ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-07 10:54:42

ᠵᠣᠬᠢᠶᠠᠭ᠍ᠴᠢ᠄ ᠴᠠᠩ ᠾᠸ ᠣᠩᠱᠢᠭ᠍ᠰᠠᠨ ᠣᠳᠠᠭ᠎ᠠ᠄ 3

ᠪᠤᠶᠠᠨᠳᠤ ᠴᠠᠭᠠᠨ ᠰᠠᠷ᠎ᠠ ᠪᠡᠷ ᠬᠤᠷᠴᠢᠨ ᠨᠤᠳᠤᠭ᠎ᠤᠨ ᠬᠦᠮᠦᠰ ᠠᠳᠠᠯᠢ ᠪᠤᠰᠤ ᠬᠡᠯᠪᠡᠷᠢ ᠪᠡᠷ ᠰᠠᠳᠤᠨ ᠳᠦᠷᠦᠯ᠂ ᠨᠠᠢᠵᠠ ᠨᠦᠬᠦᠳ ᠳᠠᠢ ᠪᠠᠨ ᠰᠢᠨ᠎ᠠ ᠵᠢᠨ ᠵᠤᠯᠭᠠᠯᠳᠠ ᠬᠢᠵᠥ ᠰᠢᠨ᠎ᠠ ᠵᠢᠯ᠎ᠤᠨ ᠵᠢᠷᠭᠠᠯᠳᠤ ᠮᠦᠴᠡ ᠪᠠᠨ ᠳᠡᠮᠳᠡᠭᠯᠡᠨ᠎ᠡ᠃ ᠬᠤᠷᠢᠨ ᠳᠦᠷᠪᠡᠳᠤᠬᠡᠷ ᠬᠤᠭᠤᠴᠠᠭᠠᠨ᠎ᠤ ᠡᠪᠤᠯ᠎ᠤᠨ ᠤᠯᠠᠷᠢᠯ᠎ᠤᠨ ᠤᠯᠢᠮᠫᠢᠺ᠎ᠤᠨ ᠳᠠᠮᠢᠷ᠎ᠤᠨ ᠴᠤᠬᠯᠠᠭᠠᠨ᠎ᠤ ᠦᠪᠡᠳᠡᠭᠰᠢ ᠶᠡᠬᠡ ᠪᠡᠷ ᠡᠬᠢᠯᠡᠬᠦ ᠵᠢ ᠪᠠᠶᠠᠷᠯᠠᠨ ᠪᠡᠯᠭᠡᠯᠡᠵᠥ᠂ ᠬᠢᠩᠭᠠᠨ ᠠᠢᠮᠠᠬ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ᠎ᠤ ᠵᠤᠬᠢᠶᠠᠯᠴᠢᠳ᠎ᠤᠨ ᠡᠪᠯᠡᠯ ᠬᠠᠷ᠎ᠠ ᠪᠠᠷᠰ ᠵᠢᠯ᠎ᠤᠨ ᠴᠠᠭᠠᠨ ᠰᠠᠷ᠎ᠠ ᠵᠢᠨ ᠬᠠᠮᠳᠤ ᠵᠢᠨ ᠴᠠᠭᠠᠯᠠᠭ᠎ᠠ ᠵᠢᠨ《ᠪᠢᠷ᠎ᠤᠨ ᠴᠤᠬᠯᠠᠭᠠᠨ》 ᠎ᠢ᠋ ᠡᠷᠬᠢᠯᠡᠨ ᠰᠠᠷ᠎ᠠ ᠰᠢᠨ᠎ᠡ ᠳ᠋ᠡᠬᠡᠨ ᠬᠦᠭ ᠨᠡᠮᠡᠭᠰᠡᠨ ᠪᠢᠯᠡ᠃

《ᠬᠠᠪᠤᠷ᠎ᠤᠨ ᠠᠭᠤᠷ》᠎ᠤ᠋ᠨ ᠪᠦᠯᠢᠶᠡᠨ ᠠᠮᠢᠰᠬᠤᠯ᠎ᠢ ᠬᠠᠬᠢᠷ ᠬᠦᠢᠳᠡᠨ᠎ᠤ ᠳᠤᠮᠳᠠ ᠳᠦᠯᠵᠢᠬᠦᠯᠦᠨ᠂ ᠤᠷᠢᠬᠠᠨ ᠬᠠᠪᠤᠷ᠎ᠢ ᠮᠡᠳᠡᠬᠡᠯᠡᠵᠥ ᠤᠷᠢᠨ ᠳᠤᠯᠠᠭᠠᠨ᠎ᠢ ᠬᠤᠷᠤᠢᠯᠠᠬᠰᠠᠨ ᠰᠢᠨ᠎ᠡ ᠵᠢᠨ ᠳᠦᠷᠪᠡᠨ᠎ᠤ ᠦᠷᠯᠦᠬᠡ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ᠎ᠤ ᠪᠠᠶᠠᠨᠬᠤᠰᠢᠭᠤ᠂ ᠳᠦᠯᠡᠬᠡᠮᠤᠳᠤ᠂ ᠪᠠᠶᠠᠨᠨᠠᠭᠤᠷ᠂ ᠳᠠᠢᠴᠢᠨᠳᠠᠯ᠎ᠠ ᠵᠡᠷᠬᠡ ᠰᠤᠮᠤ ᠪᠠᠯᠭᠠᠰᠤᠨ᠎ᠤ ᠡᠯ᠎ᠡ ᠠᠵᠢᠯ᠎ᠤᠨ ᠹᠷᠤᠨᠲ ᠲᠸ᠋ ᠭᠠᠪᠰᠢᠭᠠᠢᠯᠠᠵᠥ ᠪᠠᠢᠬᠤ ᠪᠠᠬᠰᠢ ᠤᠶᠤᠳᠠᠨ᠂ ᠠᠯᠪᠠᠨ ᠠᠵᠢᠯᠳᠠᠨ᠂ ᠮᠠᠯᠴᠢᠨ ᠳᠠᠷᠢᠶᠠᠴᠢᠨ ᠵᠤᠬᠢᠶᠠᠯᠴᠢ ᠳᠡᠪᠡᠯ ᠪᠦᠰᠡ ᠪᠡᠷ ᠵᠢᠡᠨ ᠭᠤᠶᠤᠯᠠᠨ ᠳᠦᠰᠢᠶᠠᠳᠤ ᠠᠭᠤᠳᠠᠮ ᠳᠠᠯᠠᠪᠠᠢ ᠳ᠋ᠠᠭᠠᠨ ᠴᠤᠬᠯᠠᠷᠠᠬᠤ ᠳ᠋ᠤ᠂ ᠬᠦᠬᠡᠬᠤᠳᠠ᠂ ᠪᠠᠶᠠᠨᠨᠠᠭᠤᠷ᠂ ᠤᠯᠠᠭᠠᠨᠬᠠᠳᠠ᠂ ᠵᠠᠯᠠᠢᠳ ᠬᠡᠬᠦᠴᠢᠯᠡᠨ ᠤᠷᠤᠨ᠎ᠤ ᠳᠤᠳᠤᠷᠡᠬᠢ ᠪᠤᠰᠤᠳ ᠠᠢᠮᠠᠬ ᠬᠤᠳᠠ᠂ ᠬᠤᠰᠢᠭᠤ ᠰᠢᠶᠠᠨ ᠳ᠋ᠤ ᠠᠵᠢᠯᠯᠠᠵᠥ ᠠᠮᠢᠳᠤᠷᠠᠭ᠎ᠠ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠨᠤᠳᠤᠬᠳᠠᠢ ᠤᠷᠠᠨ ᠵᠤᠬᠢᠶᠠᠯᠴᠢᠳ ᠪᠤᠶᠤ ᠤᠷᠠᠨ ᠵᠤᠬᠢᠶᠠᠯ᠎ᠤᠨ ᠪᠠᠬᠠᠳᠠᠳ ᠪᠤᠯᠵᠤᠭ᠎ᠠ ᠶᠤᠰᠤᠭᠠᠷ ᠳᠦᠷᠪᠡᠨ ᠵᠦᠭ ᠡᠴᠡ ᠴᠤᠬᠯᠠᠷᠠᠨ ᠭᠠᠯ ᠠᠶᠠᠨ ᠪᠤᠯᠵᠥ ᠬᠠᠮᠳᠤ ᠵᠢᠨ ᠵᠤᠯᠭᠠᠯᠳᠠ ᠪᠠᠨ ᠡᠬᠢᠯᠡᠬᠦᠯᠦᠯ᠎ᠡ᠃ ᠤᠷᠭᠤᠬᠤ ᠨᠠᠷᠠᠨ ᠳᠠᠢ ᠤᠷᠤᠯᠳᠤᠨ 30 ᠭᠠᠷᠤᠢ ᠵᠤᠬᠢᠶᠠᠯᠴᠢᠳ ᠠᠶᠤᠰᠢ ᠬᠠᠳᠠᠭ ᠵᠢᠡᠨ ᠠᠯᠠᠭᠠᠨ ᠳ᠋ᠠᠭᠠᠨ ᠳᠡᠯᠬᠡᠨ ᠠᠬᠠᠮᠠᠳ ᠵᠤᠬᠢᠶᠠᠯᠴᠢ ᠪ᠊·ᠴᠣᠬ ᠬᠢᠬᠡᠳ ᠰᠡᠴᠡᠨᠴᠡᠩᠬᠡᠯ᠎ᠤᠨ ᠬᠢᠨ ᠳ᠋ᠤ ᠠᠢᠯᠴᠢᠯᠠᠯᠳᠠ ᠬᠢᠵᠥ ᠪᠤᠭᠤᠷᠤᠯ ᠡᠴᠡ ᠪᠠᠨ ᠢᠷᠤᠬᠡᠯ ᠰᠤᠨᠤᠰᠤᠨ᠂ ᠵᠤᠬᠢᠶᠠᠨ ᠪᠦᠳᠦᠬᠡᠯᠬᠡ ᠵᠢᠨ ᠤᠷᠮ᠎ᠠ ᠵᠤᠷᠢᠭ ᠳᠤᠰᠤᠬᠰᠠᠨ᠎ᠤ ᠳᠠᠷᠠᠭ᠎ᠠ ᠳᠠᠢᠴᠢᠨᠳᠠᠯ᠎ᠠ ᠵᠢᠨ ᠬᠠᠨᠠᠭᠠᠷ ᠡᠯᠢᠬᠡᠨ ᠳ᠋ᠤ ᠰᠡᠬᠦᠢᠨ ᠰᠦᠭᠯᠡᠢᠭᠰᠡᠨ 《ᠨᠠᠢᠷᠠᠭ᠎ᠤᠨ ᠱᠠᠩᠰᠢ》ᠪᠠᠨ ᠴᠢᠮᠡᠨ ᠤᠷᠠᠨ ᠪᠦᠳᠦᠬᠡᠯᠬᠡ ᠵᠢᠨ ᠡᠯᠪᠡᠭ ᠬᠤᠷᠢᠶᠠᠯᠳᠠ ᠪᠠᠨ ᠳᠠᠯᠠᠯᠤᠨ᠎ᠠ᠃ ᠦᠳᠡ ᠵᠢᠨ ᠡᠮᠤᠨᠡᠬᠢ 10 ᠴᠠᠬ ᠲᠸ᠋᠂ ᠬᠤᠤᠯᠢᠨ ᠭᠤᠤᠯ᠎ᠤᠨ ᠳᠡᠨᠵᠢᠨ ᠳᠡᠬᠡᠷ᠎ᠡ ᠬᠤᠷᠠᠨ ᠴᠤᠬᠯᠠᠷᠠᠬᠰᠠᠨ ᠤᠷᠠᠨ ᠵᠤᠬᠢᠶᠠᠯᠴᠢᠳ ᠳᠠᠢᠴᠢᠨᠳᠠᠯ᠎ᠠ ᠰᠤᠮᠤᠨ᠎ᠤ ᠴᠠᠭᠠᠨᠴᠢᠯᠠᠭᠤ ᠭᠠᠴᠠᠭᠠᠨ᠎ᠤ ᠮᠠᠯᠴᠢᠨ ᠵᠤᠬᠢᠶᠠᠯᠴᠢ ᠪᠠᠶᠠᠨᠳᠦ᠋ᠬᠦᠷᠡᠩ᠎ᠤᠨ ᠬᠢᠨ ᠳ᠋ᠤ ᠬᠦᠷᠴᠤ᠂ ᠦᠢᠯᠡᠳᠪᠦᠷᠢᠯᠡᠯ ᠠᠮᠢᠳᠤᠷᠠᠯ ᠳ᠋ᠤ ᠬᠦᠨᠵᠡᠬᠡᠢᠷᠡᠭᠰᠡᠨ ᠰᠢᠨ᠎ᠡ ᠵᠢᠯ᠎ᠤᠨ ᠴᠠᠢᠯᠠᠯᠭ᠎ᠠ ᠪᠠᠨ ᠨᠢᠵᠢᠬᠢᠷ ᠰᠠᠢᠬᠠᠨ ᠡᠬᠢᠯᠡᠬᠦᠯᠵᠥ ᠪᠢᠯᠡ᠃

ᠬᠢᠩᠭᠠᠨ ᠠᠢᠮᠠᠭ᠎ᠤᠨ ᠵᠤᠬᠢᠶᠠᠯᠴᠢᠳ᠎ᠤᠨ ᠡᠪᠯᠡᠯ᠎ᠤᠨ ᠳᠡᠳ᠋ ᠳᠡᠷᠢᠬᠦᠯᠡᠭᠴᠢ᠂ ᠰᠤᠯᠤᠩᠭ᠎ᠠ ᠱᠠᠩᠨᠠᠯᠳᠤ ᠵᠤᠬᠢᠶᠠᠯᠴᠢ ᠸ·ᠬᠠᠰ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ᠎ᠤ ᠵᠤᠬᠢᠶᠠᠯᠴᠢᠳ᠎ᠤᠨ ᠡᠪᠯᠡᠯ ᠎ᠤᠨ ᠳᠡᠷᠢᠬᠦᠯᠡᠭᠴᠢ ᠬᠦᠨᠡᠰᠤᠳᠤ᠂ ᠦᠪᠡᠷᠳᠡᠬᠡᠨ ᠵᠠᠰᠠᠬᠤ ᠤᠷᠤᠨ᠎ᠤ《ᠳᠠᠪᠤ ᠨᠢᠬᠡ ᠢᠨᠵᠸᠨ᠋ᠸᠷᠢᠩ》 ᠤ᠋ᠨ ᠱᠠᠩᠨᠠᠯᠳᠤ ᠵᠤᠬᠢᠶᠠᠯᠴᠢ ᠴᠠᠭᠠᠨᠯᠤᠤᠰ ᠨᠠᠷ ᠤᠷᠢᠳ ᠬᠤᠵᠢᠳ ᠵᠤᠬᠢᠶᠠᠨ ᠪᠢᠴᠢᠯᠬᠡ ᠵᠢᠨ ᠳᠤᠷᠰᠢᠯᠭ᠎ᠠ ᠪᠠᠨ ᠰᠤᠯᠢᠯᠴᠠᠬᠰᠠᠨ ᠪᠤᠶᠤ ᠰᠢᠨ᠎ᠡ ᠤᠷᠠᠨ ᠪᠦᠳᠦᠬᠡᠯ ᠵᠢᠡᠨ ᠬᠤᠪᠢᠶᠠᠯᠴᠠᠬᠤ ᠳ᠋ᠤ᠂ ᠪᠠᠭ᠎ᠠ ᠰᠤᠷᠭᠠᠭᠤᠯᠢ ᠵᠢᠨ ᠰᠤᠷᠤᠬᠴᠢ ᠠᠷᠭᠠᠰᠤᠨ᠂ ᠭᠤᠶᠤᠬᠠᠨ ᠨᠠᠷ ᠢᠷᠠᠭᠤ ᠨᠠᠢᠷᠠᠭ ᠤᠶᠠᠩᠭᠠᠯᠠᠨ ᠪᠠᠶᠠᠷ ᠳᠡᠬᠡᠷ᠎ᠡ ᠪᠠᠶᠠᠷ ᠨᠡᠮᠡᠨ᠎ᠡ᠃ ᠢᠷᠠᠭᠤ ᠠᠶᠠᠯᠭᠤ᠂ ᠬᠠᠪᠰᠤᠷᠤᠯ ᠬᠦᠭᠵᠢᠮ᠎ᠤᠨ ᠬᠦᠭ ᠠᠶᠠᠰ ᠦᠬᠡᠢ ᠪᠤᠯᠪᠠᠴᠤ ᠠᠯᠠᠭ᠎ᠠ ᠳᠠᠰᠢᠯᠳᠠ᠂ ᠤᠤᠬᠠᠢ ᠬᠠᠰᠬᠢᠷᠤᠯᠳᠠ ᠳᠤᠮᠳᠠ ᠮᠠᠯᠴᠢᠨ ᠵᠤᠬᠢᠶᠠᠯᠴᠢ ᠪᠠᠶᠠᠨᠳᠦ᠋ᠬᠦᠷᠡᠩ ᠳ᠋ᠤ ᠨᠤᠮ᠎ᠤᠨ ᠪᠡᠯᠡᠭ᠂ ᠮᠤᠩᠭᠤᠯ ᠤᠷᠠᠨ ᠪᠢᠴᠢᠯᠬᠡ ᠵᠢᠨ ᠪᠦᠳᠦᠬᠡᠯ ᠵᠢᠡᠨ ᠰᠡᠳᠬᠢᠯ᠎ᠤᠨ ᠪᠡᠯᠡᠭ ᠪᠤᠯᠭᠠᠨ ᠬᠠᠨᠳᠢᠪᠯᠠᠬᠰᠠᠨ ᠪᠦᠬᠡᠳ ᠮᠠᠯᠴᠢᠨ ᠵᠤᠬᠢᠶᠠᠯᠴᠢ ᠡ᠊·ᠬᠡᠷᠡᠯ᠂ ᠵᠠᠯᠠᠭᠤ ᠵᠤᠬᠢᠶᠠᠯᠴᠢ ᠦᠨᠡᠨᠴᠢᠬᠦᠦ᠂ ᠠᠯᠳᠠᠨᠱᠠ᠂ ᠤᠶᠤᠳᠠᠨ ᠰᠢᠯᠦᠭᠴᠢ ᠪᠤᠷᠵᠢᠭᠢᠨ ᠳᠦᠪᠰᠢᠨ ᠨᠠᠷ᠎ᠢ ᠤᠷᠠᠨ ᠵᠤᠬᠢᠶᠠᠯ᠎ᠤᠨ ᠰᠢᠨ᠎ᠡ ᠤᠳᠤᠳ ᠵᠢᠡᠨ ᠤᠷᠮᠠᠰᠢᠭᠤᠯᠤᠨ ᠬᠦᠬᠢᠬᠦᠯᠦᠯ᠎ᠡ᠃ ᠳᠤᠰ ᠤᠳᠠᠭᠠᠨ᠎ᠤ ᠬᠠᠮᠳᠦ ᠵᠢᠨ ᠵᠤᠯᠭᠠᠯᠳᠠ ᠨᠢ ᠨᠠᠶᠠᠨ ᠨᠠᠰᠤᠳᠠᠢ ᠪᠤᠭᠤᠷᠤᠯ ᠡᠴᠡ 10 ᠨᠠᠰᠤᠳᠠᠢ ᠬᠡᠥᠬᠡᠳ ᠬᠦᠷᠳᠡᠯᠡᠬᠢ ᠠᠬᠠᠮᠠᠳ᠂ ᠢᠳᠡᠷ᠂ ᠵᠠᠯᠠᠭᠤ᠂ ᠬᠡᠥᠬᠡᠳ ᠪᠠᠭᠠᠴᠤᠳ ᠬᠡᠬᠦ ᠳᠦᠷᠪᠡᠨ ᠦᠶ᠎ᠡ ᠵᠢᠨ ᠬᠦᠮᠦᠰ ᠦᠪᠡᠷ ᠦᠪᠡᠷ᠎ᠤᠨ ᠦᠩᠬᠡ ᠪᠡᠷ ᠵᠢᠡᠨ ᠡᠬᠡᠰᠢᠭᠯᠡᠨ ᠳᠠᠭᠤᠯᠠᠵᠥ᠂ ᠤᠶᠠᠩᠭᠠᠯᠠᠨ ᠰᠢᠯᠦᠬᠯᠡᠵᠥ᠂ ᠦᠵᠡᠯ ᠪᠤᠳᠤᠯ ᠵᠢᠡᠨ ᠰᠤᠯᠢᠯᠴᠠᠬᠰᠠᠨ ᠨᠢᠬᠡᠨ ᠤᠳᠠᠭᠠᠨ᠎ᠤ ᠤᠳᠬ᠎ᠠ ᠳᠡᠬᠦᠯᠳᠡᠷ᠂ ᠦᠪᠡᠷᠮᠢᠴᠠ ᠤᠨᠴᠠᠭᠠᠢ ᠰᠠᠷ᠎ᠠ ᠰᠢᠨ᠎ᠠ ᠵᠢᠨ ᠵᠤᠯᠭᠠᠯᠳᠠ ᠪᠤᠯᠵᠥ ᠪᠢᠯᠡ᠃

ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ᠎ᠤ ᠵᠤᠬᠢᠶᠠᠯᠴᠢᠳ᠎ᠤᠨ ᠡᠪᠯᠡᠯ᠎ᠤᠨ ᠳᠡᠪᠤᠳᠡᠬᠢ ᠤᠳᠠᠭᠠᠨ᠎ᠤ ᠰᠢᠨ᠎ᠡ ᠵᠢᠯ᠎ᠤᠨ ᠬᠠᠮᠳᠤ ᠵᠢᠨ ᠵᠤᠯᠭᠠᠯᠳᠠ ᠳ᠋ᠠᠭᠠᠨ ᠤᠷᠤᠯᠴᠠᠬᠰᠠᠨ ᠤᠷᠠᠨ ᠵᠤᠬᠢᠶᠠᠯᠴᠢᠳ ᠰᠢᠨ᠎ᠡ ᠴᠠᠬ ᠦᠶ᠎ᠡ ᠵᠢ ᠮᠠᠬᠳᠠᠨ ᠳᠠᠭᠤᠯᠠᠵᠥ᠂ ᠠᠷᠠᠳ ᠳᠦᠮᠡᠨ ᠵᠢᠡᠷ ᠭᠤᠤᠯ ᠪᠤᠯᠭᠠᠬᠤ ᠬᠦᠭ ᠠᠶᠠᠰ᠎ᠢ ᠴᠢᠪᠬᠠᠳᠠᠨ᠂ ᠬᠢᠩᠭᠠᠨ ᠠᠢᠮᠠᠭ᠎ᠤᠨ ᠬᠦᠨ ᠵᠤᠵᠠᠭᠠᠨ ᠬᠤᠪᠢᠰᠬᠠᠯ᠎ᠤᠨ ᠤᠯᠠᠮᠵᠢᠯᠠᠯ ᠡᠴᠡ ᠰᠢᠮ᠎ᠡ ᠬᠦᠷᠳᠡᠵᠥ᠂ ᠠᠷᠠᠳ ᠤᠯᠠᠨ᠎ᠤ ᠰᠠᠢᠨ ᠰᠠᠢᠬᠠᠨ ᠠᠮᠢᠳᠤᠷᠠᠯ᠎ᠢ ᠳᠤᠰᠬᠠᠬᠰᠠᠨ ᠡᠯ᠎ᠡ ᠲᠢᠭ ᠰᠲ᠋ᠢᠯᠢ ᠵᠢᠨ ᠵᠤᠬᠢᠶᠠᠯ ᠪᠦᠳᠦᠬᠡᠯ ᠳᠤᠭᠤᠷᠪᠢᠨ᠎ᠠ ᠬᠡᠵᠥ ᠤᠯᠤᠯᠳᠠ ᠳᠦᠷᠦᠭᠳᠡᠯ ᠵᠢᠡᠨ ᠶᠠᠷᠢᠵᠠᠭᠠᠨ᠎ᠠ᠃

ᠪᠢᠯᠢᠭ ᠰᠤᠷᠢᠵᠥ ᠤᠬᠠᠭ᠎ᠠ ᠬᠤᠷᠴᠠᠯᠠᠬᠰᠠᠨ ᠰᠢᠨ᠎ᠡ ᠵᠢᠨ ᠵᠤᠯᠭᠠᠯᠳᠠ ᠰᠢᠨ᠎ᠡ ᠪᠦᠳᠦᠬᠡᠯ᠂ ᠰᠢᠯᠢᠳᠡᠭ ᠪᠦᠳᠦᠬᠡᠯ᠎ᠤᠨ ᠰᠢᠨ᠎ᠡ ᠬᠦᠰᠡᠯ ᠡᠪᠤᠷᠯᠡᠬᠦᠯᠦᠨ᠎ᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面