ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-12 20:16:11

ᠵᠣᠬᠢᠶᠠᠭ᠍ᠴᠢ᠄ ᠰᠢᠨᠡᠪᠢᠯᠢᠭ ᠣᠩᠱᠢᠭ᠍ᠰᠠᠨ ᠣᠳᠠᠭ᠎ᠠ᠄ 3

ᠠᠮᠠᠪᠴᠢ ᠵᠡᠬᠦᠵᠦ᠂ ᠴᠠᠭᠠᠨ ᠡᠮᠴᠢ ᠵᠢᠨ ᠬᠤᠪᠴᠠᠰᠤᠨ ᠲᠡᠭᠡᠷ᠎ᠡ ᠪᠡᠨ ᠨᠠᠮ ᠤ᠋ᠨ ᠰᠦᠯᠳᠡ ᠬᠢᠯᠠᠯᠵᠠᠭᠤᠯᠤᠬᠰᠠᠨ ᠵᠠᠯᠠᠭᠤᠬᠠᠨ ᠡᠮᠡᠭᠳᠡᠢ ᠡᠮᠴᠢ ᠡᠮᠨᠡᠯᠬᠡ ᠵᠢᠨ ᠬᠤᠷᠢᠶᠠᠨ ᠤ᠋ ᠭᠤᠳᠤᠮᠵᠢ ᠪᠡᠷ ᠶᠠᠭᠠᠷᠠᠤᠬᠠᠨ ᠠᠯᠬᠤᠯᠠᠨ᠎ᠠ᠃ 1 ᠰᠠᠷ᠎ᠠ ᠵᠢᠨ 31 ᠤ᠋ ᠤᠷᠤᠢ ᠵᠢᠨ 9 ᠴᠠᠬ ᠲᠦ᠍᠂ ᠤᠯᠠᠭᠠᠠᠬᠠᠳᠠ ᠲᠡᠭᠡᠳᠦ ᠰᠤᠷᠭᠠᠭᠤᠯᠢ ᠵᠢᠨ ᠬᠠᠷᠢᠶᠠᠳᠤ ᠡᠮᠨᠡᠯᠬᠡ ᠵᠢᠨ ᠬᠤᠷᠢᠶ᠎ᠠ ᠵᠢᠨ ᠬᠦᠩᠬᠡᠵᠢᠬᠦᠯᠬᠦ ᠰᠠᠯᠠᠭ᠎ᠠ ᠵᠢᠨ ᠲᠡᠳ᠋ ᠡᠷᠬᠢᠯᠡᠭᠴᠢ ᠡᠮᠴᠢ ᠤᠷᠢᠬᠠᠨ ᠬᠦᠩᠬᠡᠵᠢᠬᠦ ᠪᠡᠷ ᠪᠠᠢᠭ᠎ᠠ ᠵᠢᠷᠮᠦᠰᠦᠨ ᠪᠦᠰᠡᠬᠦᠢ ᠵᠢ ᠬᠦᠯᠢᠶᠡᠵᠦ ᠠᠪᠤᠪᠠ᠃ ᠤᠷᠢᠬᠠᠨ ᠰᠤᠪᠢᠯᠠᠬᠴᠢᠳ ᠲᠠᠢ ᠪᠠᠨ ᠬᠠᠮᠵᠢᠯᠴᠠᠨ ᠬᠦᠯᠦᠰᠦ ᠴᠢᠬᠠᠷᠠᠭᠤᠯᠤᠨ ᠤᠷᠤᠢ ᠵᠢᠨ 11 ᠴᠠᠬ ᠤ᠋ᠨ ᠦᠶ᠎ᠡ ᠪᠠᠷ ᠰᠢᠨ᠎ᠡ ᠨᠢᠭᠡᠨ ᠠᠮᠢ ᠨᠠᠰᠤ ᠵᠢ ᠲᠤᠰᠤᠨ ᠠᠪᠤᠯ᠎ᠠ᠃ ᠬᠡᠴᠢᠨᠡᠨ ᠦᠯᠵᠡᠢ ᠪᠡᠯᠭᠡ ᠲᠠᠢ ᠠᠵᠢ ! ᠲᠡᠷᠡ ᠨᠢ ᠡᠷᠡᠬᠦᠯ ᠴᠢᠬᠢᠷᠠᠭ ᠬᠦᠭᠡᠷᠦᠬᠦᠨ ᠪᠤᠨᠳᠤᠭᠤᠷ ᠬᠦᠦ ᠪᠠᠢᠵᠠᠢ᠃

ᠡᠨᠡ ᠤᠷᠤᠢ ᠬᠡᠳᠦᠢᠪᠡᠷ ᠪᠢᠳᠡᠬᠦᠨ ᠤ᠋ ᠤᠷᠤᠢ ᠪᠤᠯᠪᠠᠴᠤ ᠬᠦᠩᠬᠡᠵᠢᠬᠦᠯᠬᠦ ᠰᠠᠯᠠᠭᠠᠨ ᠳ᠋ᠤ 14 ᠵᠢᠯ ᠠᠵᠢᠯᠯᠠᠬᠰᠠᠨ ᠤᠷᠢᠬᠠᠨ ᠳ᠋ᠤ ᠠᠪᠴᠤ ᠬᠡᠯᠡᠪᠡᠯ ᠡᠩ᠎ᠤᠨ ᠡᠳᠦᠷ ᠡᠴᠡ ᠢᠯᠭᠠᠭ᠎ᠠ ᠦᠭᠡᠢ᠃ ᠤᠤᠯ ᠨᠢ ᠲᠡᠷᠡ ᠠᠵᠢᠯ ᠤ᠋ᠨ ᠪᠠᠢᠷᠢ ᠲᠡᠭᠡᠷ᠎ᠡ ᠪᠡᠨ ᠤᠯᠠᠨᠳᠠ ᠪᠢᠳᠡᠬᠦᠯᠡᠵᠦ ᠰᠢᠨᠡᠯᠡᠵᠦ ᠪᠠᠢᠬᠰᠠᠨ᠃ ᠬᠡᠪᠡᠴᠦ ᠵᠠᠷᠢᠮ ᠤᠴᠢᠷ ᠰᠢᠯᠳᠠᠭᠠᠨ ᠡᠴᠨ ᠪᠤᠯᠵᠤ ᠤᠢᠷ᠎ᠠ ᠵᠢᠨ 3 ᠵᠢᠯ ᠴᠠᠭᠠᠨ ᠰᠠᠷ᠎ᠠ ᠪᠡᠷ ᠰᠦᠨᠢ ᠵᠢᠨ ᠡᠬᠡᠯᠵᠢ ᠳ᠋ᠤ ᠵᠢᠵᠢᠬᠦᠷᠯᠡᠭᠰᠡᠨ ᠦᠬᠡᠢ᠃ ᠡᠨᠡ ᠵᠢᠯ ᠲᠡᠷᠡ ᠬᠠᠮᠳᠤ ᠠᠵᠢᠯᠯᠠᠬᠰᠠᠳ ᠵᠢᠡᠨ ᠰᠠᠨᠠᠭ᠎ᠠ ᠠᠮᠤᠷ ᠰᠢᠨᠡᠯᠡᠬᠦᠯᠬᠦ ᠵᠢᠨ ᠲᠦᠯᠦᠬᠡ ᠰᠠᠨᠠᠭᠠᠴᠢᠯᠠᠭ᠎ᠠ ᠡᠴᠡ ᠪᠠᠨ ᠰᠦᠨᠢ ᠵᠢᠨ ᠡᠬᠡᠯᠵᠢ ᠵᠢᠨ ᠠᠵᠢᠯ ᠢ᠋ ᠲᠠᠭᠠᠭᠠᠵᠤ ᠠᠪᠤᠭᠰᠠᠨ ᠨᠢ ᠡᠨᠡ ᠪᠠᠢᠵᠠᠢ᠃

ᠤᠷᠢᠬᠠᠨ᠂ ᠪᠢᠳᠡᠬᠦᠨ ᠤ᠋ ᠡᠳᠦᠷ ᠤ᠋ᠨ ᠦᠳᠡ ᠵᠢᠨ ᠬᠤᠢᠨᠠᠬᠢ 1 ᠴᠠᠬ ᠡᠴᠨ ᠲᠠᠷᠠᠭ᠎ᠠ ᠡᠳᠦᠷ ᠤ᠋ᠨ 8 ᠴᠠᠬ ᠪᠤᠯᠳᠠᠯ᠎ᠠ ᠬᠤᠷᠢ ᠰᠢᠬᠠᠮ ᠴᠠᠭ ᠠᠵᠢᠯᠯᠠᠭᠠᠳ ᠮᠠᠰᠢ ᠶᠠᠳᠠᠷᠠᠵᠤ ᠲᠤᠢᠯᠳᠠᠭᠰᠠᠨ ᠴᠦ᠍᠂ ᠬᠠᠮᠳᠤ ᠠᠵᠢᠯᠯᠠᠬᠰᠠᠳ ᠵᠢᠡᠨ ᠰᠡᠳᠬᠢᠯ ᠠᠮᠤᠷ ᠰᠢᠨᠡᠯᠡᠬᠦᠯᠦᠭᠰᠡᠨ ᠳ᠋ᠡᠬᠡᠨ ᠪᠠᠶᠠᠷᠳᠠᠢᠬᠠᠨ ᠪᠠᠢᠯ᠎ᠠ᠃ ᠤᠷᠢᠬᠠᠨ ᠎ᠤ ᠨᠦᠬᠦᠷ ᠨᠢ ᠪᠠᠰᠠ ᠪᠢᠳᠡᠬᠦᠨ ᠤ᠋ ᠤᠷᠤᠢ ᠰᠦᠨᠢ ᠵᠢᠨ ᠡᠬᠡᠯᠵᠢ ᠳ᠋ᠤ ᠭᠠᠷᠳᠠᠭ ᠪᠤᠯᠬᠤᠷ 2 ᠬᠡᠦᠬᠡᠳ ᠲᠡᠭᠡᠨ ᠪᠠᠷ᠎ᠠ ᠪᠤᠯᠵᠤ ᠴᠢᠳᠠᠭᠰᠠᠨ ᠦᠭᠡᠢ ᠳ᠋ᠡᠭᠡᠨ ᠤᠰᠤᠯᠳᠠᠭᠰᠠᠨ ᠰᠢᠭ᠋ ᠰᠠᠨᠠᠭᠳᠠᠪᠠ᠂ ᠪᠠᠰᠠ ᠠᠪᠤ ᠡᠵᠢ ᠠᠬᠠᠮᠠᠳ ᠨᠠᠰᠤᠳᠠᠳ ᠲᠠᠢ ᠪᠠᠨ ᠬᠠᠮᠳᠤ ᠪᠡᠷ ᠰᠢᠨᠡᠯᠡᠵᠦ ᠴᠢᠳᠠᠬᠰᠠᠨ ᠦᠬᠡᠢ ᠳ᠋ᠡᠬᠡᠨ ᠵᠢᠭᠠᠬᠠᠨ ᠰᠡᠳᠬᠢᠯ ᠲᠤᠮᠳᠠᠭᠤᠷ ᠪᠠᠢᠯ᠎ᠠ᠃ ᠬᠡᠪᠡᠴᠦ᠂ ᠦᠯᠵᠡᠢ ᠪᠡᠯᠭᠡᠳᠦ ᠪᠢᠳᠡᠬᠦᠨ ᠤ᠋ ᠰᠦᠨᠢ ᠵᠢ ᠠᠵᠢᠯ ᠤ᠋ᠨ ᠪᠠᠢᠷᠢ ᠲᠡᠭᠡᠷ᠎ᠡ ᠪᠡᠨ ᠠᠮᠤᠷ ᠮᠡᠨᠳᠦᠬᠡᠨ ᠦᠩᠬᠡᠷᠡᠬᠦᠯᠵᠦ᠂ ᠬᠦᠨᠳᠦ ᠡᠪᠡᠳᠴᠢᠳᠡᠨ ᠦᠬᠡᠢ᠂ ᠡᠪᠡᠳᠴᠢᠨ ᠵᠤᠪᠠᠯᠠᠩᠳᠠᠨ ᠦᠭᠡᠢ᠂ ᠠᠯᠢᠪᠠ ᠪᠦᠬᠦᠨ ᠤᠷᠤᠬᠰᠢᠳᠠᠢ ᠪᠤᠯᠤᠬᠰᠠᠨ ᠲᠤᠯᠠ ᠰᠡᠳᠬᠢᠯ ᠬᠠᠩᠬᠤᠯᠤᠭᠤᠨ ᠪᠠᠢᠪᠠ᠃

ᠤᠷᠢᠬᠠᠨ 2016 ᠤᠨ ᠡᠴᠨ 2018 ᠤᠨ ᠪᠤᠯᠳᠠᠯ᠎ᠠ ᠰᠢᠯᠢᠳᠡᠭ ᠡᠮᠴᠢ ᠵᠢᠨ ᠢᠷᠠᠭᠤ ᠠᠯᠳᠠᠷ ᠢ᠋ ᠬᠦᠷᠳᠡᠵᠦ᠂ ᠤᠯᠠᠨ ᠤᠯᠤᠰ ᠤ᠋ᠨ ᠨᠡᠢᠳᠡ ᠵᠢᠨ ᠠᠰᠠᠷᠠᠮᠵᠢ ᠵᠢᠨ ᠱᠠᠩᠨᠠᠯ ᠵᠢᠡᠷ ᠡᠩᠬᠡᠷ ᠵᠢᠡᠨ ᠮᠢᠯᠢᠶᠠᠯᠭᠠᠵᠤ ᠪᠠᠢᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面