2023-01-24 10:59:34
ᠶᠡᠬᠡ ᠴᠠᠰᠤᠨ᠎ᠤ ᠳᠠᠷᠠᠭ᠎ᠠ᠂ ᠤᠯᠠᠭᠠᠨᠴᠠᠪ᠎ᠤᠨ ᠡᠬᠡ ᠭᠠᠵᠠᠷ ᠮᠥᠩᠭᠥᠨ ᠬᠤᠶᠠᠭ ᠬᠡᠳᠦᠷᠦᠨᠠ ᠃ ᠤᠢᠷ᠎ᠠ ᠳ᠋ᠤ᠂ ᠵᠢᠨᠢᠩ ᠲᠣᠭᠣᠷᠢᠭ᠎ᠤᠨ ᠡᠮᠡᠭ᠌ᠲᠡᠢᠴᠦᠳ᠎ᠦᠨ ᠬᠣᠯᠪᠣᠭᠠᠨ᠎ᠤ ᠲᠡᠷᠢᠭᠦᠯᠡᠭ᠌ᠴᠢ ᠵᠦ᠍ ᠵᠢᠶᠠᠩ ᠬᠠᠮᠢᠶ᠎ᠠ ᠪᠦᠬᠦᠢ ᠬᠦᠮᠦᠰ ᠢ᠋ ᠲᠠᠭᠠᠭᠤᠯᠤᠨ᠂ ᠪᠠᠶ ᠬᠠᠶ ᠽᠢ ᠪᠠᠯᠭᠠᠰᠤᠨ᠎ᠤ ᠱᠢᠶᠤᠤ ᠳ᠋ᠦᠩ ᠬᠤᠤ ᠲᠣᠰᠭᠣᠨ᠂ ᠳᠣᠯᠣᠳᠤᠭᠠᠷ ᠰᠤᠮᠤ ᠲᠣᠰᠭᠣᠨ᠎ᠳᠤ ᠭᠦᠨᠵᠡᠭᠡᠢᠷᠡᠨ ᠬᠦᠴᠢᠷᠳᠡᠯᠲᠡᠶ ᠣᠯᠠᠨ ᠲᠦᠮᠡᠨ᠎ᠢ ᠪᠤᠯᠭᠤᠭᠠᠨ ᠲᠣᠬᠣᠨᠢᠭᠤᠯᠵᠤ᠂ ᠲᠡᠳᠡᠨ᠎ᠳᠦ ᠲᠣᠬᠣᠨᠢᠭᠤᠯᠬᠤ ᠪᠣᠳᠠᠰ ᠬᠦᠷᠭᠡᠵᠤ᠂ ᠰᠢᠨ᠎ᠠ ᠤᠨ ᠤ᠋ ᠮᠡᠨᠳᠤ ᠳᠡᠪᠱᠢᠭᠦᠯᠵᠡᠶ᠃
ᠣᠯᠠᠨ᠎ᠢᠶᠠᠷ᠎ᠢᠶᠠᠨ ᠡᠩ ᠲᠡᠷᠢᠭᠦᠨ᠎ᠳᠦ ᠵᠢᠨᠢᠩ ᠲᠣᠭᠣᠷᠢᠭ᠎ᠤᠨ ᠪᠠᠶ ᠬᠠᠶ ᠽᠢ ᠪᠠᠯᠭᠠᠰᠤᠨ᠎ᠤ ᠱᠢᠶᠤᠤ ᠳ᠋ᠦᠩ ᠬᠤᠤ ᠲᠣᠰᠭᠣᠨ᠎ᠤ ᠵᠣᠣ ᠷᠦᠢ ᠴᠢᠩ᠎ᠦᠨ ᠬᠡᠷ᠎ᠲᠦ ᠬᠦᠷᠴᠦ᠍ ᠪᠤᠯᠭᠤᠭᠠᠨ ᠲᠤᠬᠤᠨᠢᠭᠤᠯᠪᠠ᠃ ᠡᠨᠡ ᠵᠢᠯ 58 ᠨᠠᠰᠤᠲᠠᠶ ᠵᠣᠣ ᠷᠦᠢ ᠴᠢᠩ 2004 ᠣᠨ᠎ᠳᠤ ᠵᠢᠷᠦᠬᠡ ᠰᠣᠯᠢᠬᠤ ᠮᠡᠰᠡ ᠵᠠᠰᠠᠯ ᠬᠢᠵᠦ᠍᠂ ᠡᠮ ᠡᠮᠨᠡᠯᠭᠡ ᠵᠢᠨ ᠵᠠᠷᠤᠳᠠᠯ ᠶᠡᠭᠡ᠂ ᠤᠯᠤᠰ ᠡᠴᠡ ᠦᠭᠴᠤ ᠪᠠᠢᠭ᠎ᠠ ᠬᠠᠮᠤᠬ ᠨᠠᠭᠠᠳᠤ ᠵᠠᠬ᠎ᠠ᠎ᠶ᠋ᠢᠨ ᠠᠮᠢᠳᠤᠷᠠᠯ ᠤ᠋ᠨ ᠪᠠᠲᠤᠯᠠᠭ᠎ᠠ᠎ᠶ᠋ᠢᠨ ᠨᠥᠬᠥᠪᠥᠷᠢ ᠮᠦᠡᠭᠬᠦ ᠨᠢ ᠲᠡᠬᠦᠨ ᠤ᠋ ᠴᠣᠷ᠎ᠤᠨ ᠭᠠᠭ᠍ᠴᠠ ᠣᠷᠣᠯᠭ᠎ᠠ ᠪᠤᠯᠬᠤ ᠶᠤᠮ᠃
《 ᠪᠡᠶ᠎ᠡ ᠴᠢᠨᠢ ᠵᠦᠭᠡᠷ ᠤᠤ? ᠴᠠᠭᠠᠨ ᠰᠠᠷ᠎ᠠ ᠬᠡᠦᠬᠡᠳ᠎ᠦᠳ ᠴᠢᠨᠢ ᠢᠷᠡᠨ᠎ᠡ ᠦᠦ?︾ᠭᠡᠵᠤ ᠵᠦ᠍ ᠵᠢᠶᠠᠩ ᠭᠡᠷ ᠲᠤᠨᠢ ᠤᠷᠤᠮᠠᠭᠴᠠ ᠲᠡᠭᠦᠨ᠎ᠦ ᠪᠡᠶ᠎ᠡ ᠮᠠᠬᠠᠪᠣᠳ᠎ᠤᠨ ᠪᠠᠢᠳᠠᠯ᠂ ᠠᠮᠢᠳᠤᠷᠠᠯ᠎ᠤᠨ ᠪᠠᠢᠳᠠᠯ᠎ᠢ ᠯᠠᠪᠯᠠᠨ ᠠᠰᠠᠭᠤᠭ᠍ᠰᠠᠨ ᠪᠥᠭᠡᠳ ᠲᠡᠭᠦᠨ ᠳ᠋ᠤ ᠢᠳᠡᠵᠦ᠍ ᠤᠤᠭᠤᠬᠤ ᠤᠨᠲᠠᠵᠤ ᠬᠡᠪᠲᠡᠬᠦ᠌᠎ᠪᠡᠨ ᠠᠩᠬᠠᠷᠴᠤ᠌᠂ ᠰᠡᠳᠬᠢᠯ ᠰᠠᠨᠠᠭ᠎ᠠ ᠪᠠᠨ ᠠᠭᠤᠵᠢᠭᠤ ᠪᠠᠢᠯᠭᠠᠵᠤ᠂ ᠪᠡᠶ᠎ᠡ᠎ᠪᠡᠨ ᠰᠠᠢᠨ ᠭᠠᠮᠨᠠᠭᠠᠷᠠᠢ ᠭᠡᠵᠦ᠍ ᠵᠠᠬᠢᠪᠠ᠃ ᠲᠡᠳᠡ ᠲᠤᠳᠤᠷᠭ᠎ᠠ᠂ ᠭᠤᠯᠢᠷ᠂ ᠬᠢᠵᠢᠭ᠎ᠢ ᠰᠡᠷᠭᠡᠢᠯᠡᠬᠦ᠌ ᠡᠷᠡᠭᠦᠯ ᠮᠡᠨᠳᠤ᠎ᠶ᠋ᠢᠨ ᠪᠠᠭᠯᠠᠭ᠎ᠠ ᠵᠡᠷᠭᠡ ᠲᠣᠬᠣᠨᠢᠭᠤᠯᠬᠤ ᠪᠣᠳᠠᠰ᠎ᠢ ᠵᠤᠤ ᠷᠦᠢ ᠴᠢᠩᠳᠦ ᠥᠭ᠌ᠬᠦ ᠳ᠋ᠤ᠂ ᠲᠡᠷᠡ᠄《ᠬᠡᠦᠬᠡᠳ᠎ᠦᠳ ᠭᠠᠳᠠᠨ᠎ᠠ ᠣᠷᠣᠨ᠎ᠳᠤ ᠬᠥᠯᠥᠰᠥᠨ ᠠᠵᠢᠯ ᠬᠢᠵᠦ᠍ ᠪᠠᠢᠭ᠎ᠠ ᠲᠤᠯᠠ ᠡᠡᠭ ᠤ᠋ᠨ ᠦᠶ᠎ᠠ ᠳ᠋ᠤ ᠨᠠᠮ᠎ᠠ ᠵᠢ ᠬᠠᠷᠠᠭᠠᠯᠵᠠᠵᠤ ᠳᠡᠢᠯᠬᠦ᠌ ᠦᠭᠡᠢ᠂ ᠪᠢ ᠤᠳᠠᠭᠠᠨ ᠵᠢᠯ ᠡᠮ ᠤᠤᠭᠤᠵᠤ ᠪᠠᠢᠬᠤ ᠲᠤᠯᠠ ᠡᠮ ᠪᠠᠷᠠᠪᠠᠯ ᠺᠠᠳ᠋ᠷ ᠨᠠᠷ ᠲᠤ᠌ ᠤᠳᠠᠰᠤ ᠠᠪᠴᠤ ᠲᠡᠳᠡᠨ ᠢ᠋ ᠵᠤᠪᠠᠭᠠᠨ ᠡᠮ ᠠᠪᠴᠢᠷᠠᠭᠤᠯᠳᠠᠭ᠂ ᠡᠯ᠎ᠡ ᠱᠠᠲᠤᠨ᠎ᠤ ᠺᠠᠳ᠋ᠷ᠎ᠤᠨ ᠬᠠᠯᠠᠮᠵᠢᠯᠠᠯ᠎ᠳᠤ ᠴᠢᠡᠭ ᠰᠡᠳᠬᠢᠯ ᠡᠴᠡ ᠪᠠᠨ ᠲᠠᠯᠠᠷᠬᠠᠵᠤ ᠪᠠᠢᠨ᠎ᠠ᠃ ᠥᠨᠥᠳᠦᠷ ᠡᠢᠮᠦ᠍ ᠬᠦᠢᠲᠡᠨ ᠡᠳᠦᠷ ᠪᠠᠰᠠ ᠨᠠᠮᠠᠶ᠋ᠢ ᠲᠣᠬᠣᠨᠢᠭᠤᠯᠬᠤ᠎ᠪᠠᠷ ᠢᠷᠡᠵᠡᠢ᠂ ᠭᠠᠳᠠᠨ᠎ᠠ ᠬᠦᠢᠲᠡᠨ ᠪᠣᠯᠪᠠᠴᠤ᠌ ᠰᠡᠳᠭᠢᠯ ᠳ᠋ᠤ ᠳᠤᠯᠠᠭᠠᠬᠠᠨ ᠪᠠᠢᠨ᠎ᠠ》ᠬᠡᠵᠤ ᠵᠤ᠌ ᠵᠢᠶᠠᠡᠭ᠎ᠤᠨ ᠭᠠᠷ᠎ᠢ ᠠᠳᠭᠤᠨ ᠰᠡᠳᠬᠢᠯ ᠲᠤᠭᠳᠤᠯᠤᠨ ᠶᠠᠷᠢᠨ᠎ᠠ᠃
ᠵᠦ᠍ ᠵᠢᠶᠠᠩᠨᠠᠷ ᠪᠠᠰᠠ ᠪᠠᠶ ᠬᠠᠶ ᠽᠢ ᠪᠠᠯᠭᠠᠰᠤᠨ᠎ᠤ ᠳᠣᠯᠣᠳᠤᠭᠠᠷ ᠰᠤᠮᠤ ᠲᠣᠰᠭᠣᠨ᠎ᠤ ᠵᠡᠮᠳᠡᠭ ᠬᠡᠦᠬᠡᠳ ᠳ᠋ᠠᠶ ᠵᠢᠶᠠ᠎ᠶ᠋ᠢᠨ ᠬᠡᠷ᠎ᠲᠦ ᠬᠦᠷᠴᠦ᠍᠂ ᠲᠡᠳᠡᠨ᠎ᠳᠦ ᠲᠣᠬᠣᠨᠢᠭᠤᠯᠬᠤ ᠪᠣᠳᠠᠰ ᠬᠦᠷᠭᠡᠵᠤ᠂ ᠰᠢᠨ᠎ᠠ ᠵᠢᠯ ᠤ᠋ᠨ ᠵᠥᠩᠨᠡᠯ ᠳᠡᠪᠱᠢᠭᠦᠯᠪᠡ᠃
ᠡᠨᠡ ᠵᠢᠯ 9 ᠨᠠᠰᠤᠲᠠᠶ ᠳ᠋ᠠᠶ ᠵᠢᠶᠠ ᠪᠣᠯ ᠨᠢᠭᠡᠨ ᠵᠡᠮᠳᠡᠭ ᠬᠡᠦᠬᠡᠳ ᠪᠠᠢᠵᠤ ᠦᠴᠦᠭᠡᠨ ᠴᠤ᠌ ᠪᠡᠶ᠎ᠡ᠎ᠪᠡᠨ ᠳᠠᠭᠠᠭᠠᠬᠤ ᠴᠢᠳᠠᠪᠤᠷᠢ ᠦᠭᠡᠶ᠂ ᠠᠪᠤ ᠡᠵᠢ ᠨᠢ ᠭᠠᠳᠠᠨ᠎ᠠ ᠣᠷᠣᠨ᠎ᠳᠤ ᠬᠥᠯᠥᠰᠥᠨ ᠠᠵᠢᠯ ᠬᠢᠵᠦ᠍ ᠪᠠᠢᠬᠤ ᠪᠣᠯᠬᠣᠷ ᠨᠠᠭᠠᠴᠤ᠌ ᠡᠮᠡᠭᠡ᠂ ᠨᠠᠭᠠᠴᠤ᠌ ᠡᠪᠦᠭᠡ ᠨᠢ ᠲᠡᠭᠦᠨ᠎ᠢ ᠬᠠᠷᠠᠭᠠᠯᠵᠠᠵᠤ ᠪᠠᠢᠪᠠ᠃ ᠵᠦ᠍ ᠵᠢᠶᠠᠩ ᠳ᠋ᠠᠶ ᠵᠢᠶᠠ᠎ᠶ᠋ᠢᠨ ᠨᠠᠭᠠᠴᠤ᠌ ᠡᠪᠦᠭᠡ᠎ᠲᠡᠶ ᠶᠠᠷᠢᠯᠴᠠᠬᠤ᠎ᠪᠠᠷ ᠳᠠᠮᠵᠢᠨ᠂ ᠳ᠋ᠠᠶ ᠵᠢᠶᠠ ᠰᠠᠶᠢ ᠲᠥᠷᠥᠮᠡᠭ᠌ᠴᠡᠪᠡᠨ ᠬᠦᠨᠳᠦ ᠡᠪᠡᠳᠴᠢᠨ᠎ᠳᠦ ᠨᠡᠷᠪᠡᠭ᠌ᠳᠡᠵᠦ᠍᠂ ᠣᠳᠣ ᠭᠠᠳᠠᠭᠠᠳᠤ᠎ᠠᠴᠠ ᠣᠷᠣᠭᠤᠯᠤᠭ᠍ᠰᠠᠨ ᠡᠮ᠎ᠳᠦ ᠲᠦᠱᠢᠭ᠌ᠯᠡᠨ ᠠᠮᠢ ᠨᠠᠰᠤ᠎ᠪᠠᠨ ᠠᠷᠭᠠᠴᠠᠭᠠᠵᠤ ᠪᠠᠢᠨ᠎ᠠ ᠬᠡᠳᠡᠭ ᠢ᠋ ᠤᠢᠯᠠᠭᠠᠪᠠ᠃
ᠳ᠋ᠠᠶ ᠵᠢᠶᠠ᠎ᠶ᠋ᠢᠨ ᠨᠠᠭᠠᠴᠤ᠌ ᠡᠪᠦᠭᠡ᠎ᠶ᠋ᠢᠨ ᠶᠠᠷᠢᠬᠤ᠎ᠶ᠋ᠢ ᠰᠣᠨᠣᠰᠤᠭᠠᠳ᠂ ᠵᠦ᠍ ᠵᠢᠶᠠᠩ᠂ ᠳ᠋ᠠᠶ ᠵᠢᠶᠠ᠎ᠶ᠋ᠢᠨ ᠭᠡᠷ᠎ᠦᠨ ᠬᠥᠮᠦᠰ᠎ᠢ ᠵᠤᠷᠢᠭ ᠵᠢᠡᠨ ᠬᠦᠪᠴᠢᠯᠠᠨ ᠬᠠᠳᠠᠭᠤᠵᠢᠵᠤ᠂ ᠳ᠋ᠠᠶ ᠵᠢᠶᠠ᠎ᠶ᠋ᠢ ᠰᠠᠢᠬᠠᠨ ᠬᠠᠷᠠᠭᠠᠯᠵᠠᠵᠤ᠂ ᠲᠡᠬᠦᠨ ᠢ᠋ ᠡᠷᠲᠡᠬᠡᠨ ᠡᠷᠡᠭᠦᠯᠵᠡᠭᠡᠷᠡᠶ ᠭᠡᠵᠦ᠍ ᠵᠣᠷᠢᠭ᠍ᠵᠢᠭᠤᠯᠪᠠ᠃
ᠵᠤ᠌ ᠵᠢᠶᠠᠡᠭ ᠨᠠᠷ᠎ᠦᠨ ᠪᠤᠯᠭᠤᠭᠠᠨ ᠲᠣᠬᠣᠨᠢᠭᠤᠯᠬᠤ ᠠᠵᠢᠯᠯᠠᠭ᠎ᠠ ᠪᠣᠯ ᠪᠠᠰᠠ ᠴᠤ᠌ ᠥᠪᠡᠷᠲᠡᠭᠡᠨ ᠵᠠᠰᠠᠬᠤ ᠣᠷᠣᠨ᠎ᠤ ᠡᠮᠡᠭ᠌ᠲᠡᠢᠴᠦᠳ᠎ᠦᠨ ᠬᠣᠯᠪᠣᠭ᠎ᠠ᠎ᠶ᠋ᠢᠨ 1 ᠰᠠᠷ᠎ᠠ᠎ᠶ᠋ᠢᠨ 10 ᠤ᠋ ᠡᠳᠦᠷ ᠤᠯᠠᠭᠠᠨᠴᠠᠪ ᠬᠤᠳᠠ᠎ᠳᠤ ᠥᠷᠨᠢᠭᠦᠯᠦᠭ᠌ᠰᠡᠨ 《ᠪᠢ ᠤᠯᠠᠨ ᠲᠦᠮᠡᠨ᠎ᠳᠦ ᠪᠣᠳᠠᠲᠤ ᠶᠠᠪᠤᠳᠠᠯ ᠬᠢᠵᠦ᠍ ᠥᠭᠭᠦ·ᠬᠠᠢᠷ᠎ᠠ ᠬᠠᠯᠠᠮᠵᠢ ᠲᠠ ᠪᠢᠳᠡᠨ ᠢ᠋ ᠬᠤᠯᠪᠤᠵᠤ᠂ ᠲᠦᠭ ᠲᠦᠮᠡᠨ ᠠᠢᠯ ᠡᠷᠦᠬᠡ᠎ᠶ᠋ᠢ ᠳᠤᠯᠠᠭᠠᠴᠠᠭᠤᠯᠤᠨ᠎ᠠ》ᠭᠡᠬᠦ᠌ 2023 ᠣᠨ᠎ᠤ ᠴᠠᠭᠠᠨ ᠰᠠᠷ᠎ᠠ᠎ᠶ᠋ᠢᠨ ᠪᠤᠯᠭᠤᠭᠠᠨ ᠲᠣᠬᠣᠨᠢᠭᠤᠯᠬᠤ ᠠᠵᠢᠯᠯᠠᠭ᠎ᠠ᠎ᠶ᠋ᠢᠨ ᠬᠤᠷᠢᠶᠠᠩᠭᠤᠢ ᠳᠦᠷᠰᠦ ᠪᠣᠯᠤᠨ᠎ᠠ᠃ ᠲᠤᠰ ᠡᠳᠦᠷ᠂ ᠥᠪᠡᠷᠲᠡᠭᠡᠨ ᠵᠠᠰᠠᠬᠤ ᠣᠷᠣᠨ᠎ᠤ ᠡᠮᠡᠭ᠌ᠲᠡᠢᠴᠦᠳ᠎ᠦᠨ ᠬᠣᠯᠪᠣᠭ᠎ᠠ ᠤᠯᠠᠭᠠᠨᠴᠠᠪ ᠬᠤᠳᠠ᠎ᠳᠤ 1000 ᠬᠢᠵᠢᠭ᠎ᠢ ᠰᠡᠷᠭᠡᠢᠯᠡᠬᠦ᠌ ᠡᠷᠡᠭᠦᠯ ᠮᠡᠨᠳᠦ᠍᠎ᠶ᠋ᠢᠨ ᠪᠠᠭᠯᠠᠭ᠎ᠠ᠂ 1200 ᠤᠭᠤᠲᠠ ᠲᠤᠲᠤᠷᠭ᠎ᠠ᠂ 1200 ᠤᠭᠤᠲᠠ ᠭᠤᠯᠢᠷ ᠵᠡᠷᠭᠡ ᠡᠳ᠋ ᠪᠣᠳᠠᠰ ᠬᠠᠨᠳᠢᠪᠯᠠᠵᠤ᠂ ᠶᠡᠷᠦᠩᠬᠡᠢ ᠦᠷᠳᠡᠭ ᠨᠢ 19.75 ᠲᠦᠮᠡ ᠭᠠᠷᠤᠢ ᠲᠥᠭᠥᠷᠢᠭ᠎ᠲᠦ ᠬᠦᠷᠴᠡᠢ᠃ ᠲᠤᠰ ᠬᠤᠲᠠ ᠵᠢᠨ ᠬᠢᠨ ᠡᠲᠡᠭᠡᠷ ᠡᠳ᠋ ᠪᠣᠳᠠᠰ᠎ᠢ ᠤᠳᠤ ᠶᠠᠭ ᠮᠠᠯᠵᠢᠬᠤ ᠲᠠᠷᠢᠶᠠᠯᠠᠬᠤ ᠣᠷᠣᠨ᠎ᠤ ᠶᠠᠳᠠᠭᠤ ᠬᠦᠴᠢᠷᠳᠡᠯᠲᠡᠶ ᠡᠮᠡᠭ᠌ᠲᠡᠢᠴᠦᠳ ᠬᠡᠦᠬᠡᠳ᠎ᠲᠦ ᠵᠠᠯᠭᠠᠭ᠎ᠠ᠎ᠪᠠᠷ ᠬᠦᠷᠭᠡᠨ ᠥᠭ᠌ᠴᠦ᠂ ᠨᠠᠮ ᠵᠠᠰᠠᠬ ᠤ᠋ᠨ ᠬᠠᠢᠷ᠎ᠠ ᠬᠠᠯᠠᠮᠵᠢ ᠵᠢ ᠲᠡᠳᠡᠨ ᠤ᠋ ᠰᠡᠳᠬᠢᠯ ᠳ᠋ᠤ ᠬᠦᠨ ᠳ᠋ᠤ ᠬᠦᠷᠭᠡᠵᠤ ᠪᠤᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃