᠦ᠍ ᠪᠣᠢᠵᠢᠭᠤᠯᠬᠤ᠎ᠶ᠋ᠢ ᠬᠥᠭ᠌ᠵᠢᠭᠦᠯᠵᠡᠢ᠃ ᠳᠡᠭᠡᠳᠦ ᠱᠠᠲᠤᠨ᠎ᠤ ᠪᠠᠯᠠ ᠮᠥᠩᠭᠥ᠌ ᠵᠢ ᠭᠤᠶᠤᠴᠢᠯᠠᠨ ᠤᠯᠬᠤ᠂ ᠲᠠᠷᠢᠶᠠᠴᠢᠨ ᠡᠷᠦᠬᠡ᠎ᠶ᠋ᠢᠨ ᠥᠪᠡᠰᠦᠪᠡᠨ ᠴᠤᠭ᠍ᠯᠠᠭᠤᠯᠬᠤ ᠪᠠ ᠨᠡᠢᠭᠡᠮ᠎ᠡᠴᠡ ᠬᠠᠨᠳᠢᠪᠯᠠᠬᠤ ᠠᠷᠭ᠎ᠠ ᠮᠠᠶᠢᠭ᠎ᠢᠶᠠᠷ ᠳᠡᠮᠵᠢᠨ᠂ ᠨᠡᠢᠲᠡ 37 ᠲᠦᠮᠡᠨ ᠲᠥᠭᠥᠷᠢᠭ᠎ᠦᠨ ᠪᠠᠯᠠ ᠮᠥᠩᠭᠥ᠌ ᠴᠤᠭ᠍ᠯᠠᠭᠤᠯᠵᠤ᠂ 1 ᠵᠢᠱ᠌ᠢᠶ᠎ᠡ ᠦᠵᠡᠭᠦᠯᠬᠦ᠌ ᠰᠠᠭᠤᠷᠢᠨ ᠪᠠᠢᠭᠤᠯᠤᠨ᠂ 12 ᠵᠢᠱ᠌ᠢᠶ᠎ᠡ ᠦᠵᠡᠭᠦᠯᠬᠦ᠌ ᠡᠷᠦᠬᠡ᠎ᠵᠢ ᠬᠥᠭ᠌ᠵᠢᠭᠦᠯᠵᠦ᠍᠂ ᠨᠡᠢᠲᠡ 4 ᠲᠦᠮᠡᠨ ᠫᠧᠩᠰᠡ ᠳᠠᠷᠢᠵᠤ᠂ ᠡᠷᠦᠬᠡ ᠳᠤᠮᠳᠠᠴᠢ ᠵᠢᠨ ᠣᠷᠣᠯᠭ᠎ᠠ᠎ᠵᠢ 2000 ᠲᠥᠭᠥᠷᠢᠭᠨᠡᠮᠡᠭᠳᠡᠭᠦᠯᠪᠡ᠃ ᠡᠭᠦᠨ᠎ᠦ ᠬᠠᠮᠲᠤ 10 ᠬᠦᠮᠦᠨ ᠳ᠋ᠤ ᠠᠵᠢᠯ ᠤᠯᠭᠤᠵᠤ᠂ ᠲᠣᠰᠭᠣᠨ᠎ᠤ ᠠᠷᠠᠳ᠎ᠤᠨ ᠤᠢ᠍ᠢᠷ᠎ᠠ ᠬᠠᠪᠢ᠎ᠳᠠᠭᠠᠨ ᠠᠵᠢᠯ ᠤᠯᠬᠤ᠎ᠶ᠋ᠢ ᠪᠡᠶᠡᠯᠡᠭᠦᠯᠵᠡᠢ᠃
《ᠣᠳᠣᠬᠠᠨ᠎ᠳᠤ ᠲᠣᠰᠭᠣᠨ᠎ᠠᠴᠠ ᠣᠷᠣᠭᠤᠯᠤᠭ᠍ᠰᠠᠨ ᠤᠮᠠᠷᠠᠲᠤ᠎ᠶ᠋ᠢᠨ ᠬᠣᠷᠣᠬᠠᠶ ᠡᠪᠡᠰᠦᠨ᠎ᠦ ᠲᠦᠷᠦᠯ ᠵᠦᠢᠯ ᠨᠢᠭᠡᠨᠲᠡ ᠠᠩᠬ᠎ᠠ ᠠᠯᠬᠤᠮ᠎ᠤᠨ ᠦᠷ᠎ᠡ ᠪᠦᠲᠦᠮᠵᠢ ᠣᠯᠵᠤ᠂ ᠡᠨᠡ ᠤᠳᠠᠭ᠎ᠠ ᠨᠡᠢᠲᠡ 2 ᠲᠦᠮᠡᠨ ᠫᠧᠩᠰᠡ ᠬᠣᠷᠣᠬᠠᠶ ᠡᠪᠡᠰᠦ ᠬᠤᠷᠢᠶᠠᠵᠤ᠂ ᠪᠣᠷᠣᠯᠠᠭᠤᠯᠭᠠᠪᠠᠷᠤᠭ 10 ᠲᠦᠮᠡᠨ ᠲᠥᠭᠥᠷᠢᠭ᠎ᠲᠦ ᠬᠦᠷᠴᠦ᠍᠂ ᠡᠷᠦᠬᠡ ᠳᠤᠮᠳᠠᠴᠢ᠎ᠪᠠᠷ 6000 ᠲᠥᠭᠥᠷᠢᠭ ᠨᠡᠮᠡᠭ᠌ᠳᠡᠬᠦ᠌ ᠪᠣᠯᠤᠨ᠎ᠠ》 ᠭᠡᠵᠦ ᠤᠮᠠᠷᠠᠲᠤ᠎ᠶ᠋ᠢᠨ ᠬᠣᠷᠣᠬᠠᠶ ᠡᠪᠡᠰᠦᠨ᠎ᠦ ᠠᠵᠤ ᠦᠢᠯᠡᠰ᠎ᠤᠨ ᠲᠤᠬᠠᠢ ᠬᠡᠯᠡᠭᠦ᠎ᠳᠤ ᠳ᠋ᠦᠩ ᠨᠠᠨ ᠶᠢᠩᠽᠢ ᠲᠣᠰᠭᠣᠨ᠎ᠤ ᠲᠣᠰᠭᠣᠨ᠎ᠳᠤ ᠰᠠᠭᠤᠭ᠎ᠠ ᠨᠢᠭᠡᠳᠦᠭᠡᠷ ᠱᠦᠵᠢ᠂ ᠠᠵᠢᠯᠯᠠᠬᠤ ᠠᠩᠭᠢ᠎ᠶ᠋ᠢᠨ ᠳᠠᠷᠤᠭ᠎ᠠ ᠭᠸᠩ ᠵᠢᠶᠦ᠋ᠨ ᠰᠢ ᠪᠠᠶᠠᠷᠯᠠᠬᠰᠠᠨ ᠰᠡᠳᠭᠢᠯ ᠵᠢᠡᠨ ᠳᠠᠷᠤᠵᠤ ᠶᠠᠳᠠᠨ᠎ᠠ᠃ 《ᠲᠤᠰ ᠲᠦᠷᠦᠯ ᠵᠦᠢᠯ᠎ᠢ ᠵᠠᠰᠠᠭ᠎ᠤᠨ ᠣᠷᠳᠣᠨ ᠬᠦᠳᠦᠯᠦᠨ ᠵᠢᠯᠣᠭᠣᠳᠴᠤ᠌᠂ ᠲᠣᠰᠭᠣᠨᠭᠣᠣᠯᠯᠠᠨ ᠤᠳᠤᠷᠢᠳᠴᠤ᠌᠂ ᠬᠤᠷᠱᠢᠶ᠎ᠠ ᠮᠡᠷᠭᠡᠵᠢᠯ᠎ᠦᠨ ᠳᠡᠮᠵᠢᠯᠭᠡ ᠬᠠᠩᠭᠠᠵᠤ᠂ ᠲᠠᠷᠢᠶᠠᠴᠢᠨ ᠡᠷᠦᠬᠡ ᠡᠵᠡᠩᠨᠡᠵᠦ᠍᠂ ᠡᠴᠦᠰ ᠲᠦ᠍ ᠠᠵᠤ ᠠᠬᠤᠢᠯᠠᠯᠬᠤᠷᠢᠶᠠᠨ ᠠᠪᠤᠨ᠎ᠠ᠂ ᠪᠦᠬᠦᠢᠯᠡ ᠶᠠᠪᠤᠴᠠ᠎ᠳᠤ ᠮᠠᠨ᠎ᠤ ᠲᠠᠷᠢᠶᠠᠴᠢᠨ ᠡᠷᠦᠬᠡ ᠬᠠᠮᠤᠭ᠎ᠤᠨ ᠪᠠᠭ᠎ᠠ ᠲᠦᠭ᠌ᠰᠢᠭᠦᠷᠢ᠎ᠶ᠋ᠢ ᠡᠭᠦᠷᠭᠡᠯᠡᠵᠦ᠍᠂ ᠲᠤᠨᠤᠭ ᠲᠥᠬᠥᠭᠡᠷᠦᠮᠵᠢ᠎ᠶ᠋ᠢ ᠴᠥᠮ ᠵᠠᠰᠠᠭ᠎ᠤᠨ ᠣᠷᠳᠣᠨ ᠬᠠᠩᠭᠠᠵᠤ᠂ ᠰᠦᠢᠳᠭᠡᠯ ᠬᠤᠷᠢᠶᠠᠬᠤ ᠦᠭᠡᠢ᠎ᠪᠡᠷ ᠬᠡᠷᠡᠭ᠌ᠯᠡᠵᠦ ᠪᠤᠯᠤᠨ᠎ᠠ》 ᠭᠡᠵᠦ ᠭᠸᠩ ᠵᠢᠶᠦ᠋ᠨ ᠰᠢ ᠲᠠᠨᠢᠯᠴᠠᠭᠤᠯᠪᠠ᠃
ᠠᠯᠲᠠᠨ ᠱᠢᠷᠭᠠᠯ ᠦᠩᠭᠡ᠎ᠲᠠᠢ ᠤᠮᠠᠷᠠᠲᠤ᠎ᠶ᠋ᠢᠨ ᠬᠣᠷᠣᠬᠠᠶ ᠡᠪᠡᠰᠦ ᠡᠪᠦᠯ᠎ᠦᠨ ᠰᠡᠯᠡᠭᠦᠦ ᠴᠠᠭ ᠲᠦ᠍ ᠳ᠋ᠦᠩ ᠨᠠᠨ ᠶᠢᠩᠽᠢ ᠲᠣᠰᠭᠣᠨ᠎ᠳᠤ ᠠᠮᠢᠵᠢᠷᠠᠯ᠎ᠤᠨ ᠬᠦᠴᠦᠨ᠎ᠢ ᠨᠡᠮᠡᠷᠢᠯᠡᠨ᠂ ᠤᠤᠯ ᠤᠨ 《ᠰᠡᠯᠡᠭᠦᠦ ᠡᠪᠦᠯ》 ᠨᠢ ᠤᠳᠤ 《ᠶᠠᠭᠠᠷᠠᠤ ᠡᠪᠦᠯ》 ᠪᠤᠯᠵᠤ ᠬᠤᠪᠢᠷᠠᠵᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃