ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-02 08:19:57

ᠵᠣᠬᠢᠶᠠᠭ᠍ᠴᠢ᠄ ᠰᠤᠷᠭᠤᠭ ᠣᠩᠱᠢᠭ᠍ᠰᠠᠨ ᠣᠳᠠᠭ᠎ᠠ᠄ 3

ᠬᠤᠤᠰ ᠤᠶᠠᠩᠭ᠎ᠠ ᠨᠢ ᠰᠢᠨ᠎ᠠ ᠵᠢᠯ ᠴᠠᠭᠠᠨ ᠰᠠᠷ᠎ᠠ ᠵᠢᠨ ᠠᠯᠢᠪᠠ ᠰᠠᠢᠨ ᠰᠠᠢᠬᠠᠨ ᠤ᠋ ᠪᠡᠯᠭᠡ ᠳᠡᠮᠪᠡᠷᠢᠯ ᠢ᠋ ᠳᠤᠰᠬᠠᠭᠰᠠᠨ ᠢᠷᠦᠭᠡᠯ ᠵᠦᠩᠨᠡᠯ ᠪᠠᠢᠵᠤ᠂ ᠳᠤᠮᠳᠠᠳᠤ ᠵᠢᠨ ᠦᠨᠳᠦᠰᠦᠳᠡᠨ ᠤ᠋ ᠦᠨᠢ ᠤᠳᠠᠭᠠᠨ ᠤᠯᠠᠮᠵᠢᠯᠠᠭᠳᠠᠬᠰᠠᠭᠠᠷ ᠢᠷᠡᠭᠰᠡᠨ ᠵᠠᠩ ᠵᠠᠩᠰᠢᠯ ᠪᠤᠯᠤᠨ᠎ᠠ᠃

ᠡᠷᠦᠬᠡ ᠵᠢᠨ ᠡᠭᠦᠳᠡᠨ᠎ᠠ ᠦᠩᠭᠡᠳᠤ ᠳ᠋ᠸᠩᠯᠦ ᠭᠡᠷᠡᠯᠳᠦᠵᠤ᠂ ᠠᠢᠯ ᠤ᠋ᠨ ᠳᠤᠮᠳᠠ ᠪᠠᠶᠠᠷ᠎ᠤᠨ ᠫᠤᠤᠵᠢᠩ ᠲᠠᠴᠢᠭᠢᠨᠠᠭᠰᠠᠨ ᠬᠠᠷ᠎ᠠ ᠪᠠᠷᠰ ᠵᠢᠯ ᠤ᠋ᠨ ᠴᠠᠭᠠᠨ ᠰᠠᠷ᠎ᠠ ᠬᠦᠷᠴᠤ ᠢᠷᠡᠬᠦ ᠲᠠᠰᠢᠷᠡᠮ᠎ᠢᠶᠡᠷ᠂ ᠲᠦᠩᠯᠢᠶᠤᠤ ᠬᠤᠳᠠ ᠵᠢᠨ ᠵᠠᠷᠤᠳ ᠬᠤᠰᠢᠭᠤ ᠪᠡᠷ ᠨᠤᠲᠤᠭ ᠲᠠᠢ ᠡᠷᠬᠢᠮᠪᠠᠭᠠᠳᠤᠷ ᠠᠪᠤᠭᠠᠢ ᠬᠠᠷᠢᠨ ᠦᠳᠦᠳᠤ ᠪᠢᠷ ᠡᠷᠭᠢᠭᠦᠯᠦᠨ᠂ ᠬᠠᠭᠤᠴᠢᠨ ᠵᠢᠯ ᠵᠢᠡᠨ ᠦᠳᠡᠵᠤ᠂ ᠬᠤᠤᠰ ᠤᠶᠠᠩᠭ᠎ᠠ ᠨᠠᠢᠷᠠᠭᠤᠯᠤᠨ ᠪᠢᠴᠢᠵᠤ ᠴᠠᠭᠠᠨ ᠰᠠᠷ᠎ᠠ ᠪᠠᠨ ᠤᠭᠳᠤᠵᠤ ᠶᠠᠭᠠᠷᠠᠨ᠎ᠠ᠃

ᠪᠠᠭ᠎ᠠ ᠨᠠᠰᠤᠨ ᠡᠴᠡ ᠪᠠᠨ ᠦᠰᠦᠨ ᠪᠢᠷ ᠲᠠᠢ ᠨᠦᠬᠦᠷᠯᠡᠨ᠂ ᠤᠷᠠᠨ ᠪᠢᠴᠢᠯᠭᠡ ᠳ᠋ᠤ ᠳᠤᠷ᠎ᠠ ᠪᠠᠬ᠎ᠠ ᠲᠠᠢ ᠲᠡᠷᠡ ᠪᠡᠷ ᠵᠢᠯ ᠪᠤᠯᠭᠠᠨ ᠤ᠋ ᠭᠠᠯ ᠲᠠᠬᠢᠯᠭ᠎ᠠ ᠵᠢᠨ ᠡᠳᠦᠷ ᠪᠤᠯᠬᠤ ᠪᠢᠯᠢᠭ᠎ᠤᠨ ᠤᠯᠠᠷᠢᠯ᠎ᠤᠨ ᠬᠤᠷᠢᠨ ᠭᠤᠷᠪᠠᠨ ᠦᠩᠭᠡᠷᠡᠭᠰᠡᠭᠡᠷ ᠬᠤᠰᠢᠭᠤᠨ ᠤ᠋ ᠤᠷᠠᠨ ᠪᠢᠴᠢᠯᠭᠡᠳᠡᠳ ᠤ᠋ᠨ ᠨᠡᠢᠭᠡᠮᠯᠢᠭ ᠤ᠋ᠨ ᠭᠡᠰᠢᠭᠦᠨ ᠤ᠋ ᠬᠤᠪᠢ ᠪᠡᠷ ᠠᠵᠢᠯ ᠤ᠋ᠨ ᠴᠢᠯᠦᠭᠡᠨ ᠤ᠋ ᠬᠤᠤᠰ ᠤᠶᠠᠩᠭ᠎ᠠ ᠬᠦᠷᠭᠡᠬᠦ ᠰᠠᠢᠨ ᠳᠤᠷ᠎ᠠ ᠵᠢᠨ ᠠᠵᠢᠯᠯᠠᠭ᠎ᠠ ᠳ᠋ᠤ ᠤᠷᠤᠯᠴᠠᠭᠠᠳ ᠠᠢᠯ ᠰᠠᠭᠠᠬᠠᠯᠳᠠ ᠪᠠᠨ ᠪᠠᠶᠠᠰᠬᠠᠵᠥ ᠶᠠᠭᠠᠷᠠᠳᠠᠭ ᠪᠢᠯᠡ᠃

ᠡᠷᠬᠢᠮᠪᠠᠭᠠᠳᠤᠷ ᠭᠤᠸᠠᠢ ᠢᠩᠬᠢᠵᠤ ᠵᠢᠯ ᠪᠦᠷᠢ ᠵᠢᠨ ᠴᠠᠭᠠᠨ ᠰᠠᠷ᠎ᠠ ᠡᠴᠡ ᠡᠮᠦᠨᠡᠬᠡᠨ ᠬᠤᠤᠰ ᠤᠶᠠᠩᠭ᠎ᠠ ᠪᠢᠴᠢᠵᠤ ᠤᠯᠠᠨ ᠲᠦᠮᠨᠨ ᠳ᠋ᠤ ᠪᠡᠯᠡᠭ ᠪᠤᠯᠭᠠᠨ ᠬᠦᠷᠬᠡᠬᠡᠳ ᠳᠦᠴᠢᠨ ᠬᠡᠳᠦᠨ ᠵᠢᠯ ᠪᠤᠯᠵᠤ ᠪᠠᠢᠨ᠎ᠠ᠃《ᠪᠢ ᠠᠷᠪᠠᠨ ᠭᠤᠷᠪᠠᠨ ᠨᠠᠰᠤᠳᠠᠢ ᠡᠴᠡ ᠪᠠᠨ ᠠᠪᠤ ᠪᠠᠨ ᠬᠠᠪᠰᠤᠷᠴᠤ ᠠᠢᠯ ᠡᠷᠦᠬᠡ ᠳ᠋ᠤ ᠬᠤᠤᠰ ᠤᠶᠠᠩᠭ᠎ᠠ ᠪᠢᠴᠢᠵᠤ ᠦᠭᠳᠡᠭ᠂ ᠠᠪᠤ ᠨᠠᠳᠠ ᠵᠢ ᠲᠤᠩ ᠬᠠᠳᠠᠭᠤ ᠴᠢᠩᠭ᠎ᠠ ᠱᠠᠭᠠᠷᠳᠠᠳᠠᠭ ᠡᠴᠡ ᠬᠤᠤᠰ ᠤᠶᠠᠩᠭ᠎ᠠ ᠪᠢᠴᠢᠬᠦ ᠦᠰᠦᠭ ᠵᠢᠷᠤᠯᠭ᠎ᠠ ᠠᠭᠠᠵᠢᠮ᠎ᠢᠶᠡᠷ ᠲᠦᠷᠢᠮᠵᠢᠬᠦᠨ ᠪᠤᠯᠵᠤ᠂ ᠶᠠᠪᠤᠬᠤ ᠲᠤᠳᠤᠮ ᠤᠷᠠᠨ ᠪᠢᠴᠢᠯᠭᠡ ᠳ᠋ᠤ ᠳᠤᠷ᠎ᠠ ᠪᠠᠬ᠎ᠠ ᠲᠠᠢ ᠪᠤᠯᠵᠠᠢ᠃ ᠡᠮᠦᠨ᠎ᠠ ᠨᠢ ᠠᠢᠯ ᠵᠡᠷᠭᠡᠯᠡᠳᠡᠭᠡ ᠳ᠋ᠡᠭᠡᠨ ᠬᠤᠤᠰ ᠤᠶᠠᠩᠭ᠎ᠠ ᠪᠢᠴᠢᠵᠤ ᠬᠦᠷᠭᠡᠵᠤ ᠪᠠᠢᠭᠰᠠᠨ ᠵᠢᠡᠨ ᠤᠢᠷ᠎ᠠ ᠵᠢᠨ ᠵᠢᠯ ᠤ᠋ᠳ ᠲᠤ᠌ ᠡᠯ᠎ᠡ ᠵᠦᠢᠯ᠎ᠤᠨ᠎ᠤᠷᠤᠯᠳᠤᠭᠠᠨ᠂᠎ᠤᠬᠠᠭᠤᠯᠭ᠎ᠠ᠂᠎ᠦᠵᠡᠭᠦᠯᠭᠡ᠎ᠳ᠋ᠤ ᠤᠷᠤᠯᠴᠠᠭᠠᠳ ᠠᠯᠢ ᠤᠯᠠᠨ ᠱᠠᠩᠨᠠᠯ ᠦᠨᠡᠮᠯᠡᠯ ᠬᠦᠷᠳᠡᠵᠤ᠂ ᠦᠪᠡᠷ ᠤ᠋ᠨ ᠵᠢᠡᠨ ᠭᠡᠰᠡᠨ ᠪᠦᠲᠦᠭᠡᠯ ᠤᠷᠤᠯᠳᠤᠯᠭ᠎ᠠ ᠲᠠᠢ ᠪᠤᠯᠵᠠᠢ》ᠲᠡᠷᠡ ᠰᠤᠷᠪᠤᠯᠵᠢᠯᠠᠭᠴᠢ ᠳ᠋ᠤ ᠶᠠᠷᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面