ᠤᠯᠤᠰ᠎ᠲᠤ᠌ ᠨᠢᠭᠡᠲᠦᠯᠲᠡᠢ ᠨᠠᠢᠷᠠᠭᠤᠯᠤᠭᠰᠠᠨ ᠵᠢᠭᠠᠬᠤ ᠮᠠᠲ᠋ᠧᠷᠢᠶᠠᠯ᠎ᠢ᠋ ᠳᠡᠯᠭᠡᠷᠡᠭᠦᠯᠦᠨ ᠬᠡᠷᠡᠭᠯᠡᠵᠦ > ᠮᠡᠳᠡᠭᠡᠯᠡᠯ

2025-06-20 09:56:32

ᠵᠣᠬᠢᠶᠠᠭ᠍ᠴᠢ᠄ ᠲᠡᠭᠦᠰᠪᠢᠯᠢᠭ ᠣᠩᠱᠢᠭ᠍ᠰᠠᠨ ᠣᠳᠠᠭ᠎ᠠ᠄ 3

6 ᠰᠠᠷ᠎ᠠ᠎ᠶ᠋ᠢᠨ 9᠎ᠤ᠋ ᠥᠷᠯᠥᠭᠡ᠎ᠶ᠋ᠢᠨ 7 ᠴᠠᠭ᠎ᠲᠤ᠌᠂ ᠪᠠᠶᠠᠨᠨᠠᠭᠤᠷ ᠬᠣᠲᠠ᠎ᠶ᠋ᠢᠨ ᠳ᠋ᠸᠩᠺᠸᠤ ᠰᠢᠶᠠᠨ᠎ᠤ᠋ ᠨᠢᠭᠡᠳᠦᠭᠡᠷ ᠪᠦᠷᠢᠨ ᠳᠤᠮᠳᠠᠳᠤ ᠰᠤᠷᠭᠠᠭᠤᠯᠢ᠎ᠶ᠋ᠢᠨ ᠥᠷᠯᠥᠭᠡ᠎ᠶ᠋ᠢᠨ ᠤᠩᠰᠢᠯᠭ᠎ᠠ᠎ᠲᠣᠭᠲᠠᠭᠰᠠᠨ ᠴᠠᠭ᠎ᠲᠠᠭᠠᠨ ᠡᠬᠢᠯᠡᠪᠡ᠃ ᠥᠨᠳᠥᠷ ᠳᠤᠮᠳᠠᠳᠤ᠎ᠶ᠋ᠢᠨ ᠬᠣᠶᠠᠳᠤᠭᠠᠷ ᠣᠨ᠎ᠤ ᠨᠢᠭᠡᠳᠦᠭᠡᠷ ᠠᠩᠭᠢ᠎ᠶ᠋ᠢᠨ ᠬᠢᠴᠢᠶᠡᠯ᠎ᠦ᠋ᠨ ᠲᠠᠩᠬᠢᠮ᠎ᠳᠤ ᠬᠡᠯᠡ ᠪᠢᠴᠢᠭ᠎ᠤᠨ ᠪᠠᠭᠰᠢ ᠶᠠᠭ ᠰᠤᠷᠤᠭᠴᠢᠳ᠎ᠢ᠋ᠶ᠋ᠠᠨ ᠳᠠᠭᠠᠭᠤᠯᠤᠨ ᠬᠢᠴᠢᠶᠡᠯ᠎ᠢ᠋ᠶ᠋ᠡᠨ ᠤᠷᠠᠨ ᠲᠣᠳᠣ ᠤᠩᠰᠢᠨ᠎ᠡ᠂ ᠰᠠᠮᠪᠠᠷ᠎ᠠ ᠳᠡᠭᠡᠷᠡᠬᠢ︽ᠦᠰᠦᠭ᠎ᠢᠶᠡᠨ ᠬᠦᠨᠳᠡᠯᠡᠨ ᠲᠡᠭᠰᠢ ᠪᠤᠰᠤᠭ᠎ᠠ ᠠᠰᠬᠠᠨ ᠰᠠᠢᠳᠤᠷ ᠪᠢᠴᠢᠵᠦ᠂ ᠦᠭᠡ ᠪᠠᠨ ᠢᠷᠠᠭᠤ ᠲᠣᠳᠣ ᠰᠠᠢᠬᠠᠨ ᠶᠠᠷᠢᠶ᠎ᠠ︾ᠭᠡᠰᠡᠨ ᠤᠯᠠᠭᠠᠨ᠎ᠢᠶᠡᠷ ᠪᠢᠴᠢᠭᠰᠡᠨ ᠤᠷᠢᠶ᠎ᠠ ᠨᠢ ᠨᠢᠳᠦᠨ᠎ᠳᠤ ᠢᠯᠡᠭᠡᠨ ᠬᠠᠷᠠᠭᠳᠠᠨ᠎ᠠ᠃

ᠤᠷᠠᠨ ᠪᠢᠴᠢᠯᠭᠡ᠎ᠶ᠋ᠢᠨ ᠬᠢᠴᠢᠶᠡᠯ᠎ᠦ᠋ᠨ ᠲᠠᠩᠬᠢᠮ᠎ᠳᠤ ᠣᠷᠣᠪᠠᠯ᠂ 30 ᠭᠠᠷᠤᠢ ᠬᠢᠴᠢᠶᠡᠯ᠎ᠦ᠋ᠨ ᠰᠢᠷᠡᠭᠡᠨ ᠳᠡᠭᠡᠷ᠎ᠡ ᠳᠦᠷᠢᠮᠵᠢᠭᠦᠨ ᠦᠰᠦᠭ ᠪᠤᠯᠪᠠᠰᠤᠷᠠᠬᠤ ᠲᠡᠪᠳᠡᠷ᠎ᠢ ᠳᠠᠷᠢ ᠲᠡᠭᠰᠢ ᠥᠷᠥᠵᠦ᠂ ᠰᠤᠷᠤᠭᠴᠢᠳ ᠬᠠᠷᠠᠨᠳᠠ ᠠᠳᠬᠤᠭᠠᠳ᠂ ᠨᠢᠭᠡ ᠨᠢᠭᠡ ᠵᠢᠷᠤᠯᠭ᠎ᠠ᠎ᠪᠡᠷ︽ᠬᠥᠮᠦᠨ (ᠬᠢᠳᠠᠳ ᠦᠰᠦᠭ᠎ᠤᠨ 人)᠂ ᠠᠮᠠ (ᠬᠢᠳᠠᠳ ᠦᠰᠦᠭ᠎ᠤᠨ 口)᠂ ᠭᠠᠷ (ᠬᠢᠳᠡᠳ ᠦᠰᠦᠭ᠎ᠤᠨ 手)︾ᠵᠡᠷᠭᠡ ᠦᠨᠳᠦᠰᠦᠨ ᠬᠢᠲᠠᠳ ᠦᠰᠦᠭ᠎ᠢ᠋ ᠰᠡᠢᠷᠡᠭᠦᠯᠵᠦ ᠪᠢᠴᠢᠨ᠎ᠡ᠃ 《ᠡᠳᠡᠭᠡᠷ ᠦᠰᠦᠭ᠎ᠢ᠋ ᠲᠦᠭᠦᠮ ᠭᠡᠵᠦ ᠪᠢᠳᠡᠬᠡᠢ ᠪᠠᠰᠤᠭᠠᠷᠠᠢ᠂ ᠲᠦᠪ ᠰᠠᠢᠬᠠᠨ ᠪᠢᠴᠢᠬᠦ᠎ᠳᠤ ᠰᠢᠷᠭᠠᠭᠤ ᠴᠢᠷᠮᠠᠢᠯᠭ᠎ᠠ ᠬᠡᠷᠡᠭᠲᠡᠢ ᠰᠢᠦ》 ᠭᠡᠮᠡᠨ ᠬᠡᠯᠡ ᠪᠢᠴᠢᠭ᠎ᠦ᠋ᠨ ᠪᠠᠭᠰᠢ ᠫᠠᠨ ᠴᠧᠨ ᠰᠢᠦᠢ ᠪᠠᠢᠴᠠᠭᠠᠬᠤ᠎ᠶ᠋ᠢᠨ ᠳᠠᠭᠠᠤ ᠰᠤᠷᠤᠭᠴᠢᠳ᠎ᠲᠠᠭᠠᠨ ᠪᠢᠷ ᠠᠳᠬᠤᠵᠤ ᠨᠢᠷᠤᠭᠤ᠎ᠵᠢ ᠠᠰᠬᠠᠨ ᠪᠢᠴᠢᠬᠦ ᠰᠠᠭᠤᠷᠢ ᠮᠡᠳᠡᠯᠭᠡ᠎ᠵᠢ ᠨᠢᠮᠪᠠᠢ ᠵᠢᠭᠠᠵᠤ ᠪᠠᠢᠯ᠎ᠠ᠃ ᠡᠨᠳᠡ ᠬᠡᠯᠡᠨ ᠵᠦᠢ ᠶ᠋ᠢᠨ ᠭᠦᠨᠵᠡᠭᠡᠢ ᠣᠨᠣᠯ ᠭᠡᠵᠦ ᠦᠭᠡᠢ᠂ ᠵᠥᠪᠬᠡᠨ︽ᠡᠳᠦᠷ ᠪᠦᠷᠢ 10 ᠮᠢᠨᠦ᠋ᠲ ᠰᠡᠢᠷᠡᠭᠦᠯᠵᠦ ᠪᠢᠴᠢᠬᠦ᠂ ᠭᠠᠷᠠᠭ ᠪᠦᠷᠢ 1 ᠤᠳᠠᠭ᠎ᠠ ᠳᠠᠰᠬᠠᠯ᠎ᠤᠨ ᠳᠡᠪᠳᠡᠷ᠎ᠢ ᠲᠡᠯᠭᠡᠨ ᠦᠨᠡᠯᠡᠬᠦ︾ᠪᠣᠯᠪᠠᠰᠤᠷᠠᠯ ᠪᠠᠢᠳᠠᠭ᠃

ᠦᠨᠳᠦᠷ ᠨᠢᠭᠡ᠎ᠶᠢᠨ ᠰᠤᠷᠤᠭᠴᠢ ᠮᠠ ᠲᠢᠶᠠᠨ ᠢᠦᠢ᠄ 《ᠥᠩᠭᠡᠷᠡᠭᠰᠡᠨ᠎ᠳ᠋ᠦ᠍ ᠦᠰᠦᠭ ᠪᠣᠯᠪᠠᠰᠤᠷᠠᠬᠤ ᠨᠢ ᠬᠡᠷᠡᠭ ᠦᠭᠡᠢ ᠭᠡᠵᠦ ᠪᠣᠳᠣᠳᠠᠭ ᠪᠠᠢᠯ᠎ᠠ᠂ ᠡᠨᠡ ᠤᠳᠠᠭ᠎ᠠ ᠰᠤᠷᠭᠠᠭᠤᠯᠢ᠎ᠶᠢᠨ ᠲᠦᠪ ᠪᠢᠴᠢᠯᠭᠡ ᠶ᠋ᠢᠨ ᠤᠷᠤᠯᠳᠤᠭᠠᠨ ᠳᠡᠭᠡᠷ᠎ᠡ ᠰᠠᠢᠨ ᠪᠦᠲᠦᠮᠵᠢ ᠤᠯᠵᠤ ᠪᠦᠲᠦᠭᠡᠯ᠎ᠢ᠋ᠶ᠋ᠡᠨ ᠳᠡᠯᠭᠡᠨ ᠦᠵᠡᠭᠦᠯᠦᠭᠡᠳ ᠰᠠᠶᠢ ᠬᠢᠲᠠᠳ ᠦᠰᠦᠭ᠎ᠲᠦ᠍ ᠳᠤᠮᠳᠠᠳᠤ᠎ᠶ᠋ᠢᠨ ᠦᠨᠳᠦᠰᠦᠲᠡᠨ᠎ᠦ᠌ ᠰᠣᠶᠣᠯ᠎ᠤ᠋ᠨ ᠨᠢᠭᠤᠴᠠ ᠨᠢᠭᠤᠭᠳᠠᠵᠤ ᠪᠠᠢᠬᠤ᠎ᠶ᠋ᠢ ᠮᠡᠳᠡᠯ᠎ᠡ》 ᠭᠡᠵᠦ ᠰᠤᠷᠪᠤᠯᠵᠢᠯᠠᠭᠴᠢ᠎ᠳᠤ ᠶᠠᠷᠢᠪᠠ᠃ ᠲᠡᠭᠦᠨ᠎ᠤ ᠪᠢᠴᠢᠭᠰᠡᠨ ᠦᠰᠦᠭ ᠨᠢ ᠡᠷᠴᠢᠯᠢᠭ ᠪᠦᠭᠡᠳ ᠵᠢᠪᠬᠤᠭ᠎ᠠ ᠲᠠᠢ ᠬᠠᠷᠠᠭᠳᠠᠨ᠎ᠠ᠃ 《ᠠᠩᠬ᠎ᠠ ᠳᠦᠷᠢᠮᠵᠢᠭᠦᠨ ᠦᠰᠦᠭ᠎ᠦ᠋ᠨ ᠵᠢᠭᠠᠨ ᠰᠤᠷᠭᠠᠯᠲᠠ᠎ᠶ᠋ᠢ ᠬᠡᠷᠡᠭᠵᠢᠭᠦᠯᠬᠦ ᠦᠶ᠎ᠡ᠎ᠳᠤ ᠴᠥᠭᠡᠨ ᠪᠤᠰᠤ ᠭᠡᠷ᠎ᠦ᠋ᠨ ᠠᠬᠠᠮᠠᠳ〈ᠦᠰᠦᠭ᠎ᠢ ᠰᠠᠢᠬᠠᠨ ᠪᠢᠴᠢᠪᠡᠯ ᠬᠣᠭᠣᠯᠠ ᠪᠣᠯᠭᠠᠵᠤ ᠪᠤᠯᠤᠨ᠎ᠠ᠎ᠤᠤ ?〉 ᠭᠡᠵᠦ ᠰᠡᠵᠢᠭᠯᠡᠵᠦ ᠪᠠᠢᠪᠠ᠃ ᠬᠣᠶᠠᠷ ᠵᠢᠯ᠎ᠦ᠋ᠨ ᠲᠤᠷᠰᠢ ᠰᠤᠷᠤᠭᠴᠢᠳ᠎ᠤ᠋ᠨ ᠥᠨᠳᠥᠷ ᠳᠤᠮᠳᠠᠳᠤ᠎ᠳ᠋ᠤ᠌ ᠰᠢᠯᠭᠠᠭᠤᠯᠬᠤ ᠰᠢᠯᠭᠠᠯᠲᠠ᠎ᠶ᠋ᠢᠨ ᠵᠣᠬᠢᠶᠠᠯ᠎ᠤ᠋ᠨ ᠤᠯᠬᠤ ᠬᠤᠪᠢ ᠨᠢ ᠮᠡᠳᠡᠭᠳᠡᠮ᠎ᠡ ᠳᠡᠭᠡᠭᠰᠢᠯᠡᠵᠦ᠂ ᠦᠰᠦᠭ᠎ᠢᠶᠡᠨ ᠮᠠᠭᠤᠬᠠᠢ ᠪᠢᠴᠢᠭᠰᠡᠨ᠎ᠡᠴᠡ ᠪᠤᠯᠵᠤ ᠬᠤᠪᠢ ᠠᠯᠳᠠᠬᠤ ᠨᠤᠷᠮ᠎ᠠ ᠨᠢ ᠶᠡᠬᠡᠪᠡᠷ ᠲᠤᠷᠤᠭᠰᠢᠯᠠᠬᠰᠠᠨ ᠪᠤᠯᠬᠤᠷ ᠭᠡᠷ᠎ᠦ᠋ᠨ ᠠᠬᠠᠮᠠᠳ ᠣᠳᠣ ᠬᠡᠦᠬᠡᠳ᠎ᠡᠴᠡ᠎ᠪᠡᠨ ᠢᠯᠡᠭᠦᠦ ᠰᠡᠳᠬᠢᠯ ᠲᠠᠯᠪᠢᠵᠤ᠂ ᠰᠠᠨᠠᠭᠠᠴᠢᠯᠠᠭ᠎ᠠ ᠡᠴᠡ᠎ᠪᠡᠨ ᠬᠡᠦᠬᠡᠳ᠎ᠲᠡᠭᠡᠨ ᠦᠰᠦᠭ᠎ᠤᠨ ᠲᠢᠭ ᠪᠤᠯᠪᠠᠰᠤᠷᠠᠬᠤ ᠲᠡᠪᠳᠡᠷ ᠠᠪᠴᠤ ᠦᠭᠴᠦ ᠪᠠᠢᠨ᠎ᠠ》 ᠭᠡᠵᠦ ᠰᠤᠷᠭᠠᠭᠤᠯᠢ᠎ᠶ᠋ᠢᠨ ᠵᠠᠬᠢᠷᠤᠯ ᠸᠠᠩ ᠴᠢᠶᠣᠤ ᠧ ᠲᠠᠨᠢᠯᠴᠠᠭᠤᠯᠤᠨ᠎ᠠ᠃

ᠳ᠋ᠧᠩᠺᠧᠦ ᠰᠢᠶᠠᠨ᠎ᠤ ᠬᠤᠶᠠᠳᠤᠭᠠᠷ ᠪᠦᠷᠢᠨ ᠪᠠᠭ᠎ᠠ ᠰᠤᠷᠭᠠᠭᠤᠯᠢ᠎ᠵᠢᠨ ᠵᠠᠯᠠᠭᠤ ᠪᠠᠭᠰᠢ᠎ᠶᠢᠨ ᠤ᠎ᠶᠢᠨ ᠪᠢᠷ᠎ᠤᠨ ᠪᠢᠴᠢᠯᠭᠡ ᠵᠢᠨ ᠪᠣᠯᠪᠠᠰᠤᠷᠠᠯ ᠨᠢ 《ᠰᠦᠯᠵᠢᠶᠡᠨ ᠳᠡᠭᠡᠷᠡᠬᠢ ᠬᠠᠯᠠᠮᠰᠢᠯ ᠬᠢᠴᠢᠶᠡᠯ》 ᠪᠣᠯᠵᠠᠢ᠃ ᠭᠠᠷᠠᠭ᠎ᠪᠦᠷᠢ ᠵᠢᠨ ᠬᠣᠶᠠᠷ᠎ᠤᠨ ᠡᠳᠦᠷ ᠵᠠᠯᠠᠭᠤ ᠪᠠᠭᠰᠢ ᠨᠠᠷ ᠵᠢᠭᠠᠨ ᠰᠤᠷᠭᠠᠬᠤ ᠠᠰᠠᠷ᠎ᠤ᠋ᠨ ᠨᠢᠭᠡᠳᠦᠭᠡᠷ ᠳᠠᠪᠬᠤᠷᠯᠢᠭ᠎ᠤ᠋ᠨ ᠬᠠᠷ᠎ᠠ ᠰᠠᠮᠪᠠᠷ᠎ᠠ ᠳᠡᠭᠡᠷ᠎ᠡ ᠡᠷᠲᠡᠨ᠎ᠦ᠌ ᠰᠢᠯᠦᠭ ᠪᠢᠴᠢᠬᠦ᠎ᠳᠤ ᠰᠤᠷᠤᠭᠴᠢᠳ᠎ᠬᠦᠷᠢᠶᠡᠯᠡᠵᠦ ᠵᠤᠭᠰᠤᠭᠠᠳ ᠳᠠᠭᠤᠷᠢᠶᠠᠵᠤ ᠪᠢᠴᠢᠬᠦ ᠵᠢᠨ ᠳᠠᠭᠠᠤ ᠵᠠᠯᠠᠷᠠᠭᠤᠯᠳᠠᠭ᠃ 《ᠪᠠᠭᠰᠢ ᠠ᠋᠂ 〈ᠰᠠᠯᠬᠢ (ᠬᠢᠳᠠᠳ ᠦᠰᠦᠭ᠎ᠤᠨ 风)〉 ᠭᠡᠬᠦ ᠦᠰᠦᠭ᠎ᠤᠨ ᠵᠢᠷᠤᠯᠭ᠎ᠠ (ᠬᠢᠳᠠᠳ ᠦᠰᠦᠭ᠎ᠤᠨ 横折弯钩) ᠵᠢ ᠵᠢᠭᠠᠬᠠᠨ ᠬᠠᠵᠠᠭᠠᠢ ᠰᠢᠬ ᠪᠢᠴᠢᠨ᠎ᠠ ᠤᠤ ?》 ᠭᠡᠵᠦ ᠰᠤᠷᠤᠭᠴᠢ ᠳ᠋ᠦ᠋ ᠬᠤᠤ ᠰᠢᠶᠠᠩ ᠰᠠᠨᠠᠭᠤᠯᠬᠤ᠎ᠳᠤ ᠪᠠᠭᠰᠢ ᠨᠠᠷ ᠡᠷᠡᠬᠡᠢ ᠭᠠᠷᠭᠠᠨ ᠦᠨᠡᠮᠰᠢᠪᠡ᠃ ᠡᠢᠨ ᠬᠦ᠌ ᠵᠢᠭᠠᠬᠤ ᠰᠤᠷᠬᠤ ᠬᠠᠷᠢᠯᠴᠠᠨ ᠨᠦᠯᠦᠭᠡᠯᠡᠵᠦ ᠳᠡᠭᠡᠭᠰᠢᠯᠡᠬᠦ ᠦᠢᠯᠡᠳᠦᠯᠴᠡᠭᠡ ᠨᠢ ᠪᠦᠬᠦ ᠰᠤᠷᠭᠠᠭᠤᠯᠢ᠎ᠶ᠋ᠢᠨ ᠪᠠᠭᠰᠢ ᠨᠠᠷ᠎ᠤ᠋ᠨ ᠰᠠᠮᠪᠠᠷ᠎ᠠ᠎ᠶᠢᠨ ᠪᠢᠴᠢᠯᠭᠡ᠎ᠶᠢᠨ ᠬᠢᠷᠢ ᠲᠡᠩᠴᠡᠬᠦ ᠨᠤᠷᠮ᠎ᠠ ᠵᠢ ᠶᠡᠬᠡᠬᠡᠨ ᠳᠡᠭᠡᠭᠰᠢᠯᠡᠭᠦᠯᠦᠭᠰᠡᠨ ᠪᠠᠢᠨ᠎ᠠ᠃

ᠣᠷᠣᠢ᠂ ᠳᠥᠷᠪᠡᠳᠦᠭᠡᠷ ᠣᠨ᠎ᠤ ᠬᠤᠶᠠᠳᠤᠭᠠᠷ ᠠᠩᠭᠢ᠎ᠶ᠋ᠢᠨ ᠰᠤᠷᠤᠭᠴᠢ ᠪᠤᠤ ᠰᠢᠶᠠᠩ ᠰᠢᠦᠸᠠᠨ ᠲᠠᠰᠬᠠᠯ᠎ᠢ᠋ᠶ᠋ᠠᠨ ᠪᠢᠴᠢᠵᠦ ᠪᠠᠷᠠᠭᠰᠠᠨ᠎ᠤ᠋ ᠳᠠᠷᠠᠭ᠎ᠠ᠂ ᠭᠠᠳᠠᠷ ᠤᠷᠤᠨ᠎ᠳᠤ ᠠᠵᠢᠯᠯᠠᠵᠤ ᠪᠠᠢᠭ᠎ᠠ ᠡᠵᠢ᠎ᠲᠡᠢ᠎ᠪᠡᠨ ᠸᠢᠳᠢᠣ᠋ ᠪᠡᠷ ᠵᠤᠭᠤᠭᠳᠠᠨ᠎ᠠ᠂ ᠲᠡᠭᠦᠨ᠎ᠤ ᠵᠢᠭᠠᠬᠠᠨ ᠨᠤᠳᠤᠭ᠎ᠤᠨ ᠠᠶᠠᠯᠭᠤ ᠬᠤᠯᠢᠯᠳᠤᠭᠰᠠᠨ ᠶᠠᠷᠢᠶᠠᠨ᠎ᠳᠤ ᠬᠣᠶᠠᠷ ᠵᠢᠯ᠎ᠦ᠋ᠨ ᠡᠮᠦᠨᠡᠬᠢ ︽n︾᠂︽l︾ᠨᠢ ᠢᠯᠭᠠᠭᠳᠠᠬᠤ ᠦᠭᠡᠢ ᠪᠠᠢᠳᠠᠯ ᠰᠣᠨᠣᠰᠳᠠᠬᠤ ᠦᠭᠡᠢ ᠪᠣᠯᠪᠠ᠃ 《ᠡᠵᠢ ᠠ᠋᠂ ᠡᠨᠡ ᠤᠳᠠᠭᠠᠨ᠎ᠤ᠋ ᠵᠣᠬᠢᠶᠠᠯ ᠪᠢᠴᠢᠬᠦ ᠤᠷᠤᠯᠳᠤᠭᠠᠨ᠎ᠳ᠋ᠤ᠌ ᠪᠢ ᠬᠣᠶᠠᠳᠤᠭᠠᠷ ᠳᠡᠰ᠎ᠦ᠋ᠨ ᠱᠠᠩᠨᠠᠯ ᠬᠦᠷᠲᠡᠵᠡᠢ》 ᠭᠡᠮᠡᠨ ᠦᠬᠢᠨ ᠨᠢ ᠶᠠᠷᠢᠬᠤ᠎ᠳᠤ᠂ ᠳᠡᠯᠭᠡᠴᠡᠨ᠎ᠦ᠌ ᠴᠢᠨᠠᠲᠤ ᠲᠠᠯ᠎ᠠ᠎ᠳᠡᠬᠢ ᠡᠵᠢ ᠨᠢ᠄ 《ᠮᠢᠨᠦ ᠥᠬᠢᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠵᠢ ᠡᠵᠢ᠎ᠡᠴᠡ ᠪᠠᠨ ᠢᠯᠡᠬᠦᠦ ᠪᠠᠷᠢᠮᠵᠢᠶ᠎ᠠ ᠶᠠᠷᠢᠵᠦ ᠪᠠᠢᠨ᠎ᠠ᠂ ᠪᠢᠴᠢᠬᠠᠨ ᠬᠥᠲᠥᠯᠦᠭᠴᠢ ᠪᠤᠯᠵᠤ ᠳᠡᠢᠯᠬᠦ ᠪᠤᠯᠵᠠᠢ》 ᠭᠡᠵᠦ ᠪᠠᠶᠠᠷᠯᠠᠨ ᠦᠭᠢᠨ᠎ᠢᠶᠡᠨ ᠵᠤᠷᠢᠭᠵᠢᠭᠤᠯᠤᠨ᠎ᠠ᠃ ᠡᠢᠮᠦᠷᠬᠦᠦ ᠦᠵᠡᠭᠳᠡᠯ ᠳ᠋ᠧᠩᠺᠧᠦ ᠰᠢᠶᠠᠨ᠎ᠳ᠋ᠤ᠌ ᠡᠳᠦᠷ ᠢᠷᠡᠭᠦᠶ᠎ᠡ ᠦᠷᠭᠦᠯᠵᠢ ᠲᠣᠬᠢᠶᠠᠯᠳᠤᠳᠠᠭ ᠪᠣᠯᠵᠠᠢ᠃

ᠳ᠋ᠸᠩᠺᠧᠦ ᠰᠢᠶᠠᠨ᠎ᠤ᠋ ᠰᠤᠷᠭᠠᠨ ᠬᠥᠮᠦᠵᠢᠯ᠎ᠦ᠋ᠨ ᠲᠣᠪᠴᠢᠶᠠᠨ᠎ᠤ᠋ ᠳᠡᠳ᠋ ᠳᠠᠷᠤᠭ᠎ᠠ ᠮᠠ ᠢᠦᠢ ᠵᠢᠶᠦ᠋ᠨ᠎ᠤ ᠲᠠᠨᠢᠯᠴᠠᠭᠤᠯᠬᠤ ᠪᠡᠷ᠂ ᠪᠦᠬᠦ ᠰᠢᠶᠠᠨ᠎ᠤ᠋ ᠡᠯ᠎ᠡ ᠳᠤᠮᠳᠠᠳᠤ ᠪᠠᠭ᠎ᠠ ᠰᠤᠷᠭᠠᠭᠤᠯᠢ︽ᠭᠡᠷ᠎ᠤᠨ ᠠᠬᠠᠮᠠᠳ ᠬᠡᠦᠬᠡᠳ ᠭᠠᠷ ᠭᠠᠷ᠎ᠢᠶᠡᠨ ᠬᠤᠯᠪᠤᠯᠴᠠᠬᠤ︾ᠬᠠᠷᠢᠯᠴᠠᠨ ᠬᠠᠪᠰᠤᠷᠤᠯᠴᠠᠬᠤ ᠳᠤᠭᠤᠢᠯᠠᠩ ᠪᠠᠢᠭᠤᠯᠵᠠᠢ᠂ ᠲᠤᠬᠠᠢᠯᠠᠪᠠᠯ ᠰᠤᠷᠤᠭᠴᠢ ᠭᠡᠷ᠎ᠦ᠋ᠨ ᠠᠬᠠᠮᠠᠳ᠎ᠲᠠᠢ ᠪᠠᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠪᠡᠷ ᠶᠠᠷᠢᠵᠤ᠂ ᠳᠦᠷᠢᠮᠵᠢᠭᠦᠨ ᠦᠰᠦᠭ ᠪᠢᠴᠢᠬᠦ᠎ᠵᠢ ᠵᠢᠭᠠᠨ᠂ ᠭᠡᠷ᠎ᠦ᠋ᠨ ᠠᠬᠠᠮᠠᠳ ᠬᠡᠦᠬᠡᠳ᠎ᠢ᠋ᠶ᠋ᠡᠨ ᠬᠠᠪᠰᠤᠷᠤᠨ ᠨᠤᠲᠤᠭ᠎ᠤ᠋ᠨ ᠠᠶᠠᠯᠭᠤ᠎ᠶ᠋ᠢ ᠨᠢ ᠬᠠᠯᠠᠨ ᠰᠠᠢᠵᠢᠷᠠᠭᠤᠯᠤᠭᠰᠠᠨ ᠪᠠᠢᠨ᠎ᠠ᠃

《ᠣᠳᠣ ᠪᠠᠩᠬᠢ᠎ᠳᠤ ᠬᠦᠷᠴᠦ ᠠᠵᠢᠯ ᠠᠯᠪᠠ ᠭᠦᠢᠴᠡᠳᠭᠡᠬᠦ᠎ᠳᠤ ᠪᠠᠩᠬᠢ᠎ᠶᠢᠨ ᠠᠵᠢᠯᠲᠠᠳ ᠪᠦᠷ ᠨᠠᠮ᠎ᠠ᠎ᠵᠢ ᠨᠡᠷ᠎ᠡ ᠪᠠᠨ ᠰᠠᠢᠬᠠᠨ ᠪᠢᠴᠢᠵᠤ ᠪᠠᠢᠨ᠎ᠡ ᠭᠡᠵᠦ ᠮᠠᠭᠲᠠᠳᠠᠭ ᠪᠤᠯᠤᠯ᠎ᠠ》 ᠭᠡᠵᠦ 62 ᠨᠠᠰᠤᠲᠠᠢ ᠮᠠᠯᠴᠢᠨ ᠴᠢᠮᠡᠭ ᠭᠠᠷ ᠤᠲᠠᠰᠤᠨ᠎ᠳ᠋ᠠᠭᠠᠨ ᠬᠠᠳᠠᠭᠠᠯᠠᠵᠤ ᠪᠠᠢᠭ᠎ᠠ ᠬᠠᠷᠠᠨᠳᠠ᠎ᠪᠠᠷ︽ᠴᠢᠮᠡᠭ (ᠬᠢᠳᠠᠳ ᠵᠢᠠᠷ 其木格)︾ᠭᠡᠰᠡᠨ ᠭᠤᠷᠪᠠᠨ ᠦᠰᠦᠭ᠎ᠢ᠋ ᠳᠦᠷᠪᠡᠯᠵᠢᠨ ᠬᠦᠰᠦᠨᠦᠭ ᠲᠠᠢ ᠴᠠᠭᠠᠰᠤᠨ ᠳᠡᠭᠡᠷ᠎ᠡ᠎ᠲᠦ᠋ᠭᠦᠷᠡᠲᠡᠯ᠎ᠡ ᠪᠢᠴᠢᠭᠰᠡᠨ︽ᠰᠤᠷᠤᠯᠭ᠎ᠠ᠎ᠶ᠋ᠢᠨ ᠬᠢᠷᠢ ᠪᠦᠲᠦᠮᠵᠢ︾ᠪᠠᠨ ᠳᠡᠯᠭᠡᠨ ᠦᠵᠡᠭᠦᠯᠦᠨ᠎ᠡ᠃ ᠲᠡᠭᠦᠨ᠎ᠳ᠋ᠦ᠍ ᠠᠪᠴᠤ ᠬᠡᠯᠡᠪᠡᠯ᠂ ᠡᠨᠡ ᠨᠢ ᠵᠥᠪᠬᠡᠨ ᠨᠡᠷ᠎ᠡ ᠪᠠᠨ ᠪᠢᠴᠢᠭᠰᠡᠨ ᠶᠠᠪᠤᠳᠠᠯ ᠲᠡᠳᠦᠢ ᠪᠢᠰᠢ᠂ ᠨᠡᠩ ᠴᠤ᠌ ᠤᠯᠤᠰ᠎ᠤ᠋ᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ᠋ ᠰᠠᠢᠲᠤᠷ ᠰᠤᠷᠴᠤ ᠪᠠᠢᠭ᠎ᠠ ᠴᠢᠷᠮᠠᠢᠯᠭ᠎ᠠ ᠪᠣᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面