ᠮᠣᠩᠭᠣᠯ ᠨᠤᠲᠤᠭ > ᠬᠥᠳᠡᠭᠡ ᠨᠤᠲᠤᠭ᠎ᠤᠨ ᠴᠠᠭᠠᠨ ᠰᠠᠷ᠎ᠠ

2023-02-01 16:36:05

ᠵᠣᠬᠢᠶᠠᠭ᠍ᠴᠢ᠄ ᠸ · ᠭᠡᠷᠡᠯᠳᠤ ᠣᠩᠱᠢᠭ᠍ᠰᠠᠨ ᠣᠳᠠᠭ᠎ᠠ᠄ 3

ᠡᠨᠡ ᠵᠢᠯ᠎ᠤᠨ ᠴᠠᠭᠠᠨ ᠰᠠᠷ᠎ᠠ ᠵᠢᠨ ᠠᠮᠠᠷᠠᠯᠳᠠ ᠵᠢᠨ ᠬᠤᠭᠤᠴᠠᠭᠠᠨ ᠳ᠋ᠤ᠂ ᠪᠤᠭᠤᠳᠤ ᠬᠤᠳᠠ ᠵᠢᠨ ᠨᠡᠢᠳᠡ ᠵᠢᠨ ᠮᠠᠰᠢᠨ ᠲᠡᠷᠭᠡᠨ ᠪ ᠪᠦᠯᠦᠭᠯᠡᠯ ᠨᠢ ᠦᠨ᠎ᠠ ᠲᠦᠯᠦᠪᠤᠷᠢ ᠦᠭᠡᠢ ᠪᠡᠷ ᠨᠡᠢᠳᠡ ᠵᠢᠨ ᠮᠠᠰᠢᠨ ᠲᠡᠷᠭᠡᠨ ᠳ᠋ᠤ ᠰᠠᠭᠤᠯᠭᠠᠬᠤ ᠠᠵᠢᠯᠯᠠᠭ᠎ᠠ ᠦᠷᠨᠢᠬᠦᠯᠦᠭᠰᠡᠨ ᠪᠠᠢᠨ᠎ᠠ᠃ ᠬᠡᠳᠤᠢᠪᠡᠷ ᠴᠠᠭᠠᠨ ᠰᠠᠷ᠎ᠠ ᠡᠴᠡ ᠡᠮᠦᠨ᠎ᠠ᠂ ᠬᠠᠮᠢᠶ᠎ᠠ ᠪᠦᠬᠦᠢ ᠮᠡᠳᠡᠭᠳᠡᠯ᠎ᠢ ᠬᠠᠷᠠᠬᠰᠠᠨ᠎ᠤ ᠲᠠᠷᠠᠭ᠎ᠠ᠂ ᠰᠤᠷᠪᠤᠯᠵᠢᠯᠠᠬᠴᠢ ᠲᠡᠮᠡᠢ ᠤᠪᠠᠢᠨ ᠳ᠋ᠠᠭᠠᠨ ᠠᠪᠤᠬᠰᠠᠨ ᠦᠭᠡᠢ ᠪᠤᠯᠪᠠᠴᠤ᠂ ᠴᠠᠭᠠᠨ ᠰᠠᠷ᠎ᠠ ᠵᠢᠨ ᠬᠤᠭᠤᠴᠠᠭᠠᠨ᠎ᠤ ᠨᠢᠭᠡ ᠤᠳᠠᠭᠠᠨ᠎ᠤ ᠪᠡᠶᠡᠴᠢᠯᠡᠨ ᠤᠢᠯᠠᠭᠠᠯᠳᠠ ᠪᠡᠷ ᠲᠠᠮᠵᠢᠭᠠᠳ᠂ ᠲᠡᠭᠦᠨ᠎ᠤ ᠢᠳᠡᠪᠬᠢ ᠴᠢᠨᠠᠷ᠎ᠢ ᠤᠯᠵᠦ ᠮᠡᠳᠡᠭᠰᠡᠨ ᠪᠠᠢᠨ᠎ᠠ᠃

1 ᠰᠠᠷ᠎ᠠ ᠵᠢᠨ 27᠎ᠤ ᠡᠳᠦᠷ (ᠴᠠᠭᠠᠨ ᠰᠠᠷ᠎ᠠ ᠵᠢᠨ ᠰᠢᠨ᠎ᠠ ᠵᠢᠨ ᠵᠢᠷᠭᠤᠭᠠᠨ)᠎ᠤᠨ ᠦᠳᠡ ᠵᠢᠨ ᠡᠮᠦᠨ᠎ᠠ᠂ ᠰᠤᠷᠪᠤᠯᠵᠢᠯᠠᠬᠴᠢ ᠰᠡᠭᠦᠳᠡᠷ ᠲᠠᠳᠠᠬᠤ ᠭᠠᠵᠠᠷ ᠤᠴᠢᠬᠤ ᠱᠠᠭᠠᠷᠳᠠᠯᠭ᠎ᠠ ᠲᠠᠢ ᠪᠤᠯᠵᠦ᠂ ᠲᠤᠰᠬᠠᠢᠯᠠᠨ ᠨᠡᠢᠳᠡ ᠵᠢᠨ ᠮᠠᠰᠢᠨ ᠲᠡᠷᠭᠡ ᠵᠢ ᠰᠤᠩᠭᠤᠵᠦ ᠠᠶᠠᠯᠠᠬᠰᠠᠨ ᠪᠢᠯᠡ᠃ ᠡᠮᠦᠨ᠎ᠡ ᠬᠤᠶᠠᠷ ᠡᠳᠦᠷ᠂ ᠰᠤᠷᠪᠤᠯᠵᠢᠯᠠᠬᠴᠢ ᠵᠢᠷᠬᠢᠶ᠎ᠡ ᠵᠢᠨ ᠨᠠᠢᠵᠢ ᠵᠢᠨ ᠲᠤᠭᠤᠷᠢᠭ ᠡᠴᠡ ᠲᠦᠷᠢᠶᠡᠰᠦᠨ ᠮᠠᠰᠢᠨ ᠵᠢᠯᠤᠭᠤᠳᠳᠠᠭ ᠨᠡᠢᠵᠢ ᠵᠢᠨ ᠵᠢᠡᠨ 《 ᠨᠡᠢᠳᠡ ᠵᠢᠨ ᠮᠠᠰᠢᠨ ᠲᠡᠷᠭᠡ ᠨᠡᠳᠡ ᠵᠢ ᠲᠤᠰᠬᠤ ᠪᠡᠷ ᠢᠷᠡᠯ᠎ᠠ᠃ ᠦᠨ᠎ᠠ ᠲᠦᠯᠦᠪᠦᠷᠢ ᠦᠭᠡᠢ ᠨᠡᠢᠳᠡ ᠵᠢᠨ ᠮᠠᠰᠢᠨ ᠲᠡᠷᠭᠡ ᠪᠠᠢᠬᠤ ᠤᠴᠢᠷ ᠡᠴᠡ ᠪᠢ ᠦᠨᠦᠳᠤᠷ ᠮᠠᠰᠢᠨ ᠪᠠᠷᠢᠬᠰᠠᠨ ᠦᠭᠡᠢ》 ᠭᠡᠰᠠᠨ ᠴᠠᠬᠢᠮ ᠮᠡᠳᠡᠭᠡ ᠵᠢ ᠬᠠᠷᠠᠭᠠᠳ ᠰᠤᠨᠢᠭᠤᠴᠢ ᠰᠡᠳᠬᠢᠯᠬᠡ ᠲᠦᠷᠦᠭᠰᠡᠨ ᠶᠤᠮ᠃

ᠨᠢᠭᠡ ᠬᠤᠶᠠᠷ ᠲᠦᠭᠦᠷᠢᠭ᠎ᠤᠨ ᠰᠦᠢᠳᠬᠡᠯ ᠡᠴᠡ ᠬᠡᠯᠳᠤᠷᠢᠭᠦᠯᠦᠭᠰᠡᠨ ᠨᠡᠢᠳᠡ ᠵᠢᠨ ᠮᠠᠰᠢᠨ ᠲᠡᠷᠭᠡ ᠨᠢ ᠶᠠᠭᠠᠬᠢᠭᠠᠳ ᠡᠳᠦᠷ ᠲᠤ᠌ ᠬᠤᠶᠠᠷ ᠭᠤᠷᠪᠠᠨ ᠵᠠᠭᠤᠨ ᠲᠦᠭᠦᠷᠢᠭ᠎ᠢ ᠰᠠᠨᠠᠭ᠎ᠠ ᠠᠮᠤᠷ ᠤᠯᠳᠠᠭ ᠲᠦᠷᠢᠶᠡᠰᠦᠨ ᠮᠠᠰᠢᠨ᠎ᠤ ᠵᠢᠯᠤᠭᠤᠴᠢ ᠵᠢᠨ ᠰᠡᠳᠬᠢᠯ᠎ᠢ ᠬᠦᠳᠡᠯᠭᠡᠴᠢᠬᠡᠪᠡ?ᠡᠨᠡ ᠬᠦ᠌ ᠠᠰᠠᠭᠤᠯᠳᠠ ᠵᠢᠨ ᠬᠠᠷᠢᠭᠤᠯᠳᠠ ᠵᠢ ᠪᠤᠳᠤᠬᠰᠠᠭᠠᠷ ᠪᠢ ᠰᠢᠨ᠎ᠠ ᠵᠢᠨ ᠵᠢᠷᠭᠤᠭᠠᠨ ᠳ᠋ᠤ 《 ᠳ᠋ᠦᠩ ᠹᠧᠩ ᠪᠧᠨ ᠲᠢᠶᠠᠨ 》 ᠵᠤᠬᠰᠤᠭᠠᠯ ᠡᠴᠡ ᠪᠤᠭᠤᠲᠤ ᠬᠤᠳᠠ ᠵᠢᠨ 31 ᠳ᠋ᠤᠭᠡᠷ ᠵᠠᠮ᠎ᠤᠨ ᠨᠡᠢᠳᠡ ᠵᠢᠨ ᠮᠠᠰᠢᠨ ᠲᠡᠷᠭᠡᠨ ᠳ᠋ᠤ ᠭᠠᠷᠤᠯ᠎ᠠ᠃ ᠭᠠᠷᠤᠭᠠᠤᠨ ᠦᠵᠡᠬᠦᠯᠡᠷ᠂ ᠡᠯᠧᠺᠲ᠋ᠷᠤᠨ ᠮᠦᠩᠬᠦ ᠲᠦᠯᠦᠬᠦ ᠰᠢᠰᠲ᠋ᠧᠮ ᠨᠢ ᠬᠠᠭᠠᠯᠳᠠ ᠳᠠᠢ ᠪᠠᠢᠵᠦ᠂ ᠠᠶᠠᠨᠴᠢᠳ ᠶᠠᠮᠠᠷᠴᠦ ᠮᠦᠩᠬᠦ ᠵᠤᠭᠤᠰ ᠲᠦᠯᠦᠬᠦ ᠦᠭᠡᠢ ᠲᠡᠷᠭᠡᠨ ᠳ᠋ᠤ ᠭᠠᠷᠴᠦ ᠰᠠᠭᠤᠵᠦ ᠪᠠᠢᠪᠠ᠃ ᠲᠡᠷᠭᠡᠨ᠎ᠤ ᠡᠮᠦᠨ᠎ᠠ ᠴᠤᠩᠬᠤᠨ ᠎ᠤ ᠲᠡᠭᠡᠷ᠎ᠠ ᠲᠠᠯ᠎ᠠ ᠵᠢᠨ ᠡᠯᠧᠺᠲᠷᠤᠨ ᠲᠡᠯᠭᠡᠴᠡ ᠲᠡᠭᠡᠷ᠎ᠠ 《ᠨᠡᠢᠳᠡ ᠵᠢᠨ ᠮᠠᠰᠢᠨ ᠲᠡᠷᠭᠡ ᠲᠠᠨ᠎ᠢ ᠪᠠᠶᠠᠷᠯᠠᠨ ᠤᠬᠳᠤᠵᠦ ᠪᠠᠢᠨ᠎ᠠ》 ᠬᠡᠰᠡᠨ ᠤᠯᠠᠭᠠᠨ ᠦᠰᠦᠭ ᠪᠠᠢᠨ ᠪᠠᠢᠨ ᠢᠯᠡᠷᠡᠵᠦ ᠂ ᠵᠢᠯᠤᠭᠤᠴᠢ ᠴᠤ᠌ ᠠᠶᠠᠨᠴᠢᠳ᠎ᠤᠨ ᠮᠦᠩᠬᠦ ᠲᠦᠯᠦᠵᠦ ᠪᠠᠢᠬᠤ ᠡᠰᠡᠭᠦ ᠵᠢ ᠠᠩᠬᠠᠷᠬᠤ ᠴᠢᠬᠤᠯᠠ ᠦᠭᠡᠢ ᠪᠤᠯᠵᠦ ᠨᠢᠭᠡ ᠰᠡᠳᠬᠢᠯ ᠵᠢᠡᠷ ᠮᠠᠰᠢᠨ ᠵᠢᠡᠨ ᠵᠢᠯᠤᠭᠤᠳᠴᠦ ᠪᠠᠢᠯ᠎ᠠ᠃ ᠬᠠᠷᠢᠨ ᠵᠠᠷᠢᠮ ᠠᠶᠠᠨᠴᠢᠨ ᠡᠩ᠎ᠤᠨ ᠴᠠᠭ᠎ᠤᠨ ᠠᠳᠠᠯᠢ ᠭᠠᠷ ᠤᠳᠠᠰᠤ ᠡᠰᠡᠭᠦᠯ᠎ᠠ ᠨᠡᠢᠳᠡ ᠵᠢᠨ ᠮᠠᠰᠢᠨ ᠲᠠᠷᠭᠡᠨ᠎ᠤ ᠺᠠᠷᠲ ᠵᠢᠡᠨ ᠭᠠᠷᠭᠠᠵᠦ ᠮᠦᠩᠬᠦ ᠲᠦᠯᠦᠬᠦ ᠬᠡᠵᠦ ᠤᠷᠤᠯᠳᠤᠬᠤ ᠳ᠋ᠤ 《ᠲᠦᠯᠥᠪᠦᠷᠢ ᠠᠪᠬᠤ ᠦᠭᠡᠢ 》 ᠬᠡᠵᠦ ᠵᠢᠯᠤᠭᠤᠴᠢ ᠰᠠᠨᠠᠭᠤᠯᠵᠦ ᠪᠠᠢᠯ᠎ᠠ᠃

31 ᠳ᠋ᠤᠭᠡᠷ ᠵᠠᠮ᠎ᠤᠨ ᠨᠡᠢᠳᠡ ᠵᠢᠨ ᠮᠠᠰᠢᠨ ᠲᠡᠷᠭᠡ 《 ᠰᠢ ᠬᠤᠸᠠ ᠱᠢ ᠵᠢᠢ ᠬᠤᠸᠠ ᠶᠤᠸᠠᠨ》 ᠵᠤᠬᠰᠤᠭᠠᠯ ᠬᠦᠷᠬᠦ ᠳ᠋ᠤ ᠰᠤᠷᠪᠤᠯᠵᠢᠯᠠᠬᠴᠢ ᠵᠤᠷᠢᠬᠰᠠᠨ ᠭᠠᠵᠠᠷ ᠲᠠᠭᠠᠨ ᠬᠦᠷᠴᠦ ᠮᠠᠰᠢᠨ ᠡᠴᠡ ᠪᠠᠭᠤᠯ᠎ᠠ᠃ ᠪᠤᠳᠤᠬᠤ ᠳ᠋ᠤ ᠴᠠᠭᠠᠨ ᠰᠠᠷ᠎ᠠ ᠵᠢᠨ ᠵᠢᠷᠭᠤᠭ᠎ᠠ ᠲᠤᠯᠤᠭᠠᠨ ᠬᠤᠨᠤᠭ᠎ᠤᠨ ᠠᠮᠠᠷᠠᠯᠳᠠ ᠵᠢᠨ ᠬᠤᠭᠤᠴᠠᠭᠠᠨ ᠳ᠋ᠤ ᠪᠤᠭᠤᠲᠤ ᠬᠤᠳᠠ ᠵᠢᠨ ᠨᠠᠯᠢᠶᠠᠳ ᠲᠤᠭᠠᠨ᠎ᠤ ᠬᠦᠮᠦᠰ ᠦᠨ᠎ᠠ ᠲᠦᠯᠦᠪᠤᠷᠢ ᠦᠭᠡᠢ ᠨᠡᠢᠳᠡ ᠵᠢᠨ ᠮᠠᠰᠢᠨ ᠲᠡᠷᠭᠡᠨ᠎ᠤ ᠦᠢᠯᠡᠴᠢᠯᠡᠭᠡ ᠵᠢ ᠬᠦᠷᠳᠡᠭᠰᠡᠨ ᠪᠠᠢᠨ᠎ᠠ᠃ ᠬᠡᠳᠤᠢᠪᠡᠷ ᠲᠡᠷᠡ ᠨᠢ ᠰᠠᠭᠤᠬᠰᠠᠨ ᠬᠦᠮᠦᠰ ᠲᠤ᠌ ᠨᠢᠭᠡ ᠤᠳᠠᠭ᠎ᠠ ᠲᠡᠭᠡᠷ᠎ᠠ ᠨᠢᠭᠡ ᠬᠤᠶᠠᠷᠬᠠᠨ ᠲᠦᠭᠦᠷᠢᠭ᠎ᠤᠨ ᠵᠠᠷᠤᠳᠠᠯ᠎ᠢ ᠠᠷᠪᠢᠯᠠᠵᠦ ᠦᠭᠭᠦᠭᠰᠡᠨ ᠪᠤᠯᠪᠠᠴᠤ᠂ ᠡᠳᠡᠭᠡᠷ ᠠᠶᠠᠨᠴᠢᠳ᠎ᠤᠨ ᠰᠡᠳᠬᠢᠯ ᠳ᠋ᠤ ᠴᠠᠭᠠᠨ ᠰᠠᠷ᠎ᠠ ᠵᠢᠨ ᠪᠠᠶᠠᠷᠳᠤ ᠲᠦᠷᠦᠭᠳᠡᠯ᠎ᠤᠨ ᠨᠢᠭᠡ ᠬᠡᠰᠡᠭ ᠪᠤᠯᠵᠦ ᠦᠯᠡᠳᠡᠭᠰᠡᠨ ᠨᠢ ᠯᠠᠪᠳᠠᠢ᠃ ᠮᠦᠨ ᠴᠤ᠌ ᠬᠢᠵᠢᠭ ᠡᠴᠡ ᠪᠤᠯᠵᠦ᠂ ᠨᠡᠢᠳᠡ ᠵᠢᠨ ᠮᠠᠰᠢᠨ ᠲᠡᠷᠭᠡᠨ ᠳ᠋ᠤ ᠰᠠᠭᠤᠬᠤ ᠬᠦᠮᠦᠰ ᠬᠡᠰᠡᠭ ᠬᠤᠭᠤᠴᠠᠭ᠎ᠠ ᠴᠦᠭᠡᠷᠡᠭᠰᠡᠨ ᠪᠠᠢᠳᠠᠯ ᠲᠤᠤᠷ᠎ᠠ᠂ ᠡᠨᠡ ᠬᠦ᠌ ᠠᠷᠭ᠎ᠠ ᠪᠠᠷᠢᠯ ᠨᠢ ᠨᠡᠢᠳᠡ ᠵᠢᠨ ᠮᠠᠰᠢᠨ ᠲᠡᠷᠭᠡᠨ᠎ᠤ ᠠᠵᠤ ᠠᠬᠤᠢᠯᠠᠯ᠎ᠤᠨ ᠠᠶᠠᠨᠴᠢᠨ ᠲᠠᠳᠠᠬᠤ ᠨᠢᠭᠡ ᠪᠦᠳᠦᠮᠵᠢᠳᠠᠢ ᠠᠷᠭ᠎ᠠ ᠪᠠᠷᠢᠯ ᠪᠤᠯᠤᠬᠰᠠᠨ ᠪᠤᠯᠪᠠᠤ ᠬᠡᠵᠦ ᠰᠤᠷᠪᠤᠯᠵᠢᠯᠠᠬᠴᠢ ᠪᠤᠳᠤᠨ᠎ᠠ᠃ ᠶᠠᠭᠤ ᠴᠤ᠌ ᠬᠡᠰᠡᠨ ᠦᠴᠦᠭᠡᠨ ᠶᠠᠭᠤᠮᠠᠨ ᠳ᠋ᠤ ᠦᠯᠡᠮᠵᠢ ᠰᠠᠨᠠᠭ᠎ᠠ ᠠᠭᠤᠯᠤᠬᠳᠠᠨ᠎ᠠ ᠬᠡᠭᠴᠢ ᠪᠡᠷ᠂ ᠪᠤᠭᠤᠲᠤ ᠬᠤᠳᠠ ᠵᠢᠨ ᠨᠡᠢᠳᠡ ᠵᠢᠨ ᠮᠠᠰᠢᠨ ᠲᠡᠷᠭᠡᠨ᠎ᠤ ᠴᠠᠭᠠᠨ ᠰᠠᠷ᠎ᠠ ᠵᠢᠨ ᠬᠤᠭᠤᠴᠠᠭᠠᠨ ᠳ᠋ᠡᠬᠢ ᠦᠨ᠎ᠠ ᠲᠦᠯᠦᠪᠦᠷᠢ ᠦᠭᠡᠢ ᠲᠡᠷᠭᠡᠨ ᠳ᠋ᠤ ᠰᠠᠭᠤᠯᠭᠠᠬᠤ ᠠᠵᠢᠯᠯᠠᠭ᠎ᠠ ᠨᠢ ᠪᠠᠶᠠᠷᠳᠤ ᠴᠠᠭᠠᠨ ᠰᠠᠷ᠎ᠠ ᠳ᠋ᠤ ᠬᠦᠮᠦᠰ᠎ᠤᠨ ᠰᠡᠳᠬᠢᠯ᠎ᠢ ᠲᠤᠯᠠᠭᠠᠴᠠᠭᠤᠯᠤᠬᠰᠠᠨ ᠰᠠᠢᠬᠠᠨ ᠠᠵᠢᠯᠯᠠᠭ᠎ᠠ ᠪᠤᠯᠤᠬᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面