2023-01-24 10:48:44
2 ᠲᠦᠮᠡ ᠭᠠᠷᠤᠢ ᠠᠩᠬᠢᠷ ᠰᠢᠷᠠᠤ᠋ᠰᠤᠨ ᠭᠤᠤᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠲᠤ᠌ ᠥᠷᠲᠡᠭᠡᠯᠡᠨ ᠡᠪᠤᠯᠵᠢᠵᠤ ᠂ ᠪᠦᠯᠦᠭ ᠪᠦᠯᠦᠭ ᠶ᠋ᠢᠡᠷ ᠬᠠᠯᠢᠨ ᠨᠢᠰᠴᠦ ᠂ ᠰᠠᠷ᠎ᠠ ᠰᠢᠨ᠎ᠠ ᠵᠢᠨ ᠰᠢᠷᠠᠤ᠋ᠰᠤᠨ ᠭᠤᠤᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠲᠦ᠍ ᠡᠶ᠎ᠡ ᠵᠤᠬᠢᠴᠠᠩᠭᠤᠢ ᠪᠠᠢᠭᠠᠯᠢ ᠶ᠋ᠢᠨ ᠦᠵᠡᠰᠭᠦᠯᠡᠩᠳᠦ ᠵᠢᠷᠤᠭ ᠢ᠋ ᠳᠡᠯᠭᠡᠵᠤ ᠂ ᠤᠢᠷ᠎ᠠ ᠤᠷᠴᠢᠮ ᠤ᠋ᠨ ᠬᠦᠮᠦᠰ ᠤ᠋ᠨ ᠴᠠᠭᠠᠨ ᠰᠠᠷ᠎ᠠ ᠵᠢᠨ ᠬᠤᠭᠤᠴᠠᠭᠠᠨ ᠳ᠋ᠤ ᠰᠡᠯᠡᠬᠦᠴᠡᠨ ᠰᠤᠨᠢᠷᠬᠠᠬᠤ ᠪᠠᠰᠠ ᠨᠢᠬᠡᠨ ᠰᠠᠢᠬᠠᠨ ᠦᠵᠡᠮᠵᠢ ᠪᠤᠯᠪᠠ ᠃
ᠠᠩᠭᠢᠷ ᠪᠤᠯ ᠨᠢᠭᠡ ᠵᠦᠢᠯ ᠤ᠋ᠨ ᠵᠡᠷᠯᠢᠭ ᠨᠤᠭᠤᠰᠤ ᠂ ᠪᠠᠰᠠ ᠯᠠᠮᠠ ᠭᠠᠯᠠᠭᠤ ᠬᠡᠳᠡᠭ ᠂ ᠪᠡᠶ᠎ᠡ ᠪᠢᠯᠳᠠᠷ ᠨᠢ ᠨᠡᠯᠢᠶᠡᠳ ᠲᠣᠮᠣ᠌ ᠪᠠᠢᠵᠤ ᠂ ᠲᠠᠯ᠎ᠠ ᠭᠠᠵᠠᠷ᠂ ᠨᠠᠭᠤᠷ ᠴᠥᠭᠥᠷᠥᠮ ᠶ᠋ᠢᠡᠷ ᠤᠷᠤᠰᠢᠨ ᠠᠮᠢᠳᠤᠷᠠᠵᠤ ᠂ ᠡᠪᠡᠰᠦᠨ ᠦᠷ᠎ᠡ ᠂ ᠰᠢᠪᠠᠵᠢ ᠂ ᠮᠡᠯᠡᠬᠡᠢ ᠂ ᠰᠠᠮ ᠂ ᠵᠠᠮᠠᠭ ᠵᠡᠷᠭᠡ ᠪᠡ ᠢᠳᠡᠰᠢ ᠪᠠᠨ ᠪᠤᠯᠭᠠᠳᠠᠭ ᠃ ᠤᠢᠷ᠎ᠠ ᠶ᠋ᠢᠨ ᠵᠢᠯ ᠳ᠋ᠤ ᠲᠤᠬᠠᠢᠶᠢᠨ ᠭᠠᠵᠠᠷ ᠤ᠋ᠨ ᠠᠮᠢ ᠠᠬᠤᠢ ᠣᠷᠴᠢᠨ ᠲᠣᠭᠣᠷᠢᠨ ᠰᠠᠢᠵᠢᠷᠠᠬᠤᠶᠢ ᠳᠠᠭᠠᠯᠳᠤᠨ ᠂ ᠮᠠᠰᠢ ᠣᠯᠠᠨ ᠨᠡᠭᠦᠳᠡᠯ ᠤ᠋ᠨ ᠰᠢᠪᠠᠭᠤᠳ ᠡᠨᠳᠡ ᠦᠷᠳᠡᠬᠡᠯᠡᠨ ᠪᠠᠭᠤᠵᠤ ᠂ ᠡᠪᠦᠯᠵᠢᠨ ᠦᠷᠡᠵᠢᠳᠡᠭ ᠪᠤᠯᠤᠭᠰᠠᠨ ᠪᠠᠢᠨ᠎ᠠ ᠃
《2022 ᠤᠨ ᠤ᠋ 12 ᠰᠠᠷ᠎ᠠ ᠵᠢᠨ ᠡᠬᠢ ᠪᠡᠷ ᠨᠡᠭᠦᠳᠡᠯ ᠤ᠋ᠨ ᠰᠢᠪᠠᠭᠤᠳ ᠵᠠᠯᠭᠠᠭ᠎ᠠ ᠪᠡᠷ ᠡᠨᠳᠡ ᠢᠷᠡᠭᠰᠡᠨ ᠶᠤᠮ ᠂ ᠤᠳᠤ ᠪᠠᠷᠤᠭ 2 ᠲᠦᠮᠡ ᠭᠠᠷᠤᠢ ᠠᠩᠭᠢᠷ ᠪᠠᠢᠨ᠎ᠠ ᠂ ᠪᠢᠳᠡ ᠡᠳᠦᠷ ᠪᠦᠷᠢ ᠨᠡᠭᠦᠳᠡᠯ ᠤ᠋ᠨ ᠰᠢᠪᠠᠭᠤᠳ ᠢ᠋ ᠲᠣᠭᠣᠷᠢᠨ ᠪᠠᠢᠴᠠᠭᠠᠵᠤ ᠂ ᠠᠭᠤᠷ ᠠᠮᠢᠰᠬᠤᠯ ᠬᠦᠢᠳᠡᠷᠡᠪᠡᠯ ᠡᠷᠳᠡᠨᠢ ᠰᠢᠰᠢ ᠰᠠᠴᠤᠵᠤ ᠂ ᠲᠡᠳᠡᠨ ᠢ᠋ ᠠᠮᠤᠷ ᠲᠦᠪᠰᠢᠨ ᠶ᠋ᠢᠡᠷ ᠡᠪᠦᠯᠵᠢᠭᠦᠯᠵᠦ ᠪᠠᠢᠨ᠎ᠠ》ᠬᠡᠵᠤ ᠰᠢᠷᠠᠤ᠋ᠰᠤᠨ ᠭᠤᠤᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠤ᠋ᠨ ᠠᠵᠢᠯᠳᠠᠨ ᠼᠤᠤ ᠴᠦ᠋ᠨ ᠱᠧᠩ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ ᠃《ᠤᠢᠷ᠎ᠠ ᠵᠢᠨ ᠭᠤᠴᠢ ᠲᠦᠴᠢᠨ ᠵᠢᠯ ᠳ᠋ᠤ ᠠᠩᠭᠢᠷ ᠰᠢᠷᠠᠤ᠋ᠰᠤᠨ ᠭᠤᠤᠯ ᠤ᠋ᠨ ᠨᠤᠭᠤ ᠭᠠᠵᠠᠷ ᠲᠤ᠌ ᠪᠠᠷᠤᠭ ᠢᠷᠡᠭᠰᠡᠨ ᠦᠭᠡᠢ ᠂ ᠪᠠᠭ᠎ᠠ ᠪᠠᠢᠬᠤ ᠳ᠋ᠤ ᠠᠩᠭᠢᠷ ᠤ᠋ᠳ ᠡᠨᠳᠡ ᠡᠪᠦᠯᠵᠢᠬᠦ ᠪᠡᠷ ᠪᠠᠭᠤᠳᠠᠭ ᠪᠠᠢᠭᠰᠠᠨ ᠶᠤᠮ ᠂ ᠤᠷᠴᠢᠮ ᠤ᠋ᠨ ᠵᠢᠯ ᠡᠴᠡ ᠠᠮᠢ ᠠᠬᠤᠢ ᠰᠠᠢᠵᠢᠷᠠᠭᠰᠠᠨ ᠡᠴᠡ ᠨᠡᠭᠦᠳᠡᠯ ᠤ᠋ᠨ ᠰᠢᠪᠠᠭᠤᠳ ᠡᠨᠳᠡ ᠨᠤᠳᠤᠭᠰᠢᠳᠠᠭ ᠪᠤᠯᠤᠭᠰᠠᠨ ᠰᠢᠦ!》ᠬᠡᠵᠤ ᠲᠤᠬᠠᠢ ᠶ᠋ᠢᠨ ᠭᠠᠵᠠᠷ ᠲᠦ᠍ ᠠᠩᠬᠢᠷ ᠰᠤᠨᠢᠷᠬᠠᠵᠤ ᠪᠠᠢᠭᠰᠠᠨ ᠬᠠᠰᠪᠦ᠋ᠭᠡ ᠭᠠᠷ ᠤᠳᠠᠰᠤ ᠪᠡᠷ ᠶ᠋ᠢᠡᠨ ᠬᠡᠷᠡᠯ ᠵᠢᠷᠤᠭ ᠠᠪᠬᠤ ᠶ᠋ᠢᠨ ᠳᠠᠭᠠᠤ ᠤᠷᠮᠠᠳᠠᠢ ᠶᠠᠷᠢᠨ᠎ᠠ ᠃
ᠰᠢᠷᠠᠠᠤᠰᠤᠨ ᠭᠤᠤᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠤ᠋ᠨ ᠨᠤᠭᠤ ᠭᠠᠵᠠᠷ ᠤ᠋ᠨ ᠲᠠᠯᠠᠪᠠᠶ 8500 ᠾᠧᠺᠲ᠋ᠠᠷ ᠪᠠᠢᠵᠤ ᠂ ᠣᠷᠭᠢᠯᠤᠮᠠᠯ ᠪᠤᠯᠠᠭ ᠲᠠᠢ ᠪᠤᠯᠬᠤᠷ ᠬᠥᠯᠳᠡᠳᠡᠭ ᠥᠬᠡᠶ ᠤᠰᠤᠨ ᠭᠠᠳᠠᠷᠭᠤ ᠵᠢᠨ ᠲᠠᠯᠠᠪᠠᠶ ᠨᠢ 8000 ᠲᠡᠭ᠌ᠰᠢ ᠳᠥᠷᠪᠡᠯᠵᠢᠨ ᠮᠧᠲ᠋ᠷ ᠲᠦ᠍ ᠬᠦᠷᠴᠦ᠍ ᠂ ᠨᠡᠭᠦᠳᠡᠯ ᠤ᠋ᠨ ᠱᠢᠪᠠᠭᠤᠳ ᠲᠤ᠌ ᠡᠯᠪᠡᠭ ᠪᠠᠶᠠᠯᠢᠭ ᠤᠰᠤᠨ ᠤ᠋ ᠤᠷᠭᠤᠮᠠᠯ ᠪᠠ ᠵᠢᠭᠠᠰᠤ ᠵᠢᠷᠠᠭᠠᠬᠠᠶ ᠵᠡᠷᠭᠡ ᠢᠳᠡᠰᠢ ᠬᠠᠩᠭᠠᠭ᠍ᠰᠠᠨ ᠪᠠᠢᠨ᠎ᠠ ᠃ ᠣᠢᠷ᠎ᠠ ᠶ᠋ᠢᠨ ᠵᠢᠯ ᠡᠴᠡ ᠨᠠᠭᠠᠰᠢ ᠂ ᠦᠦᠱᠢᠨ ᠬᠣᠱᠢᠭᠤᠨ ᠤ᠋ ᠠᠮᠢ ᠠᠬᠤᠶ ᠶ᠋ᠢᠨ ᠪᠥᠲᠥᠭᠡᠨ ᠪᠠᠢᠭᠤᠯᠤᠯᠲᠠ ᠪᠣᠯᠤᠨ ᠨᠤᠭᠤ ᠭᠠᠵᠠᠷ ᠢ᠋ ᠬᠠᠮᠠᠭᠠᠯᠠᠬᠤ ᠡᠷᠴᠢᠮ ᠲᠠᠰᠤᠷᠠᠯᠲᠠ ᠥᠬᠡᠶ ᠴᠢᠩᠭᠠᠷᠠᠬᠤᠶ᠋ᠢ ᠳᠠᠭᠠᠯᠳᠤᠨ ᠂ ᠲᠤᠬᠠᠶ ᠶ᠋ᠢᠨ ᠭᠠᠵᠠᠷ ᠤ᠋ᠨ ᠠᠮᠢ ᠠᠬᠤᠶ ᠣᠷᠴᠢᠨ ᠲᠣᠭᠣᠷᠢᠨ ᠦᠷᠬᠦᠯᠵᠢᠯᠡᠨ ᠰᠠᠢᠵᠢᠷᠠᠵᠤ ᠂ ᠣᠶ ᠱᠢᠭᠤᠶ ᠶ᠋ᠢᠨ ᠪᠦᠷᠬᠦᠴᠡ ᠪᠣᠯᠤᠨ ᠤᠷᠭᠤᠮᠠᠯ ᠤ᠋ᠨ ᠬᠤᠴᠢᠯᠭ᠎ᠠ ᠵᠢᠯ ᠳᠠᠷᠠᠭᠠᠯᠠᠨ ᠳᠡᠭᠡᠭ᠌ᠰᠢᠯᠡᠵᠦ᠍ ᠂ ᠡᠨᠳᠡ ᠢᠷᠡᠵᠦ᠍ ᠡᠪᠦᠯᠵᠢᠬᠦ᠌ ᠨᠡᠭᠦᠳᠡᠯ ᠤ᠋ᠨ ᠱᠢᠪᠠᠭᠤᠨ ᠤ᠋ ᠲᠥᠷᠥᠯ ᠵᠦᠶ᠋ᠯ ᠪᠣᠯᠤᠨ ᠲᠣᠭ᠎ᠠ ᠬᠡᠮᠵᠢᠶ᠎ᠡ ᠦᠷᠬᠦᠯᠵᠢᠯᠡᠨ ᠨᠡᠮᠡᠭᠳᠡᠭᠰᠡᠨ ᠪᠠᠢᠨ᠎ᠠ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃