2023-01-21 10:24:09
ᠬᠣᠷᠱᠢᠶ᠎ᠠ ᠠᠱᠢᠭ ᠬᠤᠪᠢᠶᠠᠯ᠎ᠠ ! 1 ᠰᠠᠷ᠎ᠠ ᠢ᠋ᠢᠨ 12 ᠤᠨ ᠦᠳᠡ ᠢ᠋ᠢᠨ ᠬᠣᠢᠨ᠎ᠠ᠂ ᠤᠷᠠᠳ ᠤ᠋ᠨ ᠳᠤᠮᠳᠠᠳᠤ ᠬᠣᠱᠢᠭᠤᠨ ᠤ᠋ ᠳᠡᠯ ᠠᠭᠤᠯᠠ ᠪᠠᠯᠭᠠᠰᠤᠨ ᠤ᠋ ᠰᠧ ᠢ ᠲᠠᠩ ᠲᠣᠰᠭᠣᠨ ᠤ᠋ ᠠᠷᠠᠳ ᠤ᠋ᠨ ᠵᠥᠪᠯᠡᠯ᠎ᠦᠨ ᠬᠦᠷᠢᠶ᠎ᠠ ᠪᠠᠶᠠᠷ ᠬᠦᠷ ᠢ᠋ᠢᠡᠷ ᠪᠢᠯᠬᠠᠨ᠎ᠠ᠃ ᠬᠦᠷᠢᠶᠡᠨ ᠳᠣᠲᠣᠷᠠᠬᠢ ᠣᠷᠳᠣ ᠱᠢᠷᠡᠭᠡᠨ ᠳᠡᠭᠡᠷ᠎ᠡ ᠪᠡᠯᠡᠨ ᠵᠣᠭᠣᠰ᠎ᠢ ᠪᠠᠭᠯᠠᠭ᠎ᠠ ᠪᠠᠭᠯᠠᠭ᠎ᠠ ᠪᠠᠷ ᠲᠡᠷᠢ ᠲᠡᠭ᠌ᠰᠢ ᠲᠠᠯᠪᠢᠵᠤ᠂ ᠵᠥᠩ ᠶᠤᠸᠠᠢ ᠲᠠᠷᠢᠶᠠᠯᠠᠩ ᠮᠠᠯ ᠠᠵᠤ ᠠᠬᠤᠶ ᠢ᠋ᠢᠨ ᠲᠤᠰᠭᠠᠶ ᠬᠣᠷᠱᠢᠶ᠎ᠠ ᠬᠤᠪᠢ ᠣᠷᠣᠭᠤᠯᠤᠭ᠍ᠰᠠᠨ 290 ᠲᠣᠰᠭᠣᠨ ᠤ᠋ ᠠᠷᠠᠳ᠎ᠲᠠᠭᠠᠨ ᠠᠱᠢᠭ ᠬᠤᠪᠢᠶᠠᠨ᠎ᠠ᠃
ᠬᠡᠳᠦᠢᠪᠡᠷ ᠬᠠᠬᠢᠷ ᠬᠦᠢᠲᠡᠨ ᠡᠪᠤᠯ ᠪᠠᠢᠭᠰᠠᠨ ᠴᠤ᠌ ᠬᠦᠮᠤᠰ ᠤ᠋ᠨ ᠰᠡᠳᠭᠢᠯ᠎ᠳᠤ ᠬᠠᠷᠢᠨ ᠲᠤᠯᠠᠭᠠᠬᠠᠨ ᠪᠠᠢᠨ᠎ᠠ᠃ ᠠᠱᠢᠭ ᠬᠦᠷᠲᠡᠭᠰᠡᠨ ᠲᠣᠰᠭᠣᠨ ᠤ᠋ ᠠᠷᠠᠳ 《ᠲᠤᠮᠤ ᠤᠯᠠᠭᠠᠨ ᠪᠠᠭ᠍ᠯᠠᠭ᠎ᠠ》 ᠲᠠᠢ ᠵᠤᠭᠤᠰ ᠵᠢᠡᠨ ᠤᠷᠮ᠎ᠠ ᠲᠠᠢ ᠲᠤᠭᠠᠯᠠᠵᠤ᠂ ᠴᠢᠷᠠᠢ᠎ᠳᠤᠨᠢ ᠵᠢᠷᠭᠠᠯ ᠤ᠋ᠨ ᠮᠦᠰᠢᠶᠠᠲᠤ ᠲᠤᠳᠤᠷᠠᠨ᠎ᠠ ᠃
《15000 ᠲᠥᠭᠥᠷᠢᠭ᠂ ᠨᠢᠭᠡ ᠮᠥᠩᠭᠥ᠌ ᠴᠦ᠍ ᠲᠤᠲᠠᠭᠰᠠᠨ ᠦᠭᠡᠢ!》 ᠲᠣᠰᠭᠣᠨ ᠤ᠋ ᠠᠷᠠᠳ ᠯᠢ ᠵᠧᠩ ᠷᠦᠩ ᠪᠡᠯᠡᠨ ᠵᠣᠭᠣᠰ᠎ᠢᠶᠠᠨ ᠲᠣᠭᠠᠯᠠᠵᠤ ᠪᠠᠷᠠᠭᠠᠳ ᠪᠠᠶᠠᠷᠲᠠᠶ ᠢᠨᠢᠶᠠᠮᠰᠤᠭ᠌ᠯᠡᠯᠠ᠃ ᠬᠣᠷᠱᠢᠶ᠎ᠠ ᠠᠩᠬ᠎ᠠ ᠪᠠᠢᠭᠤᠯᠤᠭ᠍ᠳᠠᠬᠤ ᠦᠶ᠎ᠡ᠎ᠳᠦ ᠯᠢ ᠵᠧᠩ ᠷᠦᠩ ᠤᠨ ᠭᠠᠷᠭᠠᠭᠰᠠᠨ 3 ᠲᠦᠮᠡᠨ ᠲᠥᠭᠥᠷᠢᠭ᠎ᠢ ᠨᠡᠢᠲᠡ 30 ᠬᠤᠪᠢ ᠪᠠᠷ ᠪᠤᠳᠤᠪᠠ᠃ ᠬᠠᠷᠢᠨ ᠡᠨᠡ ᠤᠳᠠᠭ᠎ᠠ ᠳ᠋ᠤ ᠲᠡᠷᠡ ᠨᠢᠭᠡ ᠬᠤᠪᠢ ᠡᠴᠡ 500 ᠲᠥᠭᠥᠷᠢᠭ ᠣᠯᠤᠨ᠎ᠠ ᠭᠡᠵᠤ ᠪᠤᠳᠤᠵᠤ ᠤᠯᠤᠭᠰᠠᠨ ᠦᠭᠡᠢ ᠪᠠᠢᠯ᠎ᠠ᠃ 《ᠤᠳᠠᠯ ᠦᠭᠡᠢ ᠱᠢᠨᠡᠯᠡᠬᠦ᠌ ᠭᠡᠵᠤ ᠪᠠᠢᠨ᠎ᠠ᠂ ᠶᠤᠰᠤᠲᠠᠢ ᠪᠠᠶᠠᠷ ᠳᠡᠭᠡᠷ᠎ᠠ ᠪᠠᠶᠠᠷ ᠪᠤᠯᠵᠤ ᠪᠠᠢᠨ᠎ᠠ ᠰᠢᠤ !》 ᠭᠡᠵᠦ᠍ ᠯᠢ ᠵᠧᠩ ᠷᠦᠩ ᠬᠡᠯᠡᠨ᠎ᠠ᠃
ᠣᠢᠷ᠎ᠠ ᠢ᠋ᠢᠨ ᠵᠢᠯ᠎ᠳᠦ ᠰᠧ ᠢ ᠲᠠᠩ ᠲᠣᠰᠭᠣᠨ᠎ᠤ ᠬᠢᠨ ᠴᠢ ᠢ ᠲᠠᠩ ᠤᠯᠠᠭᠠᠨ ᠯᠠᠵᠤᠤ ᠢᠳᠡᠭᠡᠨ ᠪᠣᠯᠪᠠᠰᠤᠷᠠᠭᠤᠯᠬᠤ ᠦᠶ᠋ᠯᠡᠳᠪᠦᠷᠢ ᠪᠠᠢᠭᠤᠯᠵᠤ᠂ 2021 ᠣᠨ᠎ᠳᠤ ᠯᠠᠵᠤᠤ ᠲᠠᠷᠢᠭᠠᠳ ᠪᠥᠬᠥ᠌ ᠤᠯᠤᠰ ᠤ᠋ᠨ 《ᠨᠢᠭᠡ ᠲᠣᠰᠭᠣᠨ ᠳ᠋ᠤ ᠨᠢᠭᠡ ᠪᠦᠲᠦᠭᠡᠭᠳᠡᠭᠦᠨ ᠲᠠᠢ ᠪᠠᠢᠬᠤ》 ᠵᠢᠱ᠌ᠢᠶ᠎ᠡ ᠦᠵᠡᠭᠦᠯᠬᠦ᠌ ᠲᠣᠰᠭᠣᠨ ᠪᠠᠯᠭᠠᠰᠤ ᠢ᠋ᠢᠨ ᠢᠷᠠᠭᠤ ᠠᠯᠳᠠᠷ ᠢ᠋ ᠬᠦᠷᠲᠡᠭᠰᠡᠨ ᠶᠤᠮ᠃ ᠯᠠᠵᠤᠤ ᠢ᠋ᠢᠨ ᠠᠵᠤ ᠦᠶ᠋ᠯᠡᠰ᠎ᠢ ᠬᠥᠭ᠌ᠵᠢᠭᠦᠯᠬᠦ᠌ ᠢ᠋ᠢᠨ ᠲᠥᠯᠥᠭᠡ 2022 ᠣᠨ ᠤ᠋ 1 ᠰᠠᠷ᠎ᠠ᠎ᠳᠤ ᠰᠧ ᠢ ᠲᠠᠩ ᠲᠣᠰᠭᠣᠨ ᠤ᠋ ᠨᠠᠮ ᠤ᠋ᠨ ᠡᠭᠦᠷ ᠳᠠᠭᠠᠭᠤᠯᠤᠨ ᠵᠥᠩ ᠶᠤᠸᠠᠢ ᠲᠠᠷᠢᠶᠠᠯᠠᠩ ᠮᠠᠯ ᠠᠵᠤ ᠠᠬᠤᠶ ᠢ᠋ᠢᠨ ᠲᠤᠰᠭᠠᠶ ᠬᠣᠷᠱᠢᠶ᠎ᠠ ᠢ᠋ᠢ ᠪᠠᠢᠭᠤᠯᠵᠤ᠂ 1000 ᠲᠥᠭᠥᠷᠢᠭ᠎ᠢ 1 ᠬᠤᠪᠢ ᠪᠠᠷ ᠪᠤᠳᠤᠵᠤ᠂ 290 ᠲᠣᠰᠭᠣᠨ ᠤ᠋ ᠠᠷᠠᠳ ᠪᠠ 2 ᠬᠠᠮᠲᠤ ᠨᠡᠢᠲᠡ ᠢ᠋ᠢ ᠬᠣᠷᠱᠢᠶᠠᠨᠳᠤ ᠢᠳᠡᠪᠬᠢᠲᠡᠶ ᠤᠷᠤᠯᠴᠠᠭᠤᠯᠵᠤ᠂ ᠬᠤᠪᠢ ᠣᠷᠣᠭᠤᠯᠬᠤ ᠶᠡᠬᠡ ᠬᠤᠷᠠᠯ ᠲᠣᠰ ᠡᠳᠦᠷ ᠲᠡᠭᠡᠨ ᠨᠡᠢᠲᠡ 471.1 ᠲᠦᠮᠡᠨ ᠲᠥᠭᠥᠷᠢᠭ᠎ᠦᠨ ᠪᠠᠯᠠ ᠴᠤᠭᠯᠠᠭᠤᠯᠤᠭᠰᠠᠨ ᠶᠤᠮ᠃ ᠬᠣᠷᠱᠢᠶ᠎ᠠ᠎ᠨᠢ 《ᠬᠣᠷᠱᠢᠶ᠎ᠠ + ᠠᠵᠤ ᠠᠬᠤᠢᠯᠠᠯ + ᠲᠠᠷᠢᠶᠠᠯᠠᠬᠤ ᠡᠷᠦᠬᠡ》 ᠢ᠋ᠢᠨ ᠡᠵᠡᠩᠨᠡᠯᠲᠡ ᠢ᠋ᠢᠨ ᠵᠠᠭ᠍ᠪᠤᠷ᠎ᠢ ᠬᠡᠷᠡᠭᠯᠡᠵᠤ᠂ ᠥᠪᠥᠷ ᠮᠣᠩᠭᠣᠯ ᠤ᠋ᠨ ᠪᠠᠶ ᠵᠢᠶᠤᠤ ᠯᠠᠵᠤᠤ ᠲᠠᠷᠢᠮᠠᠯ ᠤ᠋ᠨ ᠺᠣᠮᠫᠠᠨᠢ᠎ᠲᠠᠶ ᠵᠠᠬᠢᠶᠠᠯᠠᠭ᠎ᠠ ᠢ᠋ᠢᠨ ᠭᠡᠷ᠎ᠠ ᠲᠣᠭ᠍ᠲᠠᠵᠤ᠂ 1000 ᠮᠥ᠍ ᠭᠠᠵᠠᠷ ᠱᠢᠷᠣᠶ ᠢ᠋ᠢ ᠲᠥᠪᠯᠡᠷᠡᠭᠦᠯᠦᠨ ᠱᠢᠯᠵᠢᠭᠦᠯᠵᠦ᠍ ᠯᠠᠵᠤᠤ ᠳᠠᠷᠢᠬᠤ ᠢ᠋ᠢᠨ ᠬᠠᠮᠲᠤ 2000 ᠮᠥ᠍ ᠭᠠᠵᠠᠷ ᠱᠢᠷᠣᠶ ᠢ᠋ᠢ ᠱᠢᠯᠵᠢᠭᠦᠯᠵᠦ᠍ ᠱᠢᠷ᠎ᠠ ᠪᠤᠷᠴᠠᠭ ᠡᠷᠳᠡᠨᠢ ᠱᠢᠰᠢ ᠲᠠᠷᠢᠪᠠ ᠃ ᠨᠢᠭᠡᠳᠦᠯᠲᠡᠶ ᠲᠥᠯᠥᠪᠵᠢᠭᠦᠯᠦᠨ ᠬᠣᠯᠪᠣᠭᠠᠯᠠᠨ ᠬᠠᠮᠢᠶᠠᠷᠴᠤ᠂ ᠵᠢᠯ ᠤᠨ ᠡᠴᠤᠰ ᠲᠦ᠍ ᠬᠣᠷᠱᠢᠶ᠎ᠠ᠎ᠠᠴᠠ ᠬᠤᠪᠢ ᠣᠷᠣᠭᠤᠯᠤᠭ᠍ᠰᠠᠨ ᠲᠣᠰᠭᠣᠨ ᠤ᠋ ᠠᠷᠠᠳ᠎ᠲᠤ 234 . 05 ᠲᠦᠮᠡᠨ ᠲᠥᠭᠥᠷᠢᠭ᠎ᠦᠨ ᠠᠱᠢᠭ ᠬᠤᠪᠢᠶᠠᠷᠢᠯᠠᠬᠤ ᠳᠤ ᠬᠤᠪᠢ ᠪᠦᠷᠢᠳᠦ 500 ᠲᠥᠭᠥᠷᠢᠭ ᠨᠤᠭᠳᠠᠵᠠᠢ ᠃
《ᠨᠢᠳᠤᠨᠤᠨ ᠬᠣᠷᠱᠢᠶ᠎ᠠ ᠪᠠᠢᠭᠤᠯᠬᠤ ᠦᠶ᠎ᠡ᠎ᠳᠦ ᠲᠣᠰᠭᠣᠨ ᠤ᠋ ᠠᠷᠠᠳ ᠮᠠᠰᠢ ᠶᠡᠬᠡ ᠳᠡᠮᠵᠢᠵᠡᠢ᠃ ᠲᠤᠬᠠᠢ ᠢ᠋ᠢᠨ ᠦᠶ᠎ᠡ᠎ᠳᠦ ᠮᠠᠨ ᠤ᠋ ᠲᠣᠰᠭᠣᠨ ᠤ᠋ ᠶᠠᠷᠠᠨ ᠬᠡᠳᠤᠨ ᠨᠠᠰᠤᠲᠠᠢ ᠠᠮᠧᠷᠢᠺᠠ ᠢ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠲᠠᠢᠨ ᠤ᠋ ᠠᠬᠠᠮᠠᠳ ᠴᠡᠷᠢᠭ ᠵᠠᠩ ᠺᠸ ᠯᠢᠶᠠᠩ ᠵᠠᠪᠠᠯ 1000 ᠲᠥᠭᠥᠷᠢᠭ᠎ᠦᠨ ᠪᠡᠯᠡ ᠣᠷᠣᠭᠤᠯᠤᠨ᠎ᠠ ᠭᠡᠪᠡ᠃ ᠬᠡᠳᠦᠢᠪᠡᠷ ᠵᠣᠭᠣᠰ ᠨᠢ ᠠᠷᠪᠢᠨ ᠪᠢᠰᠢ ᠴᠤ᠌ ᠠᠬᠠᠮᠠᠳ ᠨᠠᠮ ᠤ᠋ᠨ ᠭᠡᠱᠢᠭᠦᠨ ᠪᠣᠯᠤᠭ᠍ᠰᠠᠨ ᠤ᠋ ᠬᠤᠪᠢ᠎ᠳᠤ ᠬᠤᠷᠰᠢᠶ᠎ᠠ ᠪᠠᠢᠭᠤᠯᠬᠤ ᠶᠠᠪᠤᠳᠠᠯ ᠢ᠋ ᠮᠠᠰᠢ ᠶᠡᠬᠡ ᠳᠡᠮᠵᠢᠵᠦ᠍ ᠪᠠᠢᠨ᠎ᠠ ᠭᠡᠵᠤ ᠲᠡᠷᠡ ᠨᠠᠰᠤᠲᠠᠨ ᠬᠡᠯᠡᠵᠤ ᠪᠠᠢᠭᠰᠠᠨ ᠶᠤᠮ᠃ ᠣᠯᠠᠨ ᠲᠦᠮᠡᠨ᠎ᠦ ᠬᠦᠷᠢᠶᠡᠯᠡᠯ᠎ᠢ ᠤᠯᠪᠠᠯ ᠮᠠᠨ ᠤ᠋ ᠨᠠᠮ ᠤ᠋ᠨ ᠡᠭᠦᠷ ᠰᠠᠶᠢ ᠬᠣᠷᠱᠢᠶ᠎ᠠ ᠢ᠋ᠢ ᠳᠠᠭᠠᠭᠤᠯᠤᠨ ᠨᠠᠩ ᠢᠲᠡᠭᠡᠯ ᠵᠣᠷᠢᠭᠲᠠᠶ ᠠᠵᠢᠯᠯᠠᠵᠤ ᠴᠢᠳᠠᠨ᠎ᠠ》 ᠭᠡᠵᠤ ᠰᠧ ᠢ ᠲᠠᠩ ᠲᠣᠰᠭᠣᠨ ᠤ᠋ ᠨᠠᠮ ᠤ᠋ᠨ ᠡᠭᠦᠷ᠎ᠦᠨ ᠱᠦᠵᠢ ᠴᠢ ᠶᠤᠸᠠᠢ ᠹᠸᠢ ᠰᠡᠳᠭᠢᠯ ᠳᠣᠭ᠍ᠳᠣᠯᠤᠨ ᠶᠠᠷᠢᠨ᠎ᠠ᠃
ᠨᠢᠳᠤᠨᠤᠨ᠎ᠠᠴᠠ ᠨᠠᠭᠠᠰᠢ᠂ ᠪᠠᠶᠠᠨᠨᠠᠭᠤᠷ ᠬᠣᠲᠠ ᠭᠠᠵᠠᠷ ᠣᠷᠣᠨ ᠤ᠋ ᠵᠥᠷᠢᠶᠡᠲᠦ ᠴᠢᠨᠠᠷ᠎ᠢ ᠭᠦᠶ᠋ᠴᠡᠳ ᠪᠣᠳᠣᠯᠬᠢᠯᠠᠵᠤ᠂ ᠦᠨᠳᠦᠰᠦᠨ ᠱᠠᠲᠤᠨ ᠤ᠋ᠬᠢᠨ ᠢ᠋ ᠲᠤᠬᠠᠶ ᠢ᠋ᠢᠨ ᠭᠠᠵᠠᠷ ᠣᠷᠣᠨ ᠤ᠋ ᠪᠠᠢᠳᠠᠯ᠎ᠳᠠᠭᠠᠨ ᠲᠣᠬᠢᠷᠠᠭᠤᠯᠵᠤ ᠂ ᠲᠣᠰᠭᠣᠨ ᠤ᠋ ᠪᠠᠢᠳᠠᠯ᠎ᠳᠠᠭᠠᠨ ᠳᠣᠭᠢᠷᠠᠭᠤᠯᠬᠤ ᠢ᠋ᠢ ᠵᠣᠷᠢᠭ᠍ᠵᠢᠭᠤᠯᠵᠤ᠂ ᠨᠠᠮ ᠤ᠋ᠨ ᠵᠣᠬᠢᠶᠠᠨ ᠪᠠᠢᠭᠤᠯᠤᠯᠲᠠ᠎ᠠᠴᠠ ᠭᠠᠵᠠᠷ ᠱᠢᠷᠣᠶ ᠢ᠋ᠢᠨ ᠬᠤᠪᠢ ᠣᠷᠣᠭᠤᠯᠤᠭ᠍ᠰᠠᠨ ᠬᠡᠯᠪᠡᠷᠢ ᠢ᠋ᠢᠨ ᠬᠣᠷᠱᠢᠶ᠎ᠠ᠂ ᠲᠡᠵᠢᠭᠡᠨ ᠦᠷᠡᠵᠢᠭᠦᠯᠬᠦ᠌ ᠬᠡᠯᠪᠡᠷᠢ ᠢ᠋ᠢᠨ ᠬᠣᠷᠱᠢᠶ᠎ᠠ᠂ ᠮᠠᠯ ᠠᠵᠤ ᠠᠬᠤᠶ ᠲᠠᠷᠢᠶᠠᠯᠠᠩ᠎ᠤᠨ ᠨᠡᠢᠭᠡᠮᠴᠢᠯᠡᠭ᠌ᠰᠡᠨ ᠦᠶ᠋ᠯᠡᠴᠢᠯᠡᠭᠡᠨ᠎ᠦ ᠬᠡᠯᠪᠡᠷᠢ ᠢ᠋ᠢᠨ ᠬᠣᠷᠱᠢᠶ᠎ᠠ᠂ ᠬᠥᠳᠡᠯᠮᠦᠷᠢ ᠦᠶ᠋ᠯᠡᠴᠢᠯᠡᠭᠡᠨ᠎ᠦ ᠬᠡᠯᠪᠡᠷᠢ ᠢ᠋ᠢᠨ ᠬᠣᠷᠱᠢᠶ᠎ᠠ᠂ ᠵᠢᠭᠤᠯᠴᠢᠯᠠᠯ ᠤ᠋ᠨ ᠦᠶ᠋ᠯᠡᠴᠢᠯᠡᠭᠡᠨ᠎ᠦ ᠬᠡᠯᠪᠡᠷᠢ ᠢ᠋ᠢᠨ ᠬᠣᠷᠱᠢᠶ᠎ᠠ᠂ ᠠᠵᠢᠯ ᠳᠣᠭᠢᠷᠠᠭᠤᠯᠬᠤ ᠬᠡᠯᠪᠡᠷᠢ ᠢ᠋ᠢᠨ ᠬᠣᠷᠱᠢᠶ᠎ᠠ ᠵᠡᠷᠭᠡ ᠵᠢᠷᠭᠤᠭᠠᠨ ᠵᠦᠶ᠋ᠯ᠎ᠦᠨ ᠬᠡᠯᠪᠡᠷᠢ ᠪᠠᠷ ᠳᠠᠭᠠᠭᠤᠯᠤᠨ ᠡᠷᠭᠢᠯᠡᠬᠦ᠌᠎ᠪᠡᠷ ᠳᠤᠷᠠᠳᠴᠤ᠌᠂ ᠵᠡᠷᠭᠡ᠎ᠪᠡᠷ ᠠᠳᠭᠤᠨ ᠬᠠᠮᠲᠤ᠎ᠪᠠᠷ ᠬᠠᠮᠢᠶᠠᠷᠬᠤ᠂ ᠢᠵᠢᠯᠢ ᠳᠠᠪᠲᠠᠮᠵᠢ᠎ᠪᠠᠷ ᠠᠵᠢᠯᠯᠠᠬᠤ ᠪᠠᠢᠷᠢᠱᠢᠯ᠎ᠢ ᠴᠢᠷᠮᠠᠢᠨ ᠪᠠᠢᠭᠤᠯᠵᠤ᠂ ᠵᠣᠬᠢᠶᠠᠨ ᠪᠠᠢᠭᠤᠯᠵᠤ ᠤᠬᠠᠭᠤᠯᠤᠨ ᠳᠠᠢᠴᠢᠯᠠᠬᠤ᠂ ᠭᠤᠤᠯᠯᠠᠬᠤ ᠠᠵᠤ ᠦᠶ᠋ᠯᠡᠰ᠎ᠢ ᠰᠠᠢᠲᠤᠷ ᠰᠣᠩᠭᠣᠬᠤ᠂ ᠨᠠᠮ ᠤ᠋ᠨ ᠤᠳᠤᠷᠢᠳᠤᠯᠭ᠎ᠠ ᠢ᠋ᠢ ᠴᠢᠩᠭᠠᠳᠭᠠᠬᠤ᠂ ᠬᠤᠪᠢᠴᠠᠭᠠᠨ ᠤ᠋ ᠡᠷᠬᠡ ᠢ᠋ᠢ ᠵᠦᠶ ᠵᠣᠬᠢᠰᠲᠠᠶ ᠲᠣᠬᠢᠷᠠᠭᠤᠯᠬᠤ᠂ ᠨᠠᠮ ᠤ᠋ᠨ ᠭᠡᠱᠢᠭᠦᠨ ᠲᠦᠷᠦᠭᠦᠯᠡᠨ ᠵᠢᠱ᠌ᠢᠶ᠎ᠡ ᠦᠵᠡᠭᠦᠯᠬᠦ᠌᠂ ᠠᠱᠢᠭ ᠲᠤᠰᠠ ᠢ᠋ᠢᠨ ᠬᠣᠯᠪᠣᠭᠠᠯᠠᠯ᠎ᠢ ᠠᠬᠢᠭᠤᠯᠬᠤ᠂ ᠴᠢᠳᠠᠪᠤᠷᠢᠲᠠᠨ᠎ᠢ ᠤᠷᠤᠭᠤᠯᠤᠨ ᠠᠪᠴᠢᠷᠠᠬᠤ ᠵᠡᠷᠭᠡ ᠠᠭᠤᠯᠭ᠎ᠠ ᠢ᠋ᠢᠨ ᠲᠣᠭᠣᠷᠢᠨ᠎ᠳᠤ ᠠᠵᠢᠯ ᠤ᠋ᠨ ᠵᠢᠷᠤᠮᠯᠠᠯ ᠪᠠ ᠪᠣᠳᠠᠲᠠᠶ ᠱᠠᠭᠠᠷᠳᠠᠯᠭ᠎ᠠ ᠳᠤᠷᠠᠳᠪᠠ᠃
ᠬᠤᠷᠱᠢᠶ᠎ᠠ ᠨᠢ ᠤᠯᠠᠨ᠎ᠢ ᠲᠠᠢ᠌ᠴᠢᠯᠠᠨ ᠬᠠᠮᠲᠤ᠎ᠪᠠᠷ ᠪᠠᠶᠠᠵᠢᠭ᠍ᠰᠠᠨ᠎ᠢᠶᠠᠷ ᠪᠠᠷᠠᠬᠤ ᠦᠭᠡᠢ ᠲᠣᠰᠭᠣᠨ ᠤ᠋ ᠱᠠᠲᠤᠨ ᠤ᠋ ᠬᠠᠮᠲᠤ ᠢ᠋ᠢᠨ ᠠᠵᠤ ᠠᠬᠤᠢ ᠢ᠋ᠢᠨ ᠬᠥᠭ᠌ᠵᠢᠯᠲᠡ ᠢ᠋ᠢ ᠠᠬᠢᠭᠤᠯᠪᠠ᠃ 2022 ᠣᠨ᠎ᠳᠤ ᠂ ᠵᠦᠩ ᠶᠤᠸᠠᠢ ᠲᠠᠷᠢᠶᠠᠯᠠᠩ ᠮᠠᠯ ᠠᠵᠤ ᠠᠬᠤᠢ ᠢ᠋ᠢᠨ ᠲᠤᠰᠭᠠᠢ ᠬᠤᠷᠱᠢᠶ᠎ᠠ ᠢ᠋ᠢᠨ ᠰᠧ ᠢ ᠲᠠᠩ ᠲᠣᠰᠭᠣᠨ ᠤ᠋ ᠲᠣᠰᠭᠣᠨ ᠤ᠋ ᠱᠠᠲᠤᠨ ᠤ᠋ ᠬᠠᠮᠲᠤ ᠢ᠋ᠢᠨ ᠠᠵᠤ ᠠᠬᠤᠢ ᠢ᠋ᠢᠨ ᠣᠷᠣᠯᠭ᠎ᠠ᠎ᠳᠤ ᠦᠵᠡᠭᠦᠯᠦᠭ᠌ᠰᠡᠨ ᠬᠤᠪᠢ ᠨᠡᠮᠡᠷᠢ ᠨᠢ 50 ᠲᠦᠮᠡᠨ ᠲᠥᠭᠥᠷᠢᠭ᠎ᠲᠦ ᠬᠦᠷᠴᠡᠢ᠃
ᠣᠳᠣᠬᠠᠨ᠎ᠳᠤ ᠪᠠᠶᠠᠨᠨᠠᠭᠤᠷ ᠬᠣᠲᠠ ᠢ᠋ᠢᠨ ᠭᠠᠴᠠᠭ᠎ᠠ ᠲᠣᠰᠭᠣᠨ ᠤ᠋ ᠨᠠᠮ ᠤ᠋ᠨ ᠵᠣᠬᠢᠶᠠᠨ ᠪᠠᠢᠭᠤᠯᠤᠯᠲᠠ ᠢ᠋ᠢᠨ ᠳᠠᠭᠠᠭᠤᠯᠤᠨ ᠡᠷᠬᠢᠯᠡᠭᠰᠡᠨ ᠬᠤᠷᠰᠢᠶ᠎ᠠ ᠨᠡᠢᠲᠡ 72 ᠪᠠᠢᠵᠤ᠂ 6275 ᠬᠦᠮᠤᠨ ᠬᠤᠪᠢ ᠣᠷᠣᠭᠤᠯᠵᠠᠶ᠃ 2023 ᠣᠨ᠎ᠳᠤ ᠲᠣᠰ ᠬᠣᠲᠠ ᠢ᠋ᠢᠨ ᠭᠠᠴᠠᠭ᠎ᠠ ᠲᠣᠰᠭᠣᠨ ᠤ᠋ ᠨᠠᠮ ᠤ᠋ᠨ ᠵᠣᠬᠢᠶᠠᠨ ᠪᠠᠢᠭᠤᠯᠤᠯᠲᠠ ᠢ᠋ᠢᠨ ᠳᠠᠭᠠᠭᠤᠯᠤᠨ ᠡᠷᠭᠢᠯᠡᠬᠦ ᠬᠣᠷᠱᠢᠶ᠎ᠠ ᠢ᠋ᠢᠨ ᠲᠣᠭ᠎ᠠ ᠢ᠋ᠢ ᠵᠠᠰᠠᠭ ᠵᠠᠬᠢᠷᠭᠠᠨ ᠤ᠋ ᠭᠠᠴᠠᠭ᠎ᠠ ᠲᠣᠰᠭᠣᠨ ᠤ᠋ ᠶᠡᠷᠦᠩᠬᠡᠶ ᠲᠣᠭᠠᠨ ᠤ᠋ 20% ᠳ᠋ᠤ ᠬᠦᠷᠭᠡᠵᠦ᠍ ᠂ 5 ᠵᠢᠯ᠎ᠦᠨ ᠴᠢᠷᠮᠠᠢᠯᠭ᠎ᠠ᠎ᠪᠠᠷ ᠳᠡᠮᠵᠢᠨ ᠠᠪᠬᠤ ᠶᠤᠰᠤᠲᠠᠢ ᠢ᠋ᠢᠨᠢ ᠪᠦᠬᠦᠨ᠎ᠢ ᠠᠪᠴᠤ᠂ ᠭᠦᠶ᠋ᠴᠡᠳᠭᠡᠪᠡᠰᠦ ᠵᠣᠬᠢᠬᠤ ᠢ᠋ᠢᠨᠢ ᠪᠦᠬᠦᠨ᠎ᠢ ᠭᠦᠶ᠋ᠴᠡᠳᠭᠡᠬᠦ᠌᠎ᠪᠡᠷ ᠴᠢᠷᠮᠠᠢᠵᠤ ᠪᠤᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃