ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-08 10:15:20

ᠵᠣᠬᠢᠶᠠᠭ᠍ᠴᠢ᠄ ᠤᠶᠤᠨᠲᠠᠨ᠎ᠠ ᠣᠩᠱᠢᠭ᠍ᠰᠠᠨ ᠣᠳᠠᠭ᠎ᠠ᠄ 3

ᠬᠥᠳᠡᠭᠡ ᠨᠤᠲᠤᠭ᠎ᠲᠤ ᠪᠠᠶᠠᠷ ᠪᠠᠶᠠᠰᠭᠤᠯᠠᠩᠲᠦ ᠴᠠᠭᠠᠨ ᠰᠠᠷ᠎ᠠ ᠶ᠋ᠢᠨ ᠠᠭᠤᠷ ᠠᠮᠢᠰᠭᠤᠯ᠎ᠳᠤ ᠱᠤᠩᠪᠠᠵᠤ᠂ ᠬᠥᠷ ᠨᠠᠷᠭᠢᠶᠠᠨ᠎ᠢᠶᠠᠷ ᠪᠢᠯᠬᠠᠵᠤ ᠪᠠᠢᠯ᠎ᠠ᠃ 2 ᠰᠠᠷ᠎ᠠ ᠎ᠶ᠋ᠢᠨ 6᠎ᠤ᠋ ᠡᠳᠦᠷ᠂ ᠰᠤᠷᠪᠤᠯᠵᠢᠯᠠᠭ᠍ᠴᠢ ᠬᠦᠷᠢᠶ᠎ᠡ ᠬᠣᠱᠢᠭᠤᠨ᠎ᠤ ᠡᠯᠡᠰᠦᠨ ᠪᠠᠯᠭᠠᠰᠤᠨ᠎ᠤ ᠰᠠᠢᠨᠲᠠᠯ᠎ᠠ ᠭᠠᠴᠠᠭᠠᠨ᠎ᠤ ᠮᠠᠯᠴᠢᠨ ᠬᠡᠱᠢᠭ᠌ᠲᠦ᠎ᠶ᠋ᠢᠨ ᠬᠢᠨ᠎ᠳᠦ ᠬᠦᠷᠬᠦ᠌ ᠎ᠳᠦ᠂ ᠬᠣᠷᠣᠭ᠎ᠠ ᠲᠦᠭᠦᠷᠡᠩ ᠨᠢᠯᠬ᠎ᠠ ᠲᠤᠭᠤᠯ ᠎ᠤᠨ ᠮᠦᠭᠡᠷᠦᠯᠳᠦᠬᠦ᠌ ᠳᠠᠭᠤ ᠪᠠ ᠬᠣᠲᠠᠴᠢ ᠨᠣᠬᠠᠢ ᠎ᠶ᠋ᠢᠨ ᠬᠤᠴᠠᠬᠤ ᠴᠢᠮᠡᠭᠡ ᠨᠡᠢᠯᠡᠯᠳᠦᠵᠦ᠍ ᠣᠨᠴᠠ᠎ᠶ᠋ᠢᠨ ᠬᠥᠭ ᠠᠶᠠᠯᠭᠤ ᠵᠣᠬᠢᠴᠠᠭᠤᠯᠤᠨ᠂ ᠬᠡᠱᠢᠭ᠌ᠲᠦ ᠭᠡᠷᠭᠡᠢ ᠲᠠᠢ ᠎ᠪᠠᠨ ᠬᠣᠶᠠᠭᠤᠯᠠ ᠴᠠᠬᠢᠯᠭᠠᠨ ᠬᠥᠳᠡᠯᠭᠡᠭᠦᠷᠲᠦ ᠲᠡᠷᠭᠡ ᠎ᠪᠡᠷ ᠎ᠢᠶᠡᠨ ᠠᠷᠭᠠᠯ ᠵᠢᠡᠨ ᠬᠤᠷᠢᠶᠠᠵᠤ᠂ ᠤᠳᠭᠤᠭᠤᠷ ᠲᠡᠷᠭᠡᠨ ᠎ᠳᠡᠭᠡᠨ ᠡᠪᠡᠰᠦ ᠪᠣᠷᠳᠣᠭ᠎ᠠ ᠎ᠪᠠᠨ ᠰᠠᠪᠠᠯᠠᠵᠤ ᠤᠨᠠᠭ᠍ᠰᠠᠨ ᠮᠠᠯᠠᠭᠠᠢ ᠎ᠪᠠᠨ ᠠᠪᠬᠤ ᠵᠠᠪ ᠦᠭᠡᠢ ᠶᠠᠭᠠᠷᠠᠯᠳᠤᠵᠤ ᠪᠠᠢᠯ᠎ᠠ᠃

ᠬᠡᠱᠢᠭ᠌ᠲᠦ᠄《ᠣᠳᠣ ᠮᠠᠨ᠎ᠤ ᠬᠢᠨ 100 ᠣᠷᠴᠢᠮ ᠦᠨᠢᠶ᠎ᠡ ᠲᠡᠵᠢᠭᠡᠵᠦ᠍ ᠪᠠᠢᠨ᠎ᠠ᠂ ᠡᠨᠡ ᠵᠢᠯ ᠪᠠᠷᠤᠭ ᠲᠠᠪᠢᠭᠠᠳ ᠲᠣᠭᠣᠯ ᠲᠣᠰᠣᠨ᠎ᠠ᠂ ᠯᠠ ᠰᠠᠷ᠎ᠠ ᠎ᠶ᠋ᠢᠨ 23 ᠡᠴᠡ ᠨᠠᠭᠠᠰᠢ ᠪᠠᠷᠤᠭ ᠡᠳᠦᠷ ᠪᠣᠯᠭᠠᠨ ᠲᠣᠭᠣᠯᠯᠠᠵᠤ᠂ ᠡᠨᠡ ᠵᠢᠯ ᠎ᠦᠨ ᠴᠠᠭᠠᠨ ᠰᠠᠷ᠎ᠠ ᠎ᠶ᠋ᠢ ᠲᠥᠯ ᠲᠣᠰᠣᠭᠠᠳ ᠶᠡᠬᠡ ᠯᠡ ᠶᠠᠭᠠᠷᠠᠤ ᠥᠩᠭᠡᠷᠡᠭᠡᠨ᠎ᠡ ᠳ᠋ᠠ》 ᠭᠡᠵᠦ᠍ ᠪᠣᠷᠳᠣᠭ᠎ᠠ ᠎ᠪᠠᠨ ᠰᠠᠪᠠᠯᠠᠬᠤ ᠎ᠶ᠋ᠢᠨ ᠵᠡᠷᠭᠡ ᠎ᠪᠡᠷ ᠤᠷᠮᠠᠲᠠᠢ ᠶᠠᠷᠢᠨ᠎ᠠ᠃

ᠬᠡᠱᠢᠭ᠌ᠲᠦ ᠎ᠶ᠋ᠢᠨ ᠬᠢᠨ ᠎ᠦ ᠨᠤᠲᠤᠭ ᠣᠰᠣᠨ ᠎ᠤ ᠎ᠪᠠᠨ ᠭᠠᠵᠠᠷ ᠱᠢᠷᠣᠢ ᠪᠠᠢᠭᠠᠯᠢ ᠎ᠶ᠋ᠢᠨ ᠣᠷᠴᠢᠨ ᠠᠬᠤᠢ᠎ᠳᠠᠭᠠᠨ ᠵᠣᠬᠢᠴᠠᠭᠤᠯᠤᠨ 30 ᠮᠦ᠍ ᠲᠠᠷᠢᠶ᠎ᠠ ᠲᠠᠷᠢᠵᠤ᠂ ᠪᠠᠰᠠ ᠪᠤᠰᠤᠳ ᠡᠴᠡ ᠭᠠᠵᠠᠷ ᠲᠦᠷᠢᠶᠡᠰᠦᠯᠡᠨ ᠠᠪᠴᠤ᠌ ᠭᠣᠣᠯᠳᠠᠭᠤ ᠡᠷᠳᠡᠨᠢ ᠱᠢᠰᠢ ᠪᠠ ᠨᠣᠭᠣᠭᠠᠨ ᠳᠠᠷᠤᠰᠢ ᠲᠠᠷᠢᠵᠤ᠂ ᠪᠣᠷᠳᠣᠭ᠎ᠠ ᠵᠢᠭᠤᠷᠠᠬᠤ ᠮᠠᠱᠢᠨ ᠲᠠᠢ ᠪᠤᠯᠬᠤᠷ ᠲᠠᠷᠢᠶᠠᠨ ᠎ᠤ ᠡᠰᠢ ᠰᠦᠷᠡᠯ᠎ᠢᠶᠡᠨ ᠴᠦ᠍ ᠭᠡᠭᠡᠭ᠌ᠳᠡᠯ ᠦᠭᠡᠢ ᠠᠱᠢᠭ᠍ᠯᠠᠵᠤ ᠮᠠᠯ᠎ᠳᠠᠭᠠᠨ ᠪᠣᠷᠳᠣᠭ᠎ᠠ ᠪᠣᠯᠭᠠᠵᠤ ᠪᠠᠢᠨ᠎ᠠ᠃ ᠡᠳᠡᠨ᠎ᠦ ᠬᠢᠨ ᠬᠠᠱᠢᠶᠠᠯᠠᠨ ᠲᠡᠵᠢᠭᠡᠵᠦ᠍ ᠮᠠᠯ ᠎ᠤᠨ ᠲᠣᠭ᠎ᠠ ᠲᠣᠯᠣᠭᠠᠢ᠎ᠶ᠋ᠢ ᠨᠡᠮᠡᠭ᠌ᠳᠡᠭᠦᠯᠬᠦ᠌᠎ᠶ᠋ᠢ ᠬᠥᠭᠡᠭᠡᠴᠡᠯᠳᠦᠬᠦ᠌ ᠦᠭᠡᠢ ᠮᠠᠯ᠎ᠤᠨ ᠡᠭᠦᠯᠳᠡᠷ ᠰᠠᠢᠨ᠎ᠢ ᠬᠥᠭᠡᠭᠡᠴᠡᠯᠳᠦᠵᠦ᠍ ᠪᠠᠢᠬᠤ ᠡᠴᠡ ᠵᠢᠯ᠎ᠤᠨ ᠲᠥᠯ᠎ᠢᠶᠡᠨ ᠵᠢᠯ᠎ᠳᠡᠭᠡᠨ ᠪᠦᠷ᠎ᠢ ᠬᠤᠳᠠᠯᠳᠤᠵᠤ ᠨᠢᠭᠡ ᠵᠢᠯ᠎ᠳᠦ ᠪᠠᠷᠤᠭ 60 ᠱᠢᠬᠠᠮ ᠦᠬᠡᠷ ᠬᠤᠳᠠᠯᠳᠤᠵᠤ᠂ ᠦᠬᠡᠷ᠎ᠦᠨ ᠦᠨ᠎ᠡ ᠬᠠᠩᠰᠢ ᠰᠠᠢᠲᠠᠢ ᠦᠶ᠎ᠡ᠎ᠳᠦ ᠨᠢᠭᠡ ᠦᠬᠡᠷ ᠪᠠᠷᠤᠭ ᠨᠢᠭᠡ ᠲᠦᠮᠡ ᠨᠠᠢ᠍ᠮᠠᠨ ᠮᠢᠩᠭᠠᠨ ᠲᠥᠭᠥᠷᠢᠭ ᠣᠷᠴᠢᠮ ᠬᠦᠷᠴᠦ᠍᠂ ᠲᠥᠯ᠎ᠦᠨ ᠣᠷᠣᠯᠭ᠎ᠠ᠎ᠪᠠᠨ ᠦᠷᠭᠦᠯᠵᠢᠯᠡᠨ ᠪᠠᠲᠤᠯᠠᠵᠤ᠂ ᠵᠢᠯ᠎ᠦᠨ ᠴᠡᠪᠡᠷ ᠣᠷᠣᠯᠭ᠎ᠠ ᠨᠢ 60 ᠲᠦᠮᠡ ᠎ᠶ᠋ᠢ ᠳᠠᠪᠠᠵᠤ᠂ ᠣᠷᠣᠯᠭ᠎ᠠ ᠨᠢ ᠵᠢᠯ᠎ᠡᠴᠡ ᠵᠢᠯ᠎ᠳᠦ ᠨᠡᠮᠡᠭ᠌ᠳᠡᠵᠦ᠍ ᠴᠢᠨᠡᠭᠡᠯᠢᠭ ᠠᠮᠢᠳᠤᠷᠠᠯ ᠲᠠᠢ ᠪᠠᠶᠠᠵᠢᠯ ᠎ᠤᠨ ᠳᠠᠭᠠᠭᠤᠯᠤᠬᠴᠢ ᠪᠣᠯᠣᠭ᠍ᠰᠠᠨ ᠪᠠᠢᠨ᠎ᠠ᠃

ᠡᠭᠡᠯ ᠵᠢᠷ ᠎ᠦᠨ ᠨᠢᠭᠡᠨ ᠮᠠᠯᠴᠢᠨ ᠠᠢᠯ᠎ᠤᠨ ᠬᠢᠨ ᠮᠠᠯ ᠠᠵᠤ ᠠᠬᠤᠢ ᠲᠠᠷᠢᠶᠠᠯᠠᠩ᠎ᠢ ᠤᠶᠠᠯᠳᠤᠭᠤᠯᠤᠨ᠂ ᠥᠪᠡᠷ᠎ᠦᠨ ᠣᠶᠣᠨ ᠤᠬᠠᠭᠠᠨ ᠎ᠳᠠᠭᠠᠨ ᠲᠦᠱᠢᠭ᠌ᠯᠡᠵᠦ᠍᠂ ᠱᠢᠨᠵᠢᠯᠡᠬᠦ᠌ ᠤᠬᠠᠭᠠᠨᠴᠢ᠎ᠪᠠᠷ ᠮᠠᠯᠵᠢᠨ᠂ ᠰᠢᠨ᠎ᠡ ᠴᠠᠭ ᠦᠶ᠎ᠡ ᠳ᠋ᠦ ᠦᠭᠡᠳᠡ ᠲᠠᠢ ᠦᠩ ᠲᠠᠢ ᠲᠡᠮᠡᠦᠯᠡᠵᠤ ᠪᠠᠢᠨᠠᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面