ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-03 08:28:19

ᠵᠣᠬᠢᠶᠠᠭ᠍ᠴᠢ᠄ ᠸᠠᠩ ᠲᠠᠨ᠎ᠠ ᠶᠤᠸᠠᠢ ᠵᠢᠨ ᠰᠢᠡᠭ ᠣᠩᠱᠢᠭ᠍ᠰᠠᠨ ᠣᠳᠠᠭ᠎ᠠ᠄ 3

ᠠᠷᠤ ᠬᠤᠷᠴᠢᠨ ᠬᠤᠰᠢᠭᠤᠨ ᠤ᠋ ᠴᠢᠪᠠᠭ᠎ᠠ ᠪᠠᠯᠭᠠᠰᠤ ᠵᠢᠨ ᠭᠤᠤᠯ ᠵᠡᠭᠡᠯᠢ ᠳ᠋ᠤ ᠪᠠᠢᠷᠢᠯᠠᠭᠰᠠᠨ ᠢ ᠮᠢᠨ ᠬᠤᠳᠠᠯᠳᠤᠭᠠᠨ ᠤ᠋ ᠠᠭᠤᠳᠠᠮ ᠲᠠᠯᠠᠪᠠᠢ ᠵᠢᠨ ᠬᠤᠶᠠᠳᠤᠭᠠᠷ ᠲᠠᠪᠬᠤᠷᠯᠢᠭ ᠲᠤ᠌ ᠮᠠᠰᠢ ᠤᠯᠠᠨ ᠬᠤᠪᠴᠠᠰᠤ ᠵᠠᠰᠠᠯ ᠤ᠋ᠨ ᠲᠡᠯᠭᠡᠬᠦᠷ ᠪᠠᠢᠳᠠᠭ᠃ ᠡᠬᠦᠨ ᠳ᠋ᠤ 《ᠬᠢᠯᠠᠰᠤᠮ᠎ᠠ ᠮᠤᠡᠭᠭᠤᠯ》 ᠬᠤᠪᠴᠠᠰᠤᠨ ᠤ᠋ ᠲᠡᠯᠭᠡᠬᠦᠷ ᠨᠢ ᠬᠡᠦᠬᠡᠳ ᠤ᠋ᠨ ᠬᠤᠪᠴᠠᠰᠤ ᠵᠠᠰᠠᠯ ᠳᠤᠰᠬᠠᠢ ᠬᠢᠳᠡᠭ ᠵᠢᠡᠷ ᠵᠢᠡᠨ ᠤᠨᠴᠠᠯᠠᠭᠳᠠᠨ᠎ᠠ᠃

ᠴᠠᠭᠠᠨ ᠰᠠᠷ᠎ᠠ ᠵᠢᠨ ᠡᠮᠦᠨᠡᠭᠡᠨ᠂ ᠬᠢᠯᠠᠰᠤᠮ᠎ᠠ ᠮᠤᠡᠭᠭᠤᠯ ᠬᠡᠦᠬᠡᠳ ᠤ᠋ᠨ ᠬᠤᠪᠴᠠᠰᠤᠨ᠎ᠤ ᠲᠡᠯᠭᠡᠬᠦᠷ ᠤ᠋ᠨ ᠤᠶᠤᠳᠠᠯᠴᠢᠳ ᠵᠠᠬᠢᠶᠠᠯᠠᠭᠰᠠᠨ ᠰᠢᠨ᠎ᠠ ᠵᠢᠨ ᠬᠤᠪᠴᠠᠰᠤ ᠤᠶᠤᠵᠤ ᠶᠠᠭᠠᠷᠠᠯᠳᠠᠢ ᠠᠵᠢᠯᠯᠠᠵᠠᠭᠠᠵᠤ ᠪᠠᠢᠯ᠎ᠠ᠃

《ᠲᠤᠰ ᠲᠡᠯᠭᠡᠬᠦᠷ᠎ᠤᠨ ᠬᠡᠦᠬᠡᠳ ᠤ᠋ᠨ ᠬᠤᠪᠴᠠᠰᠤᠨ ᠤ᠋ ᠬᠡᠯᠪᠡᠷᠢ ᠮᠠᠶᠢᠭ ᠨᠢ ᠤᠯᠠᠨ ᠶᠠᠡᠭᠵᠤ ᠵᠢᠨ ᠮᠦᠷᠳᠡᠬᠡᠨ ᠪᠦᠰ ᠮᠠᠲᠸᠷᠢᠶᠠᠯ ᠨᠢ ᠴᠢᠨᠠᠷ ᠰᠠᠢᠨ ᠪᠠᠢᠳᠠᠭ᠂ ᠢᠯᠠᠡᠭᠭᠤᠶ᠎ᠠ ᠬᠤᠪᠴᠠᠰᠤ ᠵᠠᠰᠠᠯ ᠤ᠋ᠨ ᠵᠢᠷᠤᠭ ᠲᠦᠯᠦᠪᠯᠡᠬᠡ ᠵᠢᠨ ᠰᠡᠳᠬᠢᠮᠵᠢ ᠬᠡᠪ ᠨᠠᠮᠪᠠ ᠨᠢ ᠦᠪᠡᠷᠮᠢᠴᠡ ᠤᠨᠴᠠᠯᠢᠭ ᠲᠠᠢ᠃ ᠮᠠᠨ ᠤ᠋ ᠬᠢᠨ ᠭᠡᠷ ᠪᠦᠯᠢ ᠵᠢᠨ ᠬᠤᠪᠴᠠᠰᠤ᠂ ᠰᠢᠨ᠎ᠠ ᠵᠢᠨ ᠬᠤᠪᠴᠠᠰᠤ ᠪᠠᠨ ᠪᠦᠷ ᠡᠨᠳᠡ ᠡᠴᠡ ᠵᠠᠬᠢᠶᠠᠯᠠᠳᠠᠭ ᠪᠦᠬᠡᠳ ᠲᠦᠷᠦᠯ ᠰᠠᠳᠤᠨ ᠨᠠᠢᠵᠠ ᠨᠦᠬᠦᠳ ᠲᠡᠭᠡᠨ ᠲᠠᠨᠢᠯᠴᠠᠭᠤᠯᠤᠭᠰᠠᠨ᠎ᠳᠤ ᠲᠠᠳᠠᠨᠤᠰ ᠤ᠋ᠨ ᠲᠠᠭᠠᠰᠢᠶᠠᠯ ᠢ᠋ ᠴᠸ᠋ ᠤᠯᠵᠤ ᠪᠠᠢᠨ᠎ᠠ》 ᠬᠡᠵᠦ ᠰᠢᠨ᠎ᠠ ᠵᠢᠨ ᠬᠤᠪᠴᠠᠰᠤ ᠪᠠᠨ ᠠᠪᠬᠤ ᠪᠠᠷ ᠢᠷᠡᠭᠰᠡᠨ ᠭᠡᠭᠡᠨᠳᠤᠶᠠᠭ᠎ᠠ ᠰᠤᠷᠪᠤᠯᠵᠢᠯᠠᠭᠴᠢ ᠳ᠋ᠤ ᠶᠠᠷᠢᠵᠤ ᠪᠠᠢᠪᠠ᠃

ᠳᠡᠯᠭᠡᠭᠦᠷ᠎ᠤᠨ ᠡᠵᠡᠨ ᠤᠶᠤᠨᠰᠤᠳᠤ᠄《ᠡᠨᠡ ᠵᠢᠯ ᠤ᠋ᠨ ᠰᠢᠨ᠎ᠠ ᠵᠢᠨ ᠬᠤᠪᠴᠠᠰᠤᠨ ᠤ᠋ ᠵᠠᠬᠢᠶᠠᠯᠠᠭ᠎ᠠ ᠨᠢ ᠬᠡᠳᠦᠨ ᠰᠠᠷ᠎ᠠ ᠵᠢᠨ ᠡᠮᠦᠨ᠎ᠠ ᠡᠴᠡ ᠡᠬᠢᠯᠡᠭᠡᠳ ᠤᠳᠤ ᠪᠤᠯᠳᠠᠯ᠎ᠠ 500 ᠭᠠᠷᠤᠢ ᠬᠤᠪᠢ ᠵᠡᠬᠢᠶᠠᠯᠠᠭ᠎ᠠ ᠳᠤᠰᠤᠭᠰᠠᠨ᠂ ᠤᠶᠤᠳᠠᠯᠴᠢᠳ ᠮᠠᠨᠢ ᠪᠢᠳᠡᠬᠦᠨ ᠤ᠋ ᠡᠳᠦᠷ ᠪᠤᠯᠳᠠᠯ᠎ᠠ ᠠᠵᠢᠯᠯᠠᠨ᠎ᠠ᠂ ᠵᠦᠪᠬᠡᠨ ᠰᠢᠨ᠎ᠠ ᠵᠢᠨ ᠬᠤᠪᠴᠠᠰᠤ ᠤᠶᠤᠭᠠᠳ 8 — 9 ᠲᠦᠮᠡᠨ ᠲᠦᠬᠦᠷᠢᠭ ᠤ᠋ᠨ ᠤᠷᠤᠯᠭ᠎ᠠ ᠤᠯᠬᠤ ᠲᠦᠯᠦᠪᠳᠡᠢ ᠪᠠᠢᠨ᠎ᠠ》 ᠭᠡᠵᠤ ᠲᠠᠨᠢᠯᠴᠠᠭᠤᠯᠤᠨ᠎ᠠ᠃

《ᠬᠢᠯᠠᠰᠤᠮ᠎ᠠ ᠮᠤᠡᠭᠭᠤᠯ》 ᠪᠤᠯ ᠬᠡᠦᠬᠡᠳ᠎ᠦᠨ ᠬᠤᠪᠴᠠᠰᠤ ᠵᠠᠰᠠᠯ᠎ᠤᠨ ᠬᠦᠷᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠦᠭ᠌ᠰᠡᠨ ᠮᠣᠩᠭᠣᠯ ᠡᠯᠧᠮᠧᠨ᠋ᠲ᠎ᠦᠨ᠎ᠠᠩᠬᠠᠨ᠎ᠤ᠎ᠡᠭᠦᠳᠦᠯᠲᠡ᠎ᠶ᠋ᠢᠨ ᠲᠦᠷᠦᠯ ᠲᠡᠮᠳᠡᠭ ᠪᠣᠯᠤᠨ᠎ᠠ᠃ ᠡᠨᠡ ᠨᠢ ᠮᠦᠨ ᠴᠤ᠌《ᠬᠢᠯᠠᠰᠤᠮ᠎ᠠ ᠮᠤᠡᠭᠭᠤᠯ》ᠲᠦᠷᠦᠯ ᠲᠡᠮᠳᠡᠭ ᠢ᠋ ᠡᠬᠦᠳᠦᠭᠴᠢ ᠤᠶᠤᠨᠰᠤᠳᠤ ᠵᠢᠨ ᠮᠤᠡᠭᠭᠤᠯ ᠬᠤᠪᠴᠠᠰᠤ ᠵᠠᠰᠠᠯ ᠤ᠋ᠨ ᠰᠤᠶᠤᠯ ᠢ᠋ ᠬᠡᠦᠬᠡᠳ ᠪᠠᠭᠠᠴᠤᠳ ᠲᠠᠭᠠᠨ ᠤᠯᠠᠮᠵᠢᠯᠠᠨ ᠵᠠᠯᠭᠠᠮᠵᠢᠯᠠᠵᠤ᠂ ᠮᠤᠡᠭᠭᠤᠯ ᠡᠮᠦᠰᠭᠡᠯ ᠵᠠᠰᠠᠯ ᠤ᠋ᠨ ᠷᠢᠳᠢ ᠰᠢᠳᠢ ᠵᠢ ᠦᠷᠦᠬᠡᠯ ᠪᠤᠰᠤᠳ ᠲᠤ᠌ ᠲᠠᠨᠢᠭᠤᠯᠤᠨ ᠭᠠᠢᠬᠠᠭᠤᠯᠬᠤ ᠬᠡᠰᠡᠨ ᠤᠭ ᠰᠠᠨᠠᠭ᠎ᠠ ᠤᠤᠭᠠᠨ ᠬᠦᠬᠡᠬᠡᠴᠡᠯᠳᠤᠯ ᠪᠠᠢᠵᠤ ᠲᠠᠭᠠᠷᠠᠨ᠎ᠠ᠃

ᠬᠢᠯᠠᠰᠤᠮ᠎ᠠ ᠮᠤᠡᠭᠭᠤᠯ ᠬᠤᠪᠴᠠᠰᠤᠨ ᠤ᠋ ᠲᠡᠯᠭᠡᠬᠦᠷ ᠨᠢ 2018 ᠤᠨ ᠳ᠋ᠤ ᠡᠷᠦᠬᠡ ᠪᠠᠨ ᠰᠡᠬᠦᠭᠰᠡᠨ ᠪᠦᠭᠡᠳ ᠤᠯᠠᠭᠠᠨᠬᠠᠳᠠ ᠵᠢᠨ ᠬᠤᠳᠠ ᠵᠢᠨ ᠳᠤᠭᠤᠷᠢᠭ ᠲᠤ᠌ ᠪᠠᠰᠠ ᠨᠢᠬᠡ ᠬᠤᠪᠢᠶᠠᠷᠢ ᠲᠡᠯᠬᠡᠬᠦᠷ ᠲᠠᠢ᠃ ᠠᠩᠬ᠎ᠠ ᠡᠬᠢᠨ᠎ᠳ᠋ᠡᠭᠡᠨ᠎ᠡᠬᠦᠳᠡᠨ ᠳᠡᠯᠭᠡᠭᠦᠷ᠎ᠦᠨ ᠪᠣᠷᠣᠯᠠᠭᠤᠯᠭ᠎ᠠ ᠪᠠ ᠵᠠᠬᠢᠶᠠᠯᠠᠭ᠎ᠠ᠎ᠪᠠᠷ ᠭᠣᠣᠯᠳᠠᠭᠤᠯᠵᠤ ᠪᠠᠢᠬᠰᠠᠨ ᠪᠤᠯ᠂ ᠰᠡᠭᠦᠯᠡᠷ ᠨᠢ ᠠᠭᠠᠵᠢᠮ᠎ᠢᠶᠠᠷ ᠣᠷᠣᠯᠠᠨ ᠪᠤᠷᠤᠯᠠᠭᠤᠯᠤᠭᠴᠢ ᠵᠢ ᠬᠦᠭᠵᠢᠬᠦᠯᠵᠤ᠂ ᠤᠳᠤ ᠨᠢᠭᠡᠨᠳᠡ ᠡᠯ᠎ᠠ ᠠᠢᠮᠠᠭ ᠬᠤᠳᠠ ᠳ᠋ᠤ 40 ᠭᠠᠷᠤᠢ ᠤᠷᠤᠯᠠᠨ ᠪᠤᠷᠤᠯᠠᠭᠤᠯᠤᠭᠴᠢ ᠲᠠᠢ ᠪᠤᠯᠵᠤ ᠬᠤᠪᠴᠠᠰᠤ ᠵᠠᠰᠠᠯ ᠨᠢ ᠠᠷᠤ ᠬᠤᠷᠴᠢᠨ ᠨᠤᠳᠤᠭ ᠲᠤ᠌ ᠪᠤᠷᠤᠯᠠᠭᠤᠯᠭ᠎ᠠ ᠰᠠᠢᠳᠠᠢ ᠪᠠᠷ ᠪᠠᠷᠠᠬᠤ ᠦᠬᠡᠢ ᠤᠷᠤᠨ ᠲᠠᠶᠠᠭᠠᠷ ᠴᠢᠨᠠᠭᠰᠢᠯᠠᠨ ᠰᠢᠨᠵᠢᠶᠡᠡᠭ᠂ ᠬᠦᠬᠡᠨᠡᠭᠤᠷ᠂ ᠭᠠᠨᠰᠤ ᠵᠡᠷᠬᠡ ᠪᠤᠰᠤᠳ ᠮᠤᠵᠢ ᠤᠷᠤᠨ ᠵᠢᠡᠷ ᠪᠤᠷᠤᠯᠠᠭᠤᠯᠤᠭᠳᠠᠵᠤ᠂ ᠬᠠᠩᠭᠠᠯᠭ᠎ᠠ ᠨᠢ ᠬᠡᠷᠡᠭ᠌ᠴᠡᠭᠡ᠎ᠳᠡᠭᠡᠨ ᠬᠦᠷᠬᠦ᠌ ᠦᠭᠡᠢ ᠪᠣᠯᠵᠠᠢ᠃

ᠲᠡᠯᠭᠡᠬᠦᠷ᠎ᠳᠦ᠍ ᠤᠷᠤᠭᠠᠳ ᠠᠵᠢᠬᠤᠯᠠᠷ᠂ ᠠᠷᠤ ᠬᠤᠷᠴᠢᠨ ᠮᠤᠡᠭᠭᠤᠯ ᠬᠤᠪᠴᠠᠰᠤ ᠵᠠᠰᠠᠯ᠂ ᠬᠤᠷᠢᠮ ᠨᠠᠢᠷ ᠤ᠋ᠨ ᠬᠤᠪᠴᠠᠰᠤ᠂ ᠰᠢᠨ᠎ᠠ ᠮᠠᠶᠢᠭ ᠤ᠋ᠨ ᠳᠤᠭᠯᠠᠯᠳᠠ ᠵᠢᠨ ᠬᠤᠪᠴᠠᠰᠤ᠂ ᠬᠡᠦᠬᠡᠳ ᠤ᠋ᠨ ᠤᠯᠠᠮᠵᠢᠯᠠᠯᠳᠤ ᠮᠠᠶᠢᠭ ᠤ᠋ᠨ ᠬᠤᠪᠴᠠᠰᠤ ᠵᠠᠰᠠᠯ᠂ ᠤᠳᠤᠬᠢ ᠮᠠᠶᠢᠭ᠋ ᠤ᠋ᠨ ᠬᠤᠪᠴᠠᠰᠤ ᠵᠠᠰᠠᠯ᠂ ᠶᠤᠰᠤᠯᠠᠯ ᠤ᠋ᠨ ᠬᠤᠪᠴᠠᠰᠤ ᠵᠠᠰᠠᠯ᠂ ᠬᠦᠡᠭᠵᠤ ᠮᠠᠶᠢᠭ ᠤ᠋ᠨ ᠬᠤᠪᠴᠠᠰᠤ ᠵᠠᠰᠠᠯ᠂ ᠮᠣᠩᠭᠣᠯ ᠡᠯᠧᠮᠧᠨ᠋ᠲ ᠲᠠᠢ ᠤᠷᠳᠤ ᠤᠬᠤᠷ ᠬᠠᠨᠴᠤᠢ ᠲᠠᠢ ᠬᠤᠪᠴᠠᠰᠤ᠂ ᠰᠤᠷᠤᠭᠴᠢ ᠵᠢᠨ ᠬᠤᠪᠴᠠᠰᠤ ᠪᠤᠯᠤᠨ ᠳᠤᠷᠭ᠎ᠠ ᠳᠤᠷᠳᠤᠡᠭ᠂ ᠳᠤᠤᠰᠠ ᠬᠦᠪᠡᠬᠡ᠂ ᠳᠤᠯᠤᠭᠠᠢ ᠵᠢᠨ ᠵᠠᠰᠠᠯ᠂ ᠰᠤᠨᠳᠤᠷ ᠵᠡᠷᠬᠡ ᠤᠯᠠᠨ ᠵᠦᠢᠯ ᠤ᠋ᠨ ᠭᠠᠷ ᠤᠷᠠᠯᠠᠯ ᠤ᠋ᠨ ᠪᠦᠳᠦᠭᠡᠭᠳᠡᠬᠦᠨ᠎ᠢ ᠲᠡᠯᠭᠡᠵᠠᠢ᠃ ᠲᠦᠷᠦᠯ ᠵᠦᠢᠯ᠎ᠦᠨ ᠬᠤᠪᠢ᠎ᠳᠤ ᠬᠠᠪᠤᠷ᠂ ᠵᠤᠨ᠂ ᠨᠠᠮᠤᠷ᠂ ᠡᠪᠦᠯ ᠵᠡᠷᠭᠡ ᠡᠯ᠎ᠠ ᠤᠯᠠᠷᠢᠯ᠎ᠤᠨ ᠬᠤᠪᠴᠠᠰᠤ ᠵᠠᠰᠠᠯ ᠪᠠᠭ᠍ᠲᠠᠵᠦ᠂ ᠬᠡᠪ ᠨᠠᠮᠪᠠᠭ᠎ᠠ ᠨᠢ ᠤᠯᠠᠮᠵᠢᠯᠠᠯ᠎ᠢ ᠤᠳᠤ ᠦᠶ᠎ᠡ᠎ᠳᠦ ᠠᠭᠤᠰᠭᠠᠵᠤ᠂ ᠪᠦᠬᠦ᠌ ᠲᠠᠯ᠎ᠠ᠎ᠶ᠋ᠢᠨ ᠬᠡᠷᠡᠭ᠌ᠴᠡᠭᠡ᠎ᠶ᠋ᠢ ᠬᠠᠮᠤᠷᠤᠨ᠂ ᠤᠷ᠎ᠠ ᠮᠡᠷᠭᠡᠵᠢᠯ ᠨᠢ ᠨᠠᠷᠢᠯᠢᠭ᠂ ᠡᠮᠦᠰᠭᠦ᠎ᠳᠦ ᠲᠠᠭᠠᠯᠠᠮᠵᠢᠲᠠᠢ᠂᠎ᠬᠡᠷᠡᠭ᠌ᠯᠡᠭᠡᠨ᠎ᠦ᠎ᠮᠠᠲ᠋ᠧᠷᠢᠶᠠᠯ᠎ᠨᠢ᠎ᠨᠠᠷᠢᠯᠢᠭ᠂ ᠥᠪᠡᠷ᠎ᠦᠨ᠎ᠢᠶᠡᠨ ᠣᠨᠴᠠᠯᠢᠭ᠎ᠲᠠᠶ ᠲᠦᠷᠦᠯ ᠲᠡᠮᠳᠡᠭ᠎ᠦᠨ ᠬᠡᠪ ᠨᠠᠮᠪᠠᠭ᠎ᠠ᠎ᠶ᠋ᠢ ᠪᠤᠢ ᠪᠣᠯᠭᠠᠭ᠍ᠰᠠᠨ ᠪᠠᠢᠨ᠎ᠠ᠃

《ᠲᠠᠷᠠᠭᠠᠴᠢ ᠪᠠᠷ ᠥᠪᠡᠷ᠎ᠦᠨ ᠦᠶ᠋ᠯᠡᠳᠪᠦᠷᠢᠯᠡᠯ᠎ᠦᠨ ᠱᠤᠭᠤᠮ᠎ᠢᠶᠠᠨ ᠥᠷᠭᠡᠳᠭᠡᠨ᠂ ᠦᠶ᠋ᠯᠡᠳᠪᠦᠷᠢᠯᠡᠯ᠎ᠦᠨ ᠶᠡᠷᠦᠩᠬᠡᠶ ᠬᠡᠮᠵᠢᠶ᠎ᠡ᠎ᠪᠡᠨ ᠨᠡᠮᠡᠭ᠌ᠳᠡᠭᠦᠯᠵᠦ᠍᠂ ᠤᠷᠠᠯᠠᠯ᠎ᠤᠨ ᠲᠠᠯ᠎ᠠ᠎ᠪᠠᠷ ᠨᠠᠩ ᠨᠠᠷᠢᠯᠢᠭ᠂ ᠵᠢᠷᠤᠭ ᠲᠥᠯᠥᠪᠯᠡᠭᠡ᠎ᠶ᠋ᠢᠨ ᠬᠡᠪ ᠨᠠᠮᠪᠠ ᠪᠠᠨ ᠲᠠᠰᠤᠷᠠᠯᠲᠠ ᠥᠬᠡᠶ ᠱᠢᠨ᠎ᠡ᠎ᠶ᠋ᠢ ᠡᠭᠦᠳᠬᠦ ᠪᠠᠷ ᠰᠦᠪᠡᠭᠴᠢᠯᠡᠨ᠎ᠠ᠃ ᠬᠡᠸ᠋ᠬᠡᠳ᠎ᠦᠨ ᠲᠠᠢᠰᠠᠨ᠎ᠤ ᠶᠣᠰᠣᠯᠠᠯ᠎ᠤᠨ ᠬᠤᠪᠴᠠᠰᠤ᠎ᠶ᠋ᠢᠨ ᠬᠦᠷᠢᠶᠡᠨ᠎ᠳᠦ ᠴᠦ᠍ ᠥᠪᠡᠷ᠎ᠦᠨ ᠨᠠᠷᠠᠲᠤ ᠲᠡᠮᠳᠡᠭ᠎ᠦᠨ᠎ᠢᠶᠡᠨ ᠨᠥᠯᠥᠭᠡᠯᠡᠬᠦ᠌ ᠬᠦᠴᠦᠨ᠎ᠢ ᠰᠡᠳᠭᠢᠯ ᠲᠠᠯᠪᠢᠨ ᠬᠥᠭ᠌ᠵᠢᠭᠦᠯᠵᠦ᠂ ᠬᠡᠦᠬᠡᠳ ᠤ᠋ᠨ ᠬᠤᠪᠴᠠᠰᠤ ᠬᠤᠨᠠᠷ ᠤ᠋ᠨ ᠦᠵᠡᠬᠦᠯᠬᠡ ᠵᠢ ᠢᠯᠡᠬᠦᠬᠡᠨ ᠡᠷᠬᠢᠯᠡᠵᠤ᠂ ᠴᠤᠤᠷᠢᠶ᠎ᠠ ᠲᠠᠪᠴᠠᠡᠭ ᠤ᠋ᠨ ᠰᠢᠭᠤᠳ ᠨᠡᠪᠳᠡᠷᠡᠬᠦᠯᠬᠡ ᠪᠠᠷ ᠲᠠᠮᠵᠢᠨ ᠬᠡᠮᠵᠢᠶᠡᠳᠤ ᠬᠡᠪᠯᠡᠯ ᠵᠢᠡᠷ ᠬᠤᠪᠴᠠᠰᠤ ᠵᠠᠰᠠᠯ ᠵᠢᠡᠨ ᠲᠠᠨᠢᠯᠴᠠᠭᠤᠯᠵᠤ᠂ ᠪᠤᠷᠤᠯᠠᠭᠤᠯᠭ᠎ᠠ ᠵᠢᠨ ᠠᠷᠭ᠎ᠠ ᠵᠠᠮ ᠵᠢᠡᠨ ᠦᠷᠭᠡᠳᠬᠡᠬᠦ ᠰᠠᠨᠠᠭ᠎ᠠ ᠲᠠᠢ》ᠬᠡᠵᠦ ᠤᠶᠤᠨᠰᠤᠳᠤ ᠲᠦᠯᠦᠪᠯᠡᠭᠡ ᠪᠠᠨ ᠶᠠᠷᠢᠬᠤ ᠳ᠋ᠠᠭᠠᠨ ᠢᠳᠡᠬᠡᠯ ᠲᠡᠬᠦᠯᠳᠡᠷ ᠪᠠᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面