ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-05 08:01:34

ᠵᠣᠬᠢᠶᠠᠭ᠍ᠴᠢ᠄ ᠱᠢᠨᠡᠪᠢᠯᠢᠭ ᠣᠩᠱᠢᠭ᠍ᠰᠠᠨ ᠣᠳᠠᠭ᠎ᠠ᠄ 3

《ᠡᠨᠡ ᠵᠢᠯ ᠤᠷᠤᠨ ᠨᠤᠳᠤᠬ ᠤ᠋ᠨ ᠵᠠᠰᠠᠬ ᠤ᠋ᠨ ᠤᠷᠳᠤᠨ ᠡᠴᠨ ᠰᠢᠨᠡᠯᠡᠬᠦ ᠬᠤᠭᠤᠴᠠᠭᠠᠨ ᠎ᠳᠤ ᠫᠤᠤᠵᠢᠩ ᠲᠠᠯᠪᠢᠬᠤ ᠠᠵᠢᠯᠯᠠᠭ᠎ᠠ ᠵᠢ ᠬᠠᠤᠯᠢ ᠶᠤᠰᠤᠭᠠᠷ ᠬᠤᠷᠢᠬᠯᠠᠨ ᠵᠤᠬᠰᠤᠭᠠᠪᠠ᠃ ᠡᠢᠮᠦ ᠡᠴᠨ ᠪᠢᠳᠡᠬᠦᠨ ᠰᠢᠨ᠎ᠡ ᠵᠢᠨ ᠨᠢᠬᠡᠨ ᠤ᠋ ᠬᠤᠶᠠᠷ ᠡᠳᠦᠷ ᠪᠦᠬᠦ ᠲᠤᠪᠴᠢᠶᠠᠨ ᠤ᠋ ᠬᠠᠭᠠᠰ ᠢᠯᠡᠬᠦᠦ ᠴᠠᠬᠳᠠᠭ᠎ᠠ ᠨᠠᠷ ᠤᠷᠤᠨ ᠪᠦᠰᠡ ᠬᠤᠪᠢᠶᠠᠵᠦ ᠴᠠᠬᠳᠠᠨ ᠲᠤᠭᠤᠷᠢᠵᠤ ᠫᠤᠤᠵᠢᠩ ᠲᠠᠯᠪᠢᠬᠤ ᠠᠵᠢᠯᠯᠠᠭ᠎ᠠ ᠵᠢ ᠵᠢᠬᠰᠠᠭᠠᠨ ᠪᠠᠢᠴᠠᠭᠠᠵᠤ ᠬᠤᠷᠢᠬᠯᠠᠬᠰᠠᠨ ᠪᠠᠢᠨ᠎ᠠ᠃ ᠰᠢᠨ᠎ᠡ ᠵᠢᠨ ᠬᠤᠶᠠᠷ ᠲᠦ᠍ ᠶᠠᠬ ᠮᠢᠨᠤ ᠵᠢᠵᠢᠬᠦᠷ ᠲᠤᠬᠢᠶᠠᠯᠳᠤᠬᠰᠠᠨ ᠪᠤᠯᠬᠤᠷ ᠫᠤᠤᠵᠢᠩ ᠲᠠᠯᠪᠢᠬᠤ ᠵᠢ ᠴᠠᠭᠠᠵᠠᠯᠠᠬᠤ ᠠᠵᠢᠯ ᠳ᠋ᠤ ᠬᠤᠪᠢ ᠨᠡᠮᠡᠷᠢ ᠪᠡᠨ ᠡᠷᠬᠦᠬᠦ ᠪᠡᠷ ᠲᠤᠷᠠᠳᠠᠶ᠎ᠠ ᠠᠵᠢᠯ ᠤ᠋ᠨ ᠪᠠᠢᠷᠢ ᠪᠡᠨ ᠪᠠᠳᠤ ᠰᠠᠬᠢᠬᠰᠠᠨ ᠶᠤᠮ》ᠬᠡᠵᠦ᠍ ᠪᠠᠭᠠᠷᠢᠨ ᠪᠠᠷᠠᠭᠤᠨ ᠬᠤᠰᠢᠭᠤᠨ ᠤ᠋ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠵᠢᠨ ᠠᠮᠤᠷ ᠢ᠋ ᠬᠠᠮᠠᠭᠠᠯᠠᠬᠤ ᠬᠠᠮᠢᠶᠠᠷᠤᠯᠳᠠ ᠵᠢᠨ ᠶᠡᠬᠡ ᠠᠩᠬᠢ ᠵᠢᠨ ᠲᠡᠳ᠋ ᠲᠠᠷᠤᠭ᠎ᠠ ᠨᠠᠷᠠᠨᠮᠠᠨᠳᠤᠯ᠎ᠠ ᠰᠤᠷᠪᠤᠯᠵᠢᠯᠠᠬ᠍ᠴᠢ ᠳ᠋ᠤ ᠬᠡᠯᠡᠪᠡ᠃

ᠤᠯᠠᠭᠠᠠᠬᠠᠳᠠ ᠬᠤᠳᠠ ᠵᠢᠨ ᠪᠠᠭᠠᠷᠢᠨ ᠪᠠᠷᠠᠭᠤᠨ ᠬᠤᠱᠢᠭᠤᠨ ᠳ᠋ᠤ ᠨᠤᠳᠤᠬ᠍ᠳᠠᠢ ᠨᠠᠷᠠᠨᠮᠠᠨᠳᠤᠯ᠎ᠠ ᠶᠡᠬᠡ ᠰᠤᠷᠭᠠᠭᠤᠯᠢ ᠪᠡᠨ ᠲᠡᠭᠦᠰᠦᠭᠰᠡᠨ ᠤ᠋ ᠲᠠᠷᠠᠭ᠎ᠠ᠂ ᠪᠠᠭᠠᠷᠢᠨ ᠪᠠᠷᠠᠭᠤᠨ ᠬᠤᠰᠢᠭᠤᠨ ᠤ᠋ ᠲᠤᠳᠤᠭᠠᠳᠤ ᠵᠢ ᠬᠠᠮᠠᠭᠠᠯᠠᠬᠤ ᠲᠤᠪᠴᠢᠶᠠᠨ ᠳ᠋ᠤ ᠰᠢᠯᠭᠠᠭᠤᠯᠤᠨ ᠤᠷᠤᠵᠤ ᠠᠵᠢᠯᠯᠠᠭᠠᠳ ᠨᠢᠬᠡᠨᠳᠡ 9 ᠵᠢᠯ ᠭᠠᠷᠤᠢ ᠵᠢᠨ ᠨᠢᠭᠤᠷ᠎ᠢ ᠦᠵᠡᠵᠦ᠍ ᠪᠠᠢ᠌ᠭ᠎ᠠ ᠠᠵᠢ᠃

ᠨᠠᠷᠠᠨᠮᠠᠨᠳᠤᠯ᠎ᠠ ᠠᠷᠠᠳ ᠲᠦᠮᠡᠨ ᠤ᠋ ᠬᠠᠮᠠᠭᠠᠯᠠᠬᠴᠢ ᠭᠡᠭᠳᠡᠭᠰᠡᠨ ᠠᠷᠠᠳ᠎ᠤᠨ ᠴᠠᠬᠳᠠᠭ᠎ᠠ ᠪᠤᠯᠤᠬ᠍ᠰᠠᠨ᠎ᠤ ᠬᠤᠪᠢ ᠳ᠋ᠤ ᠦᠩᠬᠡᠷᠡᠭ᠌ᠰᠡᠨ ᠵᠢᠯ᠎ᠤᠳ ᠵᠢᠡᠷ ᠪᠠᠰᠠ ᠲᠦᠷᠪᠡ ᠤᠳᠠᠭ᠎ᠠ ᠠᠵᠢᠯ᠎ᠤᠨ ᠪᠠᠢ᠌ᠷᠢᠨ ᠲᠡᠭᠡᠷ᠎ᠡ ᠪᠡᠨ ᠱᠢᠨᠡᠯᠡᠭᠰᠡᠨ ᠤᠳᠠᠭ᠎ᠠ ᠲᠠᠢ᠃ 《ᠤᠤᠯ ᠨᠢ ᠪᠠᠰᠠ ᠠᠵᠢᠯ᠎ᠤᠨ ᠪᠠᠢ᠌ᠷᠢᠨ ᠲᠡᠭᠡᠷ᠎ᠡ ᠪᠡᠨ ᠱᠢᠨᠡᠯᠡᠵᠦ᠍ ᠪᠠᠢ᠌ᠬ᠍ᠰᠠᠨ ᠪᠤᠯᠬᠤᠷ ᠡᠨᠡ ᠤᠳᠠᠭ᠎ᠠ ᠶᠡᠬᠡ ᠤᠨᠴᠠᠭᠠᠢ ᠰᠠᠨᠠᠬ᠍ᠳᠠᠬ᠍ᠰᠠᠨ ᠦᠬᠡᠢ᠃ ᠡᠨᠡ ᠵᠢᠯ᠎ᠤᠨ ᠴᠠᠭᠠᠨ ᠰᠠᠷ᠎ᠠ ᠵᠢᠨ ᠬᠤᠭᠤᠴᠠᠭᠠᠨ ᠳ᠋ᠤ ᠫᠤᠤᠵᠢᠩ ᠲᠠᠯᠪᠢᠬᠤ ᠵᠢ ᠴᠠᠭᠠᠵᠠᠯᠠᠬᠤ ᠠᠵᠢᠯ ᠪᠦᠳᠦᠮᠵᠢᠳᠡᠢ ᠶᠠᠪᠤᠬᠳᠠᠵᠦ᠂ ᠶᠠᠮᠠᠷᠴᠤ ᠠᠮᠤᠷ ᠲᠦᠪᠰᠢᠨ ᠤ᠋ ᠬᠡᠷᠡᠭ ᠭᠠᠷᠤᠬᠰᠠᠨ ᠦᠬᠡᠢ᠂ ᠬᠡᠳᠦᠢᠪᠡᠷ ᠨᠡᠯᠢᠶᠡᠳ ᠪᠡᠷᠬᠡ ᠬᠠᠳᠠᠭᠤᠵᠢᠯᠳᠠᠢ ᠤᠷᠴᠢᠨ ᠳ᠋ᠤ ᠠᠵᠢᠯᠯᠠᠵᠤ᠂ ᠬᠤᠭᠤᠯᠠ ᠪᠡᠨ ᠴᠠᠬ ᠲᠠᠭᠠᠨ ᠤᠯᠵᠤ ᠢᠳᠡᠬᠦ ᠦᠬᠡᠢ ᠶᠠᠭᠠᠷᠠᠵᠤ ᠪᠠᠢᠬᠰᠠᠨ ᠴᠦ᠍᠂ ᠠᠷᠠᠳ ᠤᠯᠠᠨ ᠤ᠋ ᠪᠡᠨ ᠠᠮᠤᠷ ᠵᠢᠷᠭᠠᠯ ᠳᠠᠢ ᠰᠢᠨᠡᠯᠡᠬᠦ ᠳ᠋ᠤ ᠦᠴᠦᠬᠡᠨ ᠴᠦ᠍ ᠭᠡᠰᠡᠨ ᠬᠤᠪᠢ ᠨᠡᠮᠡᠷᠢ ᠪᠡᠨ ᠡᠷᠭᠦᠭᠰᠡᠨ ᠳ᠋ᠡᠬᠡᠨ ᠮᠠᠰᠢ ᠪᠠᠶᠠᠷ ᠳᠠᠢ ᠪᠠᠢᠨ᠎ᠠ》ᠬᠡᠵᠦ᠍ ᠨᠠᠷᠠᠨᠮᠠᠨᠳᠤᠯ᠎ᠠ ᠪᠠᠶᠠᠷᠳᠠᠢᠬᠠᠨ ᠬᠡᠯᠡᠨ᠎ᠡ᠃ ᠲᠡᠷᠡ ᠪᠠᠰᠠ ᠄《ᠪᠡᠭᠡᠵᠢᠩ ᠤ᠋ᠨ ᠡᠪᠦᠯ ᠤ᠋ᠨ ᠤᠯᠠᠷᠢᠯ ᠤ᠋ᠨ ᠤᠯᠢᠮᠫᠢᠺ ᠤ᠋ᠨ ᠲᠠᠮᠢᠷ ᠤ᠋ᠨ ᠴᠤᠬᠯᠠᠭᠠᠨ ᠲᠡᠬᠦᠰ ᠠᠮᠵᠢᠯᠳᠠ ᠤᠯᠬᠤ ᠵᠢ ᠬᠦᠰᠡᠨ ᠵᠦᠩᠨᠡᠵᠦ ᠪᠠᠢᠨ᠎ᠠ᠃ ᠠᠵᠢᠯ᠎ᠤᠨ ᠲᠠᠯ᠎ᠠ ᠪᠡᠷ᠂ ᠢᠮᠠᠬ᠍ᠳᠠ ᠪᠠᠭᠠᠷᠢᠨ ᠨᠤᠳᠤᠬ ᠤ᠋ᠨ ᠵᠢᠡᠨ ᠠᠮᠤᠷ ᠲᠦᠪᠰᠢᠨ ᠤ᠋ ᠬᠠᠮᠠᠭᠠᠯᠠᠬᠴᠢ ᠪᠤᠯᠬᠤ ᠪᠡᠷ ᠴᠢᠷᠮᠠᠢᠨ᠎ᠠ᠂ ᠡᠬᠡ ᠤᠯᠤᠰ᠎ᠮᠢᠨᠢ ᠤᠯᠠᠮ ᠪᠠᠶᠠᠨ ᠬᠦᠴᠦᠷᠭᠡᠭ ᠰᠠᠢ᠌ᠨ ᠰᠠᠢ᠌ᠬᠠᠨ ᠪᠤᠯᠬᠤ ᠵᠢ ᠵᠦᠩᠨᠡᠵᠦ ᠪᠠᠢ᠌ᠨ᠎ᠠ》ᠬᠡᠵᠦ᠍ ᠰᠤᠷᠪᠤᠯᠵᠢᠯᠠᠬ᠍ᠴᠢ ᠳ᠋ᠤ ᠬᠡᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面