ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-01 09:10:04

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠵᠢᠯ ᠴᠠᠭᠠᠨ ᠰᠠᠷ᠎ᠠ ᠤᠢᠷᠠᠳᠴᠤ᠂ ᠡᠯᠢᠬᠡᠨ ᠰᠠᠳᠤᠨ ᠨᠠᠢᠵᠢ ᠨᠦᠬᠦᠳ ᠤᠴᠠᠷᠠᠨ ᠵᠤᠯᠭᠠᠯᠳᠤᠵᠤ᠂ ᠬᠦᠮᠦᠰ ᠤ᠋ᠨ ᠴᠢᠷᠠᠢ ᠳ᠋ᠤ ᠪᠠᠶᠠᠷ ᠤ᠋ᠨ ᠮᠦᠰᠢᠶᠡᠳᠦ ᠲᠤᠳᠤᠷᠠᠨ᠎ᠠ᠃ ᠬᠦᠬᠡᠬᠡ ᠡᠪᠦᠯ ᠤ᠋ᠨ 1 ᠰᠠᠷ᠎ᠠ ᠵᠢᠨ 28 ᠤ᠋ ᠡᠳᠦᠷ᠂ ᠪᠠᠭᠠᠷᠢᠨ ᠪᠠᠷᠠᠭᠤᠨ ᠬᠤᠰᠢᠭᠤᠨ ᠤ᠋ ᠭᠡᠰᠡᠷᠴᠢ ᠬᠠᠮᠳᠤᠯᠢᠬ ᠤ᠋ᠨ ᠬᠢᠨ ᠳ᠋ᠠᠪᠠᠨ ᠪᠠᠯᠭᠠᠰᠤᠨ ᠳ᠋ᠤ ᠬᠦᠷᠴᠦ᠂ ᠦᠷᠬᠡᠨ ᠤᠯᠠᠨ ᠲᠦᠮᠡᠨ ᠳ᠋ᠡᠬᠡᠨ ᠴᠠᠭᠠᠨ ᠰᠠᠷ᠎ᠠ ᠡᠴᠨ ᠡᠮᠦᠨ᠎ᠡ ᠰᠢᠨ᠎ᠡ ᠵᠢᠨ ᠵᠤᠯᠭᠠᠯᠳᠠ ᠬᠢᠵᠦ᠂ 89 ᠨᠠᠰᠤᠨ ᠰᠡᠬᠦᠳᠡᠷ 89 ᠬᠦᠷᠦᠭᠰᠡᠨ ᠠᠬᠠᠮᠠᠳ ᠬᠡᠰᠡᠷᠴᠢ ᠵᠢᠮᠪᠠᠵᠠᠮᠰᠤ ᠳ᠋ᠤ ᠰᠢᠨ᠎ᠡ ᠵᠢᠨ ᠮᠡᠨᠳᠦᠴᠢᠯᠡᠬᠡ ᠲᠡᠪᠰᠢᠬᠦᠯᠦᠯ᠎ᠡ᠃

ᠲᠤᠬᠠᠢ ᠵᠢᠨ ᠡᠳᠦᠷ ᠤ᠋ᠨ ᠦᠷᠯᠦᠬᠡᠬᠦᠷ᠂ ᠪᠠᠭᠠᠷᠢᠨ ᠪᠠᠷᠠᠭᠤᠨ ᠬᠤᠰᠢᠭᠤᠨ ᠤ᠋ ᠬᠡᠰᠡᠷᠴᠢ ᠬᠠᠮᠳᠤᠯᠢᠬ ᠤ᠋ᠨ 5 ᠭᠡᠰᠡᠷᠴᠢ ᠤᠰᠤᠨ ᠴᠦᠬᠦᠷᠦᠮ ᠲᠡᠭᠡᠷ᠎ᠡ ᠬᠦᠷᠴᠦ᠂ ᠠᠯᠳᠠ ᠬᠠᠳᠠᠭ ᠵᠢᠡᠨ ᠲᠡᠯᠭᠡᠵᠦ ᠦᠷᠬᠡᠨ ᠤᠯᠠᠨ ᠲᠦᠮᠡᠨ ᠲᠠᠢ ᠪᠡᠨ ᠴᠠᠭᠠᠨ ᠰᠠᠷ᠎ᠠ ᠵᠢᠨ ᠵᠤᠯᠭᠠᠯᠳᠠ ᠬᠢᠵᠦ᠂ ᠵᠢᠯ ᠴᠠᠭᠠᠨ ᠰᠠᠷ᠎ᠠ ᠳ᠋ᠠᠭᠠᠨ ᠠᠯᠢᠪᠠ ᠪᠦᠬᠦᠨ ᠦᠯᠵᠡᠢᠳᠡᠢ ᠪᠤᠯᠬᠤ ᠵᠢᠨ ᠢᠷᠦᠭᠡᠯ ᠵᠦᠩᠨᠡᠯ ᠵᠢᠡᠨ ᠲᠡᠪᠰᠢᠬᠦᠯᠪᠡ᠃ ᠲᠠᠷᠠᠭ᠎ᠠ ᠨᠢ ᠂ ᠪᠠᠭᠠᠷᠢᠨ ᠪᠠᠷᠠᠭᠤᠨ ᠬᠤᠰᠢᠭᠤᠨ ᠤ᠋ ᠬᠡᠰᠡᠷᠴᠢ ᠬᠠᠮᠳᠤᠯᠢᠬ ᠤ᠋ᠨ 5 ᠬᠡᠰᠡᠷᠴᠢ ᠨᠠᠰᠤᠨ ᠰᠡᠬᠦᠳᠡᠷ 89 ᠬᠦᠷᠦᠭᠰᠡᠨ ᠠᠬᠠᠮᠠᠳ ᠬᠡᠰᠡᠷᠴᠢ ᠵᠢᠮᠪᠠᠵᠠᠮᠰᠤ ᠵᠢᠨ ᠳ᠋ᠤ ᠬᠦᠷᠴᠦ᠂ ᠰᠢᠨ᠎ᠡ ᠵᠢᠯ ᠤ᠋ᠨ ᠵᠤᠯᠭᠠᠯᠳᠠ ᠬᠢᠵᠦ᠂ ᠢᠷᠦᠬᠡᠯ ᠵᠦᠩᠨᠡᠯ ᠢ᠋ ᠨᠢ ᠰᠤᠨᠤᠰᠪᠠ᠃ ᠠᠬᠠᠮᠠᠳ ᠬᠡᠰᠡᠷᠴᠢ ᠵᠢᠮᠪᠠᠵᠠᠮᠰᠤ ᠪᠤᠯ ᠪᠠᠭᠠᠷᠢᠨ ᠨᠤᠳᠤᠬ ᠤ᠋ᠨ ᠨᠡᠷ᠎ᠡ ᠬᠦᠨᠳᠦᠳᠡᠢ ᠬᠡᠰᠡᠷᠴᠢ ᠪᠠᠢᠵᠤ᠂ ᠬᠡᠰᠡᠷᠴᠢ ᠬᠠᠮᠳᠤᠯᠢᠬ ᠤ᠋ᠨ ᠮᠠᠰᠢ ᠤᠯᠠᠨ ᠬᠡᠰᠡᠷᠴᠢ ᠳ᠋ᠤ ᠬᠡᠰᠡᠷ ᠤ᠋ᠨ ᠲᠤᠤᠯᠢ ᠬᠠᠢᠯᠠᠬᠤ ᠵᠢ ᠵᠢᠭᠠᠵᠤ ᠦᠭᠪᠡ᠃

ᠬᠡᠰᠡᠷ ᠰᠤᠶᠤᠯ ᠢ᠋ ᠤᠯᠠᠮᠵᠢᠯᠠᠵᠤ᠂ ᠬᠡᠰᠡᠷ ᠪᠤᠬᠳᠠ ᠵᠢᠨ ᠦᠯᠢᠬᠡᠷ ᠢ᠋ ᠨᠡᠩ ᠰᠠᠢᠳᠤᠷ ᠶᠠᠷᠢᠵᠤ ᠬᠠᠢᠯᠠᠬᠤ ᠪᠡᠷ ᠵᠤᠷᠢᠯᠭ᠎ᠠ ᠪᠡᠨ ᠪᠤᠯᠭᠠᠬᠰᠠᠨ ᠪᠠᠭᠠᠷᠢᠨ ᠪᠠᠷᠠᠭᠤᠨ ᠬᠤᠰᠢᠭᠤᠨ ᠤ᠋ ᠬᠡᠰᠡᠷᠴᠢ ᠬᠠᠮᠳᠤᠯᠢᠬ 2014 ᠤᠨ ᠳ᠋ᠤ ᠪᠠᠢᠭᠤᠯᠤᠬᠳᠠᠵᠠᠢ᠃ ᠲᠤᠰ ᠬᠠᠮᠳᠤᠯᠢᠬ ᠨᠢ ᠬᠡᠳᠦᠨ ᠵᠢᠯ ᠤ᠋ᠨ ᠬᠦᠭᠵᠢᠯ ᠪᠤᠵᠠᠭᠠᠢᠷᠠᠯ ᠵᠢᠡᠷ ᠲᠠᠮᠵᠢᠨ ᠠᠩᠬ᠎ᠠ ᠡᠬᠢᠨ ᠳ᠋ᠡᠬᠡᠨ ᠴᠦᠬᠡᠨ ᠬᠦᠮᠦᠨ ᠲᠠᠢ ᠪᠠᠢᠬᠰᠠᠨ ᠵᠢᠡᠨ᠂ ᠤᠳᠤ ᠪᠤᠯᠬᠤ ᠳ᠋ᠤ 12 ᠬᠦᠮᠦᠨ ᠲᠠᠢ ᠪᠤᠯᠵᠤ ᠦᠷᠬᠡᠵᠢᠪᠡ᠃ ᠡᠬᠦᠪᠡᠷ ᠪᠠᠷᠠᠬᠤ ᠦᠬᠡᠢ᠂ ᠪᠠᠭᠠᠷᠢᠨ ᠪᠠᠷᠠᠭᠤᠨ ᠬᠤᠰᠢᠭᠤᠨ ᠤ᠋ ᠬᠡᠰᠡᠷᠴᠢ ᠬᠠᠮᠳᠤᠯᠢᠬ ᠤ᠋ᠨ ᠰᠠᠭᠤᠷᠢᠨ ᠲᠡᠭᠡᠷ᠎ᠡ ᠡᠨᠡ ᠵᠢᠯ ᠤ᠋ᠨ 1 ᠰᠠᠷ᠎ᠠ ᠳ᠋ᠤ ᠪᠠᠭᠠᠷᠢᠨ ᠪᠠᠷᠠᠭᠤᠨ ᠬᠤᠰᠢᠭᠤᠨ ᠤ᠋ ᠬᠡᠰᠡᠷ ᠰᠤᠶᠤᠯ ᠤ᠋ᠨ ᠲᠤᠤᠯᠢ ᠬᠠᠢᠯᠠᠬᠤ ᠲᠦᠪ ᠪᠠᠢᠭᠤᠯᠤᠬᠳᠠᠵᠤ᠂ ᠬᠡᠰᠡᠷᠴᠢ ᠬᠡᠰᠡᠷ ᠰᠤᠳᠤᠯᠤᠭᠠᠴᠢ ᠵᠢ ᠪᠠᠬᠳᠠᠭᠠᠬᠰᠠᠨ 67 ᠬᠦᠮᠦᠨ ᠲᠠᠢ ᠲᠤᠮᠤᠬᠠᠨ ᠡᠩᠨᠡᠬᠡ ᠪᠤᠯᠵᠤ ᠦᠷᠬᠡᠵᠢᠨ ᠬᠦᠭᠵᠢᠪᠡ᠃ ᠤᠨᠴᠠᠭᠠᠢᠯᠠᠨ ᠲᠤᠷᠠᠳᠤᠭᠤᠰᠢᠳᠠᠢ ᠨᠢ ᠬᠡᠪᠡᠯ᠂ 2019 ᠤᠨ ᠳ᠋ᠤ᠂ ᠶᠡᠷᠦᠩᠬᠡᠢ ᠱᠦᠵᠢ ᠰᠢ ᠵᠢᠨ ᠫᠢᠩ ᠤᠯᠠᠭᠠᠠᠬᠠᠳᠠ ᠮᠦᠽᠸᠢ ᠳ᠋ᠤ ᠬᠦᠷᠴᠦ ᠂ ᠬᠡᠰᠡᠷᠴᠢ ᠬᠠᠮᠳᠤᠯᠢᠬ ᠤ᠋ᠨ ᠬᠡᠰᠡᠷᠴᠢᠳ ᠤ᠋ᠨ ᠲᠤᠬᠯᠠᠯᠳᠠ ᠵᠢ ᠰᠤᠨᠢᠷᠬᠠᠬᠰᠠᠨ ᠪᠦᠬᠡᠳ《ᠡᠨᠡ ᠡᠳᠦᠷ ᠲᠠ ᠨᠠᠷ ᠢ᠋ ᠡᠷᠬᠢᠨ ᠦᠵᠡᠵᠦ ᠪᠠᠢᠭ᠎ᠠ ᠶᠠᠪᠤᠳᠠᠯ ᠪᠤᠯ᠂ ᠨᠠᠮ ᠤ᠋ᠨ ᠲᠦᠪ ᠬᠤᠷᠢᠶ᠎ᠠ ᠵᠢᠨ ᠴᠦᠬᠡᠨ ᠲᠤᠭᠠᠳᠤ ᠦᠨᠳᠦᠰᠦᠳᠡᠨ ᠤ᠋ ᠪᠤᠳᠠᠰ ᠤ᠋ᠨ ᠪᠤᠰᠤ ᠰᠤᠶᠤᠯ ᠤ᠋ᠨ ᠦᠪ ᠢ᠋ ᠬᠠᠮᠠᠭᠠᠯᠠᠵᠤ ᠤᠯᠠᠮᠵᠢᠯᠠᠬᠤ ᠵᠢ ᠲᠡᠮᠵᠢᠬᠦ ᠪᠠᠨ ᠢᠯᠡᠳᠬᠡᠵᠦ ᠪᠠᠢᠭ᠎ᠠ ᠶᠤᠮ 》ᠬᠡᠵᠦ ᠬᠡᠯᠡᠪᠡ᠃

《ᠮᠠᠨ ᠤ᠋ ᠬᠠᠮᠳᠤᠯᠢᠬ ᠤ᠋ᠨ ᠬᠢᠨ ᠦᠩᠬᠡᠷᠡᠭᠰᠡᠨ ᠤᠨ ᠳ᠋ᠤ᠂ ᠲᠤᠯᠤᠳᠤᠭᠠᠷ ᠬᠤᠭᠤᠴᠠᠭᠠᠨ ᠤ᠋ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠲᠤᠬᠯᠠᠯᠳᠠ ᠳ᠋ᠤ ᠤᠷᠤᠯᠴᠠᠵᠤ᠂ ᠬᠡᠰᠡᠷ ᠎ᠤᠨ ᠲᠤᠤᠯᠢ ᠪᠡᠨ ᠬᠠᠢᠯᠠᠯ᠎ᠠ᠃ ᠬᠡᠰᠡᠷ ᠎ᠤᠨ ᠲᠤᠤᠯᠢ ᠵᠢ ᠰᠤᠷᠭᠠᠭᠤᠯᠢ ᠵᠢᠨ ᠬᠦᠷᠢᠶᠡᠨ ᠳ᠋ᠤ ᠤᠷᠤᠭᠤᠯᠬᠤ ᠠᠵᠢᠯᠯᠠᠭ᠎ᠠ ᠦᠷᠨᠢᠬᠦᠯᠵᠦ᠂ ᠵᠢᠷᠭᠠᠯ ᠤ᠋ᠨ ᠵᠠᠮ ᠰᠤᠮᠤᠨ ᠤ᠋ ᠰᠤᠷᠭᠠᠭᠤᠯᠢ ᠵᠡᠷᠬᠡ 3 ᠰᠤᠷᠭᠠᠭᠤᠯᠢ ᠳ᠋ᠤ ᠬᠦᠷᠴᠦ᠂ ᠰᠤᠷᠤᠬᠴᠢᠳ ᠲᠦ᠍ ᠬᠡᠰᠡᠷ ᠰᠤᠶᠤᠯ ᠢ᠋ ᠤᠯᠠᠮᠵᠢᠯᠠᠵᠠᠢ᠃ 27 ᠭᠠᠴᠠᠭ᠎ᠠ ᠲᠤᠰᠬᠤᠨ ᠳ᠋ᠤ ᠬᠦᠷᠴᠦ᠂ ᠬᠡᠰᠡᠷ ᠤ᠋ᠨ ᠲᠤᠤᠯᠢ ᠂ ᠪᠠᠭᠠᠷᠢᠨ ᠬᠠᠨ ᠤ᠋ ᠮᠠᠬᠳᠠᠭᠠᠯ᠂ ᠱᠤᠭ ᠵᠦᠴᠦᠬᠡ᠂ ᠡᠷᠡᠭᠳᠡᠢ ᠡᠮᠡᠭᠳᠡᠢ ᠵᠢᠨ ᠲᠠᠭᠠᠷᠢᠯᠴᠠᠭ᠎ᠠ ᠵᠢ ᠵᠤᠬᠢᠶᠠᠨ ᠲᠤᠬᠯᠠᠵᠤ᠂ ᠤᠯᠠᠨ ᠲᠦᠮᠡᠨ ᠤ᠋ ᠰᠤᠶᠤᠯ ᠤ᠋ᠨ ᠠᠮᠢᠳᠤᠷᠠᠯ ᠢ᠋ ᠪᠠᠶᠠᠯᠢᠬᠵᠢᠭᠤᠯᠪᠠ᠃ ᠤᠨᠴᠠᠭᠠᠢᠯᠠᠨ ᠲᠤᠷᠠᠳᠤᠭᠤᠰᠢᠳᠠᠢ ᠨᠢ ᠬᠡᠪᠡᠯ᠂ ᠮᠠᠨ ᠤ᠋ ᠬᠠᠮᠳᠤᠯᠢᠬ ᠤ᠋ᠨ ᠬᠢᠨ ᠪᠠᠭᠠᠷᠢᠨ ᠵᠡᠬᠦᠨ ᠬᠤᠰᠢᠭᠤ᠂ ᠤᠩᠨᠢᠭᠤᠳ ᠬᠤᠰᠢᠭᠤ ᠵᠡᠷᠬᠡ ᠬᠡᠰᠡᠷ ᠤ᠋ᠨ ᠲᠤᠮᠤᠬ ᠲᠠᠢ ᠬᠤᠯᠪᠤᠬᠳᠠᠬᠰᠠᠨ ᠭᠠᠵᠠᠷ ᠲᠦ᠍ ᠪᠡᠶᠡᠴᠢᠯᠡᠨ ᠬᠦᠷᠴᠦ᠂ ᠲᠤᠰᠬᠠᠢ ᠪᠠᠬᠰᠢ ᠵᠢ ᠤᠷᠢᠵᠤ ᠬᠡᠰᠡᠷ ᠤ᠋ᠨ ᠲᠤᠮᠤᠬ ᠢ᠋ ᠶᠠᠷᠢᠭᠤᠯᠵᠤ ᠲᠠᠢᠯᠪᠤᠷᠢᠯᠠᠵᠤ ᠂ ᠨᠡᠢᠳᠡ 90 ᠬᠡᠰᠡᠷ ᠤ᠋ᠨ ᠲᠤᠮᠤᠬ ᠢ᠋ ᠰᠡᠬᠦᠳᠡᠷᠯᠡᠵᠦ᠂ 72 ᠬᠡᠰᠡᠷ ᠤ᠋ᠨ ᠲᠤᠮᠤᠬ ᠢ᠋ ᠰᠡᠬᠦᠳᠡᠷᠯᠡᠨ ᠦᠢᠯᠡᠳᠴᠦ ᠬᠠᠳᠠᠭᠠᠯᠠᠬᠰᠠᠨ ᠪᠠᠢᠨ᠎ᠠ 》ᠬᠡᠵᠦ ᠪᠠᠭᠠᠷᠢᠨ ᠪᠠᠷᠠᠭᠤᠨ ᠬᠤᠰᠢᠭᠤᠨ ᠤ᠋ ᠬᠡᠰᠡᠷᠴᠢ ᠬᠠᠮᠳᠤᠯᠢᠬ ᠤ᠋ᠨ ᠡᠬᠦᠰᠬᠡᠨ ᠪᠠᠢᠭᠤᠯᠤᠬᠴᠢ ᠂ ᠠᠬᠠᠯᠠᠬᠴᠢ᠂ ᠬᠡᠰᠡᠷ ᠰᠤᠶᠤᠯ ᠤ᠋ᠨ ᠲᠤᠤᠯᠢ ᠬᠠᠢᠯᠠᠬᠤ ᠲᠦᠪ ᠤ᠋ᠨ ᠡᠷᠬᠢᠯᠡᠭᠴᠢ ᠤᠳᠬᠤᠨᠬᠤᠸᠠᠷ ᠰᠤᠷᠪᠤᠯᠵᠢᠯᠠᠬᠴᠢ ᠳ᠋ᠤ ᠲᠠᠨᠢᠯᠴᠠᠭᠤᠯᠵᠤ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面