ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-04 22:22:27

ᠵᠣᠬᠢᠶᠠᠭ᠍ᠴᠢ᠄ ᠰᠢᠶᠠᠩ ᠲᠤᠤ ᠣᠩᠱᠢᠭ᠍ᠰᠠᠨ ᠣᠳᠠᠭ᠎ᠠ᠄ 3

2017 ᠤᠨ᠎ᠳᠤ ᠨᠠᠮ᠎ᠤᠨ ᠲᠦᠪ ᠬᠤᠷᠢᠶ᠎ᠠ᠂ ᠲᠦᠷᠦ᠎ᠶᠢᠨ ᠶᠠᠪᠤᠲᠠᠯ᠎ᠤᠨ ᠬᠤᠷᠢᠶ᠎ᠠ ᠡᠴᠡ ᠤᠯᠤᠰ᠎ᠤᠨ ᠲᠡᠰ᠎ᠤᠨ ᠰᠢᠨ᠎ᠡ ᠲᠤᠭᠤᠷᠢᠭ ᠪᠤᠯᠬᠤ᠎ᠰᠢᠶᠦ᠋ᠩ᠎ᠠᠨ᠎ᠰᠢᠨ᠎ᠡ᠎ᠲᠤᠭᠤᠷᠢᠭ᠎ᠢ ᠪᠠᠢᠭᠤᠯᠬᠤ ᠪᠡᠷ ᠲᠤᠭᠲᠠᠭᠰᠠᠨ ᠶᠤᠮ᠃ ᠡᠢᠨ ᠬᠦ᠌᠂ ᠤᠯᠤᠰ᠎ᠤᠨ ᠲᠡᠰ᠎ᠤᠨ ᠰᠢᠨ᠎ᠡ ᠲᠤᠭᠤᠷᠢᠭ᠎ᠤᠨ ᠪᠦᠲᠦᠭᠡᠨ ᠪᠠᠢᠭᠤᠯᠤᠯᠲᠠ᠎ᠳᠤ ᠤᠶᠤᠨ ᠤᠬᠠᠭᠠᠨ ᠬᠦᠴᠦᠨ ᠲᠠᠮᠢᠷ᠎ᠶ᠋ᠢᠡᠨ ᠡᠷᠬᠦᠬᠦ ᠪᠡᠷ ᠪᠠᠷᠢᠯᠭ᠎ᠠ᠎ᠶᠢᠨ ᠮᠡᠷᠭᠡᠵᠢᠯ᠎ᠤᠨ ᠬᠠᠮᠢᠶ᠎ᠠ ᠪᠦᠬᠦᠢ ᠴᠢᠲᠠᠪᠦᠷᠢᠲᠠᠨ ᠲᠦᠷᠪᠡᠨ ᠵᠦᠭ ᠨᠠᠢ᠍ᠮᠠᠨ ᠵᠤᠪᠬᠢᠰ ᠡᠴᠡ ᠬᠤᠷᠠᠨ ᠴᠤᠭᠯᠠᠷᠠᠬᠰᠠᠨ ᠪᠠᠢᠨ᠎ᠠ᠂ ᠡᠨᠡ ᠬᠦ᠌ ᠡᠩᠨᠡᠭᠡᠨ᠎ᠳᠤ ᠰᠡᠴᠡᠨᠬᠦᠦ ᠪᠠᠭᠲᠠᠯᠴᠠᠵᠦ ᠪᠠᠢᠬᠰᠠᠨ ᠶᠤᠮ᠃


微信图片_20220203110351.jpg


ᠰᠡᠴᠡᠨᠬᠦᠦ᠂ ᠬᠢᠨᠭᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠳᠤ ᠨᠤᠲᠤᠭ ᠲᠠᠢ᠃ 2020 ᠤᠨ᠎ᠳᠤ ᠱᠢ ᠵᠢᠶᠠ ᠵᠤᠸᠠᠩ᠎ᠤᠨ ᠲᠡᠮᠦᠷ ᠵᠠᠮ᠎ᠤᠨ ᠶᠡᠬᠡ ᠰᠤᠷᠭᠠᠭᠤᠯᠢ᠎ᠶᠢᠨ ᠪᠠᠷᠢᠯᠭ᠎ᠠ᠎ᠶᠢᠨ ᠢᠨᠵᠧᠨᠧᠷᠢᠩ᠎ᠤᠨ ᠰᠠᠯᠪᠦᠷᠢ ᠡᠴᠡ ᠲᠡᠬᠦᠰᠴᠦ᠂ ᠲᠤᠰ ᠵᠢᠯ᠎ᠳᠤᠨᠢ ᠲᠤᠮᠲᠠᠲᠦ ᠤᠯᠤᠰ᠎ᠤᠨ ᠪᠠᠷᠢᠯᠭ᠎ᠠ᠎ᠶᠢᠨ ᠨᠠᠢ᠍ᠮᠠᠲᠤᠭᠠᠷ ᠢᠨᠵᠧᠨᠧᠷᠢᠩ᠎ᠤᠨ᠎ᠲᠦᠪᠴᠢᠶ᠎ᠠ᠎ᠶᠢᠨ ᠨᠢᠭᠤᠷᠲᠠᠨ ᠰᠢᠯᠭᠠᠯᠲᠠ᠎ᠶᠢ ᠦᠨᠭᠭᠡᠷᠡᠭᠡᠭᠡᠳ ᠰᠢᠶᠦ᠋ᠩ ᠠᠨ ᠰᠢᠨ᠎ᠡ ᠲᠤᠭᠤᠷᠢᠭ ᠲᠦ᠍ ᠠᠵᠢᠯᠯᠠᠵᠠᠢ᠃《ᠠᠵᠢᠯ᠎ᠳᠤ ᠭᠠᠷᠤᠭᠰᠠᠨ ᠵᠢᠯ ᠭᠠᠷᠤᠢ᠎ᠶᠢᠨ ᠬᠤᠭᠤᠴᠠᠭᠠᠨ᠎ᠳᠤ ᠪᠢ ᠭᠤᠤᠯᠲᠠᠭᠤ ᠰᠢᠶᠦ᠋ᠩ ᠠᠨ ᠰᠢᠨ᠎ᠡ ᠲᠤᠭᠤᠷᠢᠭ᠎ᠤᠨ ᠷᠦᠩ ᠴᠧᠩ ᠰᠢᠶᠠᠨ᠎ᠤ ᠬᠠᠷᠢᠶᠠᠨ᠎ᠳᠡᠬᠢ ᠪᠠᠷᠢᠯᠭ᠎ᠠ᠎ᠶᠢᠨ ᠭᠠᠵᠠᠷ ᠠᠵᠢᠯᠯᠠᠵᠠᠢ᠃ ᠭᠤᠤᠯᠲᠠᠭᠤ ᠪᠠᠷᠢᠯᠭ᠎ᠠ᠎ᠶᠢᠨ ᠠᠵᠢᠯ᠎ᠢ ᠰᠢᠯᠭᠠᠨ ᠪᠠᠢᠴᠠᠭᠠᠬᠤ᠂ ᠢᠨᠵᠧᠨᠧᠷᠢᠩ᠎ᠤᠨ ᠬᠡᠮᠵᠢᠶ᠎ᠡ᠎ᠶᠢ ᠲᠤᠭᠲᠠᠭᠠᠬᠤ᠂ ᠪᠠᠷᠢᠯᠭ᠎ᠠ᠎ᠶᠢᠨ ᠮᠠᠲᠸᠷᠢᠶᠠᠯ᠎ᠢ ᠰᠢᠯᠭᠠᠨ ᠬᠤᠷᠢᠶᠠᠵᠦ ᠬᠠᠮᠢᠶᠠᠷᠬᠤ᠂ ᠪᠠᠷᠢᠯᠭ᠎ᠠ᠎ᠶᠢᠨ ᠠᠵᠢᠯ᠎ᠤᠨ ᠠᠬᠢᠴᠠ᠎ᠶᠢ ᠪᠠᠲᠤᠯᠠᠬᠤ ᠵᠡᠷᠭᠡ ᠠᠵᠢᠯ᠎ᠢ ᠭᠤᠤᠯᠲᠠᠭᠤ ᠬᠠᠷᠢᠭᠤᠴᠠᠲᠠᠭ ᠶᠤᠮ》 ᠭᠡᠵᠦ ᠰᠡᠴᠡᠨᠬᠦᠦ ᠤᠲᠠᠰᠦ ᠪᠡᠷ ᠰᠤᠷᠪᠤᠯᠵᠢᠯᠠᠬᠤ᠎ᠳᠤ ᠶᠠᠷᠢᠵᠦ ᠪᠠᠢᠯ᠎ᠠ᠃


微信图片_20220203111315.jpg


ᠡᠨᠡ ᠵᠢᠯ᠂ ᠠᠵᠢᠯ᠎ᠤᠨ ᠰᠢᠯᠲᠠᠭᠠᠨ ᠡᠴᠡ ᠪᠤᠯᠵᠦ ᠲᠡᠷᠡ ᠭᠡᠷ ᠲᠡᠭᠡᠨ ᠬᠠᠷᠢᠵᠦ ᠰᠢᠨᠡᠯᠡᠬᠡ ᠦᠬᠡᠢ᠃ 《ᠭᠡᠷ ᠲᠡᠭᠡᠨ ᠬᠠᠷᠢᠵᠦ ᠲᠡᠢᠯᠦᠬᠡ ᠦᠬᠡᠢ ᠨᠢ ᠮᠢᠨᠦ ᠨᠢᠬᠡᠨ ᠬᠠᠷᠠᠮᠰᠠᠯ ᠪᠤᠯᠤᠬᠰᠠᠨ ᠪᠤᠯᠪᠠᠴᠦ ᠪᠦᠬᠦ ᠤᠯᠤᠰ᠎ᠤᠨ ᠡᠯ᠎ᠡ ᠭᠠᠵᠠᠷ ᠡᠴᠡ ᠢᠷᠡᠭᠰᠡᠨ ᠬᠠᠮᠲᠦ ᠠᠵᠢᠯᠯᠠᠭᠰᠠᠳ ᠲᠠᠢ ᠪᠠᠨ ᠴᠤᠭ ᠰᠢᠨᠡᠯᠡᠵᠦ᠂ ᠨᠤᠲᠤᠭ ᠨᠤᠲᠤᠭ᠎ᠤᠨ ᠵᠠᠩ ᠵᠠᠨᠭᠰᠢᠯ ᠡᠴᠡ ᠨᠢ ᠤᠢᠯᠠᠭᠠᠵᠦ᠂ ᠠᠵᠢᠯ᠎ᠤᠨ ᠭᠠᠵᠠᠷ ᠲᠠᠭᠠᠨ ᠰᠢᠨᠡᠯᠡᠭᠰᠡᠨ ᠨᠢ ᠪᠠᠰᠠ ᠮᠠᠰᠢ ᠰᠤᠨᠢᠷᠬᠠᠯ ᠲᠠᠢ᠂ ᠤᠳᠬ᠎ᠠ ᠠᠭᠤᠯᠭ᠎ᠠ ᠲᠠᠢ ᠰᠠᠨᠠᠭᠲᠠᠵᠦ ᠪᠠᠢᠨ᠎ᠠ》ᠭᠡᠵᠦ ᠰᠡᠴᠡᠨᠬᠦᠦ ᠶᠠᠷᠢᠵᠦ ᠪᠠᠢᠯ᠎ᠠ᠃ ᠲᠡᠬᠦᠨ᠎ᠤ ᠬᠠᠷᠢᠭᠤᠴᠠᠵᠦ ᠪᠠᠢᠭ᠎ᠠ ᠢᠨᠵᠸᠨ᠋ᠸᠷᠢᠩ ᠡᠨᠡ ᠵᠢᠯ ᠪᠠᠷᠢᠯᠭ᠎ᠠ ᠲᠠᠭᠤᠰᠬᠤ ᠪᠤᠯᠤᠨ᠎ᠠ᠃《ᠠᠵᠢᠯ᠎ᠳᠤ ᠠᠨᠭᠬ᠎ᠠ ᠭᠠᠷᠤᠮᠠᠬᠴᠠ ᠰᠢᠶᠦ᠋ᠩ ᠠᠨ ᠰᠢᠨ᠎ᠡ ᠲᠤᠭᠤᠷᠢᠭ ᠲᠦ᠍ ᠢᠷᠡᠵᠦ ᠠᠵᠢᠯᠯᠠᠬᠰᠠᠨ ᠪᠤᠯᠬᠤᠷ ᠮᠢᠨᠦ ᠠᠵᠢᠯ᠎ᠤᠨ ᠭᠠᠷᠤᠭ᠎ᠠ ᠪᠠ ᠰᠢᠶᠦᠩ ᠠᠨ ᠰᠢᠨ᠎ᠡ ᠲᠤᠭᠤᠷᠢᠭ᠎ᠤᠨ ᠪᠦᠲᠦᠭᠡᠨ ᠪᠠᠢᠭᠤᠯᠤᠯᠲᠠ ᠠᠳᠠᠯᠢᠬᠠᠨ ᠴᠡᠭ ᠡᠴᠡ ᠡᠬᠦᠰᠦᠭᠰᠡᠨ ᠬᠡᠮᠡᠷ ᠤᠨᠴᠠ᠎ᠶᠢᠨ ᠤᠳᠬ᠎ᠠ ᠠᠭᠤᠯᠭ᠎ᠠ ᠲᠠᠢ ᠰᠠᠨᠠᠭᠲᠠᠲᠠᠭ ᠶᠤᠮ᠂ ᠰᠢᠨ᠎ᠡ ᠨᠢᠬᠡᠨ ᠵᠢᠯ᠎ᠳᠡᠭᠡᠨ ᠪᠢ ᠠᠵᠢᠯ᠎ᠶ᠋ᠢᠡᠨ ᠰᠠᠢᠲᠦᠷ ᠪᠡᠶᠡᠯᠡᠬᠦᠯᠬᠦ᠎ᠶᠢᠨ ᠲᠠᠭᠠᠦ ᠬᠤᠶᠠᠲᠤᠭᠠᠷ ᠲᠡᠰ᠎ᠤᠨ ᠪᠠᠷᠢᠯᠭ᠎ᠠ᠎ᠶᠢᠨ ᠢᠨᠵᠧᠨᠧᠷ᠎ᠤᠨ ᠬᠢᠷᠢ ᠭᠡᠮ᠎ᠤᠨ ᠰᠢᠯᠭᠠᠯᠲᠠ᠎ᠳᠤ ᠰᠢᠯᠭᠠᠨ᠎ᠠ ᠭᠡᠵᠦ ᠪᠤᠲᠤᠵᠦ ᠪᠠᠢᠨ᠎ᠠ》ᠭᠡᠵᠦ ᠰᠡᠴᠡᠨᠬᠦᠦ ᠰᠢᠨ᠎ᠡ ᠵᠢᠯ᠎ᠤᠨ ᠲᠦᠯᠦᠪᠯᠡᠭᠡ ᠪᠠᠨ ᠶᠠᠷᠢᠵᠦ ᠪᠢᠯᠡ᠃


微信图片_20220203111844.jpg


ᠰᠢᠨ᠎ᠡ ᠵᠢᠯ᠂ ᠰᠢᠨ᠎ᠡ ᠲᠦᠷᠦᠭᠳᠡᠯ᠂ ᠰᠢᠨ᠎ᠡ ᠡᠬᠢᠯᠡᠯᠳᠡ᠃ ᠰᠡᠴᠡᠨᠬᠦᠦ᠎ᠶᠢᠨ ᠰᠢᠨ᠎ᠡ ᠵᠢᠯ ᠢᠨᠭᠬᠢᠵᠦ ᠡᠬᠢᠯᠡᠯ᠎ᠡ᠃





  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面