ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-07 10:59:26

ᠵᠣᠬᠢᠶᠠᠭ᠍ᠴᠢ᠄ ᠨᠠᠨᠳᠢᠨ ᠣᠩᠱᠢᠭ᠍ᠰᠠᠨ ᠣᠳᠠᠭ᠎ᠠ᠄ 3

ᠱᠢᠨ᠎ᠠ ᠵᠢᠯ᠎ᠤᠨ ᠪᠠᠶᠠᠷᠳᠤ ᠠᠭᠤᠷ ᠠᠮᠢᠰᠭᠤᠯ ᠬᠦᠳᠡᠭᠡ ᠲᠠᠯ᠎ᠠ ᠶ᠋ᠢ ᠪᠦᠷᠬᠦᠬᠦ᠌᠎ᠪᠠᠷ᠂ ᠬᠤᠷᠴᠢᠨ᠎ᠤ ᠲᠠᠯ᠎ᠠ ᠨᠤᠳᠤᠭ᠎ᠤᠨ 《ᠪᠠᠢᠭᠠᠯᠢᠯᠢᠭ ᠠᠭᠤᠰᠭᠢ》ᠬᠡᠮᠡᠭ᠌ᠳᠡᠭ᠌ᠰᠡᠨ ᠲᠦᠩᠯᠢᠶᠤᠤ ᠬᠤᠳᠠ᠎ᠶ᠋ᠢᠨ ᠵᠠᠷᠤᠳ ᠬᠤᠱᠢᠭᠤᠨ ᠎ᠤ ᠬᠠᠨ ᠠᠭᠤᠯᠠ ᠤᠯᠤᠰ᠎ᠤᠨ ᠳᠡᠰ᠎ᠤᠨ ᠬᠠᠮᠠᠭᠠᠯᠠᠯᠳᠠ᠎ᠶ᠋ᠢᠨ ᠤᠷᠤᠨ᠎ᠤ ᠦᠨᠳᠦᠷ ᠰᠦᠷᠯᠢᠭ ᠠᠭᠤᠯᠠ ᠲᠤᠯᠤᠭᠠᠳ ᠮᠦᠩᠭᠦᠨ ᠴᠠᠭᠠᠨ ᠴᠠᠰᠤᠨ ᠎ᠳᠤ ᠪᠦᠷᠬᠦᠭ᠌ᠳᠡᠵᠦ᠍᠂ ᠢᠭᠴᠤ ᠰᠠᠬᠤᠯᠢᠭ ᠤᠢ ᠱᠢᠭᠤᠢ ᠴᠠᠩ ᠬᠦᠦᠷᠭᠡ ᠲᠠᠢ᠎ᠪᠠᠨ ᠴᠠᠢᠷᠠᠨ ᠤᠷᠠᠨ ᠵᠢᠷᠤᠭ᠍ᠴᠢᠨ᠎ᠤ ᠪᠦᠳᠦᠭᠡᠯ ᠭᠡᠮᠡᠷ ᠬᠤᠯᠠ᠎ᠶ᠋ᠢᠨ ᠬᠤᠯᠠ᠎ᠠᠴᠠ ᠬᠠᠷᠠᠭ᠎ᠠ ᠪᠠᠶᠠᠰᠭᠠᠨ᠎ᠠ᠃


QQ截图20220207105416.jpg


ᠴᠡᠡᠭ᠌ᠬᠡᠯ ᠰᠡᠭᠦᠳᠡᠷᠯᠡᠪᠡ


ᠬᠠᠨ ᠠᠭᠤᠯᠠ ᠤᠯᠤᠰ᠎ᠤᠨ ᠳᠡᠰ᠎ᠤᠨ ᠬᠠᠮᠠᠭᠠᠯᠠᠯᠳᠠ᠎ᠶ᠋ᠢᠨ ᠤᠷᠤᠨ᠎ᠢ ᠤᠳᠤᠬᠠᠨ᠎ᠳᠤ 189 ᠤᠢ ᠬᠠᠮᠠᠭᠠᠯᠠᠭ᠍ᠴᠢᠳ ᠵᠢᠯ᠎ᠤᠨ ᠳᠦᠷᠪᠡᠨ ᠤᠯᠠᠷᠢᠯ᠎ᠢᠶᠠᠷ ᠴᠠᠭ᠍ᠳᠠᠨ ᠪᠠᠢᠴᠠᠭᠠᠵᠤ᠂ ᠰᠠᠬᠢᠨ ᠬᠠᠮᠠᠭᠠᠯᠠᠵᠤ ᠪᠠᠢᠳᠠᠭ᠃ ᠳᠡᠳᠡ ᠤᠢ ᠱᠢᠭᠤᠢ᠎ᠳᠠᠬᠢ ᠭᠠᠯ᠎ᠤᠨ ᠠᠶᠤᠯ᠎ᠠᠴᠠ ᠰᠡᠷᠭᠡᠢᠯᠡᠬᠦ᠂ ᠡᠪᠡᠰᠦ ᠪᠡᠯᠴᠢᠭᠡᠷ᠎ᠢ ᠡᠪᠳᠡᠨ ᠠᠷᠢᠶᠠᠳᠠᠨ ᠭᠦᠷᠦᠭᠡᠰᠦ ᠠᠩᠨᠠᠬᠤ᠎ᠶ᠋ᠢ ᠪᠠᠢᠴᠠᠭᠠᠨ ᠵᠤᠭ᠍ᠰᠤᠭᠠᠬᠤ᠎ᠠᠴᠠ ᠭᠠᠳᠠᠨ᠎ᠠ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠪᠠᠢᠴᠠᠭᠠᠨ ᠲᠡᠮᠳᠡᠭ᠌ᠯᠡᠬᠦ᠌ ᠵᠡᠷᠭᠡ ᠤᠯᠠᠨ ᠨᠠᠷᠢᠯᠢᠭ ᠠᠵᠢᠯ᠎ᠢ ᠭᠦᠢᠴᠡᠳᠭᠡᠵᠦ᠍ ᠪᠠᠢᠳᠠᠭ᠃ ᠪᠠᠢ ᠪᠠᠭᠠᠨ᠎ᠠ ᠪᠤᠯ ᠡᠨᠡ ᠬᠦ᠌ ᠲᠤᠮᠤ ᠭᠡᠷ ᠪᠦᠯᠢ᠎ᠶ᠋ᠢᠨ ᠨᠢᠭᠡᠨ ᠭᠡᠱᠢᠭᠦᠨ᠃ ᠳᠡᠷᠡ ᠪᠡᠷ ᠡᠨᠡ ᠴᠠᠭᠠᠨ ᠰᠠᠷ᠎ᠠ ᠠᠵᠢᠯ᠎ᠤᠨ ᠪᠠᠢᠷᠢ᠎ᠳᠠᠭᠠᠨ ᠦᠯᠡᠳᠡᠵᠦ᠍ ᠤᠢ᠎ᠪᠠᠨ ᠰᠠᠬᠢᠨ ᠱᠢᠨᠡᠯᠡᠭ᠌ᠰᠡᠨ ᠪᠢᠯᠡ᠃

— ᠡᠨᠡ ᠰᠠᠢᠬᠠᠨ ᠦᠵᠡᠮᠵᠢ᠎ᠶ᠋ᠢ ᠪᠠᠭ᠍ᠠᠷᠬᠠᠵᠤ ᠴᠠᠭᠠᠯᠠᠬᠤ ᠭᠡᠵᠦ᠍ ᠪᠠᠰᠠ ᠨᠢᠭᠡᠨ ᠠᠵᠠ ᠵᠢᠷᠭᠠᠯ ᠳ᠋ᠠ᠂ ᠠᠷᠢᠶᠠᠳᠠᠨ ᠭᠦᠷᠦᠭᠡᠰᠦ᠎ᠶ᠋ᠢ ᠠᠵᠢᠭ᠍ᠯᠠᠵᠤ᠂ ᠤᠢ ᠲᠠᠢᠭ᠎ᠠ᠎ᠪᠠᠨ ᠰᠠᠬᠢᠨ ᠰᠠᠭᠤᠬᠤ᠎ᠳᠤ ᠤᠢ᠍ᠢᠳᠬᠤ ᠵᠦᠢᠯ ᠦᠭᠡᠢ ᠱᠢᠤ! ᠭᠡᠵᠦ᠍ ᠪᠠᠢ ᠪᠠᠭᠠᠨ᠎ᠠ ᠭᠤᠸᠠᠢ ᠪᠠᠶᠠᠷᠳᠠᠢᠬᠠᠨ ᠶᠠᠷᠢᠨ᠎ᠠ᠃

ᠨᠤᠳᠤᠭ᠎ᠢᠶᠠᠨ ᠰᠠᠨᠠᠭ᠍ᠰᠠᠨ ᠲᠡᠮᠡᠭᠡ ᠬᠠᠮᠤᠭ ᠰᠡᠭᠦᠯᠴᠢ᠎ᠶ᠋ᠢᠨ ᠠᠮᠢᠰᠭᠤᠯ᠎ᠢᠶᠠᠨ ᠠᠳᠡ ᠬᠤᠷᠢᠶᠠᠭ᠍ᠰᠠᠨ᠎ᠠᠴᠠ ᠲᠡᠷᠡ ᠬᠠᠨ᠎ᠢ ᠲᠡᠮᠡᠭᠡᠨ ᠬᠠᠨ ᠠᠭᠤᠯᠠ ᠭᠡᠳᠡᠭ; ᠬᠦᠬᠦ᠌᠎ᠶ᠋ᠢᠨ ᠰᠦ᠎ᠨᠢ ᠠᠰᠭᠠᠷᠠᠨ ᠤᠷᠤᠰᠤᠭ᠍ᠰᠠᠨ ᠎ᠠᠴᠠ ᠭᠤᠤᠯ ᠭᠤᠷᠤᠬ᠎ᠠ᠎ᠨᠢ ᠰᠦ᠎ᠶ᠋ᠢᠨ ᠠᠮᠳᠠ᠎ᠲᠠᠢ ᠪᠤᠯᠤᠭ᠍ᠰᠠᠨ ᠭᠡᠳᠡᠭ; ᠬᠡᠭᠡᠷ᠎ᠡ᠎ᠶ᠋ᠢᠨ ᠭᠠᠭ᠍ᠠᠢ ᠬᠦᠭᠡᠭᠡᠳ ᠢᠷᠡᠬᠦ᠌᠎ᠪᠠᠷ ᠰᠠᠨᠳᠤᠷᠤᠭᠠᠳ ᠮᠤᠳᠤᠨ᠎ᠳᠤ ᠠᠪᠠᠷᠢᠵᠤ ᠦᠵᠡᠯ᠎ᠠ᠂ ᠦᠨᠡᠭᠡᠨ᠎ᠤ ᠠᠮᠠᠨ᠎ᠠᠴᠠ ᠲᠤᠭᠤᠳᠠᠭ᠎ᠢ ᠠᠪᠤᠷᠠᠬᠤ ᠭᠡᠵᠦ᠍ ᠬᠦᠴᠦ᠍ ᠰᠠᠮᠪᠠᠭ᠎ᠠ᠎ᠪᠠᠨ ᠱᠢᠪᠬᠠᠵᠤ ᠪᠠᠢᠯ᠎ᠠ ᠁

ᠬᠠᠨ ᠠᠭᠤᠯᠠ᠎ᠪᠠᠨ ᠠᠯᠠᠭᠠᠨ ᠵᠢᠷᠤᠭᠠᠰᠤ᠎ᠪᠠᠨ ᠱᠢᠭ᠋ ᠤᠢ᠍ᠢᠯᠠᠭᠠᠳᠠᠭ ᠪᠠᠢ ᠪᠠᠭᠠᠨ᠎ᠠ ᠮᠠᠨᠢ ᠦᠯᠢᠭᠡᠷ ᠳᠤᠮᠤᠭ᠎ᠠᠴᠠ ᠡᠬᠢᠯᠡᠨ ᠠᠷᠢᠶᠠᠲᠠᠨ ᠭᠦᠷᠦᠭᠡᠰᠦ᠂ ᠤᠢ ᠮᠤᠳᠤ᠂ ᠵᠠᠮ ᠮᠦᠷ᠂ ᠦᠯᠢᠭᠡᠷ ᠤᠴᠠᠷᠠᠯ ᠪᠦᠬᠦᠨ᠎ᠢᠶᠠᠨ ᠬᠤᠪᠢᠶᠠᠯᠴᠠᠬᠤ᠎ᠪᠠᠷ ᠤᠷᠤᠰᠭᠠᠯ ᠤᠰᠤ ᠬᠤᠷᠴᠢᠬᠢᠨᠠᠨ ᠦᠩᠭᠡᠷᠡᠬᠦ᠌ ᠬᠡᠮᠡᠷ ᠬᠦᠭ᠌ᠵᠢᠶᠡᠨ᠎ᠲᠠᠢ ᠪᠦᠭᠡᠳ ᠰᠡᠳᠭᠢᠯ᠎ᠢ ᠰᠡᠷᠭᠦᠭᠡᠨ᠎ᠠ᠃

ᠠᠷᠠᠳ᠎ᠤᠨ ᠪᠠᠭ᠍ᠰᠢ᠎ᠶ᠋ᠢᠨ ᠠᠯᠪᠠᠨ᠎ᠠᠴᠠ ᠠᠵᠢᠯ ᠱᠢᠯᠵᠢᠨ ᠤᠢ ᠬᠠᠮᠠᠭᠠᠯᠠᠭ᠍ᠴᠢ ᠪᠤᠯᠤᠭ᠍ᠰᠠᠨ ᠳᠡᠷᠡ ᠪᠡᠷ ᠠᠷᠪᠠᠭᠠᠳ ᠵᠢᠯ᠎ᠤᠨ ᠳᠤᠷᠰᠢ ᠣᠯᠠᠨ ᠤᠯᠠᠨ ᠤᠢ ᠬᠠᠮᠠᠭᠠᠯᠠᠭ᠍ᠴᠢ᠎ᠲᠠᠢ᠎ᠪᠠᠨ ᠬᠠᠮᠳᠤ᠎ᠪᠠᠷ ᠠᠮᠢᠨ ᠬᠠᠢᠷᠠᠳᠤ ᠡᠬᠡ ᠤᠷᠤᠨ᠎ᠤ᠎ᠪᠠᠨ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠰᠠᠬᠢᠨ ᠬᠠᠮᠠᠭᠠᠯᠠᠬᠤ ᠡᠭᠦᠷᠭᠡ᠎ᠪᠠᠨ ᠳᠡᠭᠦᠰ ᠳᠡᠭᠦᠯᠳᠡᠷ ᠭᠦᠢᠴᠡᠳᠭᠡᠬᠦ᠌᠎ᠶ᠋ᠢ ᠬᠢᠴᠢᠶᠡᠭ᠌ᠰᠡᠭᠡᠷ ᠢᠷᠡᠭ᠌ᠰᠡᠨ ᠪᠢᠯᠡ᠃

— ᠪᠢ ᠪᠠᠷᠤᠭ ᠠᠵᠢᠯ᠎ᠤᠨ᠎ᠢᠶᠠᠨ ᠭᠤᠷᠪᠠᠨ᠎ᠤ ᠬᠤᠶᠠᠷ᠎ᠤᠨ ᠴᠠᠭ᠎ᠢ ᠠᠭᠤᠯᠠᠨ᠎ᠳᠠᠭᠠᠨ ᠦᠩᠭᠡᠷᠡᠭᠡᠳᠡᠭ᠃ ᠠᠭᠤᠯᠠ ᠲᠤᠯᠤᠭᠠᠢ᠂ ᠨᠠᠭᠤᠷ ᠪᠦᠷᠢᠳᠦ᠂ ᠮᠤᠳᠤ ᠱᠢᠭᠤᠢ᠎ᠪᠠᠷ ᠲᠤᠭᠤᠷᠢᠨ ᠦᠵᠡᠵᠦ᠍᠂ ᠵᠢᠷᠤᠭ ᠠᠪᠴᠤ᠌ ᠲᠡᠮᠳᠡᠭ᠌ᠯᠡᠯ ᠬᠢᠳᠡᠭ᠂ ᠮᠦᠨ ᠴᠤ᠌ ᠢᠩᠭᠢᠵᠦ᠍ ᠦᠪᠡᠷ᠎ᠢ᠎ᠪᠠᠨ ᠪᠠᠶᠠᠰᠭᠠᠳᠠᠭ ᠭᠡᠵᠦ᠍ ᠪᠠᠢ ᠪᠠᠭᠠᠨ᠎ᠠ ᠶᠠᠷᠢᠨ᠎ᠠ᠃

2015 ᠤᠨ᠎ᠠᠴᠠ ᠡᠬᠢᠯᠡᠨ ᠬᠠᠨ ᠠᠭᠤᠯᠠ ᠬᠠᠮᠠᠭᠠᠯᠠᠯᠳᠠ ᠶ᠋ᠢᠨ ᠤᠷᠤᠨ᠎ᠳᠤ ᠤᠯᠠᠭᠠᠨ᠎ᠤ ᠭᠠᠳᠠᠨᠠᠬᠢ ᠲᠤᠶᠠᠭ᠎ᠠ᠎ᠪᠠᠷ ᠰᠡᠭᠦᠳᠡᠷᠯᠡᠬᠦ᠌ ᠮᠡᠷᠭᠡᠵᠢᠯ᠎ᠢ ᠠᠱᠢᠭ᠍ᠯᠠᠨ ᠪᠠᠢᠭᠠᠯᠢ ᠤᠷᠴᠢᠨ ᠨᠡᠩ ᠢᠯᠠᠩᠭᠤᠶ᠎ᠠ ᠬᠤᠪᠤᠷ ᠴᠤᠬᠠᠭ ᠠᠮᠢᠳᠠᠳ᠎ᠤᠨ ᠳᠤᠭ᠎ᠠ ᠲᠤᠯᠤᠭᠠᠢ᠎ᠶ᠋ᠢ ᠪᠦᠷᠢᠳᠭᠡᠵᠦ᠍ ᠡᠬᠢᠯᠡᠵᠡᠢ᠃ ᠤᠯᠠᠭᠠᠨ᠎ᠤ ᠭᠠᠳᠠᠨᠠᠬᠢ ᠲᠤᠶᠠᠭ᠎ᠠ᠎ᠪᠠᠷ ᠰᠡᠭᠦᠳᠡᠷᠯᠡᠬᠦ᠌ ᠮᠠᠱᠢᠨ᠎ᠢ ᠠᠮᠢᠳᠠᠳ ᠎ᠤᠨ ᠪᠠᠢᠩᠭᠤ ᠤᠷᠤᠩᠨᠠᠳᠠᠭ ᠭᠠᠵᠠᠷ ᠳᠠᠯᠪᠢᠳᠠᠭ ᠵᠢᠡᠷ ᠪᠠᠢ ᠪᠠᠭᠠᠨ᠎ᠠ ᠡᠩ᠎ᠤᠨ ᠦᠶ᠎ᠠ᠎ᠳᠤ ᠮᠠᠱᠢᠨ ᠲᠤᠨᠤᠭ ᠡᠪᠳᠡᠷᠡᠵᠦ᠍ ᠬᠠᠭᠤᠴᠢᠷᠠᠭ᠍ᠰᠠᠨ ᠡᠰᠡᠭᠦ᠌᠂ ᠴᠠᠬᠢᠯᠭᠠᠨ ᠴᠡᠨᠡᠭ ᠳᠤᠳᠠᠭ᠍ᠳᠠᠭ᠍ᠰᠠᠨ ᠡᠰᠡᠭᠦ᠎ᠶ᠋ᠢ ᠪᠠᠢᠴᠠᠭᠠᠬᠤ ᠎ᠠᠴᠠ ᠭᠠᠳᠠᠨ᠎ᠠ ᠳᠡᠮᠳᠡᠭ᠌ᠯᠡᠯ ᠬᠢᠭ᠌ᠰᠡᠨ ᠱᠢᠩᠭᠡᠭᠡᠯᠳᠡ᠎ᠶ᠋ᠢ ᠭᠠᠷᠠᠭ ᠪᠦᠷᠢ ᠨᠢᠭᠡ ᠤᠳᠠᠭ᠎ᠠ ᠪᠠᠭᠤᠯᠭᠠᠨ ᠪᠦᠷᠢᠳᠭᠡᠳᠡᠭ᠃ ᠡᠳᠡᠭᠡᠷ᠎ᠨᠢ ᠤᠯᠤᠰ᠎ᠤᠨ ᠠᠮᠢ ᠠᠬᠤᠢ᠎ᠶ᠋ᠢᠨ ᠪᠦᠳᠦᠭᠡᠨ ᠪᠠᠢᠭᠤᠯᠤᠯᠳᠠ᠂ ᠠᠮᠢᠳᠤ ᠪᠤᠳᠠᠰ᠎ᠤᠨ ᠬᠤᠪᠢᠷᠠᠯᠳᠠ᠂ ᠡᠪᠡᠰᠦ ᠤᠷᠭᠤᠮᠠᠯ᠎ᠤᠨ ᠳᠠᠷᠬᠠᠯᠳᠠ ᠪᠦᠷᠬᠦᠴᠡ ᠵᠢᠴᠢ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠂ ᠲᠤᠭ᠎ᠠ ᠲᠤᠯᠤᠭᠠᠢ ᠵᠡᠷᠭᠡ᠎ᠶ᠋ᠢ ᠪᠦᠷᠢᠳᠭᠡᠨ ᠳᠡᠮᠳᠡᠭ᠌ᠯᠡᠬᠦ᠌᠎ᠳᠤ ᠬᠠᠮᠤᠭ᠎ᠤᠨ ᠦᠨᠳᠦᠰᠦᠨ ᠪᠦᠭᠡᠳ ᠦᠨᠡᠨ ᠪᠤᠳᠠᠳᠠᠢ ᠲᠤᠭ᠎ᠠ ᠪᠠᠷᠢᠮᠳᠠ᠎ᠶ᠋ᠢ ᠬᠠᠩᠭᠠᠵᠤ ᠪᠠᠢᠳᠠᠭ᠃

— ᠨᠠᠮ᠎ᠤᠨ ᠲᠦᠷᠦ᠍᠎ᠶ᠋ᠢᠨ ᠪᠤᠳᠤᠯᠭ᠎ᠠ᠎ᠶ᠋ᠢᠨ ᠰᠠᠢᠨ᠂ ᠤᠯᠤᠰ ᠤᠷᠤᠨ᠎ᠤ ᠵᠦᠪ ᠤᠨᠤᠪᠴᠢᠳᠠᠢ ᠤᠳᠤᠷᠢᠳᠤᠯᠭ᠎ᠠ᠂ ᠪᠦᠬᠦ᠌ ᠺᠠᠳ᠋ᠷ ᠠᠵᠢᠯᠳᠠᠳ ᠎ᠤᠨ ᠬᠠᠮᠳᠤ᠎ᠶ᠋ᠢᠨ ᠴᠢᠷᠮᠠᠢᠯᠭ᠎ᠠ ᠳᠤᠤᠷ᠎ᠠ ᠮᠠᠨ᠎ᠤ ᠠᠮᠢ ᠠᠬᠤᠢ ᠵᠢᠯ ᠎ᠠᠴᠠ᠎ᠪᠠᠨ ᠵᠢᠯ ᠢᠯᠡᠷᠬᠡᠢ ᠰᠠᠢᠵᠢᠷᠠᠵᠤ ᠪᠠᠢᠨ᠎ᠠ᠃ ᠴᠠᠭᠠᠨ ᠰᠠᠷ᠎ᠠ ᠠᠭᠤᠯᠠ ᠲᠤᠯᠤᠭᠠᠳ᠎ᠢᠶᠠᠨ ᠰᠠᠬᠢᠵᠤ ᠠᠵᠢᠯ᠎ᠢᠶᠠᠨ ᠭᠢᠯᠠᠷᠠᠳᠠᠯ᠎ᠠ ᠪᠡᠶᠡᠯᠡᠭᠦᠯᠬᠦ᠌᠎ᠶ᠋ᠢᠨ ᠳᠠᠭᠠᠤ ᠤᠯᠠᠨ ᠰᠠᠢᠬᠠᠨ ᠭᠡᠷᠡᠯ ᠵᠢᠷᠤᠭ ᠲᠠᠳᠠᠭ᠍ᠰᠠᠨ᠃ ᠠᠮᠢ ᠠᠬᠤᠢ ᠰᠠᠢᠵᠢᠷᠠᠭ᠍ᠰᠠᠨ ᠪᠠᠢᠭᠠᠯᠢ ᠳᠡᠯᠡᠬᠡᠢ᠎ᠶ᠋ᠢᠨ ᠭᠤᠸ᠎ᠠ ᠰᠠᠢᠬᠠᠨ ᠎ᠢ ᠬᠠᠮᠳᠤ ᠨᠡᠢᠲᠡ᠎ᠲᠠᠢ᠎ᠪᠠᠨ ᠬᠤᠪᠢᠶᠠᠯᠴᠠᠨ᠎ᠠ ᠭᠡᠵᠦ᠍ ᠰᠡᠭᠦᠳᠡᠷᠯᠡᠬᠦ᠌ ᠮᠠᠱᠢᠨ ᠎ᠢᠶᠠᠨ ᠡᠭᠦᠷᠴᠦ᠍ ᠪᠠᠢ ᠪᠠᠭᠠᠨ᠎ᠠ ᠭᠤᠸᠠᠢ ᠬᠦᠷ ᠴᠠᠰᠤᠨ᠎ᠳᠤ ᠮᠦᠷ᠎ᠢᠶᠠᠨ ᠦᠯᠡᠳᠡᠭᠡᠨ ᠠᠭᠤᠯᠠ᠎ᠶ᠋ᠢᠨ ᠤᠷᠤᠢ᠎ᠶ᠋ᠢ ᠴᠢᠭ᠌ᠯᠡᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面