2022-02-04 09:21:26
ᠰᠦᠯᠵᠢᠶ᠎ᠡ ᠬᠣᠯᠪᠣᠭ᠎ᠠ ᠮᠠᠯᠵᠢᠬᠤ ᠲᠠᠷᠢᠶᠠᠯᠠᠬᠤ ᠤᠷᠤᠨ᠎ᠢᠶᠡᠷ ᠲᠥᠭᠡᠮᠡᠯᠵᠢᠵᠥ᠂ ᠰᠦᠯᠵᠢᠶᠡᠨ᠎ᠤ ᠪᠣᠷᠣᠯᠠᠭᠤᠯᠭ᠎ᠠ ᠮᠠᠯᠵᠢᠬᠤ ᠲᠠᠷᠢᠶᠠᠯᠠᠬᠤ ᠤᠷᠤᠨ᠎ᠳᠤ ᠥᠷᠭᠡᠵᠢᠨ ᠲᠡᠯᠬᠡᠷᠡᠵᠥ᠂ ᠰᠠᠷ᠎ᠠ ᠰᠢᠨ᠎ᠠ ᠥᠢᠷᠡᠳᠬᠤ ᠲᠤᠰᠤᠮ᠎ᠢᠶᠡᠷ ᠲᠦᠩᠯᠢᠶᠤᠤ ᠬᠣᠲᠠ᠎ᠶ᠋ᠢᠨ ᠬᠦᠷᠢᠶ᠎ᠡ ᠬᠣᠱᠢᠭᠤᠨ᠎ᠤ ᠡᠯᠡᠰᠤᠨ ᠪᠠᠯᠭᠠᠰᠤᠨ᠎ᠤ ᠰᠠᠢᠬᠠᠨᠳᠠᠯᠠ ᠭᠠᠴᠠᠭ᠎ᠠ᠎ᠶᠢᠨ ᠮᠠᠯᠴᠢᠳ ᠠᠷᠤ ᠭᠡᠷ ᠲᠡᠭᠡᠨ ᠰᠠᠭᠤᠵᠥ ᠰᠥᠯᠵᠢᠶ᠎ᠠ᠎ᠵᠢ ᠠᠰᠢᠬᠯᠠᠨ ᠰᠢᠨ᠎ᠠ᠎ᠶᠢᠨ ᠮᠠᠢᠮᠠᠢ ᠪᠠᠨ ᠬᠢᠵᠥ᠂ ᠰᠠᠨᠠᠵᠥ ᠪᠤᠳᠤᠬᠰᠠᠨ ᠪᠠᠷᠠᠭ᠎ᠠ ᠪᠠᠨ ᠬᠤᠳᠠᠯᠳᠤᠨ ᠠᠪᠬᠤ ᠪᠤᠯᠵᠠᠢ᠃
ᠰᠤᠷᠪᠤᠯᠵᠢᠯᠠᠬᠴᠢ ᠨᠤᠳᠤᠬ ᠲᠠᠭᠠᠨ ᠬᠠᠷᠢᠵᠥ᠂ ᠰᠢᠨ᠎ᠠ᠎ᠶᠢᠨ ᠮᠠᠢᠮᠠᠢ᠎ᠶᠢᠨ ᠲᠤᠬᠠᠢ ᠰᠤᠷᠪᠤᠯᠵᠢᠯᠠᠨ ᠶᠠᠪᠤᠬᠤ᠎ᠳᠤ ᠰᠠᠢᠬᠠᠨᠳᠠᠯᠠ ᠭᠠᠴᠠᠭ᠎ᠠ᠎ᠶᠢᠨ ᠮᠠᠨ ᠯᠢᠶᠠᠩ ᠨᠠᠰᠤᠳᠠᠨ ᠭᠠᠷ ᠤᠲᠠᠰᠤ ᠪᠠᠨ ᠲᠤᠪᠴᠢᠳᠠᠨ ᠰᠦᠯᠵᠢᠶᠡᠨ᠎ᠤ ᠬᠤᠳᠠᠯᠳᠤᠭᠠᠨ᠎ᠤ ᠵᠢᠷᠭᠢᠶ᠎ᠡ ᠬᠣᠯᠪᠣᠭᠠᠨ᠎ᠳᠠᠭᠠᠨ ᠭᠠᠷᠴᠤ ᠴᠠᠭᠠᠨ ᠰᠠᠷ᠎ᠠ᠎ᠶ᠋ᠢᠨ ᠪᠠᠷᠠᠭ᠎ᠠ ᠲᠠᠸᠠᠷ᠎ᠤᠨ ᠤᠬᠠᠭᠤᠯᠭ᠎ᠠ᠎ᠶᠢᠨ ᠭᠡᠷᠡᠯ ᠵᠢᠷᠤᠭ ᠲᠸ᠋ ᠠᠡᠭᠬᠠᠷᠤᠯ᠎ᠢᠶᠡᠨ ᠬᠠᠨᠳᠤᠭᠤᠯᠤᠨ ᠪᠠᠷᠠᠭ᠎ᠠ ᠲᠠᠸᠠᠷ ᠵᠠᠬᠢᠶᠠᠯᠠᠵᠤ ᠰᠦᠯᠵᠢᠶᠡᠨ ᠪᠣᠷᠣᠯᠠᠭᠤᠯᠭ᠎ᠠ ᠬᠢᠭᠡᠳ ᠤᠨᠠᠭ᠍ᠰᠠᠨ ᠮᠠᠯᠠᠭᠠᠢ ᠪᠠᠨ ᠠᠪᠬᠤ ᠵᠠᠪ ᠦᠭᠡᠢ ᠶᠠᠭᠠᠷᠠᠵᠥ ᠪᠠᠢᠯ᠎ᠠ᠃ ᠮᠠᠨ ᠯᠢᠶᠠᠩ ᠨᠠᠰᠤᠳᠠᠨ᠄《ᠨᠠᠮ ᠵᠠᠰᠠᠭ᠎ᠠᠴᠠ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠵᠤ᠂ ᠮᠠᠯᠴᠢᠨ ᠲᠠᠷᠢᠶᠠᠴᠢᠨ ᠳᠤ ᠰᠠᠢᠨ ᠰᠠᠢᠬᠠᠨ ᠠᠮᠢᠳᠤᠷᠠᠯ᠎ᠤᠨ ᠣᠷᠴᠢᠨ ᠠᠬᠤᠢ᠎ᠶ᠋ᠢ ᠪᠤᠢ ᠪᠣᠯᠭᠠᠵᠤ ᠥᠭ᠌ᠬᠦ ᠠᠯᠢ ᠤᠯᠠᠨ ᠲᠥᠷᠥ᠍᠎ᠶ᠋ᠢᠨ ᠪᠣᠳᠣᠯᠭ᠎ᠠ ᠠᠷᠭ᠎ᠠ ᠬᠡᠮᠵᠢᠶ᠎ᠡ ᠭᠡᠷᠡᠭᠵᠢᠬᠥᠯᠥᠭᠰᠡᠨᠢᠶᠡᠷ ᠬᠥᠳᠡᠭᠡ ᠨᠤᠲᠤᠭ᠎ᠲᠤ ᠮᠠᠨᠢ ᠰᠦᠯᠵᠢᠶ᠎ᠡ ᠪᠦᠷᠬᠦᠯᠡ᠃ ᠡᠨᠡ ᠵᠢᠯ᠎ᠦᠨ ᠴᠠᠭᠠᠨ ᠰᠠᠷ᠎ᠠ᠎ᠶ᠋ᠢᠨ ᠪᠠᠷᠠᠭ᠎ᠠ ᠲᠠᠸᠠᠷ᠎ᠤᠨ ᠪᠣᠷᠣᠯᠠᠭᠤᠯᠭ᠎ᠠ ᠨᠡᠯᠢᠶᠡᠳ ᠵᠦᠭᠡᠷ ᠪᠠᠢᠵᠤ᠂ ᠭᠣᠣᠯᠳᠠᠭᠤ ᠠᠬᠠᠮᠠᠳ ᠨᠠᠰᠤᠲᠠᠢᠴᠤᠳ ᠵᠢᠴᠢ ᠣᠮᠪᠣᠯᠣ ᠳᠣᠮᠪᠣᠯᠣᠳᠠᠭᠠᠨ ᠪᠡᠯᠡᠭ᠌ᠯᠡᠬᠦ᠌ ᠭᠠᠷ ᠪᠡᠯᠡᠭ᠂ ᠴᠠᠭᠠᠯᠠᠬᠤ ᠡᠳ᠋ ᠪᠣᠳᠠᠰ ᠵᠡᠷᠭᠡ ᠪᠠᠷᠠᠭ᠎ᠠ ᠲᠠᠸᠠᠷ᠎ᠢ ᠤᠯᠠᠨ ᠬᠤᠳᠠᠯᠳᠤᠨ ᠠᠪᠴᠠᠢ᠂ ᠰᠦᠯᠵᠢᠶ᠎ᠡ ᠶ᠋ᠢ ᠠᠱᠢᠭ᠍ᠯᠠᠨ ᠭᠡᠷ᠎ᠡᠴᠡ ᠪᠡᠨ ᠭᠠᠷᠬᠤ ᠦᠭᠡᠢ ᠪᠡᠷ ᠰᠢᠨ᠎ᠠ᠎ᠶᠢᠨ ᠮᠠᠢᠮᠠᠢ ᠪᠠᠨ ᠠᠵᠠᠳᠠᠢᠬᠠᠨ ᠪᠡᠯᠡᠳᠭᠡᠵᠠᠢ》 ᠬᠡᠵᠦ ᠢᠨᠢᠶᠡᠮᠰᠦᠭ᠌ᠯᠡᠨ ᠶᠠᠷᠢᠵᠤ ᠪᠠᠢᠯ᠎ᠠ᠃
《ᠣᠳᠣ ᠡᠷᠦᠬᠡ ᠪᠣᠯᠭᠠᠨ WiFi ᠲᠠᠢ ᠪᠣᠯᠣᠭ᠍ᠰᠠᠨ᠎ᠠᠴᠠ ᠵᠠᠬ᠎ᠠ ᠳᠡᠯᠭᠡᠭᠦᠷ᠎ᠲᠦ ᠣᠴᠢᠵᠤ ᠱᠢᠨ᠎ᠡ᠎ᠶ᠋ᠢᠨ ᠪᠠᠷᠠᠭ᠎ᠠ ᠲᠠᠸᠠᠷ ᠠᠪᠬᠤ ᠦᠵᠡᠭ᠌ᠳᠡᠯ ᠤᠯᠠᠮ᠎ᠢᠶᠠᠷ ᠪᠠᠭᠠᠰᠴᠤ᠌᠂ ᠤᠯᠠᠩᠬᠢ ᠬᠥᠮᠥᠰ ᠰᠦᠯᠵᠢᠶᠡᠨ ᠪᠣᠷᠣᠯᠠᠭᠤᠯᠭ᠎ᠠ ᠪᠤᠶᠤ ᠱᠢᠭᠤᠳ ᠨᠡᠪᠲᠡᠷᠡᠭᠦᠯᠭᠡ ᠪᠡᠷ ᠳᠠᠮᠵᠢᠭᠤᠯᠤᠨ ᠱᠢᠨ᠎ᠡ᠎ᠶ᠋ᠢᠨ ᠪᠠᠷᠠᠭ᠎ᠠ ᠲᠠᠸᠠᠷ᠎ᠢᠶᠠᠨ ᠬᠤᠳᠠᠯᠳᠤᠨ ᠠᠪᠬᠤ ᠨᠢ ᠵᠥᠩᠳᠡᠭᠡᠨ ᠪᠣᠯᠵᠠᠢ᠂ ᠰᠦᠯᠵᠢᠶ᠎ᠡ ᠲᠠᠢ ᠪᠣᠯᠣᠭ᠍ᠰᠠᠨ᠎ᠠᠴᠠ ᠰᠦᠯᠵᠢᠶᠡᠨ ᠳᠡᠭᠡᠷ᠎ᠡ ᠡᠴᠡ ᠡᠳᠦᠷ ᠳᠤᠲᠤᠮ᠎ᠤᠨ ᠬᠡᠷᠡᠭ᠌ᠴᠡᠭᠡ ᠲᠠᠢ ᠵᠦᠢᠯ ᠢᠶᠡᠨ ᠬᠤᠳᠠᠯᠳᠤᠨ ᠠᠪᠬᠤ ᠳᠤ ᠮᠠᠰᠢ ᠳᠥᠭᠥᠮ ᠪᠣᠯᠵᠤ᠂ ᠴᠠᠭ᠂ ᠵᠣᠭᠣᠰ ᠮᠥᠩᠭᠦᠨ ᠳᠦ ᠪᠠᠰᠠ ᠠᠷᠪᠢᠲᠠᠢ ᠪᠣᠯᠣᠭ᠍ᠰᠠᠨ》 ᠭᠡᠵᠦ᠍ ᠰᠠᠢᠬᠠᠨᠳᠠᠯᠠ ᠭᠠᠴᠠᠭ᠎ᠠ᠎ᠶᠢᠨ ᠮᠠᠯᠴᠢᠨ ᠲᠤᠶᠠᠭ᠎ᠠ ᠪᠠᠶᠠᠷᠲᠠᠢᠬᠠᠨ ᠤᠴᠢᠷᠯᠠᠨ᠎ᠠ᠃
《ᠮᠠᠨᠤᠰ ᠱᠢᠭ᠋ ᠨᠠᠰᠤ ᠠᠬᠢᠭ᠍ᠰᠠᠨ ᠬᠥᠮᠥᠰ᠎ᠲᠦ ᠠᠪᠴᠤ᠌ ᠬᠡᠯᠡᠪᠡᠯ ᠲᠣᠰᠭᠤᠨ᠎ᠤ ᠰᠦᠯᠵᠢᠶᠡᠨ ᠪᠣᠷᠣᠯᠠᠭᠤᠯᠤᠭ᠍ᠴᠢ ᠭᠠᠷᠴᠤ᠌ ᠢᠷᠡᠭ᠌ᠰᠡᠨ ᠨᠢ ᠮᠠᠰᠢ ᠳᠥᠭᠥᠮ ᠦᠵᠡᠭᠦᠯᠵᠡᠢ᠂ ᠪᠢ ᠬᠣᠲᠠ ᠣᠷᠣᠵᠤ ᠥᠪᠡᠷ ᠦᠨ ᠳᠤᠷᠠᠲᠠᠢ ᠪᠠᠬᠠᠲᠠᠢ ᠵᠦᠢᠯ ᠢᠶᠡᠨ ᠬᠤᠳᠠᠯᠳᠤᠨ ᠠᠪᠬᠤ ᠳᠤ ᠳᠥᠭᠥᠮ ᠦᠭᠡᠢ ᠲᠤᠯᠠ ᠰᠦᠯᠵᠢᠶᠡᠨ ᠪᠣᠷᠣᠯᠠᠭᠤᠯᠤᠭ᠍ᠴᠢ᠎ᠪᠡᠷ ᠳᠠᠮᠵᠢᠨ ᠪᠦᠷᠢ ᠠᠪᠴᠢᠬᠠᠳᠠᠭ ᠪᠤᠯᠤᠬᠰᠠᠨ ᠪᠥᠭᠡᠳ ᠲᠣᠰᠭᠤᠨ᠎ᠳᠤ ᠪᠠᠰᠠ ᠬᠣᠶᠠᠷ ᠡᠳᠦᠷ᠎ᠲᠦ ᠨᠢᠭᠡ ᠤᠳᠠᠭ᠎ᠠ ᠰᠦᠯᠵᠢᠶᠡᠨ᠎ᠡᠴᠡ ᠠᠪᠤᠭ᠍ᠰᠠᠨ ᠡᠳ᠋ ᠪᠠᠷᠠᠭ᠎ᠠ᠎ᠶ᠋ᠢ ᠬᠦᠷᠭᠡᠳᠡᠭ ᠲᠦᠷᠭᠡᠨ ᠬᠦᠷᠭᠡᠯᠲᠡ ᠲᠠᠢ ᠪᠠᠢᠵᠤ ᠭᠡᠷ᠎ᠲᠦ ᠬᠦᠷᠭᠡᠨ ᠢᠷᠡᠳᠡᠭ ᠪᠣᠯᠬᠣᠷ ᠶᠡᠬᠡ ᠯᠡ ᠲᠤᠰᠠ ᠳᠡᠮ ᠪᠣᠯᠵᠤ ᠱᠢᠦ》 ᠭᠡᠵᠦ᠍ ᠬᠠᠢᠲᠠᠩ ᠨᠠᠰᠤᠳᠠᠨ ᠰᠤᠷᠪᠤᠯᠵᠢᠯᠠᠭ᠍ᠴᠢ ᠳᠤ ᠲᠠᠨᠢᠯᠴᠠᠭᠤᠯᠵᠥ ᠪᠢᠯᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠤᠶᠠᠨ᠍ᠦ᠌ᠨᠳᠦᠰᠦ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃