2023-09-09 11:25:51
ᠦᠩᠭᠡᠲᠦ ᠳ᠋ᠧᠩ ᠰᠤᠯᠤᠩᠭᠠᠷᠠᠨ ᠦᠳᠡᠰᠢ ᠵᠢᠨ ᠪᠦᠷᠦᠢ ᠰᠠᠭᠠᠲᠠᠬᠤ ᠪᠡᠷ ᠪᠠᠷᠠᠭᠤᠨ ᠦᠵᠦᠮᠦᠴᠢᠨ ᠬᠣᠱᠢᠭᠤᠨ ᠤ ᠱᠢᠨ᠎ᠡ ᠶ᠋ᠢ ᠡᠭᠦᠳᠴᠦ ᠦᠢᠯᠡᠰ ᠪᠤᠰᠭᠠᠬᠤ ᠨᠡᠪᠴᠢᠭᠦᠯᠬᠦ᠌ ᠰᠠᠭᠤᠷᠢᠨᠤ ᠱᠢᠭᠤᠳ ᠨᠡᠪᠲᠡᠷᠡᠭᠦᠯᠭᠡ ᠶ᠋ᠢᠨ ᠲᠠᠰᠤᠭᠲᠤ 《 ᠵᠢᠶᠠ ᠵᠢᠶᠠ ᠬᠤᠪᠴᠠᠰᠤ ᠵᠠᠰᠠᠯ ᠤᠨ ᠳᠡᠯᠭᠡᠭᠦᠷ 》 ᠤ᠋ᠨ ᠱᠢᠭᠤᠳ ᠨᠡᠪᠲᠡᠷᠡᠭᠦᠯᠦᠭ᠌ᠴᠢ ᠷᠦᠢ ᠷᠦᠢ ᠤᠯᠤᠰᠤᠨ ᠨᠡᠢᠳᠡᠮ ᠬᠡᠷᠡᠭ᠌ᠯᠡᠬᠦ᠌ ᠦᠭᠡ ᠬᠡᠯᠡ ᠪᠡᠷ ᠳᠡᠯᠭᠡᠭᠦᠷᠦᠨᠢᠶᠡᠨ ᠬᠠᠮᠤᠭᠤᠨ ᠱᠢᠨ᠎ᠡ ᠤᠯᠠᠮᠵᠢᠯᠠᠯᠲᠤ ᠦᠵᠦᠮᠦᠴᠢᠨ ᠬᠤᠪᠴᠠᠰᠤ ᠵᠠᠰᠠᠯᠢ ᠪᠣᠯᠪᠠᠰᠤᠷᠠᠩᠭᠤᠢ ᠲᠠᠨᠢᠯᠴᠠᠭᠤᠯᠵᠤ᠂ ᠪᠦᠬᠦ᠌ ᠤᠯᠤᠰ ᠤᠨ ᠡᠯ᠎ᠡ ᠭᠠᠵᠠᠷ ᠤᠨ ᠰᠦᠯᠵᠢᠶᠡᠨ ᠠᠨᠳᠠ ᠶ᠋ᠢᠨ ᠳᠤᠷᠠᠳᠤᠭ᠍ᠰᠠᠨ ᠡᠯ᠎ᠡ ᠵᠦᠢᠯ ᠦᠨ ᠠᠰᠠᠭᠤᠯᠲᠠ ᠶ᠋ᠢ ᠬᠦᠯᠢᠴᠡᠩᠭᠦᠢ ᠪᠡᠷ ᠬᠠᠷᠢᠭᠤᠯᠤᠨ᠎ᠠ᠃
ᠵᠤᠢᠯ ᠪᠦᠷᠢ ᠵᠢᠨ ᠠᠰᠠᠭᠤᠯᠲᠠᠳᠦ ᠷᠦᠢ ᠷᠦᠢ ᠡᠪᠲᠡᠢᠬᠡᠨ ᠬᠠᠷᠢᠭᠤᠯᠳᠠ ᠦᠭᠴᠦ᠂ ᠤᠷᠤᠰᠤᠮ᠎ᠠ ᠰᠠᠢᠬᠠᠨ ᠶᠡᠷᠢᠨ᠎ᠠ᠃ ᠲᠡᠭᠦᠨᠦ ᠲᠠᠨᠢᠯᠴᠠᠭᠤᠯᠤᠭ᠍ᠰᠠᠨᠢᠶᠠᠷ᠂ ᠴᠤᠤᠷᠢᠶ᠎ᠠ ᠵᠢᠨ ᠱᠢᠭᠤᠳ ᠨᠡᠪᠲᠡᠷᠡᠭᠦᠯᠭᠡ ᠪᠡᠷ ᠲᠠᠮᠵᠢᠨ ᠲᠤᠰ ᠬᠤᠪᠴᠠᠰᠤ ᠵᠠᠰᠠᠯ ᠤᠨ ᠳᠡᠯᠭᠡᠭᠦᠷ ᠨᠢ ᠰᠠᠢ᠌ᠨ ᠦᠨᠡᠯᠡᠯᠲᠡ ᠶ᠋ᠢ ᠣᠯᠤᠭ᠍ᠰᠠᠨ《ᠰᠦᠯᠵᠢᠶᠡᠨᠤᠳᠤᠨ》ᠳᠡᠯᠭᠡᠭᠦᠷ ᠪᠤᠯᠵᠤ᠂ ᠰᠢᠭᠤᠳ ᠨᠡᠪᠲᠡᠷᠡᠭᠦᠯᠦᠭ᠌ᠴᠢᠳ ᠤᠨ ᠤᠷᠤᠰᠤᠮ᠎ᠠ ᠰᠠᠢᠬᠠᠨ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ ᠨᠢ ᠬᠡᠷᠡᠭ᠌ᠯᠡᠭ᠌ᠴᠢᠳ ᠪᠣᠯᠤᠨ ᠬᠤᠳᠠᠯᠳᠤᠭᠠᠴᠢᠨ ᠳᠤ ᠭᠦᠨ ᠰᠠᠭᠤᠭ᠍ᠳᠠᠯ ᠦᠯᠡᠳᠡᠭᠡᠵᠦ᠍᠂ ᠬᠦᠷᠢᠶᠡᠯᠡᠭᠴᠢᠳ ᠤᠨ ᠲᠣᠭ᠎ᠠ ᠶᠠᠪᠤᠬᠤ ᠲᠤᠳᠤᠮ ᠣᠯᠠᠱᠢᠷᠠᠵᠤ᠂ ᠪᠣᠷᠣᠯᠠᠭᠤᠯᠭ᠎ᠠ ᠵᠢᠨ ᠬᠡᠮᠵᠢᠶ᠎ᠡ ᠨᠢ ᠴᠦ᠍ ᠲᠠᠰᠤᠷᠠᠯᠲᠠ ᠦᠭᠡᠢ ᠳᠡᠭᠡᠭ᠌ᠰᠢᠯᠡᠵᠠᠢ᠃
《ᠵᠢᠶᠠ ᠵᠢᠶᠠ ᠬᠤᠪᠴᠠᠰᠤ ᠵᠠᠰᠠᠯ ᠤᠨ ᠳᠡᠯᠭᠡᠭᠦᠷ》 ᠪᠣᠯ ᠪᠠᠷᠠᠭᠤᠨ ᠦᠵᠦᠮᠦᠴᠢᠨ ᠬᠣᠱᠢᠭᠤᠨ ᠤ ᠦᠨᠳᠦᠰᠦᠲᠡᠨ ᠦ ᠬᠤᠪᠴᠠᠰᠤ ᠵᠠᠰᠠᠯ ᠬᠢᠵᠦ ᠪᠣᠷᠣᠯᠠᠭᠤᠯᠳᠠᠭ ᠳᠡᠯᠭᠡᠭᠦᠷ ᠪᠣᠯᠤᠨ᠎ᠠ᠂ ᠱᠢᠭᠤᠳ ᠨᠡᠪᠲᠡᠷᠡᠭᠦᠯᠭᠡ ᠵᠢᠨ ᠡᠯᠧᠺᠲ᠋ᠷᠣᠨ ᠬᠤᠳᠠᠯᠳᠤᠭ᠎ᠠ ᠨᠢ ᠣᠳᠣᠬᠠᠨ ᠤ ᠭᠣᠣᠯ ᠠᠱᠢᠭ ᠣᠯᠵᠠᠪᠤᠷᠢ ᠤᠯᠬᠤ ᠵᠠᠭ᠍ᠪᠤᠷ ᠪᠣᠯᠤᠨ᠎ᠠ᠃ ᠲᠣᠰ ᠳᠡᠯᠭᠡᠭᠦᠷ ᠨᠢ ᠡᠯᠧᠺᠲ᠋ᠷᠣᠨ ᠬᠤᠳᠠᠯᠳᠤᠭᠠᠨᠤ 4 ᠱᠢᠭᠤᠳ ᠨᠡᠪᠲᠡᠷᠡᠭᠦᠯᠦᠭ᠌ᠴᠢ ᠶ᠋ᠢ ᠤᠷᠢᠵᠤ᠂ ᠷᠦᠢ ᠷᠦᠢ ᠪᠣᠯ ᠳᠠᠷᠤᠶ ᠲᠡᠳᠡᠨᠠᠷ ᠤᠨ ᠳᠣᠲᠣᠷᠠᠬᠢ ᠨᠢᠭᠡ ᠨᠢ ᠪᠣᠯᠤᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠤᠯᠤᠰ ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠢᠶᠡᠷ ᠰᠤᠷᠤᠯᠴᠠᠵᠤ᠂ 2019 ᠣᠨ ᠳᠤ ᠱᠢᠯᠢ ᠶ᠋ᠢᠨ ᠭᠣᠣᠯ ᠤᠨ ᠠᠵᠢᠯ ᠮᠡᠷᠭᠡᠵᠢᠯ ᠦᠨ ᠳᠡᠭᠡᠳᠦ ᠰᠤᠷᠭᠠᠭᠤᠯᠢ ᠠᠴᠠ ᠲᠡᠭᠦᠰᠦᠭ᠌ᠰᠡᠨ ᠦ ᠳᠠᠷᠠᠭ᠎ᠠ᠂ ᠪᠠᠷᠠᠭᠤᠨ ᠦᠵᠦᠮᠦᠴᠢᠨ ᠬᠣᠱᠢᠭᠤᠨ ᠤ ᠴᠠᠬᠢᠯᠭᠠᠨ ᠬᠠᠩᠭᠠᠬᠤ ᠺᠣᠮᠫᠠᠨᠢ ᠳᠤ ᠬᠦᠷᠴᠦ᠍ ᠠᠵᠢᠯᠯᠠᠪᠠ᠃ ᠪᠠᠷᠢᠮᠵᠢᠶ᠎ᠠ ᠪᠡᠷ ᠠᠪᠢᠶᠠᠯᠠᠵᠤ᠂ ᠳᠠᠭᠤᠨ ᠤ ᠥᠩᠭᠡ ᠨᠢ ᠰᠠᠢᠬᠠᠨ ᠪᠣᠯᠬᠣᠷ ᠲᠡᠷᠡ《ᠵᠢᠶᠠ ᠵᠢᠶᠠ ᠬᠤᠪᠴᠠᠰᠤ ᠵᠠᠰᠠᠯ ᠤᠨ ᠳᠡᠯᠭᠡᠭᠦᠷ》ᠤ᠋ᠨ ᠰᠦᠯᠵᠢᠶᠡᠨᠦ ᠰᠢᠭᠤᠳ ᠨᠡᠪᠲᠡᠷᠡᠭᠦᠯᠦᠭ᠌ᠴᠢᠪᠡᠷ ᠤᠷᠢᠭ᠍ᠳᠠᠪᠠ᠃ ᠬᠤᠶᠠᠷ ᠬᠤᠪᠢ ᠠᠵᠢᠯᠲᠠᠶ ᠪᠣᠯᠤᠭ᠍ᠰᠠᠨᠠᠴᠠ ᠲᠡᠷᠡ ᠰᠠᠷ᠎ᠠ ᠪᠦᠷᠢ ᠢᠯᠡᠭᠦᠦ 4000 ᠡᠴᠡ 5000 ᠲᠥᠭᠥᠷᠢᠭ ᠤᠯᠳᠠᠭ ᠪᠤᠯᠵᠠᠢ᠃
《ᠰᠠᠢᠨ ᠠᠵᠢᠯ ᠣᠯᠵᠤ᠂ ᠢᠯᠡᠭᠦᠬᠡᠨ ᠵᠣᠭᠣᠰ ᠣᠯᠤᠶ᠎ᠠ ᠭᠡᠪᠡᠯ ᠤᠯᠤᠰ ᠤᠨ ᠨᠡᠢᠳᠡᠮ ᠬᠡᠷᠡᠭ᠌ᠯᠡᠬᠦ᠌ ᠦᠭᠡ ᠬᠡᠯᠡ ᠵᠢ ᠰᠠᠢᠲᠤᠷ ᠬᠡᠷᠡᠭᠯᠡᠬᠦ ᠨᠢ ᠮᠠᠰᠢ ᠴᠢᠬᠤᠯᠠ ᠶᠤᠮ!》 ᠭᠡᠵᠦ ᠷᠦᠢ ᠷᠦᠢ ᠰᠤᠷᠪᠤᠯᠵᠢᠯᠠᠭ᠍ᠴᠢᠳᠤ ᠶᠠᠷᠢᠨ᠎ᠠ᠂ ᠦᠵᠦᠮᠦᠴᠢᠨᠳᠤ ᠲᠦᠷᠦᠵᠦ ᠦᠰᠦᠭᠰᠡᠨ ᠲᠡᠷᠡ ᠪᠡᠷ ᠬᠠᠷᠠᠬᠠᠨ ᠪᠠᠭ᠎ᠠ ᠠᠴᠠ ᠪᠠᠨ ᠤᠯᠤᠰ ᠤᠨ ᠨᠡᠢᠳᠡᠮ ᠬᠡᠷᠡᠭ᠌ᠯᠡᠬᠦ᠌ ᠦᠭᠡ ᠬᠡᠯᠡᠨ ᠦ ᠲᠥᠷᠥᠯ ᠦᠨ ᠨᠣᠮ ᠪᠢᠴᠢᠭ ᠦᠵᠡᠬᠦ᠌ ᠳᠤᠷᠠᠲᠠᠶ ᠪᠣᠯᠬᠣᠷ ᠮᠠᠰᠢ ᠣᠯᠠᠨ ᠬᠢᠴᠢᠶᠡᠯᠡᠴᠡ ᠭᠠᠳᠠᠨᠠᠬᠢ ᠮᠡᠳᠡᠯᠭᠡ ᠬᠤᠷᠠᠮᠳᠤᠭᠤᠯᠵᠤ᠂ ᠥᠷᠭᠡᠨ ᠳᠡᠯᠭᠡᠷ ᠮᠡᠳᠡᠯᠭᠡ ᠶ᠋ᠢᠨ ᠬᠡᠪᠴᠢᠶ᠎ᠡ ᠨᠢ ᠲᠡᠭᠦᠨ ᠦ ᠱᠢᠭᠤᠳ ᠨᠡᠪᠲᠡᠷᠡᠭᠦᠯᠭᠡᠶ᠋ᠢᠨ ᠲᠠᠰᠤᠭᠲᠤ ᠳᠠᠳᠮᠠᠭᠠᠶ ᠪᠣᠯᠭᠠᠵᠠᠶ᠃
ᠥᠩᠭᠡᠷᠡᠭ᠌ᠰᠡᠨ ᠳᠦ 《 ᠵᠢᠶᠠ ᠵᠢᠶᠠ ᠬᠤᠪᠴᠠᠰᠤ ᠵᠠᠰᠠᠯ ᠤᠨ ᠳᠡᠯᠭᠡᠭᠦᠷ 》 ᠨᠢ ᠭᠤᠤᠯᠳᠠᠭᠤ ᠤᠯᠠᠮᠵᠢᠯᠠᠯᠲᠤ ᠪᠣᠷᠣᠯᠠᠭᠤᠯᠭ᠎ᠠ ᠶ᠋ᠢᠨ ᠵᠠᠭᠪᠤᠷ ᠵᠢᠡᠷ ᠡᠵᠡᠩᠨᠡᠵᠦ᠍᠂ ᠪᠤᠳᠠᠳᠤ ᠴᠤᠭᠴᠠ ᠳᠤ ᠡᠯ᠎ᠡ ᠵᠦᠶ᠋ᠯ ᠦᠨ ᠦᠨᠳᠦᠰᠦᠲᠡᠨ ᠦ ᠬᠤᠪᠴᠠᠰᠤ ᠵᠠᠰᠠᠯ ᠢᠶᠠᠨ ᠪᠣᠷᠣᠯᠠᠭᠤᠯᠵᠤ ᠪᠠᠢᠪᠠ᠃ ᠰᠦᠯᠵᠢᠶᠡᠨ ᠦ ᠱᠢᠭᠤᠳ ᠨᠡᠪᠲᠡᠷᠡᠭᠦᠯᠭᠡ ᠪᠣᠯᠤᠨ ᠡᠯᠧᠺᠲ᠋ᠷᠣᠨ ᠬᠤᠳᠠᠯᠳᠤᠭᠠᠨ ᠤ ᠠᠵᠤ ᠦᠢᠯᠡᠰ ᠦᠨ ᠬᠥᠭ᠌ᠵᠢᠯᠲᠡ ᠶ᠋ᠢ ᠳᠠᠭᠠᠯᠳᠤᠨ᠂ 《ᠵᠢᠶᠠ ᠵᠢᠶᠠ ᠬᠤᠪᠴᠠᠰᠤ ᠵᠠᠰᠠᠯ ᠤᠨ ᠳᠡᠯᠭᠡᠭᠦᠷ》 ᠤ᠋ᠨ ᠡᠵᠡᠨ ᠬᠣᠩ ᠮᠧᠢ ᠪᠠᠰᠠ ᠴᠤᠤᠷᠢᠶ᠎ᠠ ᠵᠢᠨ ᠲᠠᠪᠴᠠᠩ ᠳᠡᠭᠡᠷ᠎ᠡ ᠱᠢᠭᠤᠳ ᠨᠡᠪᠲᠡᠷᠡᠭᠦᠯᠭᠡ ᠬᠢᠭ᠌ᠰᠡᠨ ᠪᠠᠢᠨ᠎ᠠ᠃ ᠠᠩᠬ᠎ᠠ ᠡᠬᠢᠯᠡᠬᠦ ᠦᠶᠡᠳᠦ ᠲᠡᠷᠡ ᠵᠥᠪᠬᠡᠨ ᠱᠢᠭᠤᠳ ᠨᠡᠪᠲᠡᠷᠡᠭᠦᠯᠭᠡ ᠶ᠋ᠢᠨ ᠥᠷᠥᠭᠡᠨ ᠳᠡᠭᠡᠨ ᠵᠠᠷᠢᠮ ᠪᠦᠲᠦᠭᠡᠯ ᠢ ᠨᠡᠢᠲᠡᠯᠡᠵᠦ᠍᠂ ᠦᠨᠳᠦᠰᠦᠲᠡᠨᠦ ᠤᠯᠠᠮᠵᠢᠯᠠᠯᠲᠤ ᠬᠤᠪᠴᠠᠰᠤ ᠵᠠᠰᠠᠯ ᠢ ᠳᠥᠭᠥᠮᠬᠡᠨ ᠳᠡᠯᠭᠡᠨ ᠦᠵᠡᠭᠦᠯᠵᠦ ᠪᠣᠷᠣᠯᠠᠭᠤᠯᠵᠤ ᠪᠠᠢᠪᠠ᠃ ᠬᠡᠳᠦᠢᠪᠡᠷ ᠵᠠᠷᠢᠮ ᠦᠶ᠎ᠠ ᠳᠤ ᠲᠦᠮᠡ ᠭᠠᠷᠤᠶ ᠰᠦᠯᠵᠢᠶᠡᠨ ᠠᠨᠳᠠ ᠵᠢᠨ ᠠᠩᠬᠠᠷᠤᠯ ᠤᠨ ᠬᠡᠮᠵᠢᠶ᠎ᠡ ᠪᠠ ᠳᠠᠷᠤᠮ ᠤᠨ ᠬᠡᠮᠵᠢᠶ᠎ᠡ ᠲᠠᠢ ᠪᠠᠢᠳᠠᠭ ᠪᠤᠯᠪᠠᠴᠤ ᠦᠵᠡᠬᠦ᠌ ᠬᠥᠮᠦᠨ ᠣᠯᠠᠨ ᠬᠤᠳᠠᠯᠳᠤᠨ ᠠᠪᠳᠠᠭ ᠵᠣᠴᠢᠳ ᠨᠡᠯᠢᠶᠡᠳ ᠴᠥᠭᠡᠨ ᠪᠠᠢᠵᠠᠢ᠃
ᠷᠦᠢ ᠷᠦᠢ ᠵᠡᠷᠭᠡ 4 ᠰᠢᠭᠤᠳ ᠨᠡᠪᠲᠡᠷᠡᠭᠦᠯᠦᠭ᠌ᠴᠢ ᠵᠢ ᠤᠷᠢᠭ᠍ᠰᠠᠨ ᠤ ᠳᠠᠷᠠᠭ᠎ᠠ᠂《ᠵᠢᠶᠠ ᠵᠢᠶᠠ ᠬᠤᠪᠴᠠᠰᠤ ᠵᠠᠰᠠᠯᠤᠨ ᠳᠡᠯᠭᠡᠭᠦᠷ》 ᠤ᠋ᠨ ᠠᠷᠠᠯᠵᠢᠶ᠎ᠠ ᠮᠠᠢᠮᠠᠢ ᠡᠳᠦᠷ ᠢᠷᠡᠬᠦᠶ᠎ᠡ ᠰᠠᠢᠵᠢᠷᠠᠪᠠ᠃ ᠤᠷᠤᠰᠤᠮ᠎ᠠ ᠰᠠᠢᠬᠠᠨ ᠤᠯᠤᠰ ᠤᠨ ᠨᠡᠢᠳᠡᠮ ᠬᠡᠷᠡᠭᠯᠡᠬᠦ ᠦᠭᠡ ᠬᠡᠯᠡ᠂ ᠭᠣᠶᠣ ᠰᠠᠢᠬᠠᠨ ᠭᠠᠳᠠᠷ ᠲᠥᠷᠬᠦ᠌ ᠨᠢ 《ᠵᠢᠶᠠ ᠵᠢᠶᠠ ᠬᠤᠪᠴᠠᠰᠤ ᠵᠠᠰᠠᠯᠤᠨ ᠳᠡᠯᠭᠡᠭᠦᠷ》 ᠢ᠋ ᠮᠠᠰᠢ ᠲᠦᠷᠭᠡᠨ ᠢᠶᠡᠷ ᠴᠤᠤᠷᠢᠶ᠎ᠠ ᠵᠢᠨ ᠲᠠᠪᠴᠠᠩ ᠳᠡᠭᠡᠷ᠎ᠡ ᠨᠡᠷ᠎ᠡ ᠮᠠᠨᠳᠤᠭᠤᠯᠵᠠᠶ᠂ ᠠᠩᠬᠠᠷᠤᠯ ᠤᠨ ᠬᠡᠮᠵᠢᠶ᠎ᠡ ᠲᠦᠷᠭᠡᠨ ᠢᠶᠡᠷ ᠳᠡᠭᠡᠭ᠌ᠰᠢᠯᠡᠬᠦ᠌ ᠶ᠋ᠢ ᠳᠠᠭᠠᠯᠳᠤᠨ ᠪᠣᠷᠣᠯᠠᠭᠤᠯᠭ᠎ᠠ ᠵᠢᠨ ᠬᠡᠮᠵᠢᠶ᠎ᠡ ᠴᠤ᠌ ᠳᠦᠷᠭᠡᠨ ᠨᠡᠮᠡᠭ᠌ᠳᠡᠪᠡ᠃
《ᠤᠳᠤ ᠱᠢᠭᠤᠳ ᠨᠡᠪᠲᠡᠷᠡᠭᠦᠯᠭᠡ ᠳᠦ ᠲᠦᠱᠢᠭ᠌ᠯᠡᠵᠦ᠍᠂ ᠮᠠᠨ ᠤ ᠳᠡᠯᠭᠡᠭᠦᠷ ᠦᠨ ᠰᠠᠷ᠎ᠠ ᠪᠦᠷᠢ ᠶ᠋ᠢᠨ ᠪᠣᠷᠣᠯᠠᠭᠤᠯᠭ᠎ᠠ ᠶ᠋ᠢᠨ ᠬᠡᠮᠵᠢᠶ᠎ᠡ 7 ᠲᠦᠮᠡᠨ ᠲᠥᠭᠥᠷᠢᠭ ᠢ ᠳᠠᠪᠠᠵᠤ ᠪᠤᠢ᠃ ᠥᠩᠭᠡᠷᠡᠭᠡᠭ᠌ᠰᠡᠨᠳᠦ ᠠᠪᠴᠤ ᠬᠡᠯᠡᠪᠡᠯ ᠡᠨᠡ ᠨᠢ ᠦᠨᠡᠬᠡᠷ ᠰᠡᠳᠭᠢᠭ᠌ᠳᠡᠰᠢ ᠦᠭᠡᠢ᠂ ᠥᠩᠭᠡᠷᠡᠭᠡᠭ᠌ᠰᠡᠨ ᠳᠦ ᠪᠢᠳᠡᠨ ᠦ ᠪᠦᠬᠦ᠌ ᠵᠢᠯ ᠦᠨ ᠣᠷᠣᠯᠭ᠎ᠠ ᠰᠠᠶᠢ 20 ᠲᠦᠮᠡᠨ ᠲᠥᠭᠥᠷᠢᠭ ᠪᠠᠢᠵᠠᠢ᠃ ᠣᠲᠣ ᠪᠥᠬᠥ᠌ ᠤᠯᠤᠰ ᠤᠨ ᠡᠯ᠎ᠡ ᠭᠠᠵᠠᠷ ᠤᠨ ᠵᠣᠴᠢᠳ 〈ᠵᠢᠶᠠ ᠵᠢᠶᠠ ᠬᠤᠪᠴᠠᠰᠤ ᠵᠠᠰᠠᠯᠤᠨ ᠳᠡᠯᠭᠡᠭᠦᠷ〉 ᠢ᠋ ᠡᠷᠢᠬᠦ ᠪᠤᠯᠤᠯ᠎ᠠ᠂ ᠪᠢᠳᠡᠴᠦ ᠡᠯ᠎ᠡ ᠭᠠᠵᠠᠷ ᠤᠨ ᠵᠠᠬᠢᠶᠠᠯᠠᠭ᠎ᠠ ᠵᠢ ᠲᠤᠰᠴᠤ ᠪᠠᠢᠨ᠎ᠠ 》 ᠭᠡᠵᠦ ᠬᠣᠩ ᠮᠧᠶ ᠪᠠᠶᠠᠷᠲᠠᠢᠬᠠᠨ ᠶᠠᠷᠢᠨ᠎ᠠ᠃
ᠬᠣᠩ ᠮᠧᠶ ᠡᠨᠡ ᠬᠦ᠌ ᠰᠠᠢᠨ ᠰᠠᠢᠬᠠᠨ ᠪᠠᠢᠳᠠᠯᠢ ᠪᠤᠢ ᠪᠤᠯᠭᠠᠭᠰᠠᠨ ᠨᠢ 4 ᠰᠢᠭᠤᠳ ᠨᠡᠪᠲᠡᠷᠡᠭᠦᠯᠦᠭ᠌ᠴᠢ ᠶ᠋ᠢᠨ ᠭᠠᠪᠢᠶ᠎ᠠ ᠬᠡᠮᠡᠨ ᠦᠵᠡᠳᠡᠭ᠃ ᠲᠡᠷᠡ᠄ 《ᠪᠢ ᠬᠡᠳᠦᠢᠪᠡᠷ ᠰᠦᠯᠵᠢᠶᠡᠨ ᠦ ᠲᠠᠪᠴᠠᠩᠤᠨ ᠬᠤᠳᠠᠯᠳᠤᠭᠠᠨ ᠤ ᠲᠣᠬᠢᠶᠠᠯ ᠢ ᠣᠯᠵᠤ ᠮᠡᠳᠡᠭ᠌ᠰᠡᠨ ᠪᠥᠭᠡᠳ ᠠᠩᠬᠠᠨ ᠤ ᠠᠯᠬᠤᠮ ᠢᠶᠠᠨ ᠠᠯᠬᠤᠭ᠍ᠰᠠᠨ ᠪᠣᠯᠪᠠᠴᠤ᠌ ᠲᠠᠳᠠᠨᠠᠷ ᠤᠯᠤᠰᠤᠨ ᠨᠡᠢᠳᠡᠮ ᠬᠡᠷᠡᠭ᠌ᠯᠡᠬᠦ᠌ ᠦᠭᠡ ᠬᠡᠯᠡ ᠪᠡᠷ ᠭᠣᠢᠳᠠ ᠰᠠᠢᠬᠠᠨ ᠱᠢᠭᠤᠳ ᠨᠡᠪᠲᠡᠷᠡᠭᠦᠯᠭᠡ ᠬᠢᠵᠦ᠍᠂ ᠦᠨᠳᠦᠰᠦᠲᠡᠨ ᠦ ᠬᠤᠪᠴᠠᠰᠤ ᠵᠠᠰᠠᠯᠤᠨ ᠡᠯ᠎ᠡ ᠵᠦᠶ᠋ᠯᠦᠨ ᠣᠨᠴᠠᠯᠢᠭ ᠵᠢᠴᠢ ᠥᠪᠡᠷᠮᠢᠴᠡ ᠣᠨᠴᠠᠯᠢᠭ ᠲᠠᠶ ᠣᠶᠣᠵᠤ ᠤᠷᠠᠯᠠᠬᠤ ᠠᠷᠭ᠎ᠠ ᠬᠡᠯᠪᠡᠷᠢ ᠵᠢ ᠲᠠᠢᠯᠪᠤᠷᠢᠯᠠᠵᠤ ᠡᠯ᠎ᠡ ᠭᠠᠵᠠᠷᠤᠨ ᠰᠦᠯᠵᠢᠶᠡᠨ ᠠᠨᠳᠠ ᠨᠠᠷ ᠤᠨ ᠠᠩᠬᠠᠷᠤᠯ ᠢ ᠲᠠᠲᠠᠭᠰᠠᠨ ᠦᠭᠡᠢ ᠪᠤᠯ ᠮᠢᠨᠤ ᠠᠷᠠᠯᠵᠢᠶ᠎ᠠ ᠮᠠᠢᠮᠠᠢ ᠴᠤ᠌ ᠡᠢᠮᠦ᠍ ᠲᠦᠷᠭᠡᠨ ᠬᠦᠭᠵᠢᠵᠦ ᠲᠡᠢᠯᠬᠦ ᠥᠬᠡᠶ ᠶᠤᠮ》 ᠭᠡᠪᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃