2023-08-27 12:08:23
《ᠵᠡᠭᠦᠨ ᠬᠠᠨ ᠤᠯᠤᠰ᠎ᠤᠨ ᠦᠶ᠎ᠡ᠎ᠳᠦ ᠴᠧᠨ ᠹᠠᠨ ᠭᠡᠳᠡᠭ ᠨᠢᠬᠡ ᠬᠥᠮᠦᠨ ᠪᠠᠢᠵᠠᠶ᠂ ᠲᠡᠷᠡ ᠡᠷᠳᠡᠮ ᠮᠡᠳᠡᠯᠭᠡ ᠭᠦᠨ᠂ ᠠᠤᠭ᠎ᠠ ᠵᠣᠷᠢᠭ᠎ᠢ ᠡᠪᠦᠷᠯᠡᠵᠦ᠂ ᠪᠠᠭ᠎ᠠ ᠨᠠᠰᠤᠨ᠎ᠡᠴᠡ ᠪᠠᠨ ᠴᠢᠷᠮᠠᠢᠨ ᠪᠢᠴᠢᠭ ᠦᠵᠡᠵᠦ᠍᠂ ᠤᠯᠤᠰ ᠤ᠋ᠨ ᠶᠡᠬᠡ ᠶᠠᠪᠤᠳᠠᠯ ᠵᠢᠡᠷ ᠥᠪᠡᠷ᠎ᠦᠨ ᠵᠤᠷᠢᠯᠳᠠ ᠬᠠᠷᠠᠯᠳᠠ ᠪᠡᠨ ᠪᠣᠯᠭᠠᠵᠤ ᠶᠠᠪᠤᠳᠠᠭ ᠪᠠᠢᠵᠠᠢ᠃ ᠨᠢᠭᠡᠨ ᠡᠳᠦᠷ᠂ ᠲᠡᠭᠦᠨ᠎ᠦ ᠡᠴᠢᠭᠡ᠎ᠶ᠋ᠢᠨ ᠬᠢᠨᠢ ᠨᠠᠢᠵᠠ ᠨᠢ ᠲᠡᠭᠦᠨ᠎ᠢ ᠦᠵᠡᠬᠦ᠌ ᠪᠡᠷ ᠢᠷᠡᠪᠡ ᠁》᠃ ᠦᠯᠢᠭᠡᠷ ᠶᠠᠷᠢᠬᠳᠠᠬᠤ ᠲᠠᠰᠢᠷᠠᠮ ᠵᠢᠡᠷ᠂ ᠡᠴᠢᠭᠡ᠎ᠶ᠋ᠢᠨ ᠬᠢᠨᠢ ᠨᠠᠢᠵᠠ᠎ᠶ᠋ᠢ ᠲᠣᠭ᠍ᠯᠠᠭ᠍ᠰᠠᠨ ᠨᠢᠭᠡᠨ ᠰᠤᠷᠤᠭ᠍ᠴᠢ ᠠᠯᠭᠤᠷ ᠵᠢᠡᠷ ᠲᠠᠢᠰᠠᠨ᠎ᠤ ᠲᠥᠪ᠎ᠲᠦ ᠬᠦᠷᠴᠦ᠍᠂ ᠡᠮᠬᠢ ᠵᠠᠮᠪᠠᠷᠠᠭ᠎ᠠ ᠦᠭᠡᠢ ᠬᠦᠷᠢᠶᠡᠨ ᠤ᠋ ᠦᠵᠡᠭᠳᠡᠯ ᠤ᠋ᠨ ᠲᠤᠮᠳᠠᠬᠢ 《ᠴᠧᠨ ᠹᠠᠨ》 ᠤ᠋ ᠵᠦᠭ᠄《ᠲᠠ ᠭᠡᠷ᠎ᠢᠶᠡᠨ ᠴᠡᠪᠡᠷᠯᠡᠬᠦ᠌ ᠦᠭᠡᠢ ᠪᠡᠷ ᠬᠡᠷᠬᠢᠨ ᠵᠣᠴᠢᠨ᠎ᠢᠶᠠᠨ ᠵᠣᠴᠢᠯᠠᠳᠠᠭ ᠪᠤᠢ?》 ᠭᠡᠵᠦ ᠬᠡᠯᠡᠪᠡ᠃
ᠡᠨᠡ ᠪᠣᠯ ᠬᠥᠬᠡᠬᠣᠲᠠ᠎ᠶ᠋ᠢᠨ ᠵᠠᠯᠠᠭᠤᠴᠤᠳ ᠪᠠᠭᠠᠴᠤᠳ᠎ᠤᠨ ᠬᠥᠳᠡᠯᠭᠡᠭᠡᠨ᠎ᠦ ᠲᠥᠪ᠎ᠡᠴᠡ ᠡᠷᠬᠢᠯᠡᠭ᠌ᠰᠡᠨ 《ᠰᠤᠯᠤᠩᠭᠠᠨ ᠦᠩᠭᠡᠳᠦ ᠠᠮᠠᠷᠠᠯᠲᠠ ᠳ᠋ᠠᠭᠠᠨ 〈ᠡᠷᠡᠭᠦᠯ ᠡᠩᠬᠡ〉 ᠦᠰᠦᠨ ᠪᠣᠢᠵᠢᠶᠠ》 ᠭᠡᠬᠥ ᠵᠤᠨ᠎ᠤ ᠠᠮᠠᠷᠠᠯᠲᠠ᠎ᠶ᠋ᠢᠨ ᠨᠠᠢᠳᠠᠨ ᠬᠠᠮᠢᠶᠠᠷᠤᠭᠤᠯᠬᠤ ᠵᠤᠰᠠᠯᠠᠩ᠎ᠳᠠᠬᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠦᠨ ᠲᠣᠭ᠍ᠯᠠᠯᠲᠠ᠎ᠶ᠋ᠢᠨ ᠬᠢᠴᠢᠶᠡᠯ ᠪᠤᠯᠬᠤ 《ᠭᠡᠷ ᠵᠢᠡᠨ ᠴᠡᠪᠡᠷᠯᠡᠬᠦ᠌ ᠦᠭᠡᠢ ᠪᠡᠷ ᠬᠡᠷᠬᠢᠨ ᠳᠡᠯᠡᠬᠡᠢ ᠳ᠋ᠠᠬᠢᠨ᠎ᠢ ᠵᠠᠰᠠᠵᠥ ᠴᠢᠳᠠᠬᠤ ᠪᠤᠢ》 ᠭᠡᠬᠦ ᠵᠢᠨ ᠬᠡᠰᠡᠭ ᠦᠵᠡᠭᠳᠡᠯ ᠪᠣᠯᠤᠨ᠎ᠠ᠃
《ᠵᠢᠩᠬᠢᠨᠢ ᠲᠣᠭ᠍ᠯᠠᠯᠳᠠ᠎ᠡᠴᠡ ᠡᠮᠦᠨ᠎ᠡ᠂ ᠪᠢᠳᠡ ᠣᠯᠠᠨ᠎ᠢ ᠳᠠᠭᠠᠭᠤᠯᠤᠨ ᠠᠮᠢᠲᠠᠨ ᠤᠷᠭᠤᠮᠠᠯ᠎ᠤᠨ ᠲᠣᠭ᠍ᠯᠠᠯᠲᠠ᠎ᠶ᠋ᠢᠨ ᠪᠡᠯᠡᠳᠭᠡᠯ ᠪᠣᠯᠪᠠᠰᠤᠷᠠᠯ ᠬᠢᠵᠦ᠍᠂ ᠬᠡᠦᠬᠡᠳ᠎ᠦᠨ ᠲᠥᠷᠥᠯᠬᠢ ᠴᠢᠨᠠᠷᠲᠤ᠌ ᠤᠷᠤᠨ ᠵᠠᠢ ᠤᠯᠭᠤᠵᠦ᠂ ᠦᠨᠡᠨ ᠬᠠᠢᠷ᠎ᠠ ᠰᠡᠳᠭᠢᠯᠭᠡ ᠪᠠᠨ ᠲᠣᠭ᠍ᠯᠠᠯᠲᠠ᠎ᠳᠠᠭᠠᠨ ᠠᠭᠤᠰᠤᠯᠴᠠᠭᠤᠯᠬᠤ᠎ᠳᠦ ᠨᠦᠭᠦᠴᠡᠯ ᠪᠦᠷᠢᠯᠳᠦᠭᠦᠯᠵᠠᠢ》 ᠭᠡᠵᠦ ᠲᠤᠰ ᠠᠵᠢᠯᠯᠠᠭ᠎ᠠ᠎ᠶ᠋ᠢᠨ ᠲᠥᠪ᠎ᠦᠨ ᠪᠠᠭ᠍ᠰᠢ ᠯᠢ ᠶᠤᠸᠠᠨ ᠲᠠᠨᠢᠯᠴᠠᠭᠤᠯᠵᠠᠢ᠃
ᠣᠯᠠᠨ ᠵᠢᠯ᠎ᠦᠨ ᠵᠢᠭᠠᠨ ᠰᠤᠷᠭᠠᠯᠲᠠ᠎ᠶ᠋ᠢᠨ ᠲᠤᠷᠱᠢᠯᠭ᠎ᠠ ᠲᠠᠶ ᠯᠢ ᠶᠤᠸᠠᠨ ᠬᠡᠦᠬᠡᠳ᠎ᠦᠳ ᠤ᠋ᠨ ᠳᠤᠮᠳᠠᠳᠤ ᠤᠯᠤᠰ᠎ᠤᠨ ᠡᠷᠲᠡᠨ᠎ᠦ ᠲᠡᠦᠬᠡᠨ ᠥᠯᠢᠭᠡᠷ᠎ᠲᠦ ᠨᠡᠯᠢᠶᠡᠳ ᠰᠣᠨᠢᠷᠬᠠᠯ ᠲᠠᠶ ᠪᠠᠢᠬᠤ᠎ᠶ᠋ᠢ ᠣᠯᠵᠤ ᠮᠡᠳᠡᠵᠡᠶ᠃ 《ᠣᠲᠣ᠎ᠶ᠋ᠢᠨ ᠬᠡᠦᠬᠡᠳ᠎ᠤᠳ ᠬᠠᠭᠠᠰ ᠴᠠᠭ᠎ᠤᠨ ᠱᠣᠭ ᠵᠢᠷᠤᠭ ᠵᠢᠡᠷ ᠲᠡᠦᠬᠡ ᠰᠤᠷᠬᠤ ᠬᠡᠯᠪᠡᠷᠢ᠎ᠶ᠋ᠢᠨ ᠨᠣᠮ᠎ᠳᠤ ᠨᠡᠯᠢᠶᠡᠳ ᠳᠤᠷᠠᠲᠠᠶ᠂ ᠬᠡᠦᠬᠡᠳ ᠤ᠋ᠳ ᠤᠩᠱᠢᠭ᠍ᠰᠠᠨ᠎ᠤ ᠳᠠᠷᠠᠭ᠎ᠠ ᠵᠥᠪᠬᠡᠨ ᠲᠡᠦᠬᠡ᠎ᠶ᠋ᠢᠨ ᠲᠣᠢᠮᠣ ᠪᠠᠢᠳᠠᠯ᠎ᠢ ᠣᠢᠯᠠᠭᠠᠬᠤ ᠪᠣᠯᠪᠠᠴᠤ᠌ ᠨᠠᠷᠢᠨ ᠵᠦᠶ᠋ᠯᠡᠰ᠎ᠦᠨ ᠲᠤᠬᠠᠶ ᠣᠢᠯᠠᠭᠠᠯᠲᠠ ᠪᠠᠷ ᠳᠤᠲᠠᠮᠠᠭ ᠪᠠᠢᠳᠠᠭ᠃ ᠪᠢᠳᠡ ᠬᠡᠯᠡᠨ᠎ᠦ ᠲᠣᠭ᠍ᠯᠠᠯᠲᠠ᠎ᠶ᠋ᠢᠨ ᠬᠢᠴᠢᠶᠡᠯ᠎ᠳᠦ᠂ ᠬᠡᠦᠬᠡᠳ᠎ᠢᠶᠡᠷ ᠲᠡᠦᠬᠡᠨ ᠦᠯᠢᠭᠡᠷᠲᠡᠬᠢ ᠳᠦᠷᠢ᠎ᠶ᠋ᠢ ᠲᠣᠭ᠍ᠯᠠᠭᠤᠯᠬᠤ ᠪᠠᠷ ᠳᠠᠮᠵᠢᠨ᠂ ᠲᠡᠳᠡᠨ᠎ᠢ ᠲᠡᠦᠬᠡ᠎ᠶ᠋ᠢᠨ ᠦᠯᠢᠭᠡᠷ᠂ ᠲᠡᠦᠬᠡᠨ ᠬᠥᠮᠦᠰ᠎ᠲᠦ ᠨᠡᠩ ᠭᠦᠨᠵᠡᠭᠡᠢ ᠪᠥᠭᠡᠳ ᠪᠣᠳᠠᠲᠠᠢ ᠣᠢᠯᠠᠭᠠᠯᠲᠠ᠎ᠲᠠᠶ ᠪᠣᠯᠭᠠᠪᠠ》 ᠭᠡᠵᠦ᠍ ᠯᠢ ᠶᠤᠸᠠᠨ ᠬᠡᠯᠡᠪᠡ᠃
ᠨᠠᠢᠳᠠᠨ ᠬᠠᠮᠢᠶᠠᠷᠤᠭᠤᠯᠬᠤ ᠵᠤᠰᠠᠯᠠᠩ ᠤ᠋ᠨ ᠰᠤᠷᠤᠭᠴᠢ ᠮᠠ ᠱᠢᠨ ᠷᠠᠨ ᠤ᠋ ᠡᠵᠢ᠎ᠨᠢ ᠬᠡᠦᠬᠡᠳ᠎ᠦᠨ ᠵᠢᠡᠨ ᠵᠣᠨ᠎ᠤ ᠠᠮᠠᠷᠠᠯᠲᠠ᠎ᠶ᠋ᠢᠨ ᠬᠤᠭᠤᠴᠠᠭᠠᠨ᠎ᠳᠤ ᠨᠡᠯᠢᠶᠡᠳ ᠤᠯᠠᠨ ᠣᠯᠤᠯᠲᠠ ᠲᠠᠶ ᠪᠤᠯᠤᠬᠰᠠᠨ᠎ᠢ ᠦᠵᠡᠭᠡᠳ᠂ ᠪᠠᠭ᠍ᠰᠢ᠎ᠳᠤᠨᠢ ᠦᠭᠡ ᠦᠯᠡᠳᠡᠭᠡᠵᠦ᠍᠄ 《ᠡᠨᠡ ᠬᠢᠴᠢᠶᠡᠯ ᠮᠠᠰᠢ ᠠᠮᠢᠳᠤᠯᠢᠭ ᠰᠠᠢᠬᠠᠨ ᠪᠤᠯᠤᠯ᠎ᠠ᠂ ᠪᠠᠭ᠍ᠰᠢ ᠨᠠᠷ᠎ᠤᠨ ᠱᠢᠷᠭᠠᠭᠤ ᠬᠠᠲᠠᠭᠤᠵᠢᠯᠲᠠᠶ ᠴᠢᠷᠮᠠᠢᠯᠭ᠎ᠠ᠎ᠳᠤ ᠲᠠᠯᠠᠷᠬᠠᠵᠤ ᠪᠠᠢᠨ᠎ᠠ᠂ ᠬᠡᠦᠬᠡᠳ᠎ᠦᠳ ᠮᠠᠰᠢ ᠣᠯᠠᠨ ᠮᠡᠳᠡᠯᠭᠡ ᠰᠤᠷᠴᠠᠢ᠂ ᠪᠠᠰᠠ ᠦᠰᠦᠨ ᠪᠣᠢᠵᠢᠭ᠍ᠰᠠᠨ ᠪᠠᠢᠨ᠎ᠠ》 ᠭᠡᠵᠦ ᠲᠠᠯᠠᠷᠬᠠᠯ ᠵᠢᠡᠨ ᠲᠡᠪᠰᠢᠭᠦᠯᠪᠡ᠃
ᠬᠥᠬᠡᠬᠣᠲᠠ᠎ᠶ᠋ᠢᠨ ᠵᠠᠯᠠᠭᠤᠴᠤᠳ ᠪᠠᠭᠠᠴᠤᠳ᠎ᠤᠨ ᠠᠵᠢᠯᠯᠠᠭ᠎ᠠ᠎ᠶ᠋ᠢᠨ ᠲᠥᠪ᠎ᠡᠴᠡ ᠵᠣᠬᠢᠶᠠᠨ ᠪᠠᠢᠭᠤᠯᠤᠭ᠍ᠰᠠᠨ ᠵᠣᠨ᠎ᠤ ᠠᠮᠠᠷᠠᠯᠲᠠ᠎ᠶ᠋ᠢᠨ ᠨᠠᠢᠳᠠᠨ ᠬᠠᠮᠢᠶᠠᠷᠤᠭᠤᠯᠬᠤ ᠵᠤᠰᠠᠯᠠᠩ ᠤ᠋ᠨ ᠠᠵᠢᠯᠯᠠᠭ᠎ᠠ ᠨᠢ 《ᠤᠷᠠᠯᠢᠭ᠎ᠤᠨ ᠪᠣᠯᠪᠠᠰᠤᠷᠠᠯ᠂ ᠱᠢᠨᠵᠢᠯᠡᠬᠦ᠌ ᠤᠬᠠᠭᠠᠨ᠎ᠤ ᠬᠡᠪ ᠪᠣᠯᠪᠠᠰᠤᠷᠠᠯ᠂ ᠪᠡᠶ᠎ᠡ ᠮᠠᠬᠠᠪᠣᠳ᠎ᠤᠨ ᠴᠢᠳᠠᠪᠤᠷᠢ᠎ᠶ᠋ᠢᠨ ᠳᠡᠭᠡᠭ᠌ᠰᠢᠯᠡᠯᠲᠡ᠂ ᠪᠡᠶ᠎ᠡ ᠪᠡᠨ ᠳᠠᠭᠠᠭᠠᠵᠤ ᠰᠤᠷᠤᠯᠴᠠᠬᠤ ᠴᠢᠳᠠᠪᠤᠷᠢ᠂ ᠪᠡᠶ᠎ᠡ ᠰᠡᠳᠭᠢᠯ᠎ᠦᠨ ᠡᠷᠡᠭᠦᠯ ᠮᠡᠨᠳᠦ》 ᠪᠠᠷ ᠭᠤᠤᠯ ᠪᠣᠯᠭᠠᠵᠤ᠂ ᠨᠢᠰᠭᠡᠯ᠎ᠦᠨ ᠵᠠᠭ᠍ᠪᠤᠷ ᠦᠶ᠋ᠯᠡᠳᠬᠦ᠌᠂ ᠬᠡᠯᠡᠨ᠎ᠦ ᠲᠣᠭ᠍ᠯᠠᠯᠲᠠ᠂ ᠬᠡᠦᠬᠡᠳ᠎ᠦᠨ ᠵᠢᠷᠤᠭ᠂ ᠤᠩᠱᠢᠯᠭ᠎ᠠ᠎ᠶ᠋ᠢᠨ ᠬᠥᠮᠦᠵᠢᠯ᠎ᠢ ᠪᠠᠭ᠍ᠲᠠᠭᠠᠭ᠍ᠰᠠᠨ ᠵᠣᠨ᠎ᠤ ᠠᠮᠠᠷᠠᠯᠲᠠ᠎ᠶ᠋ᠢᠨ ᠠᠯᠢ ᠣᠯᠠᠨ ᠬᠢᠴᠢᠶᠡᠯ᠎ᠢ ᠲᠣᠭ᠍ᠲᠠᠭᠠᠵᠤ᠂ ᠬᠡᠦᠬᠡᠳ᠎ᠦᠳ᠎ᠲᠦ ᠪᠦᠷᠢᠨ ᠲᠡᠭᠦᠯᠳᠡᠷ ᠪᠥᠭᠡᠳ ᠤᠳᠭ᠎ᠠ ᠠᠭᠤᠯᠭ᠎ᠠ ᠲᠠᠶ ᠵᠣᠨ᠎ᠤ ᠠᠮᠠᠷᠠᠯᠲᠠ ᠶ᠋ᠢᠨ ᠬᠤᠭᠤᠴᠠᠭ᠎ᠠ ᠣᠯᠭᠣᠭ᠍ᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃