ᠤᠯᠤᠰ᠎ᠲᠤ᠌ ᠨᠢᠭᠡᠲᠦᠯᠲᠡᠢ ᠨᠠᠢᠷᠠᠭᠤᠯᠤᠭᠰᠠᠨ ᠵᠢᠭᠠᠬᠤ ᠮᠠᠲ᠋ᠧᠷᠢᠶᠠᠯ᠎ᠢ᠋ ᠳᠡᠯᠭᠡᠷᠡᠭᠦᠯᠦᠨ ᠬᠡᠷᠡᠭᠯᠡᠵᠦ > ᠮᠡᠳᠡᠭᠡᠯᠡᠯ

2023-11-13 10:20:11

ᠵᠣᠬᠢᠶᠠᠭ᠍ᠴᠢ᠄ ᠸᠠᠩ ᠶᠠ ᠵᠢᠩ ᠣᠩᠱᠢᠭ᠍ᠰᠠᠨ ᠣᠳᠠᠭ᠎ᠠ᠄ 3

《 ᠪᠠᠭ᠍ᠰᠢ ᠡ᠂ ᠪᠢ ᠡᠨᠡ ᠦᠰᠦᠭ ᠎ᠢ ᠲᠠᠨᠢᠬᠤ ᠰᠢᠤᠬᠠᠨ ᠰᠠᠨᠠᠭᠳᠠᠵᠤ ᠪᠠᠢᠭ᠎ᠠ ᠪᠣᠯᠪᠠᠴᠤ ᠪᠠᠰᠠ ᠤᠢᠯᠠᠭᠠᠬᠤ ᠦᠭᠡᠢ ᠪᠠᠢ᠍ᠢᠨ᠎ᠠ᠃》

《ᠲᠡᠭᠡᠪᠡᠯ ᠪᠢᠳᠡ ᠬᠠᠮᠲᠤ᠎ᠳ᠋ᠠᠭᠠᠨ ᠬᠡᠪᠯᠡᠵᠦ ᠭᠠᠷᠭᠠᠭᠠᠳ ᠦᠵᠡᠶ᠎ᠡ᠃ 》

ᠬᠥᠬᠡᠬᠣᠲᠠ ᠎ᠶᠢᠨ ᠰᠢᠨ᠎ᠡ ᠬᠣᠲᠠ ᠲᠣᠭᠣᠷᠢᠭ᠋ ᠎ᠤᠨ ᠮᠣᠩᠭᠣᠯ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠦᠨ ᠰᠢᠨ᠎ᠡ᠎ᠪᠡᠷ ᠪᠠᠢᠭᠤᠯᠤᠭᠰᠠᠨ 《ᠬᠢᠲᠠᠳ ᠥᠰᠥᠭ᠎ᠦᠨ ᠦᠷᠦᠬᠡ》ᠡᠨᠡ ᠬᠤᠭᠤᠴᠠᠭ᠎ᠠ ᠡᠴᠡ ᠬᠢᠴᠢᠶᠡᠯ ᠵᠢᠡᠨ ᠨᠡᠭᠡᠭᠡᠪᠡ ᠃ 11 ᠰᠠᠷ᠎ᠠ᠎ᠶᠢᠨ 1 ᠎ᠤ᠋ ᠡᠳᠦᠷ᠂ ᠶᠡᠬᠡ ᠳᠥᠷᠪᠡᠳᠦᠭᠡᠷ ᠠᠩᠭᠢ᠎ᠶᠢᠨ ᠬᠡᠦᠬᠡᠳ ᠡᠨᠳᠡ ᠠᠩᠬ᠎ᠠ ᠤᠳᠠᠭ᠎ᠠ ᠳᠤᠮᠳᠠᠳᠤ ᠤᠯᠤᠰ᠎ᠤᠨ ᠳᠥᠷᠪᠡᠨ ᠶᠡᠬᠡ ᠡᠭᠦᠳᠦᠯᠲᠡ᠎ᠶᠢᠨ ᠨᠢᠭᠡ ᠪᠣᠯᠬᠤ ᠥᠷᠥᠮᠡᠯ ᠪᠠᠷ᠎ᠦᠨ ᠬᠡᠪᠯᠡᠯ᠎ᠦᠨ ᠮᠡᠷᠭᠡᠵᠢᠯ᠎ᠢ ᠪᠡᠶᠡᠳᠡᠨ ᠤᠢᠯᠠᠭᠠᠪᠠ᠃

《ᠨᠥᠬᠥᠳ ᠠ᠋᠂ ᠲᠠ ᠨᠠᠷ ᠦᠵᠡ᠂ ᠡᠨᠡ ᠬᠦ᠌ ᠬᠢᠲᠠᠳ ᠦᠰᠦᠭ ᠰᠡᠢᠯᠦᠭᠰᠡᠨ ᠵᠢᠵᠢᠭ ᠳᠥᠷᠪᠡᠯᠵᠢᠨ᠎ᠢ ᠦᠰᠦᠭ᠎ᠦᠨ ᠬᠡᠪ ᠭᠡᠳᠡᠭ᠂ ᠲᠤᠤᠷ᠎ᠠ ᠪᠢᠳᠡ ᠰᠢᠯᠦᠭ᠎ᠦᠨ ᠦᠰᠦᠭ᠎ᠤᠨ ᠳᠠᠷᠠᠭᠠᠯᠠᠯ᠎ᠢᠶᠠᠷ ᠲᠡᠳᠡᠭᠡᠷ᠎ᠢ ᠲᠠᠪᠠᠭ᠎ᠲᠤ ᠵᠢᠭ᠍ᠰᠠᠭᠠᠵᠤ ᠲᠠᠯᠪᠢᠶ᠎ᠠ ᠁ 》᠃

ᠪᠠᠭ᠍ᠰᠢ᠎ᠶᠢᠨ ᠲᠠᠨᠢᠯᠴᠠᠭᠤᠯᠭ᠎ᠠ ᠪᠠ ᠵᠢᠯᠣᠭᠣᠳᠤᠯᠭ᠎ᠠ᠎ᠪᠠᠷ ᠬᠡᠦᠬᠡᠳ ᠪᠢᠴᠢᠬᠠᠨ ᠪᠠᠷ ᠬᠡᠪᠯᠡᠯ᠎ᠦᠨ ᠠᠵᠢᠯᠴᠢᠨ ᠪᠣᠯᠵᠤ᠂ ᠦᠰᠦᠭ ᠦᠷᠦᠬᠦ᠂ ᠪᠡᠬᠡ ᠱᠤᠸᠠᠰᠠᠳᠠᠬᠤ᠂ ᠴᠠᠭᠠᠰᠤ ᠳᠡᠪᠢᠰᠬᠦ᠂ ᠪᠤᠯᠤᠳᠠᠨ ᠳᠠᠷᠤᠬᠤ ᠵᠡᠷᠭᠡ᠎ᠪᠡᠷ ᠳᠠᠮᠵᠢᠵᠤ᠂ ᠤᠳᠠᠵᠤ ᠲᠦᠳᠡᠯ ᠦᠭᠡᠢ ᠪᠡᠷ ᠪᠡᠬᠡ᠎ᠶᠢᠨ ᠦᠨᠦᠷ ᠬᠠᠩᠬᠤᠯᠤᠭᠰᠠᠨ ᠡᠷᠲᠡᠨ᠎ᠦ ᠰᠢᠯᠦᠭ᠎ᠦᠳ᠎ᠢ ᠬᠡᠪᠯᠡᠨ ᠭᠠᠷᠭᠠᠭᠰᠠᠨ ᠪᠠᠢᠨ᠎ᠠ᠃

《ᠪᠠᠭ᠍ᠰᠢ ᠡ᠂ ᠰᠠᠶᠢ᠎ᠶᠢᠨ ᠲᠡᠷᠡ ᠦᠰᠦᠭ᠎ᠢ ᠪᠢ ᠤᠳᠤ ᠲᠠᠨᠢᠭ᠍ᠰᠠᠨ ᠂ ᠤᠤᠯ ᠨᠢ ᠦᠯᠢᠭᠡᠷ ᠬᠡᠪ ᠲᠡᠭᠡᠷ᠎ᠡ ᠤᠷᠪᠠᠭᠤ ᠬᠠᠨᠳᠤᠵᠤ ᠪᠠᠢᠭᠰᠠᠨ ᠃》

《ᠬᠡᠦᠬᠡᠳ᠎ᠦᠳ ᠥᠷᠥᠮᠡᠯ ᠪᠠᠷ᠎ᠦᠨ ᠬᠡᠪᠯᠡᠯ᠎ᠲᠠᠢ ᠠᠩᠬ᠎ᠠ ᠤᠳᠠᠭ᠎ᠠ ᠣᠢᠷᠠᠲᠤᠵᠤ ᠪᠠᠢᠭ᠎ᠠ ᠪᠤᠯᠬᠤᠷ ᠮᠠᠰᠢ ᠤᠷᠮ᠎ᠠ ᠪᠠᠬ᠎ᠠ᠎ᠲᠠᠢ᠂ ᠶᠡᠭᠡ ᠰᠡᠳᠬᠢᠯ ᠲᠦᠪᠯᠡᠷᠡᠬᠦᠯᠦᠨ ᠤᠷᠤᠯᠳᠤᠵᠤ ᠪᠠᠢᠨ᠎ᠠ᠃ 〈ᠬᠢᠲᠠᠳ ᠦᠰᠦᠭ᠎ᠦᠨ ᠦᠷᠦᠬᠡ〉 ᠪᠢᠴᠢᠬᠠᠨ ᠨᠠᠢᠵᠠ ᠨᠠᠷ᠎ᠤᠨ ᠰᠤᠨᠢᠷᠬᠠᠯ᠎ᠢ ᠮᠠᠰᠢ ᠲᠠᠳᠠᠵᠤ ᠪᠠᠢᠨ᠎ᠠ》 ᠭᠡᠵᠦ ᠶᠡᠬᠡ ᠳᠥᠷᠪᠡᠳᠦᠭᠡᠷ ᠠᠩᠭᠢ᠎ᠶᠢᠨ ᠠᠩᠭᠢ᠎ᠶᠢᠨ ᠡᠷᠬᠢᠯᠡᠭᠴᠢ ᠪᠠᠭ᠍ᠰᠢ ᠭᠤᠤ ᠼᠠᠢ ᠰᠢᠶᠠ ᠶᠠᠷᠢᠵᠤ ᠪᠠᠢᠯ᠎ᠠ᠃

《ᠬᠢᠲᠠᠳ ᠦᠰᠦᠭ᠎ᠦᠨ ᠦᠷᠦᠬᠡ》 ᠨᠢ ᠣᠷᠣᠨ ᠵᠠᠢ᠎ᠶᠢᠨ ᠵᠢᠷᠤᠭ ᠲᠥᠯᠥᠪᠯᠡᠭᠡ᠎ᠶᠢᠨ ᠲᠠᠯ᠎ᠠ ᠎ᠪᠠᠷ ᠲᠣᠭᠠᠴᠢᠯᠠᠭᠰᠠᠨ ᠠᠷᠭ᠎ᠠ ᠬᠡᠷᠡᠭᠯᠡᠬᠦᠷ᠎ᠢ ᠠᠰᠢᠭ᠍ᠯᠠᠨ᠂ ᠴᠠᠭᠠᠰᠤᠨ ᠳᠡᠭᠡᠷ᠎ᠡ ᠳᠠᠷᠤᠮᠠᠯᠯᠠᠭᠰᠠᠨ ᠥᠰᠥᠭ ᠪᠢᠴᠢᠭ᠎ᠢ ᠳ᠋ᠧᠩ᠎ᠦᠨ ᠬᠡᠷᠡᠯ᠂ ᠳᠠᠭᠤᠤ ᠬᠥᠭᠵᠢᠮ ᠂ ᠲᠦᠷᠰᠦ ᠪᠠᠢᠳᠠᠯ ᠵᠡᠷᠭᠡ ᠰᠢᠨ᠎ᠡ ᠠᠷᠭ᠎ᠠ ᠪᠠᠷᠢᠯ ᠵᠢᠠᠷ ᠢᠯᠡᠷᠡᠬᠦᠯᠦᠨ ᠬᠡᠦᠬᠡᠳ᠎ᠲᠤ ᠦᠵᠡᠬᠦᠯᠵᠦ ᠪᠠᠢᠭ᠎ᠠ ᠠᠵᠢ᠃

《〈ᠬᠢᠲᠠᠳ ᠥᠰᠥᠭ᠎ᠦᠨ ᠦᠷᠦᠬᠡ〉 ᠪᠣᠯ ᠬᠡᠦᠬᠡᠳ᠎ᠦᠨ ᠭᠠᠷ ᠬᠥᠳᠡᠯᠬᠦ ᠴᠢᠳᠠᠪᠤᠷᠢ ᠪᠠ ᠬᠠᠢᠨ ᠰᠦᠪᠡᠭᠴᠢᠯᠡᠬᠦ ᠵᠤᠷᠢᠭ ᠰᠠᠨᠠᠭ᠎ᠠ ᠵᠢ ᠬᠥᠮᠥᠵᠢᠭᠦᠯᠬᠦ᠎ᠶᠢᠨ ᠬᠠᠮᠲᠤ᠂ ᠬᠢᠲᠠᠳ ᠥᠰᠥᠭ᠎ᠦᠨ ᠰᠣᠶᠣᠯ᠎ᠢ ᠭᠦᠨᠵᠡᠭᠡᠢ ᠣᠢᠯᠠᠭᠠᠭᠤᠯᠬᠤ ᠴᠢᠳᠠᠪᠬᠢ ᠲᠠᠢ᠃ ᠡᠨᠳᠡ᠂ ᠬᠡᠦᠬᠡᠳ᠎ᠦᠳ ᠡᠯ᠎ᠡ ᠵᠦᠢᠯ᠎ᠦᠨ ᠮᠠᠲᠧᠷᠢᠶᠠᠯ ᠢ᠋ ᠪᠡᠶ᠎ᠡ᠎ᠪᠡᠨ ᠳᠠᠭᠠᠭᠠᠨ ᠬᠡᠷᠡᠭᠯᠡᠵᠦ᠂ ᠬᠢᠲᠠᠳ ᠥᠰᠥᠭ᠎ᠦᠨ ᠪᠦᠲᠦᠴᠡ᠎ᠶᠢᠨ ᠭᠤᠸ᠎ᠠ ᠰᠠᠢᠬᠠᠨ ᠢ᠋ ᠣᠢᠯᠠᠭᠠᠵᠤ ᠴᠢᠳᠠᠬᠤ᠎ᠪᠠᠷ ᠪᠠᠷᠠᠬᠤ ᠦᠭᠡᠢ᠂ ᠨᠠᠩ ᠴᠤ᠌ ᠨᠠᠰᠤᠨ ᠳ᠋ᠠᠭᠠᠨ ᠵᠤᠬᠢᠴᠠᠬᠰᠠᠨ ᠬᠢᠴᠢᠶᠡᠯ ᠢ᠋ᠶ᠋ᠡᠷ ᠳᠡᠮᠵᠢᠭᠤᠯᠤᠨ ᠬᠢᠲᠠᠳ ᠥᠰᠥᠭ᠎ᠦᠨ ᠰᠣᠶᠣᠯ᠎ᠤᠨ ᠭᠤᠸ᠎ᠠ ᠰᠠᠢᠬᠠᠨ ᠢ᠋ ᠰᠢᠰᠲᠧᠮ᠎ᠲᠠᠢ ᠣᠢᠯᠠᠭᠠᠵᠤ ᠪᠤᠯᠤᠨ᠎ᠠ᠃ ᠥᠷᠥᠮᠡᠯ ᠪᠠᠷ᠎ᠦᠨ ᠬᠡᠪᠯᠡᠯ᠎ᠦᠨ ᠬᠢᠴᠢᠶᠡᠯ᠎ᠢᠶᠡᠷ ᠵᠢᠱ᠌ᠢᠶᠡᠯᠡᠪᠡᠯ᠂ ᠬᠡᠦᠬᠡᠳ᠎ᠦᠳ ᠪᠠᠭ᠍ᠰᠢ᠎ᠶᠢᠨ᠎ᠢᠶᠠᠨ ᠵᠢᠯᠣᠭᠣᠳᠤᠯᠭ᠎ᠠ ᠳᠣᠣᠷ᠎ᠠ᠂ ᠮᠠᠨ᠎ᠤ ᠤᠯᠤᠰ᠎ᠤᠨ ᠳᠥᠷᠪᠡᠨ ᠶᠡᠬᠡ ᠡᠭᠦᠳᠦᠯᠲᠡ᠎ᠶᠢᠨ ᠨᠢᠭᠡ ᠪᠣᠯᠬᠤ ᠥᠷᠥᠮᠡᠯ ᠪᠠᠷ᠎ᠦᠨ ᠬᠡᠪᠯᠡᠯ᠎ᠦᠨ ᠮᠡᠷᠭᠡᠵᠢᠯ ᠢ᠋ ᠰᠤᠷᠤᠯᠴᠠᠵᠤ᠂ ᠡᠷᠲᠡᠨ᠎ᠦ ᠬᠥᠮᠥᠰ᠎ᠦᠨ ᠣᠶᠤᠨ ᠪᠢᠯᠢᠭ᠎ᠦᠨ ᠦᠷ᠎ᠡ ᠪᠦᠲᠦᠭᠡᠯ ᠢ᠋ ᠣᠢᠯᠠᠭᠠᠨ᠂ ᠦᠨᠳᠦᠰᠦᠲᠡᠨ᠎ᠦ ᠣᠮᠣᠭ᠍ᠰᠢᠯᠳᠤ ᠰᠡᠳᠬᠢᠯᠭᠡ ᠵᠢ ᠨᠡᠮᠡᠭᠳᠡᠬᠦᠯᠵᠦ ᠴᠢᠳᠠᠨ᠎ᠠ᠃ ᠬᠡᠦᠬᠡᠳ᠎ᠦᠳ ᠥᠪᠡᠷ᠎ᠢᠶᠡᠨ ᠭᠠᠷ ᠬᠥᠳᠡᠯᠵᠦ ᠥᠰᠥᠭ ᠦᠷᠦᠵᠦ᠂ ᠥᠰᠥᠭ ᠳᠠᠷᠤᠮᠠᠯᠯᠠᠵᠤ᠂ ᠡᠷᠲᠡᠨ᠎ᠦ ᠰᠢᠯᠦᠭ ᠳᠠᠭᠤᠯᠠᠯ᠎ᠢ ᠤᠷᠮ᠎ᠠ ᠰᠡᠳᠬᠢᠯᠭᠡ ᠲᠠᠢ ᠤᠩᠰᠢᠨ᠎ᠠ᠂ ᠬᠠᠮᠳᠤ ᠪᠡᠷ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠤᠨ ᠷᠢᠳᠢ ᠰᠢᠳᠢ᠎ᠶᠢ ᠮᠡᠳᠡᠷᠡᠵᠦ᠂ ᠰᠣᠶᠣᠯ᠎ᠤᠨ ᠢᠲᠡᠭᠡᠯ᠎ᠢᠶᠡᠨ ᠨᠡᠮᠡᠭᠳᠡᠬᠦᠯᠦᠨ᠎ᠡ》ᠬᠡᠵᠦ ᠰᠢᠨ᠎ᠡ ᠬᠣᠲᠠ ᠲᠣᠭᠣᠷᠢᠭ᠋᠎ᠤᠨ ᠮᠣᠩᠭᠣᠯ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠦᠨ ᠵᠠᠰᠠᠭ ᠵᠠᠬᠢᠷᠭᠠᠨ᠎ᠤ ᠠᠯᠪᠠᠨ ᠭᠡᠷ᠎ᠦᠨ ᠡᠷᠬᠢᠯᠡᠭᠴᠢ ᠠᠷᠤᠤᠬᠠᠨ ᠶᠠᠷᠢᠨ᠎ᠠ᠃

《ᠬᠢᠲᠠᠳ ᠦᠰᠦᠭ᠎ᠦᠨ ᠦᠷᠦᠬᠡ》 ᠬᠢᠴᠢᠶᠡᠯ ᠡᠬᠢᠯᠡᠯ᠎ᠡ᠂ ᠤᠯᠠᠨ᠎ᠢᠶᠠᠷ᠎ᠢᠶᠠᠨ ᠡᠨᠳᠡ ᠡᠴᠡ ᠬᠢᠲᠠᠳ ᠦᠰᠦᠭ᠎ᠦᠨ ᠭᠤᠸ᠎ᠠ ᠰᠠᠢᠬᠠᠨ᠎ᠢ ᠠᠮᠳᠠᠷᠬᠠᠨ ᠰᠤᠨᠢᠷᠬᠠᠵᠠᠭᠠᠶ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面