ᠮᠣᠩᠭᠣᠯ ᠨᠤᠲᠤᠭ > ᠬᠦᠳᠡᠭᠡ ᠨᠤᠲᠤᠭ᠎ᠤᠨ ᠴᠠᠭᠠᠨ ᠰᠠᠷ᠎ᠠ 2022

2022-02-14 09:28:01

ᠵᠣᠬᠢᠶᠠᠭ᠍ᠴᠢ᠄ ​ᠰᠢᠶᠠᠩ ᠲᠤᠤ ᠣᠩᠱᠢᠭ᠍ᠰᠠᠨ ᠣᠳᠠᠭ᠎ᠠ᠄ 3

ᠴᠠᠰᠦ ᠮᠦᠰᠦᠨ᠎ᠤ ᠪᠡᠶ᠎ᠡ ᠵᠢᠨ ᠲᠠᠮᠢᠷ᠎ᠤᠨ ᠦᠪᠡᠳᠡᠭᠰᠢ ᠴᠤᠭᠯᠠᠭᠠᠨ ᠪᠤᠯᠬᠤ ᠡᠪᠦᠯ᠎ᠤᠨ ᠤᠯᠢᠮᠫᠢᠺ ᠨᠢ ᠦᠰᠦᠭ ᠪᠢᠴᠢᠭ᠎ᠤᠨ ᠭᠤᠸ᠎ᠠ ᠰᠠᠢᠬᠠᠨ᠎ᠤ ᠦᠪᠡᠷᠮᠢᠴᠡ ᠬᠡᠯᠪᠡᠷᠢ ᠪᠤᠯᠬᠤ ᠤᠷᠠᠨ ᠪᠢᠴᠢᠯᠬᠡ ᠲᠠᠢ ᠤᠶᠠᠯᠲᠤᠪᠠᠯ ᠶᠠᠮᠠᠷ ᠰᠢᠦᠬᠠᠨ ᠪᠠᠢᠲᠠᠭ ᠪᠤᠯ? ᠬᠤᠷᠢᠨ ᠲᠦᠷᠪᠡᠲᠦᠭᠡᠷ ᠬᠤᠭᠤᠴᠠᠭᠠᠨ᠎ᠤ ᠡᠪᠦᠯ᠎ᠤᠨ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠵᠤᠷᠢᠭᠤᠯᠤᠨ᠂ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠤᠷᠠᠨ ᠪᠢᠴᠢᠯᠬᠡᠳᠡᠨ᠎ᠤ ᠨᠡᠢᠬᠡᠮᠯᠢᠭ᠎ᠤᠨ ᠲᠡᠷᠢᠬᠦᠯᠡᠭᠴᠢ ᠲᠤᠯᠬᠢᠶᠠᠨ ᠭᠤᠸᠠᠢ ᠤᠢᠷ᠎ᠠ᠎ᠶᠢᠨ ᠡᠲᠦᠷ ᠪᠡᠭᠡ ᠨᠠᠢᠷᠠᠵᠦ ᠪᠢᠷ ᠬᠤᠷᠴᠠᠯᠠᠨ ᠤᠷᠠᠨ ᠪᠦᠲᠦᠭᠡᠯ ᠵᠤᠬᠢᠶᠠᠨ ᠪᠦᠲᠦᠭᠡᠯ᠎ᠡ᠃


冬奥书法作品.jpg


《ᠪᠡᠭᠡᠵᠢᠩ ᠬᠤᠲᠠ᠎ᠳᠤ ᠶᠠᠪᠤᠭ᠍ᠳᠠᠵᠤ ᠪᠠᠢᠭ᠎ᠠ ᠡᠪᠦᠯ᠎ᠤᠨ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭᠯᠠᠭᠠᠨ ᠪᠤᠯ ᠪᠦᠬᠦ ᠲᠡᠯᠡᠭᠡᠢ᠎ᠶᠢᠨ ᠠᠨᠭᠬᠠᠷᠤᠯ᠎ᠢ ᠲᠠᠲᠠᠭᠰᠠᠨ ᠦᠪᠡᠳᠡᠭᠰᠢ ᠶᠡᠬᠡ ᠴᠤᠭᠯᠠᠭᠠᠨ ᠪᠤᠯᠤᠨ᠎ᠠ᠃ ᠡᠪᠦᠯ᠎ᠤᠨ ᠤᠯᠢᠮᠫᠢᠺ ᠲᠦ᠍ ᠬᠠᠨᠲᠤᠭᠤᠯᠤᠨ ᠮᠠᠨ᠎ᠤ ᠤᠷᠠᠨ ᠪᠢᠴᠢᠯᠬᠡᠳᠡᠨ᠎ᠤ ᠨᠡᠢᠬᠡᠮᠯᠢᠭ᠎ᠤᠨ ᠬᠢᠨ ᠤᠷᠠᠨ ᠪᠢᠴᠢᠯᠬᠡ᠎ᠶᠢᠨ ᠦᠵᠡᠰᠬᠦᠯᠡᠩ ᠵᠤᠬᠢᠶᠠᠨ ᠪᠠᠢᠭᠤᠯᠬᠤ ᠪᠡᠷ ᠲᠦᠯᠦᠪᠯᠡᠵᠦ᠂ ᠤᠲᠤ ᠶᠠᠭ ᠰᠠᠶ᠍ᠢᠬᠠᠨ ᠪᠦᠬᠦ ᠬᠤᠰᠢᠭᠤᠨ᠎ᠤ ᠤᠷᠠᠨ ᠪᠢᠴᠢᠯᠬᠡ᠎ᠶᠢᠨ ᠲᠤᠷ᠎ᠠ ᠪᠠᠬᠠᠲᠠᠳ ᠡᠴᠡ ᠪᠦᠲᠦᠭᠡᠯ ᠡᠯᠰᠡᠵᠦ ᠪᠠᠢᠨ᠎ᠠ᠂ ᠴᠠᠭᠠᠨ ᠰᠠᠷ᠎ᠠ᠎ᠶᠢᠨ ᠠᠮᠠᠷᠠᠯᠲᠠ ᠲᠤᠬᠢᠶᠠᠬᠰᠠᠨ ᠪᠤᠯᠬᠤᠷ ᠪᠢ ᠴᠦ᠍ ᠦᠪᠡᠷ᠎ᠶ᠋ᠢᠡᠨ ᠬᠡᠲᠦᠨ ᠪᠦᠲᠦᠭᠡᠯ ᠵᠤᠬᠢᠶᠠᠨ ᠪᠦᠲᠦᠭᠡᠵᠦ᠂ ᠲᠤᠰ ᠦᠵᠡᠰᠬᠦᠯᠡᠩ᠎ᠳᠡᠭᠡᠨ ᠪᠡᠯᠡᠳᠭᠡᠭᠰᠡᠨ ᠶᠤᠮ》 ᠭᠡᠵᠦ ᠲᠤᠯᠬᠢᠶᠠᠨ ᠭᠤᠸᠠᠢ ᠶᠠᠷᠢᠨ᠎ᠠ᠃


送春联.jpg


ᠨᠡᠢᠬᠡᠮ ᠨᠡᠢᠳᠡ᠎ᠶᠢᠨ ᠬᠠᠯᠠᠮᠰᠢᠯ ᠠᠨᠭᠬᠠᠷᠤᠯ ᠪᠤᠯᠤᠬᠰᠠᠨ ᠭᠤᠤᠯ ᠰᠡᠲᠦᠪ ᠪᠠ ᠤᠷᠠᠨ ᠪᠢᠴᠢᠯᠬᠡᠳᠡᠨ᠎ᠤ ᠬᠠᠢᠷ᠎ᠠ ᠰᠡᠳᠬᠢᠯᠬᠡ ᠤᠶᠠᠯᠲᠤᠨ ᠠᠭᠤᠰᠤᠯᠴᠠᠭᠠᠳ ᠨᠢᠬᠡᠨ ᠬᠦᠮᠦᠰ᠎ᠤᠨ ᠠᠨᠭᠬᠠᠷᠤᠯ᠎ᠢ ᠲᠠᠲᠠᠵᠦ᠂ ᠰᠡᠳᠬᠢᠯᠬᠡ᠎ᠶᠢ ᠬᠦᠨᠳᠡᠭᠰᠡᠨ ᠤᠷᠠᠨ ᠪᠢᠴᠢᠯᠬᠡ᠎ᠶᠢᠨ ᠪᠦᠲᠦᠭᠡᠯ ᠪᠤᠯᠲᠠᠭ ᠶᠤᠮ᠃ ᠤᠢᠷ᠎ᠠ᠎ᠶᠢᠨ ᠵᠢᠯ᠎ᠳᠤ ᠬᠤᠷᠴᠢᠨ ᠪᠠᠷᠠᠭᠤᠨ ᠭᠠᠷᠤᠨ ᠲᠤᠮᠲᠠᠲᠦ ᠬᠤᠰᠢᠭᠤᠨ᠎ᠤ ᠤᠷᠠᠨ ᠪᠢᠴᠢᠯᠬᠡᠳᠡᠨ᠎ᠤ ᠨᠡᠢᠬᠡᠮᠯᠢᠭ᠎ᠤᠨ ᠬᠢᠨ ᠬᠢᠵᠢᠭ᠎ᠢ ᠰᠡᠷᠭᠡᠢᠯᠡᠨ ᠡᠵᠡᠮᠳᠡᠬᠦ ᠨᠢᠬᠡᠲᠦᠭᠡᠷ ᠹᠷᠤᠨᠲ ᠲᠦ᠍ ᠬᠦᠴᠦᠨ ᠨᠡᠮᠡᠷᠢᠯᠡᠬᠦ᠂ ᠨᠠᠮ ᠪᠠᠢᠭᠤᠯᠤᠬᠲᠠᠬᠰᠠᠨ 70 ᠵᠢᠯ᠎ᠤᠨ ᠤᠢ᠎ᠶᠢ ᠪᠡᠯᠭᠡᠯᠡᠬᠦ᠂ ᠰᠠᠷ᠎ᠠ ᠰᠢᠨ᠎ᠡ ᠪᠠᠨ ᠤᠬᠲᠤᠵᠦ ᠨᠡᠢᠬᠡᠮ ᠲᠤᠭᠤᠷᠢᠭ ᠭᠠᠴᠠᠭ᠎ᠠ ᠲᠤᠰᠬᠤᠨ᠎ᠳᠤ ᠬᠦᠨᠵᠡᠭᠡᠢᠷᠡᠵᠦ ᠬᠤᠤᠰ ᠤᠶᠠᠨᠭᠭ᠎ᠠ ᠪᠡᠯᠭᠡᠯᠡᠬᠦ ᠵᠡᠷᠭᠡ ᠤᠯᠠᠨ ᠵᠦᠢᠯ᠎ᠤᠨ ᠠᠵᠢᠯᠯᠠᠭ᠎ᠠ ᠵᠤᠬᠢᠶᠠᠨ ᠪᠠᠢᠭᠤᠯᠵᠦ ᠨᠡᠢᠬᠡᠮ ᠨᠡᠢᠳᠡ᠎ᠳᠤ ᠵᠦᠪ᠎ᠡᠨᠧᠬᠢ᠎ᠲᠠᠮᠵᠢᠭᠤᠯᠵᠦ᠂᠎ᠦᠨᠲᠦᠰᠦᠨ᠎ᠱᠠᠲᠦᠨ᠎ᠤ᠎ᠰᠤᠶᠤᠯ᠎ᠤᠨ᠎ᠪᠦᠲᠦᠭᠡᠨ᠎ᠪᠠᠢᠭᠤᠯᠤᠯᠲᠠ᠎ᠳᠤ ᠬᠤᠪᠢ ᠨᠡᠮᠡᠷᠢ ᠪᠠᠨ ᠦᠵᠡᠬᠦᠯᠦᠭᠰᠡᠭᠡᠷ ᠢᠷᠡᠭᠰᠡᠨ ᠶᠤᠮ᠃


迎冬奥写书法.jpg


《ᠤᠷᠠᠨ ᠪᠢᠴᠢᠯᠬᠡ ᠪᠤᠯ ᠨᠡᠢᠬᠡᠮ ᠨᠡᠢᠳᠡ᠎ᠳᠤ ᠵᠦᠪ ᠡᠨ᠋ᠸᠷᠬᠢ ᠲᠠᠮᠵᠢᠭᠤᠯᠵᠦ᠂ ᠬᠦᠮᠦᠨ ᠤᠯᠠᠨ᠎ᠢ ᠨᠦᠯᠦᠬᠡᠯᠡᠳᠡᠭ ᠭᠠᠢᠬᠠᠮᠰᠢᠬᠲᠦ ᠤᠷᠠᠯᠢᠭ ᠮᠦᠨ᠂ ᠴᠠᠭᠠᠨ ᠰᠠᠷ᠎ᠠ ᠪᠠ ᠡᠪᠦᠯ᠎ᠤᠨ ᠤᠯᠢᠮᠫᠢᠺ ᠲᠠᠪᠬᠤᠴᠠᠵᠦ ᠬᠤᠤᠰ ᠪᠠᠶᠠᠷ ᠪᠤᠯᠵᠦ ᠪᠠᠢᠭ᠎ᠠ ᠪᠤᠯᠬᠤᠷ ᠪᠢ ᠤᠷᠠᠨ ᠪᠢᠴᠢᠯᠬᠡ᠎ᠶᠢᠨ ᠪᠦᠲᠦᠭᠡᠯ᠎ᠶ᠋ᠢᠡᠷ᠎ᠶ᠋ᠢᠡᠨ ᠴᠠᠭᠠᠨ ᠰᠠᠷ᠎ᠠ ᠪᠠᠨ ᠤᠬᠲᠤᠬᠤ᠎ᠶᠢᠨ ᠲᠠᠭᠠᠦ ᠡᠪᠦᠯ᠎ᠤᠨ ᠤᠯᠢᠮᠫᠢᠺ᠎ᠤᠨ ᠴᠤᠭᠯᠠᠭᠠᠨ᠎ᠢ ᠤᠷᠠᠨ ᠪᠢᠴᠢᠯᠬᠡ᠎ᠶᠢᠨ ᠪᠦᠲᠦᠭᠡᠯ᠎ᠳᠡᠭᠡᠨ ᠲᠡᠮᠳᠡᠭᠯᠡᠵᠦ ᠦᠯᠡᠳᠡᠭᠡᠬᠦ ᠭᠡᠰᠡᠨ ᠶᠤᠮ》 ᠭᠡᠵᠦ ᠲᠤᠯᠬᠢᠶᠠᠨ ᠶᠠᠷᠢᠨ᠎ᠠ᠃



  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠤᠶᠤᠯᠲᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面