ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2023-10-08 09:48:49

ᠵᠣᠬᠢᠶᠠᠭ᠍ᠴᠢ᠄ ​ᠬᠠᠨ ᠱᠢᠤᠸᠠᠢ ᠷᠦ ᠣᠩᠱᠢᠭ᠍ᠰᠠᠨ ᠣᠳᠠᠭ᠎ᠠ᠄ 3

— ᠲᠠᠷᠢᠶᠠᠯᠠᠬᠤ ᠰᠣᠶᠣᠯ᠎ᠤᠨ ᠳᠤᠬᠠᠢ ᠱᠢᠷᠢᠰ ᠮᠡᠳᠡᠭᠡᠯᠡᠯ ᠵᠢᠷᠭᠤᠭ᠎ᠠ

ᠤᠯᠠᠭᠠᠨᠴᠠᠪ᠎ᠲᠸ᠋ ᠨᠠᠮᠤᠷ ᠰᠠᠭᠠᠳᠠᠯ᠎ᠠ᠃

ᠨᠡᠷᠡᠨ ᠤ᠋ ᠭᠡᠷᠡᠯ᠂ ᠰᠠᠯᠬᠢᠨ᠎ᠤ ᠢᠯᠪᠢᠭᠡᠨ ᠪᠤᠯᠤᠨ ᠬᠤᠷ᠎ᠠ ᠵᠢᠨ ᠰᠢᠮ᠎ᠡ ᠪᠡᠷ ᠲᠥᠮᠥᠰᠥ᠍ ᠨᠢᠭᠡᠨᠲᠡ ᠪᠤᠯᠪᠠᠰᠤᠷᠠᠬᠤ ᠬᠤᠭᠤᠴᠠᠭᠠᠨ᠎ᠳᠠᠭᠠᠨ ᠣᠷᠣᠵᠦ᠂ ᠥᠷᠭᠡᠨ ᠠᠭᠤᠳᠠᠮ ᠲᠠᠷᠢᠶᠠᠨ ᠭᠠᠵᠠᠷ ᠲᠤ᠌ ᠲᠥᠮᠥᠰᠥ᠍ ᠬᠤᠷᠢᠶᠠᠬᠤ ᠮᠠᠱᠢᠨ ᠨᠠᠭᠠᠰᠢ ᠴᠠᠭᠠᠰᠢ ᠰᠦᠯᠵᠢᠯᠳᠦᠵᠦ᠍᠂ ᠲᠣᠮᠣ ᠮᠦᠷᠳᠡᠬᠡᠨ ᠭᠥᠯᠢᠭᠡᠷ᠂ ᠥᠩᠭᠡ ᠢᠯᠭᠠᠷᠠᠮ᠎ᠠ ᠲᠥᠮᠥᠰᠥ᠍ ᠭᠠᠵᠠᠷ ᠰᠠᠢ ᠦᠭᠡᠢ ᠬᠠᠷᠠᠭᠳᠠᠨ᠂ ᠲᠠᠷᠢᠶᠠᠨ ᠭᠠᠵᠠᠷ ᠡᠴᠡ ᠡᠯᠪᠡᠭ ᠬᠤᠷᠢᠶᠠᠯᠲᠠ᠎ᠶ᠋ᠢᠨ ᠡᠬᠡᠰᠢᠭ ᠴᠤᠤᠷᠢᠶᠠᠳᠤᠨ᠎ᠠ᠃

ᠲᠩᠷᠢ ᠵᠢᠨ ᠢᠪᠡᠭᠡᠯ ᠭᠠᠵᠠᠷ᠎ᠤᠨ ᠰᠢᠮ᠎ᠡ ᠪᠡᠷ ᠡᠨᠡ ᠬᠦ᠌ ᠦᠵᠡᠮᠵᠢ ᠪᠦᠷᠢᠳᠤᠯ᠎ᠠ᠃

ᠲᠥᠮᠥᠰᠥ᠍ ᠬᠡᠳᠦᠢᠪᠡᠷ 《ᠬᠠᠷᠢ᠎ᠶ᠋ᠢᠨ ᠲᠠᠷᠢᠮᠠᠯ》 ᠪᠠᠢᠭ᠍ᠰᠠᠨ ᠪᠣᠯᠪᠠᠴᠤ᠌ ᠬᠡᠳᠦᠨ ᠵᠠᠭᠤᠨ ᠵᠢᠯ ᠳᠠᠷᠢᠵᠤ ᠤᠷᠭᠤᠭᠤᠯᠬᠤ ᠪᠡᠷ ᠳᠠᠮᠵᠢᠭᠠᠳ ᠨᠢᠭᠡᠨᠲᠡ ᠳᠤᠮᠳᠠᠳᠤ ᠤᠯᠤᠰ᠎ᠲᠤ 《ᠨᠤᠲᠤᠭ᠍ᠰᠢᠪᠠ》᠃ ᠦᠶ᠎ᠡ ᠤᠯᠠᠷᠢᠨ ᠤᠯᠠᠮᠵᠢᠯᠠᠬᠤ ᠪᠠ ᠥᠪᠡᠷᠮᠢᠴᠡ ᠳᠠᠪᠠᠭᠤᠯᠢᠭ ᠣᠷᠴᠢᠨ ᠲᠣᠭᠣᠷᠢᠨ ᠨᠢ ᠬᠠᠷᠢᠯᠴᠠᠨ ᠨᠦᠭᠦᠴᠡᠯᠳᠦᠵᠦ᠂ ᠲᠥᠮᠥᠰᠥ᠍ ᠭᠡᠬᠦ᠌ ᠡᠨᠡ ᠬᠦ᠌ ᠡᠷᠲᠡᠨ᠎ᠦ ᠲᠠᠷᠢᠮᠠᠯ᠎ᠢ ᠠᠮᠢᠵᠢᠷᠠᠯ᠎ᠤᠨ ᠬᠦᠴᠦᠨ᠎ᠵᠢᠡᠷ ᠪᠢᠯᠬᠠᠮ᠎ᠠ ᠪᠣᠯᠭᠠᠵᠠᠢ᠃

ᠬᠠᠮᠤᠭ᠎ᠤᠨ ᠠᠩᠬᠠᠨ᠎ᠤ 《ᠬᠠᠷᠢ᠎ᠶ᠋ᠢᠨ ᠵᠣᠴᠢᠨ》 ᠪᠠᠢᠭ᠍ᠰᠠᠨ᠎ᠠᠴᠠ ᠪᠠᠨ ᠭᠤᠤᠯ ᠠᠮᠤ ᠪᠤᠳᠠᠭᠠᠨ᠎ᠤ ᠲᠠᠷᠢᠮᠠᠯ᠎ᠤᠨ ᠨᠢᠭᠡ ᠪᠣᠯᠵᠣ᠂ ᠡᠩ᠎ᠦᠨ ᠲᠠᠷᠢᠶᠠᠯᠠᠩ᠎ᠤᠨ ᠪᠦᠲᠦᠭᠡᠭ᠌ᠳᠡᠬᠦᠨ ᠪᠠᠢᠭ᠍ᠰᠠᠨ ᠡᠴᠡ᠎ᠪᠠᠨ ᠨᠢᠭᠡᠨ ᠠᠵᠤ ᠦᠶ᠋ᠯᠡᠰ ᠪᠣᠯᠵᠣ᠂ ᠳᠠᠬᠢᠭᠠᠳ ᠰᠣᠶᠣᠯ᠎ᠤᠨ ᠣᠨᠴᠠᠯᠢᠭ᠎ᠢ ᠢᠯᠡᠷᠡᠬᠦᠯᠬᠦ ᠪᠤᠯᠳᠠᠯ᠎ᠠ᠂ ᠲᠥᠮᠥᠰᠥ᠍ ᠨᠢ ᠥᠪᠡᠷᠮᠢᠴᠡ ᠬᠥᠭ᠌ᠵᠢᠯᠲᠡ᠎ᠶ᠋ᠢᠨ ᠥᠩᠭᠡᠷᠡᠯᠲᠡ ᠪᠡᠷ᠎ᠢᠶᠡᠨ ᠳᠤᠮᠳᠠᠳᠤ᠎ᠶ᠋ᠢᠨ ᠡᠬᠡ ᠭᠠᠵᠠᠷ᠎ᠲᠤ ᠥᠪᠡᠷᠮᠢᠴᠡ ᠭᠠᠢᠬᠠᠮᠱᠢᠭ᠎ᠢ ᠪᠢᠴᠢᠭ᠌ᠯᠡᠵᠦ᠍ ᠪᠠᠢᠨ᠎ᠠ᠃

ᠬᠠᠷᠢ᠎ᠶ᠋ᠢᠨ ᠵᠣᠴᠢᠨ ᠨᠤᠲᠤᠭ᠎ᠤᠨ 《ᠡᠵᠡᠨ》 ᠪᠤᠯᠪᠠ

ᠲᠥᠮᠥᠰᠥ᠍ ᠪᠣᠯ ᠬᠠᠰᠢ᠎ᠶ᠋ᠢᠨ ᠢᠵᠠᠭᠤᠷ᠎ᠤᠨ ᠨᠢᠭᠡ ᠨᠠᠰᠤᠲᠤ ᠡᠪᠡᠰᠦᠯᠢᠭ ᠤᠷᠭᠤᠮᠠᠯ᠂ ᠤᠤᠯ ᠭᠠᠷᠤᠯᠲᠠ᠎ᠶ᠋ᠢᠨ ᠣᠷᠣᠨ ᠨᠢ ᠡᠮᠦᠨᠡᠲᠦ ᠠᠮᠧᠷᠢᠺᠠ ᠲᠢᠪ ᠪᠠᠢᠵᠥ᠂ 15 ᠳ᠋ᠤᠭᠠᠷ ᠵᠠᠭᠤᠨ᠎ᠠᠴᠠ ᠨᠠᠭᠠᠱᠢᠬᠢ ᠭᠠᠵᠠᠷ ᠵᠦᠶ᠎ᠶ᠋ᠢᠨ ᠶᠡᠬᠡ ᠢᠯᠡᠷᠡᠭᠦᠯᠦᠯᠲᠡ ᠪᠠ ᠱᠢᠨ᠎ᠡ ᠠᠶᠠᠯᠠᠯ᠎ᠤᠨ ᠵᠠᠮ᠎ᠢ ᠨᠡᠭᠡᠭᠡᠬᠦ᠌᠎ᠶ᠋ᠢ ᠳᠠᠭᠠᠯᠳᠤᠨ᠂ ᠠᠮᠧᠷᠢᠺᠠ ᠲᠢᠪ᠎ᠡᠴᠡ ᠳᠡᠯᠡᠬᠡᠶ᠎ᠶ᠋ᠢᠨ ᠡᠯ᠎ᠡ ᠭᠠᠵᠠᠷ᠎ᠲᠤ ᠤᠯᠠᠮᠵᠢᠯᠠᠭ᠍ᠳᠠᠨ ᠬᠦᠷᠪᠡ᠃

400 ᠭᠠᠷᠤᠶ ᠵᠢᠯ᠎ᠦᠨ ᠡᠮᠦᠨ᠎ᠡ ᠠᠩᠬ᠎ᠠ ᠤᠳᠠᠭ᠎ᠠ ᠠᠮᠧᠷᠢᠺᠠ ᠲᠢᠪ᠎ᠦᠨ ᠡᠬᠡ ᠬᠠᠭᠤᠷᠠᠶ᠎ᠡᠴᠡ 《ᠭᠠᠷᠴᠤ᠌》 ᠢᠷᠡᠭᠰᠡᠨ᠎ᠠᠴᠠ᠎ᠪᠠᠨ ᠥᠨᠥᠳᠦᠷ 150 ᠭᠠᠷᠤᠶ ᠤᠯᠤᠰ ᠪᠠ ᠭᠠᠵᠠᠷ ᠣᠷᠣᠨ᠎ᠳᠤ 《ᠨᠤᠲᠤᠭ᠍ᠰᠢᠵᠤ》᠂ ᠨᠢᠭᠡ ᠵᠦᠶ᠋ᠯ᠎ᠦᠨ ᠳᠠᠨᠢᠯ ᠪᠤᠰᠤ 《ᠬᠠᠴᠢᠨ》 ᠲᠠᠷᠢᠮᠠᠯ ᠪᠠᠢᠬᠰᠠᠨ᠎ᠠᠴᠠ ᠪᠡᠨ ᠪᠥᠬᠥ᠌ ᠪᠥᠮᠪᠥᠷᠴᠡᠭ᠎ᠦᠨ ᠲᠠᠷᠢᠶᠠᠯᠠᠩ᠂ ᠠᠵᠤ ᠠᠬᠤᠶ ᠪᠠ ᠠᠮᠤ ᠪᠤᠳᠠᠭᠠᠨ᠎ᠤ ᠠᠮᠤᠷ ᠲᠦᠪᠱᠢᠨ᠎ᠦ ᠲᠠᠯ᠎ᠠ᠎ᠪᠠᠷ ᠵᠠᠩᠭᠢᠯᠠᠭ᠎ᠠ᠎ᠶ᠋ᠢᠨ ᠳᠦᠷᠢ᠎ᠶ᠋ᠢ ᠲᠣᠭ᠍ᠯᠠᠬᠤ ᠬᠦᠷᠲᠡᠯ᠎ᠡ᠂ ᠲᠥᠮᠥᠰᠥ᠍ ᠨᠢ ᠲᠤᠢᠯ᠎ᠤᠨ ᠡᠯᠪᠡᠭ ᠪᠠᠶᠠᠯᠢᠭ ᠱᠢᠮ᠎ᠡ ᠲᠡᠵᠢᠭᠡᠯ᠎ᠦᠨ ᠥᠷᠲᠡᠭ ᠪᠠ ᠪᠠᠢᠭᠠᠯᠢ᠎ᠶ᠋ᠢᠨ ᠣᠷᠴᠢᠨ ᠲᠣᠭᠣᠷᠢᠨ᠎ᠳᠤ ᠬᠡᠲᠦ ᠴᠢᠩᠭ᠎ᠠ ᠵᠣᠬᠢᠴᠠᠬᠤ ᠴᠢᠳᠠᠪᠤᠷᠢ᠎ᠳᠠᠭᠠᠨ ᠲᠦᠱᠢᠭ᠌ᠯᠡᠨ᠂ ᠪᠥᠬᠥ᠌ ᠳᠡᠯᠡᠬᠡᠶ᠎ᠶ᠋ᠢᠨ ᠬᠠᠮᠤᠭ᠎ᠤᠨ ᠠᠮᠵᠢᠯᠲᠠ ᠲᠠᠶ 《ᠨᠡᠭᠦᠳᠡᠯ ᠢᠷᠭᠡᠨ》 ᠪᠣᠯᠤᠭ᠍ᠰᠠᠨ ᠪᠠᠢᠨ᠎ᠠ᠃

400 ᠭᠠᠷᠤᠶ ᠵᠢᠯ᠎ᠦᠨ ᠳᠠᠷᠠᠭᠠᠬᠢ ᠥᠨᠥᠳᠦᠷ᠂ ᠲᠥᠮᠥᠰᠥ᠍ ᠨᠢᠭᠡᠨᠲᠡ ᠳᠡᠯᠡᠬᠡᠶ ᠳᠡᠭᠡᠷ᠎ᠡ ᠬᠠᠮᠤᠭ᠎ᠤᠨ ᠥᠷᠭᠡᠨ ᠲᠠᠷᠬᠠᠯᠲᠠ᠎ᠲᠠᠶ ᠲᠠᠷᠢᠮᠠᠯ᠎ᠤᠨ ᠨᠢᠭᠡ ᠪᠣᠯᠵᠣ᠂ ᠮᠥᠨ ᠴᠦ᠍ ᠣᠳᠣᠬᠠᠨ᠎ᠤ ᠳᠡᠯᠡᠬᠡᠶ᠎ᠶ᠋ᠢᠨ ᠲᠠᠪᠤᠨ ᠶᠡᠬᠡ ᠲᠠᠷᠢᠮᠠᠯ (ᠪᠤᠰᠤᠳ ᠳᠥᠷᠪᠡᠨ ᠵᠦᠶ᠋ᠯ ᠨᠢ ᠲᠤᠲᠤᠷᠭ᠎ᠠ᠂ ᠪᠣᠭᠣᠳᠠᠶ᠂ ᠡᠷᠳᠡᠨᠢ ᠱᠢᠰᠢ᠂ ᠨᠣᠬᠠᠶ᠎ᠶ᠋ᠢᠨ ᠬᠣᠱᠢᠭᠤ) ᠤ᠋ᠨ ᠨᠢᠭᠡ ᠪᠣᠯᠵᠠᠶ᠃

ᠲᠡᠭᠡᠪᠡᠯ ᠲᠥᠮᠥᠰᠥ᠍ ᠬᠡᠷᠬᠢᠨ ᠳᠤᠮᠳᠠᠳᠤ ᠤᠯᠤᠰ᠎ᠲᠤ 《ᠨᠤᠲᠤᠭ᠍ᠰᠢᠬᠰᠠᠨ》 ᠪᠣᠢ?

ᠲᠥᠮᠥᠰᠥ᠎ᠶ᠋ᠢᠨ ᠳᠤᠮᠳᠠᠳᠤ ᠤᠯᠤᠰ᠎ᠲᠤ ᠣᠷᠣᠵᠤ ᠢᠷᠡᠭᠰᠡᠨ ᠪᠣᠳᠠᠲᠠᠶ ᠴᠠᠭ᠎ᠢ ᠮᠥᠨ ᠯᠡ ᠱᠢᠯᠭᠠᠨ ᠨᠤᠲᠠᠯᠠᠬᠤ ᠴᠢᠬᠤᠯᠠᠲᠠᠶ᠃ ᠭᠡᠬᠦ ᠳ᠋ᠡᠭᠡᠨ ᠮᠢᠩ ᠤᠯᠤᠰ᠎ᠤᠨ ᠰᠡᠭᠦᠯᠴᠢ᠎ᠶ᠋ᠢᠨ ᠦᠶ᠎ᠡ᠎ᠳᠦ᠂ 《ᠴᠠᠩ ᠠᠨ᠎ᠤ ᠰᠤᠯᠠ ᠶᠠᠷᠢᠶ᠎ᠠ》᠎ᠶ᠋ᠢᠨ ᠬᠣᠶᠠᠳᠤᠭᠠᠷ ᠪᠣᠲᠢ 《ᠬᠠᠭᠠᠨ ᠤ᠋ ᠬᠤᠳᠠ ᠵᠢᠨ ᠰᠤᠯᠠ ᠲᠡᠮᠳᠡᠭ᠌ᠯᠡᠯ》᠎ᠳ᠋ᠤ᠄ 《ᠲᠥᠮᠥᠰᠥ᠍ ᠪᠣᠯ ᠦ᠋ ᠵᠦᠩ᠎ᠤᠨ ᠯᠣᠬᠠᠱᠧᠩ ᠪᠠ ᠠᠮᠲᠠᠲᠤ ᠲᠥᠮᠥᠰᠥ ᠲᠡᠶ ᠡᠭᠡᠭᠡ ᠠᠳᠠᠯᠢᠬᠠᠨ ᠁》 ᠭᠡᠵᠤ ᠳᠡᠮᠳᠡᠭᠯᠡᠭᠰᠡᠨ ᠪᠠᠢᠳᠠᠭ᠃

ᠠᠮᠳᠠᠳᠤ ᠲᠥᠮᠥᠰᠥ᠍᠂ ᠡᠷᠳᠡᠨᠢ ᠱᠢᠰᠢ᠎ᠶ᠋ᠢᠨ ᠰᠠᠴᠤᠷᠠᠯᠲᠠ᠎ᠶ᠋ᠢᠨ ᠬᠡᠯᠪᠡᠷᠢ᠎ᠪᠦᠬᠦᠢ ᠲᠠᠷᠬᠠᠯᠳᠠ ᠵᠢᠨ ᠠᠷᠭ᠎ᠠ ᠮᠠᠶᠢᠭ᠎ᠲᠠᠶ ᠠᠳᠠᠯᠢ ᠥᠬᠡᠶ ᠨᠢ ᠭᠡᠪᠡᠯ᠂ ᠲᠥᠮᠥᠰᠥ᠎ᠶ᠋ᠢᠨ ᠡᠷᠲᠡ ᠦᠶ᠎ᠡ᠎ᠶ᠋ᠢᠨ ᠲᠠᠷᠬᠠᠯᠲᠠ ᠨᠢ ᠠᠭᠤᠷ ᠠᠮᠢᠰᠭᠤᠯ᠎ᠢᠶᠠᠷ ᠣᠷᠣᠨ ᠬᠤᠪᠢᠶᠠᠨ ᠪᠦᠷᠬᠦᠬᠦ᠌ ᠣᠨᠴᠠᠯᠢᠭ᠎ᠲᠠᠶ ᠪᠠᠢᠳᠠᠭ᠂ ᠲᠥᠮᠥᠰᠥ᠎ᠶ᠋ᠢᠨ ᠤᠷᠭᠤᠯᠲᠠ᠎ᠶ᠋ᠢᠨ ᠦᠶᠡᠯᠡᠯ᠎ᠦᠨ ᠬᠤᠭᠤᠴᠠᠭ᠎ᠠ ᠨᠢ ᠣᠬᠣᠷ᠂ ᠨᠡᠯᠢᠶᠡᠳ ᠥᠨᠳᠥᠷ ᠡᠷᠭᠦᠭ᠌ᠳᠡᠴᠡ ᠪᠤᠶᠤ ᠨᠡᠯᠢᠶᠡᠳ ᠥᠨᠳᠥᠷ ᠥᠷᠭᠡᠷᠢᠭ᠎ᠦᠨ ᠭᠠᠵᠠᠷ ᠣᠷᠣᠨ᠎ᠤ ᠰᠡᠷᠢᠬᠦᠨ ᠬᠦᠶ᠋ᠲᠡᠨ ᠲᠠᠷᠢᠶᠠᠯᠠᠩ᠎ᠤᠨ ᠦᠶ᠋ᠯᠡᠳᠪᠦᠷᠢᠯᠡᠯ᠎ᠦᠨ ᠣᠷᠴᠢᠨ ᠲᠣᠭᠣᠷᠢᠨ᠎ᠳᠤ ᠵᠣᠬᠢᠴᠠᠵᠤ ᠴᠢᠳᠠᠳᠠᠭ᠎ᠠᠴᠠ ᠤᠯᠠᠮᠵᠢᠯᠠᠬᠳᠠᠨ ᠢᠷᠡᠮᠡᠭᠴᠡ ᠲᠠᠷᠢᠮᠠᠯ᠎ᠤᠨ ᠪᠦᠲᠦᠴᠡ᠎ᠶ᠋ᠢ ᠬᠤᠪᠢᠷᠠᠭᠤᠯᠵᠤ᠂ ᠭᠠᠵᠠᠷ ᠱᠢᠷᠣᠶ᠎ᠶ᠋ᠢᠨ ᠠᠱᠢᠭ᠍ᠯᠠᠯᠲᠠ᠎ᠶ᠋ᠢᠨ ᠨᠣᠷᠮ᠎ᠠ᠎ᠶ᠋ᠢ ᠳᠡᠭᠡᠭ᠌ᠰᠢᠯᠡᠭᠦᠯᠵᠦ᠍᠂ ᠰᠢᠯᠢᠳᠡᠭ ᠰᠠᠢᠨ ᠠᠵᠤ ᠠᠬᠤᠶ᠎ᠶ᠋ᠢᠨ ᠥᠷᠲᠡᠭ᠎ᠢ ᠡᠭᠦᠳᠴᠦ᠍᠂ ᠳᠤᠮᠳᠠᠳᠤ ᠤᠯᠤᠰ᠎ᠤᠨ ᠲᠠᠷᠢᠶᠠᠯᠠᠩ᠎ᠤᠨ ᠬᠥᠭ᠌ᠵᠢᠯᠲᠡ᠎ᠳᠦ ᠠᠯᠤᠰ ᠬᠡᠲᠦ᠍᠎ᠶ᠋ᠢᠨ ᠲᠡᠦᠬᠡᠳᠤ ᠨᠥᠯᠥᠭᠡ ᠦᠵᠡᠭᠦᠯᠦᠭ᠌ᠰᠡᠨ ᠪᠢᠯᠡ᠃

ᠣᠷᠴᠢᠨ ᠦᠶ᠎ᠡ᠎ᠡᠴᠡ ᠨᠠᠭᠠᠰᠢ᠂ ᠨᠡᠭᠦᠳᠡᠯ ᠢᠷᠭᠡᠨ ᠵᠢᠴᠢ ᠭᠠᠵᠠᠷ ᠱᠢᠷᠣᠶ᠎ᠶ᠋ᠢᠨ ᠬᠠᠭᠠᠯᠪᠤᠷᠢᠯᠠᠯᠲᠠ᠎ᠶ᠋ᠢᠨ ᠦᠷᠭᠦᠯᠵᠢᠯᠡᠨ ᠭᠦᠨᠵᠡᠭᠡᠢᠷᠡᠬᠦ᠌᠎ᠶ᠋ᠢ ᠳᠠᠭᠠᠯᠳᠤᠨ᠂ ᠲᠥᠮᠥᠰᠥ᠍ ᠥᠪᠥᠷ ᠮᠣᠩᠭᠣᠯ ᠣᠷᠣᠨ᠎ᠳᠤ ᠥᠷᠭᠡᠨ᠎ᠢᠶᠡᠷ ᠤᠯᠠᠮᠵᠢᠯᠠᠭ᠍ᠳᠠᠨ ᠣᠷᠣᠵᠤ ᠢᠷᠡᠭ᠌ᠰᠡᠨ ᠪᠥᠭᠡᠳ ᠲᠤᠬᠠᠶ᠎ᠶ᠋ᠢᠨ ᠭᠠᠵᠠᠷ᠎ᠤᠨ ᠨᠡᠢᠭᠡᠮ᠎ᠦᠨ ᠦᠶ᠋ᠯᠡᠳᠪᠦᠷᠢᠯᠡᠯ ᠪᠠ ᠠᠮᠢᠳᠤᠷᠠᠯ᠎ᠳᠤ ᠦᠳᠲᠡᠷ ᠲᠦᠷᠭᠡᠨ ᠠᠭᠤᠰᠤᠨ ᠤᠷᠤᠭ᠍ᠰᠠᠨ ᠪᠠᠢᠨ᠎ᠠ᠃

ᠤᠷᠴᠢᠨ ᠳᠤᠭᠤᠷᠢᠨ ᠳ᠋ᠠᠭᠠᠨ ᠠᠮᠠᠷᠬᠠᠨ ᠵᠤᠬᠢᠴᠠᠵᠥ ᠴᠢᠳᠠᠳᠠᠭ᠎ᠤᠨ ᠨᠢᠬᠡ ᠨᠢ ᠲᠥᠮᠥᠰᠥ᠍ ᠶᠤᠮ᠃

ᠲᠥᠮᠥᠰᠥ᠎ᠶ᠋ᠢ ᠡᠯ᠎ᠡ ᠭᠠᠵᠠᠷ᠎ᠲᠤ ᠱᠢᠯᠵᠢᠭᠦᠯᠦᠨ ᠳᠠᠷᠢᠭ᠍ᠰᠠᠨ᠎ᠤ ᠳᠠᠷᠠᠭ᠎ᠠ᠂ ᠮᠠᠰᠢ ᠲᠦᠷᠭᠡᠨ᠎ᠢᠶᠡᠷ ᠲᠤᠬᠠᠶ᠎ᠶ᠋ᠢᠨ ᠭᠠᠵᠠᠷ᠎ᠲᠦ ᠵᠤᠬᠢᠴᠠᠵᠤ᠂ ᠴᠠᠭ᠂ ᠭᠠᠵᠠᠷ ᠣᠷᠣᠨ᠎ᠤ ᠠᠳᠠᠯᠢ ᠪᠤᠰᠤ᠎ᠠᠴᠠ ᠪᠣᠯᠵᠣ᠂ ᠮᠠᠰᠢ ᠣᠯᠠᠨ ᠤᠨᠳᠤᠤ ᠨᠡᠷ᠎ᠡ ᠪᠠ ᠡᠩ᠎ᠦᠨ ᠨᠡᠷᠡᠢᠳᠦᠯ ᠲᠠᠢ ᠪᠣᠯᠵᠠᠢ᠃ ᠵᠡᠭᠦᠨ ᠬᠣᠢᠲᠤ ᠤᠷᠤᠨ ᠳ᠋ᠦ ᠲᠡᠭᠦᠨ᠎ᠢ ᠲᠥᠮᠥᠰᠥ᠍ ᠭᠡᠳᠡᠭ; ᠤᠮᠠᠷᠠᠲᠤ ᠣᠷᠣᠨ᠎ᠳᠤ᠂ ᠬᠥᠮᠦᠰ ᠲᠡᠭᠦᠨ᠎ᠢ ᠨᠠᠩᠭᠢ ᠴᠠᠭᠠᠨ ᠥᠨᠳᠡᠭᠡ ᠭᠡᠳᠡᠭ; ᠵᠢᠶᠠᠩᠰᠦ ᠵᠧᠵᠢᠶᠠᠩ ᠣᠷᠴᠢᠮ᠂ ᠲᠡᠭᠦᠨ᠎ᠢ ᠠᠮᠲᠠᠲᠤ ᠲᠥᠮᠥᠰᠥ᠍ ᠭᠡᠳᠡᠭ; ᠭᠤᠸᠠᠩᠳᠦ᠋ᠩ ᠣᠷᠣᠨ ᠳ᠋ᠤ ᠲᠥᠮᠥᠰᠥᠨ ᠴᠢᠬᠢ ᠭᠡᠳᠡᠭ᠃

ᠲᠥᠮᠥᠰᠥ ᠵᠢ ᠥᠪᠥᠷ ᠮᠣᠩᠭᠣᠯ ᠤᠷᠤᠨ ᠳ᠋ᠤ ᠶᠡᠬᠡᠩᠬᠢ ᠳ᠋ᠡᠬᠡᠨ ᠨᠠᠩᠭᠢ ᠴᠠᠭᠠᠨ ᠭᠡᠳᠡᠭ᠂ ᠵᠢᠱ᠌ᠢᠶᠡᠯᠡᠪᠡᠯ 《ᠰᠦᠢᠶᠤᠸᠠᠨ᠎ᠤ ᠨᠡᠪᠲᠡᠷᠬᠡᠢ ᠣᠢᠯᠠᠯᠭ᠎ᠠ》᠎ᠳᠤ ᠲᠡᠮᠳᠡᠭ᠌ᠯᠡᠭ᠌ᠰᠡᠨ᠎ᠢᠶᠡᠷ᠄ 《ᠨᠠᠩᠭᠢ ᠴᠠᠭᠠᠨ ᠬᠣᠶᠠᠷ ᠵᠦᠢᠯ ᠪᠤᠢ᠂ ᠬᠡᠯᠪᠡᠷᠢ ᠳᠦᠷᠰᠦ ᠨᠢ ᠤᠷᠲᠤᠯᠵᠢᠨ᠎ᠢ ᠨᠠᠩᠭᠢ ᠴᠠᠭᠠᠨ ᠭᠡᠳᠡᠭ ᠁ ᠪᠦᠬᠡᠷᠡᠩᠬᠡᠢ ᠬᠡᠯᠪᠡᠷᠢ ᠳᠠᠢ ᠵᠢ ᠨᠢ ᠪᠦᠬᠡᠷᠡᠩᠬᠡᠢ ᠨᠠᠩᠬᠢ ᠴᠠᠭᠠᠨ᠂ ᠳᠠᠷᠤᠢ ᠲᠥᠮᠥᠰᠥ ᠪᠤᠯᠤᠨ᠎ᠠ》᠃

ᠳᠦᠮᠦᠰᠦ ᠬᠡᠳᠦᠢ ᠤᠯᠠᠨ ᠨᠡᠷᠡᠢᠳᠦᠯ ᠳᠠᠢ ᠪᠠᠢᠬᠰᠠᠨ ᠴᠦ᠍᠂ ᠨᠢᠭᠡ ᠵᠦᠢᠯ ᠨᠢ ᠨᠢᠭᠡᠨᠲᠡ ᠰᠡᠵᠢᠭ᠌ᠯᠡᠯ ᠦᠭᠡᠢ ᠪᠣᠯᠵᠠᠢ᠄ ᠲᠥᠮᠥᠰᠥ᠍ ᠭᠡᠳᠡᠭ ᠡᠨᠡ ᠬᠦ᠌ 《ᠬᠠᠷᠢ ᠵᠢᠨ ᠵᠣᠴᠢᠨ》᠂ ᠨᠢᠭᠡᠨᠲᠡ ᠠᠮᠵᠢᠯᠲᠠ᠎ᠲᠠᠶ ᠪᠠᠷ 《ᠨᠤᠲᠤᠭ᠎ᠤᠨ ᠡᠵᠡᠨ》 ᠪᠤᠯᠪᠡ᠃ ᠣᠳᠣᠬᠠᠨ᠎ᠳᠤ᠂ ᠳᠤᠮᠳᠠᠳᠤ ᠤᠯᠤᠰ ᠨᠢᠭᠡᠨᠲᠡ ᠳᠡᠯᠡᠬᠡᠢ᠎ᠶ᠋ᠢᠨ ᠨᠢᠭᠡᠳᠦᠭᠡᠷ ᠲᠥᠮᠥᠰᠥ᠍ ᠦᠢᠯᠡᠳᠪᠦᠷᠢᠯᠡᠬᠦ᠌ ᠲᠤᠮᠤ ᠤᠯᠤᠰ ᠪᠤᠯᠵᠤ᠂ ᠲᠥᠮᠥᠰᠥ᠍ ᠴᠦ᠍ 《ᠭᠠᠳᠠᠭᠠᠳᠤ ᠡᠴᠡ ᠤᠷᠤᠭᠤᠯᠤᠭᠰᠠᠨ ᠪᠦᠲᠦᠭᠡᠭ᠌ᠳᠡᠬᠦᠨ》 ᠡᠴᠡ 《ᠨᠤᠲᠤᠭ᠎ᠤᠨ ᠣᠨᠴᠠ ᠭᠠᠷᠤᠯᠲᠠ》 ᠪᠣᠯᠤᠭ᠍ᠰᠠᠨ ᠪᠠᠢᠨ᠎ᠠ᠃

ᠡᠭᠡᠯ ᠶᠡᠷᠦᠮᠳᠡᠭ ᠲᠠᠷᠢᠮᠠᠯ ᠪᠠ ᠰᠤᠶᠤᠯ ᠤ᠋ᠨ ᠠᠭᠤᠰᠤᠯᠴᠠᠯ

ᠲᠠᠨᠭᠰᠤᠭ ᠢᠳᠡᠭᠡᠨ ᠨᠢ ᠵᠢᠷᠤᠭ ᠮᠡᠳᠤ ᠭᠤᠢᠳᠠ ᠦᠵᠡᠮᠵᠢ ᠡᠴᠡ ᠢᠷᠡᠯᠳᠠᠢ᠃

ᠬᠥᠬᠡᠮᠳᠦᠭ ᠤᠰᠤᠨ ᠳ᠋ᠦ᠎ᠬᠦᠭᠡ ᠲᠡᠭᠷᠢ ᠲᠤᠨᠤᠷᠠᠨ ᠴᠡᠩᠭᠡᠷᠯᠡᠵᠦ᠂ ᠬᠠᠷᠠᠬᠤᠶ᠎ᠠ ᠰᠢᠯᠦᠭ ᠵᠢᠷᠤᠭ ᠬᠡᠮᠡᠷ ᠦᠵᠡᠰᠬᠦᠯᠡᠨᠭᠳᠠᠢ ᠰᠠᠢᠬᠠᠨ᠃ ᠥᠪᠥᠷ ᠮᠣᠩᠭᠣᠯ᠎ᠨᠢ ᠤᠯᠠᠨ᠎ᠡᠴᠡ ᠬᠡᠲᠦᠢᠳᠦᠭ᠌ᠰᠡᠨ ᠦᠵᠡᠰᠭᠦᠯᠡᠩ ᠰᠠᠢᠬᠠᠨ᠎ᠢᠶᠠᠷ᠎ᠢᠶᠠᠨ ᠪᠤᠬᠢᠷᠳᠤᠯ ᠦᠭᠡᠢ ᠭᠸᠨ᠎ᠤ ᠪᠦᠲᠦᠴᠡ᠎ᠶ᠋ᠢ ᠠᠶᠠᠨᠳᠠᠭᠠᠨ ᠪᠤᠢ ᠪᠣᠯᠭᠠᠭ᠍ᠰᠠᠨ ᠪᠠᠢᠨ᠎ᠠ᠃

ᠥᠪᠥᠷ ᠮᠣᠩᠭᠣᠯ ᠥᠨᠳᠥᠷᠯᠢᠭ᠎ᠲᠦ ᠪᠠᠢᠷᠢᠯᠠᠵᠤ᠂ ᠠᠭᠤᠷ ᠠᠮᠢᠰᠭᠤᠯ ᠬᠦᠶ᠋ᠲᠡᠨ ᠰᠡᠷᠢᠭᠦᠨ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠶᠡᠬᠡ᠂ ᠬᠡᠷᠡᠯ᠎ᠦᠨ ᠲᠤᠰᠤᠯᠲᠠ ᠴᠢᠩᠭ᠎ᠠ ᠪᠠᠢᠵᠤ ᠲᠥᠮᠥᠰᠥ᠎ᠶ᠋ᠢᠨ ᠥᠰᠥᠯᠲᠡ ᠪᠣᠢᠵᠢᠯᠲᠠ᠎ᠳᠤ ᠲᠤᠢᠯ᠎ᠤᠨ ᠠᠱᠢᠭ᠍ᠲᠠᠶ ᠪᠠᠢᠳᠠᠭ᠃ ᠡᠭᠦᠨ᠎ᠦ ᠵᠡᠷᠭᠡ ᠪᠡᠷ᠂ ᠭᠣᠸ᠋ᠯ ᠭᠠᠷᠤᠯᠲᠠ᠎ᠶ᠋ᠢᠨ ᠣᠷᠣᠨ᠎ᠤ ᠠᠭᠠᠷ ᠬᠠᠭᠤᠷᠠᠶ᠂ ᠰᠠᠯᠬᠢᠨ᠎ᠤ ᠬᠤᠷᠳᠤᠴᠠ ᠶᠡᠬᠡ᠂ ᠬᠣᠸ᠋ᠷ ᠳᠠᠮᠵᠢᠭᠤᠯᠬᠤ ᠵᠠᠭᠤᠴᠢ ᠴᠥᠭᠡᠨ᠂ ᠡᠪᠡᠳᠴᠢᠨ ᠬᠣᠷᠣᠬᠠᠶ᠎ᠶ᠋ᠢᠨ ᠬᠦᠨᠦᠭᠡᠯ ᠡᠭᠦᠰᠭᠦ ᠨᠣᠷᠮ᠎ᠠ ᠳᠣᠸ᠋ᠷ᠎ᠠ ᠪᠠᠢᠵᠤ᠂ ᠲᠥᠮᠥᠰᠥ᠍᠂ ᠢᠯᠠᠩᠭᠤᠶ᠎ᠠ ᠦᠷ᠎ᠠ᠎ᠶ᠋ᠢᠨ ᠲᠥᠮᠥᠰᠥ᠍ ᠦᠶ᠋ᠯᠡᠳᠪᠦᠷᠢᠯᠡᠬᠦ᠌ ᠲᠣᠪᠣᠢᠮ᠎ᠠ ᠳᠠᠪᠠᠭᠤᠯᠢᠭ᠎ᠲᠠᠶ ᠪᠠᠢᠳᠠᠭ᠃

ᠲᠥᠮᠥᠰᠥ᠎ᠳᠦ ᠮᠠᠰᠢ ᠥᠨᠳᠥᠷ ᠱᠢᠮ᠎ᠡ ᠲᠡᠵᠢᠭᠡᠯ᠎ᠦᠨ ᠥᠷᠲᠡᠭ ᠪᠠ ᠡᠮ᠎ᠳᠦ ᠬᠡᠷᠡᠭ᠌ᠯᠡᠬᠦ᠌ ᠥᠷᠲᠡᠭ᠎ᠲᠡᠶ ᠪᠠᠢᠵᠤ᠂ ᠨᠠᠰᠤᠳᠠᠢᠴᠤᠳ ᠤ᠋ᠨ ᠡᠪᠡᠳᠴᠢᠨ ᠡᠮᠭᠡᠭ᠎ᠢ ᠰᠡᠷᠭᠡᠢᠯᠡᠬᠦ᠌᠎ᠳᠦ ᠲᠤᠰᠠᠲᠠᠶ ᠢᠳᠡᠭᠡᠨ᠎ᠦ ᠢᠰᠦᠯᠳᠦᠬᠦ᠌᠎ᠶ᠋ᠢ ᠡᠰᠡᠷᠭᠦᠴᠡᠬᠦ᠌ ᠡᠳ᠋ ᠵᠢᠴᠢ ᠶᠡᠬᠡ ᠬᠡᠮᠵᠢᠶᠡᠨ᠎ᠦ ᠴᠢᠨᠠᠷ ᠰᠠᠢᠲᠠᠶ ᠱᠢᠷᠬᠡᠭ᠌ᠯᠢᠭ ᠡᠳ᠋ ᠠᠭᠤᠯᠤᠭᠳᠠᠵᠤ ᠪᠠᠢᠳᠠᠭ᠎ᠡᠴᠡ 《ᠭᠠᠵᠠᠷ ᠳᠣᠸ᠋ᠷᠠᠬᠢ ᠠᠯᠮᠤᠷᠠᠳ》 ᠭᠡᠮᠡᠭᠳᠡᠳᠡᠭ᠃

ᠵᠠᠷᠢᠮ᠎ᠳᠠᠭᠠᠨ ᠲᠡᠦᠬᠡ᠎ᠶ᠋ᠢᠨ ᠴᠢᠬᠤᠯᠠ ᠶᠡᠬᠡ ᠡᠷᠭᠢᠯᠲᠡ ᠨᠢ ᠠᠮᠠᠷᠬᠠᠨ ᠰᠡᠷᠡᠵᠦ᠍ ᠮᠡᠳᠡᠳᠡᠭ ᠦᠭᠡᠢ ᠵᠢᠵᠢᠭ ᠬᠡᠷᠡᠭ ᠪᠣᠳᠠᠰ᠎ᠤᠨ ᠳᠡᠭᠡᠷ᠎ᠡ ᠨᠢᠭᠤᠭ᠍ᠳᠠᠵᠤ ᠪᠠᠢᠳᠠᠭ᠃ ᠲᠥᠮᠥᠰᠥ᠍ ᠬᠡᠳᠦᠢᠪᠡᠷ ᠨᠢᠭᠡ ᠦᠶ᠎ᠡ ᠰᠤᠳᠤᠷ ᠲᠡᠤᠭᠡᠨ ᠳ᠋ᠤ ᠲᠡᠮᠳᠡᠭᠯᠡᠭᠳᠡᠭᠡ ᠦᠭᠡᠢ ᠪᠣᠯᠪᠠᠴᠤ᠌ ᠲᠡᠭᠦᠨ᠎ᠦ ᠲᠡᠦᠬᠡᠨ ᠠᠴᠢ ᠬᠣᠯᠪᠣᠭ᠍ᠳᠠᠯ ᠨᠢ ᠭᠠᠭ᠍ᠴᠠ ᠵᠠᠷᠢᠮ ᠪᠣᠳᠠᠭᠠᠯᠢ ᠪᠡᠶ᠎ᠡ᠎ᠶ᠋ᠢᠨ ᠥᠴᠦᠬᠡᠨ ᠪᠠᠭ᠎ᠠ᠎ᠡᠴᠡ ᠪᠤᠯᠵᠤ ᠪᠠᠭᠤᠷᠠᠭ᠍ᠰᠠᠨ ᠦᠭᠡᠢ ᠶᠤᠮ᠃

《ᠨᠡᠭᠦᠳᠡᠯ ᠠᠶᠠᠯᠠᠯ》 ᠨᠢ ᠰᠣᠶᠣᠯ᠎ᠤᠨ ᠠᠭᠤᠰᠤᠯᠴᠠᠯ᠎ᠢ ᠠᠪᠴᠢᠷᠠᠪᠠ᠃ ᠲᠥᠮᠥᠰᠥ᠍ ᠨᠢ ᠥᠪᠥᠷ ᠮᠣᠩᠭᠣᠯ᠎ᠤᠨ ᠪᠠᠢᠭᠠᠯᠢ᠎ᠶ᠋ᠢᠨ ᠣᠷᠴᠢᠨ ᠲᠣᠭᠣᠷᠢᠨ᠎ᠳᠤ ᠵᠣᠬᠢᠴᠠᠭ᠍ᠰᠠᠨ᠎ᠪᠦᠭᠡᠳ ᠪᠠᠰᠠ ᠥᠪᠥᠷ ᠮᠣᠩᠭᠣᠯ᠎ᠤᠨ ᠨᠡᠢᠭᠡᠮ᠎ᠦᠨ ᠣᠷᠴᠢᠨ ᠲᠣᠭᠣᠷᠢᠨ᠎ᠳᠤ ᠵᠣᠬᠢᠴᠠᠵᠤ᠂ ᠥᠪᠥᠷ ᠮᠣᠩᠭᠣᠯ᠎ᠤᠨ ᠨᠤᠲᠤᠭ᠎ᠤᠨ ᠵᠠᠩ ᠦᠢᠯᠡ᠂ ᠰᠣᠶᠣᠯ᠎ᠤᠨ ᠤᠯᠠᠮᠵᠢᠯᠠᠯ ᠲᠠᠶ ᠠᠭᠤᠰᠤᠯᠴᠠᠵᠤ᠂ ᠵᠠᠷᠢᠮ ᠭᠠᠵᠠᠷ ᠣᠷᠣᠨ᠎ᠳᠤ ᠠᠭᠠᠵᠢᠮ᠎ᠢᠶᠠᠷ ᠣᠷᠣᠨ ᠨᠤᠲᠤᠭ᠎ᠤᠨ ᠣᠨᠴᠠᠯᠢᠭ ᠲᠠᠶ 《ᠲᠥᠮᠥᠰᠥ᠎ᠶ᠋ᠢᠨ ᠰᠣᠶᠣᠯ》 ᠢ᠋ ᠪᠦᠷᠢᠯᠳᠦᠭᠦᠯᠦᠭ᠌ᠰᠡᠨ ᠪᠠᠢᠨ᠎ᠠ᠃ ᠴᠢᠨᠠᠬᠰᠢᠯᠠᠭᠠᠳ ᠬᠤᠢᠳᠤᠬᠢ ᠬᠦᠮᠦᠨ ᠤ᠋ ᠬᠤᠪᠢ ᠨᠢ ᠶᠡᠭᠡ ᠭᠡᠳᠡᠭᠴᠢᠯᠡᠨ᠂ ᠶᠤᠤᠮᠠᠶ᠂ ᠬᠣᠨᠢᠨ ᠠᠷᠠᠰᠤᠨ ᠳᠡᠪᠡᠯ᠎ᠯᠤᠭᠡ ᠬᠠᠮᠲᠤ᠎ᠪᠠᠷ ᠥᠪᠥᠷ ᠮᠣᠩᠭᠣᠯ᠎ᠤᠨ ᠭᠠᠷᠤᠯᠲᠠ᠎ᠶ᠋ᠢᠨ 《ᠭᠤᠷᠪᠠᠨ ᠡᠷᠳᠡᠨᠢ》 ᠶ᠋ᠢᠨ ᠨᠢᠭᠡ ᠪᠣᠯᠤᠬᠰᠡᠨ ᠪᠠᠢᠨ᠎ᠠ᠃

ᠲᠥᠮᠥᠰᠥ᠎ᠶ᠋ᠢ ᠬᠠᠭᠤᠷᠴᠤ᠌ ᠬᠠᠭᠠᠷᠢᠬᠤ᠂ ᠪᠤᠴᠠᠯᠭᠠᠵᠤ ᠴᠢᠨᠠᠬᠤ᠂ ᠬᠦᠢᠲᠡᠨ᠎ᠢᠶᠡᠷ ᠬᠣᠯᠢᠬᠤ᠂ ᠨᠦᠳᠦᠬᠦ᠂ ᠱᠢᠷᠠᠬᠤ᠎ᠵᠡᠷᠭᠡ ᠪᠡᠷ ᠪᠦᠷ ᠡᠳ᠋ᠯᠡᠵᠦ ᠪᠤᠯᠳᠠᠭ᠃ ᠲᠥᠮᠥᠰᠥᠨ᠎ᠦ ᠵᠦᠰᠦᠮ᠂ ᠲᠥᠮᠥᠰᠥᠨ᠎ᠦ ᠪᠣᠣᠪᠣ᠂ ᠲᠦᠮᠦᠰᠤᠨ ᠤ᠋ ᠰᠢᠩᠭᠡᠨ ᠪᠤᠳᠠᠭ᠎ᠠ᠂ ᠴᠢᠨᠠᠭ᠍ᠰᠢᠯᠠᠪᠠᠯ ᠲᠥᠮᠥᠰᠥᠨ᠎ᠦ ᠡᠭᠡᠳᠡᠭ᠌ᠰᠡᠨ ᠰᠦ ᠲᠠᠢ ᠪᠣᠣᠪᠣ᠂ ᠶᠧᠪᠡᠩ᠂ ᠪᠢᠩᠭᠠᠨ᠂ ᠲᠠᠯᠬ᠎ᠠ ᠁ ᠬᠠᠷ᠎ᠠ ᠴᠠᠶ ᠬᠠᠷᠠᠰᠤ ᠪᠤᠳᠠᠭ᠎ᠠ ᠡᠴᠡ ᠠᠪᠤᠭᠠᠳ 《ᠪᠠᠶᠠᠳ ᠢᠵᠡᠭᠤᠷᠳᠠᠳ᠎ᠤᠨ ᠦᠪᠡᠳᠡᠭ᠌ᠰᠢ ᠨᠠᠢᠷ》 ᠬᠦᠷᠲᠡᠯ᠎ᠡ᠂ ᠲᠥᠮᠥᠰᠥ᠎ᠶ᠋ᠢ ᠮᠢᠩᠭ᠎ᠠ ᠲᠦᠮᠡᠡ ᠵᠦᠢᠯ᠎ᠢᠶᠡᠷ ᠬᠤᠪᠢᠷᠠᠭᠤᠯᠤᠨ᠂ ᠬᠥᠮᠦᠰ᠎ᠦᠨ ᠬᠣᠭᠣᠯᠠᠨ ᠱᠢᠷᠡᠭᠡᠨ᠎ᠳᠦ ᠭᠠᠷᠭᠠᠵᠦ ᠪᠤᠢ᠃

ᠲᠥᠮᠥᠰᠥ᠍ ᠲᠣᠭ᠎ᠠ ᠲᠣᠮᠰᠢ ᠦᠭᠡᠢ ᠬᠦᠮᠦᠰ᠎ᠤᠨ ᠬᠦᠰᠡᠯ ᠱᠠᠭᠠᠷᠳᠠᠯᠭ᠎ᠠ ᠵᠢ ᠬᠠᠩᠭᠠᠬᠤ᠎ᠶ᠋ᠢᠨ ᠵᠡᠷᠭᠡ ᠪᠡᠷ ᠪᠠᠰᠠ ᠠᠭᠠᠵᠢᠮ᠎ᠢᠶᠠᠷ ᠨᠢᠭᠡ ᠵᠦᠢᠯ᠎ᠦᠨ ᠰᠣᠶᠣᠯ᠎ᠤᠨ ᠭᠧᠨ ᠪᠣᠯᠪᠠ᠄ ᠡᠭᠡᠯ ᠶᠡᠷᠦᠮᠳᠡᠭ ᠭᠠᠳᠠᠷ ᠪᠠᠢᠳᠠᠯ ᠳᠣᠣᠷ᠎ᠠ᠂ ᠬᠦᠨᠳᠦ ᠡᠭᠦᠷᠭᠡ᠎ᠶ᠋ᠢ ᠡᠭᠦᠷᠭᠡᠯᠡᠵᠦ᠍ ᠳᠡᠢᠯᠬᠦ᠌ ᠬᠠᠷᠢᠭᠤᠴᠠᠯᠭ᠎ᠠ ᠨᠢᠭᠤᠭ᠍ᠳᠠᠵᠤ ᠪᠠᠢᠳᠠᠭ᠃

2015 ᠣᠨ᠎ᠳᠤ᠂ ᠤᠯᠤᠰ᠎ᠤᠨ ᠲᠠᠷᠢᠶᠠᠯᠠᠩ᠎ᠤᠨ ᠭᠤᠤᠯᠯᠠᠨ ᠬᠠᠮᠢᠶᠠᠷᠬᠤ ᠰᠠᠯᠠᠭ᠎ᠠ ᠮᠥᠴᠢᠷ᠎ᠡᠴᠡ ᠲᠥᠮᠥᠰᠥ᠎ᠶ᠋ᠢ ᠭᠣᠸ᠋ᠯ ᠠᠮᠤ ᠪᠣᠯᠭᠠᠬᠤ ᠪᠠᠢᠯᠳᠤᠬᠤ ᠪᠣᠳᠣᠯᠭ᠎ᠠ᠎ᠶ᠋ᠢ ᠵᠢᠩᠬᠢᠨᠢ᠎ᠪᠡᠷ ᠳᠤᠷᠠᠳᠴᠤ᠂ ᠲᠥᠮᠥᠰᠥ᠎ᠶ᠋ᠢ ᠳᠤᠮᠳᠠᠳᠤ ᠤᠯᠤᠰ᠎ᠤᠨ ᠬᠥᠮᠦᠨ᠎ᠦ ᠢᠳᠡᠭᠡᠨ ᠤᠮᠳᠠᠭᠠᠨ᠎ᠤ ᠳᠠᠳᠭᠠᠯ᠎ᠳᠤ ᠨᠡᠢᠴᠡᠭ᠌ᠰᠡᠨ ᠮᠠᠨᠲᠠᠸ᠋᠂ ᠮᠢᠨᠲᠤᠤᠷ᠂ ᠲᠤᠳᠤᠷᠭᠠᠨ ᠭᠤᠯᠢᠷ ᠤ᠋ᠨ ᠮᠢᠨᠳᠤᠤᠷ ᠵᠡᠷᠭᠡ ᠭᠣᠸ᠋ᠯ ᠢᠳᠡᠭᠡᠨ᠎ᠦ ᠦᠶ᠋ᠯᠡᠳᠬᠦᠨ ᠪᠣᠯᠭᠠᠨ ᠪᠣᠯᠪᠠᠰᠤᠷᠠᠭᠤᠯᠬᠤ᠎ᠶ᠋ᠢ ᠰᠠᠨᠠᠭᠠᠴᠢᠯᠠᠪᠠ᠃ ᠮᠠᠨ᠎ᠤ ᠤᠯᠤᠰ᠎ᠤᠨ ᠪᠤᠭᠤᠳᠠᠢ᠂ ᠡᠷᠳᠡᠨᠢ ᠱᠢᠰᠢ᠂ ᠤᠰᠤᠨ ᠲᠤᠲᠤᠷᠭ᠎ᠠ ᠵᠡᠷᠭᠡ ᠭᠤᠷᠪᠠᠨ ᠶᠡᠬᠡ ᠭᠣᠣᠯ ᠠᠮᠤ᠎ᠶ᠋ᠢᠨ ᠨᠥᠬᠥᠪᠥᠷᠢ ᠪᠣᠯᠤᠭ᠍ᠰᠠᠨ᠎ᠤ ᠬᠤᠪᠢ᠎ᠳᠤ᠂ ᠠᠭᠠᠵᠢᠮ᠎ᠢᠶᠠᠷ ᠳᠥᠷᠪᠡᠳᠦᠭᠡᠷ ᠶᠡᠬᠡ ᠭᠣᠣᠯ ᠠᠮᠤ᠎ᠶ᠋ᠢᠨ ᠲᠠᠷᠢᠮᠠᠯ ᠪᠣᠯᠪᠠ᠃ ᠲᠥᠮᠥᠰᠥᠨ᠎ᠦ ᠠᠵᠤ ᠦᠢᠯᠡᠰ ᠡᠳᠦᠷ ᠢᠷᠡᠬᠦᠶ᠎ᠡ ᠪᠤᠵᠠᠭᠠᠢᠷᠠᠵᠤ᠂ ᠤᠯᠤᠰ᠎ᠤᠨ ᠠᠮᠤ ᠪᠤᠳᠠᠭᠠᠨ᠎ᠤ ᠠᠮᠤᠷ ᠲᠦᠪᠱᠢᠨ᠎ᠢ ᠪᠠᠲᠤᠯᠠᠬᠤ ᠳᠤᠮᠳᠠᠬᠢ ᠦᠷᠳᠡᠭ ᠤᠯᠠᠮ ᠲᠤᠪᠤᠢ᠌ᠵᠤ ᠪᠠᠢᠨ᠎ᠠ᠃

ᠣᠳᠣᠬᠠᠨ᠎ᠳᠤ ᠲᠥᠮᠥᠰᠥ ᠪᠡᠷ ᠨᠣᠭᠣᠭ᠎ᠠ ᠵᠠᠭᠤᠰᠢ ᠪᠣᠯᠭᠠᠵᠤ ᠪᠣᠯᠬᠤ ᠪᠦᠭᠡᠳ ᠪᠠᠰᠠ ᠭᠣᠣᠯ ᠢᠳᠡᠭᠡᠨ ᠪᠣᠯᠭᠠᠵᠤ ᠪᠣᠯᠤᠨ᠎ᠠ᠂ ᠳᠥᠭᠥᠮᠬᠡᠨ ᠬᠣᠭᠣᠯᠠ ᠬᠢᠵᠦ᠍ ᠢᠳᠡᠵᠦ᠍ ᠪᠣᠯᠬᠤ ᠪᠦᠭᠡᠳ ᠪᠠᠰᠠ ᠲᠦᠭᠦᠬᠡᠶ ᠮᠠᠲ᠋ᠧᠷᠢᠶᠠᠯ ᠪᠣᠯᠭᠠᠵᠤ ᠴᠠᠷᠳᠠᠭᠤᠯ᠂ ᠰᠫᠢᠷᠲ ᠪᠣᠯᠤᠨ ᠡᠯ᠎ᠡ ᠵᠦᠢᠯ᠎ᠦᠨ ᠢᠳᠡᠭᠡᠨ᠎ᠢ ᠦᠢᠯᠡᠳᠪᠦᠷᠢᠯᠡᠵᠦ᠍ ᠪᠣᠯᠤᠨ᠎ᠠ᠂ ᠡᠨᠡ ᠨᠢ ᠨᠢᠭᠡᠨᠲᠡ ᠬᠥᠮᠦᠰ᠎ᠦᠨ ᠡᠳᠦᠷ ᠲᠤᠲᠤᠮ᠎ᠤᠨ ᠠᠮᠢᠳᠤᠷᠠᠯ᠎ᠤᠨ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ ᠪᠠᠢᠨ᠎ᠠ᠃

ᠲᠥᠮᠥᠰᠥ᠎ᠶ᠋ᠢᠨ ᠥᠪᠥᠷ ᠮᠣᠩᠭᠣᠯ᠎ᠳᠠᠬᠢ ᠦᠯᠢᠭᠡᠷ᠎ᠡᠨᠡᠦᠭᠡᠨ᠎ᠢᠶᠡᠷ ᠵᠤᠭᠰᠤᠬᠤ ᠦᠭᠡᠢ᠃

ᠲᠥᠮᠥᠰᠥ᠎ᠶ᠋ᠢᠨ 《ᠬᠡᠯᠬᠢᠶ᠎ᠡ》᠎ᠶ᠋ᠢ ᠪᠤᠵᠠᠭᠠᠢᠷᠠᠭᠤᠯᠵᠤ ᠤᠯᠠᠮᠵᠢᠯᠠᠨ ᠱᠢᠨ᠎ᠡ᠎ᠶ᠋ᠢ ᠡᠭᠦᠳᠪᠠ

ᠠᠳᠠᠯᠢ ᠪᠤᠰᠤ ᠠᠭᠤᠯᠠ ᠤᠰᠤ ᠨᠢ ᠢᠳᠡᠭᠡᠨ ᠤᠮᠳᠠᠭᠠᠨ ᠳ᠋ᠦ ᠥᠪᠡᠷᠮᠢᠴᠡ ᠰᠢᠨᠵᠢ ᠴᠢᠨᠠᠷ᠎ᠢ ᠤᠯᠭᠤᠨ᠎ᠠ᠃ 《ᠲᠥᠮᠥᠰᠥ ᠵᠢᠨ ᠬᠣᠲᠠ》 ᠤᠯᠠᠭᠠᠨᠴᠠᠪ᠎ᠤᠨ ᠲᠥᠮᠥᠰᠥ᠍ ᠪᠣᠯ ᠳᠠᠷᠤᠶ ᠡᠢᠮᠦ᠍ ᠪᠠᠢᠳᠠᠭ᠃

ᠨᠠᠮᠤᠷ᠎ᠤᠨ ᠬᠤᠷᠢᠶᠠᠯᠲᠠ᠎ᠶ᠋ᠢᠨ ᠦᠶ᠎ᠡ᠎ᠳᠦ᠂ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠮᠧᠢ ᠬᠦᠢ ᠢᠩ ᠪᠠᠯᠭᠠᠰᠤᠨ᠎ᠳᠤ᠂ ᠲᠠᠷᠢᠶᠠᠴᠢᠳ ᠬᠤᠷᠢᠶᠠᠬᠰᠠᠨ ᠲᠥᠮᠥᠰᠥ ᠪᠡᠨ ᠠᠴᠢᠶᠠᠨ᠎ᠤ ᠮᠠᠱᠢᠨ ᠳ᠋ᠠᠭᠠᠨ ᠠᠴᠢᠵᠤ᠂ ᠲᠦᠷᠪᠡᠨ ᠵᠦᠭ ᠨᠠᠢ᠍ᠮᠠᠨ ᠵᠣᠪᠬᠢᠰ᠎ᠲᠤ ᠵᠥᠭᠡᠭᠡᠪᠦᠷᠢᠯᠡᠵᠦ᠍᠂ ᠬᠦᠪᠡᠭᠡ ᠬᠢᠵᠠᠭᠠᠷ ᠨᠢ ᠬᠠᠷᠠᠭ᠍ᠳᠠᠬᠤ ᠦᠭᠡᠢ ᠬᠡᠭᠡᠷ᠎ᠡ ᠲᠠᠯ᠎ᠠ᠎ᠳᠤ ᠲᠥᠮᠥᠰᠥ᠎ᠶ᠋ᠢᠨ ᠡᠯᠪᠡᠭ ᠬᠤᠷᠢᠶᠠᠯᠲᠠ ᠵᠢᠨ ᠪᠠᠢᠳᠠᠯ ᠬᠠᠷᠠᠭ᠍ᠳᠠᠨ᠎ᠠ᠃

ᠲᠠᠷᠢᠮᠠᠯ᠎ᠤᠨ ᠲᠣᠮᠣ ᠡᠷᠦᠬᠡ ᠳ᠋ᠤᠸᠠᠨ ᡁᠢ ᠯᠢᠨ᠎ᠦ ᠦᠵᠡᠬᠦ᠌ ᠪᠡᠷ᠂ ᠲᠡᠭᠦᠨ᠎ᠦ ᠳᠠᠷᠢᠭ᠍ᠰᠠᠨ 700 ᠭᠠᠷᠤᠶ ᠮᠥ᠍ ᠲᠥᠮᠥᠰᠥ᠎ᠨᠢ ᠵᠥᠪᠬᠡᠨ ᠨᠤᠳᠤᠭ᠎ᠤᠨ ᠭᠠᠷᠤᠯᠳᠠ ᠲᠡᠳᠦᠶ ᠪᠢᠰᠢ᠂ ᠬᠠᠷᠢᠨ ᠣᠷᠣᠯᠭ᠎ᠠ᠎ᠶ᠋ᠢ ᠨᠢ ᠨᠡᠮᠡᠭ᠌ᠳᠡᠭᠦᠯᠵᠤ ᠪᠠᠶᠠᠵᠢᠭᠤᠯᠬᠤ ᠠᠯᠳᠠᠨ ᠲᠦᠯᠬᠢᠭᠦᠷ ᠪᠣᠯᠵᠠᠢ᠃

ᠤᠯᠠᠭᠠᠨᠴᠠᠪ ᠬᠣᠲᠠ ᠤᠮᠠᠷᠠᠲᠤ ᠥᠷᠭᠡᠷᠢᠭ᠎ᠦᠨ 41 ᠭᠷᠠᠳᠦ᠋ᠰ᠎ᠲᠦ ᠪᠠᠢᠷᠢᠱᠢᠵᠤ᠂ ᠳᠤᠮᠳᠠᠴᠢ ᠪᠠᠷ ᠲᠡᠯᠡᠶ᠎ᠶ᠋ᠢᠨ ᠲᠦᠪᠱᠢᠨ᠎ᠡᠴᠡ 1400 ᠮᠧᠲ᠋ᠷ ᠡᠷᠭᠦᠭ᠌ᠳᠡᠵᠦ᠍᠂ ᠠᠭᠤᠷ ᠠᠮᠢᠰᠭᠤᠯ ᠬᠦᠶ᠋ᠲᠡᠨ ᠰᠡᠷᠢᠭᠦᠨ᠂ ᠨᠡᠷᠡᠨ᠎ᠦ ᠲᠤᠰᠤᠯᠲᠠ ᠭᠦᠶ᠋ᠴᠡᠳ᠂ ᠪᠣᠷᠣᠭᠠᠨ ᠬᠠᠯᠠᠭᠤᠨ ᠢᠵᠢᠯ ᠬᠤᠭᠤᠴᠠᠭᠠᠨ ᠳ᠋ᠦ ᠲᠤᠬᠢᠶᠠᠵᠤ᠂ ᠬᠥᠷᠥᠰᠥ᠍ ᠱᠢᠷᠣᠶ ᠴᠡᠪᠡᠷ᠂ ᠪᠠᠢᠭᠠᠯᠢ᠎ᠶ᠋ᠢᠨ ᠠᠭᠤᠷ ᠠᠮᠢᠰᠭᠤᠯ᠎ᠤᠨ ᠣᠨᠴᠠᠯᠢᠭ᠎ᠨᠢ ᠲᠥᠮᠥᠰᠥ᠎ᠶ᠋ᠢᠨ ᠤᠷᠭᠤᠯᠲᠠ᠎ᠳᠤ ᠮᠠᠰᠢ ᠲᠣᠬᠢᠷᠠᠮᠵᠢᠲᠠᠶ ᠪᠠᠢᠵᠤ᠂ ᠨᠡᠢᠲᠡ᠎ᠳᠦ ᠮᠡᠳᠡᠷᠡᠭ᠌ᠳᠡᠭ᠌ᠰᠡᠨ ᠲᠥᠮᠥᠰᠥ᠎ᠶ᠋ᠢᠨ ᠠᠵᠤ ᠦᠶ᠋ᠯᠡᠰ᠎ᠦᠨ ᠱᠢᠵᠢᠷ ᠠᠯᠲᠠᠨ ᠪᠦᠰᠡ ᠪᠣᠯᠤᠨ᠎ᠠ᠃ ᠡᠨᠳᠡᠬᠢ ᠲᠥᠮᠥᠰᠥ ᠵᠢᠨ ᠬᠠᠭᠤᠷᠠᠶ ᠪᠣᠳᠠᠰ᠎ᠤᠨ ᠠᠭᠤᠯᠤᠭ᠍ᠳᠠᠴᠠ ᠨᠢ 25%᠎ᠡᠴᠡ ᠳᠡᠭᠡᠭ᠌ᠰᠢ ᠪᠠᠢᠵᠤ᠂ ᠴᠠᠷᠳᠠᠭᠤᠯ᠂ VC᠂ ᠡᠷᠦᠳᠡᠰᠦ ᠪᠣᠳᠠᠰ᠎ᠤᠨ ᠠᠭᠤᠯᠤᠭ᠍ᠳᠠᠴᠠ ᠨᠢ ᠪᠤᠰᠤᠳ ᠭᠠᠵᠠᠷ ᠣᠷᠣᠨ᠎ᠡᠴᠡ ᠥᠨᠳᠥᠷ ᠪᠠᠢᠵᠤ᠂ ᠠᠯᠳᠧᠭᠢᠳ᠋᠎ᠦᠨ ᠲᠥᠷᠥᠯ᠎ᠦᠨ ᠠᠩᠬᠢᠯᠤᠮ᠎ᠠ ᠪᠣᠳᠠᠰ᠎ᠤᠨ ᠠᠭᠤᠯᠤᠭ᠍ᠳᠠᠴᠠ ᠨᠢ ᠨᠠᠩ ᠥᠨᠳᠥᠷ ᠪᠠᠢᠳᠠᠭ᠃

ᠴᠢᠨᠠᠷ ᠰᠠᠢᠲᠠᠶ ᠲᠥᠮᠥᠰᠥ᠎ᠶ᠋ᠢᠨ ᠤᠷᠭᠤᠯᠳᠠ ᠨᠢ 《ᠭᠠᠵᠠᠷ᠎ᠤᠨ ᠪᠠᠢᠴᠠ》 ᠵᠢᠨ ᠳᠠᠪᠠᠭᠤᠯᠢᠭ᠎ᠲᠤ᠌ ᠪᠠᠢᠬᠤ ᠪᠡᠷ ᠪᠠᠷᠠᠬᠤ ᠦᠬᠡᠢ ᠮᠦᠨᠴᠤ 《ᠬᠥᠮᠦᠨ᠎ᠦ ᠨᠠᠢᠷᠠᠮᠳᠠᠭᠤ》᠎ᠶ᠋ᠢᠨ ᠡᠯᠧᠮᠧᠨ᠋ᠲ ᠠᠭᠤᠯᠤᠭ᠍ᠳᠠᠵᠤ ᠪᠠᠢᠳᠠᠭ᠃ ᠣᠳᠣᠬᠢᠴᠢᠯᠠᠭ᠍ᠰᠠᠨ ᠴᠤᠪᠤᠷᠠᠯ ᠤ᠋ᠨ ᠱᠤᠭᠤᠮ ᠳᠡᠭᠡᠷ᠎ᠡ᠂ ᠲᠥᠮᠥᠰᠥ᠍ ᠨᠢ ᠤᠯᠠᠮᠵᠢᠯᠠᠯᠲᠤ ᠠᠷᠭ᠎ᠠ ᠬᠡᠯᠪᠡᠷᠢ ᠲᠡᠶ ᠠᠳᠠᠯᠢ ᠪᠤᠰᠤ ᠠᠮᠢᠵᠢᠷᠠᠯ᠎ᠤᠨ ᠬᠦᠴᠦᠨ᠎ᠲᠡᠶ ᠪᠤᠯᠵᠠᠢ᠃

ᠥᠪᠥᠷ ᠮᠣᠩᠭᠣᠯ᠎ᠤᠨ ᠰᠢ ᠰᠸᠨ ᠦᠷ᠎ᠡ᠎ᠶ᠋ᠢᠨ ᠦᠢᠯᠡᠰ᠎ᠦᠨ ᠱᠠᠩᠳᠤ ᠵᠢᠨ ᠵᠣᠬᠢᠶᠠᠨ ᠪᠠᠢᠭᠤᠯᠵᠤ ᠪᠤᠢᠵᠢᠭᠤᠯᠬᠤ ᠲᠥᠪ᠎ᠦᠨ ᠦᠢᠯᠡᠳᠪᠦᠷᠢᠯᠡᠯ᠎ᠦᠨ ᠲᠠᠰᠤᠭ᠎ᠲᠤ ᠣᠷᠣᠬᠤ᠎ᠳᠤ᠂ ᠬᠥᠮᠦᠰ ᠠᠯᠢ ᠤᠯᠠᠨ 《ᠪᠦᠷᠢᠨ ᠲᠡᠬᠦᠯᠳᠡᠷ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ》 ᠳ᠋ᠤ ᠭᠦᠨ ᠲᠠᠲᠠᠭ᠍ᠳᠠᠳᠠᠭ᠄ ᠣᠳᠣᠬᠢᠴᠢᠯᠠᠭ᠍ᠰᠠᠨ ᠦᠢᠯᠡᠳᠪᠦᠷᠢᠯᠡᠯ᠎ᠦᠨ ᠱᠤᠭᠤᠮ ᠬᠥᠨᠳᠡᠯᠡᠨ ᠭᠤᠯᠳᠤ ᠰᠦᠯᠵᠢᠯᠳᠦᠵᠦ᠍᠂ ᠨᠠᠷᠢᠯᠢᠭ ᠬᠡᠮᠵᠢᠭᠦᠷᠯᠢᠭ᠎ᠢ ᠲᠡᠷᠢ ᠲᠡᠭ᠌ᠰᠢ ᠵᠢᠭ᠍ᠰᠠᠭᠠᠵᠠᠢ᠃ ᠮᠥᠷ ᠮᠥᠷ ᠵᠢᠭᠳᠡᠷᠡᠭᠰᠡᠨ ᠤᠷᠠᠨ ᠨᠠᠷᠢᠯᠢᠭ ᠱᠢᠯ ᠯᠣᠩᠬᠣᠨ᠎ᠳᠤ ᠲᠥᠮᠥᠰᠥ᠎ᠶ᠋ᠢᠨ ᠬᠣᠣᠷ᠎ᠦᠬᠡᠢᠳᠡᠬᠦᠯᠦᠭᠰᠡᠨ ᠴᠢᠬᠢ ᠨᠢ ᠱᠢᠮ᠎ᠡ ᠲᠡᠵᠢᠭᠡᠯ᠎ᠦᠨ ᠰᠢᠩᠬᠡᠨ᠎ᠤ ᠠᠴᠢ ᠪᠡᠷ ᠨᠠᠷᠢᠬᠠᠨ ᠤᠷᠲᠤ ᠦᠨᠳᠦᠰᠦ ᠪᠠ ᠡᠰᠢ ᠤᠷᠭᠤᠵᠤ᠂ ᠪᠤᠯᠪᠠᠷᠠᠶ ᠵᠥᠭᠡᠯᠡᠨ ᠨᠣᠭᠣᠭᠠᠨ ᠨᠠᠬᠢᠶ᠎ᠠ ᠪᠤᠯᠵᠦ ᠴᠤᠬᠤᠢᠨ᠎ᠠ᠃

ᠡᠨᠳᠡᠬᠢ ᠪᠣᠯ ᠤᠯᠤᠰ᠎ᠤᠨ ᠳᠣᠲᠣᠭᠠᠳᠤ᠎ᠶ᠋ᠢᠨ ᠬᠠᠮᠤᠭ᠎ᠤᠨ ᠲᠣᠮᠣ ᠣᠳᠣᠬᠢᠴᠢᠯᠠᠭ᠍ᠰᠠᠨ ᠲᠥᠮᠥᠰᠥ ᠳᠠᠷᠢᠵᠤ ᠪᠤᠢᠵᠢᠭᠤᠯᠬᠤ ᠲᠥᠪ ᠪᠣᠯᠤᠨ᠎ᠠ᠂ ᠲᠣᠰ ᠪᠣᠢᠵᠢᠭᠤᠯᠬᠤ ᠲᠥᠪ᠎ᠨᠢ ᠵᠢᠯ ᠪᠦᠷᠢ 1.5 ᠳ᠋ᠦᠩᠱᠢᠭᠤᠷ ᠰᠠᠭᠤᠷᠢ ᠬᠤᠤᠷ ᠥᠬᠡᠢᠳᠡᠭᠦᠯᠦᠭ᠌ᠰᠡᠨ ᠴᠢᠬᠢ᠎ᠶ᠋ᠢ ᠦᠷᠡᠵᠢᠭᠦᠯᠦᠨ ᠪᠣᠢᠵᠢᠭᠤᠯᠵᠤ᠂ 4 ᠳ᠋ᠦᠩᠱᠢᠭᠤᠷ ᠮᠥᠬᠥᠯᠢᠭ ᠬᠤᠤᠷ ᠥᠬᠡᠢᠳᠡᠭᠦᠯᠦᠭ᠌ᠰᠡᠨ ᠠᠩᠬᠠᠨ᠎ᠤ ᠦᠷ᠎ᠡ ᠵᠢ ᠳᠠᠷᠢᠵᠤ᠂ 8 ᠲᠦᠮᠡᠨ ᠮᠥ᠍ ᠠᠩᠬᠠᠨ ᠤ᠋ ᠦᠷ᠎ᠡ ᠵᠢᠨ ᠲᠠᠷᠢᠶ᠎ᠠ 120 ᠲᠦᠮᠡᠨ ᠮᠥ᠍ ᠨᠢᠭᠡᠳᠦᠭᠡᠷ ᠳᠡᠰ᠎ᠤᠨ ᠦᠷ᠎ᠠ ᠵᠢᠨ ᠲᠥᠮᠥᠰᠥᠨ᠎ᠦ ᠲᠠᠷᠢᠶᠠᠨ ᠦᠷ᠎ᠡ᠎ᠶ᠋ᠢ ᠬᠠᠩᠭᠠᠵᠤ ᠲᠡᠢᠯᠬᠦ ᠪᠤᠯᠪᠠ᠃ ᠰᠠᠢᠨ ᠡᠭᠦᠯᠳᠡᠷ᠎ᠢ ᠦᠷᠡᠵᠢᠭᠦᠯᠦᠨ ᠪᠣᠢᠵᠢᠭᠤᠯᠬᠤ᠂ ᠡᠭᠦᠯᠳᠡᠷ ᠰᠣᠩᠭᠣᠨ ᠬᠡᠷᠡᠭ᠌ᠯᠡᠬᠦ᠌᠎ᠡᠴᠡ ᠲᠥᠮᠥᠰᠥ᠍ ᠡᠳ᠋ᠱᠢᠭᠦᠯᠬᠦ᠌ ᠠᠵᠤ ᠠᠬᠤᠢᠯᠠᠯ᠎ᠢ ᠪᠦᠲᠦᠮᠵᠢᠲᠡᠶ ᠪᠠᠢᠷᠢᠱᠢᠭᠤᠯᠬᠤ᠂ ᠪᠣᠷᠣᠯᠠᠭᠤᠯᠭ᠎ᠠ᠎ᠶ᠋ᠢᠨ ᠠᠷᠭ᠎ᠠ ᠵᠠᠮ᠎ᠢ ᠥᠷᠭᠡᠳᠭᠡᠬᠦ᠌ ᠬᠦᠷᠲᠡᠯ᠎ᠡ᠂ 《ᠳᠤᠮᠳᠠᠳᠤ ᠤᠯᠤᠰ᠎ᠤᠨ ᠲᠥᠮᠥᠰᠥ᠎ᠶ᠋ᠢᠨ ᠬᠤᠳᠠ》᠎ᠵᠢ ᠴᠣᠭ᠍ᠴᠠᠯᠠᠬᠤ ᠶᠠᠪᠤᠴᠠ᠎ᠳᠤ᠂ ᠤᠯᠠᠭᠠᠨᠴᠠᠪ ᠬᠣᠲᠠ᠎ᠶ᠋ᠢᠨ ᠲᠥᠮᠥᠰᠥ᠎ᠶ᠋ᠢᠨ ᠠᠵᠤ ᠦᠶ᠋ᠯᠡᠰ᠎ᠨᠢ ᠪᠠᠭ᠎ᠠ᠎ᠡᠴᠡ ᠲᠣᠮᠣ ᠪᠣᠯᠵᠣ᠂ ᠪᠠᠭᠤᠷᠠᠶ᠎ᠡᠴᠡ ᠬᠦᠴᠦᠷᠬᠡᠭ ᠪᠣᠯᠪᠠ᠃ ᠬᠡᠳᠦᠨ ᠠᠷᠪᠠᠨ ᠵᠢᠯ᠎ᠦᠨ ᠬᠥᠭ᠌ᠵᠢᠯᠲᠡ᠎ᠪᠡᠷ ᠳᠡᠮᠵᠢᠵᠤ᠂ ᠤᠯᠠᠭᠠᠨᠴᠠᠪ ᠬᠣᠲᠠ ᠵᠢᠨ ᠬᠢᠨ ᠤᠯᠤᠰ᠎ᠤᠨ ᠦᠷ᠎ᠠ ᠵᠢᠨ ᠲᠦᠮᠦᠰᠦ᠂ ᠲᠠᠸᠠᠷ᠎ᠤᠨ ᠲᠥᠮᠥᠰᠥ᠍ ᠪᠠ ᠲᠤᠰᠭᠠᠶ ᠬᠡᠷᠡᠭ᠌ᠯᠡᠬᠦ᠌ ᠲᠥᠮᠥᠰᠥ᠍ ᠪᠣᠯᠪᠠᠰᠤᠷᠠᠭᠤᠯᠬᠤ ᠦᠶ᠋ᠯᠡᠳᠪᠦᠷᠢᠯᠡᠯ᠎ᠦᠨ ᠴᠢᠬᠤᠯᠠ ᠰᠠᠭᠤᠷᠢᠨ ᠪᠣᠯᠤᠭ᠍ᠰᠠᠨ ᠪᠠᠢᠨ᠎ᠠ᠃

ᠲᠥᠮᠥᠰᠥ᠍᠂ ᠤᠢ᠍ᠢᠷ᠎ᠠ᠎ᠶ᠋ᠢᠨ ᠵᠢᠯ᠎ᠡᠴᠡ ᠨᠢᠭᠡᠨᠲᠡ ᠨᠡᠷ᠎ᠡ ᠨᠢᠳᠡᠷ᠎ᠲᠡᠬᠡᠨ ᠨᠡᠢᠴᠡᠭ᠌ᠰᠡᠨ 《ᠠᠯᠳᠠ ᠡᠷᠳᠡᠨᠢ》 ᠪᠣᠯᠵᠠᠢ᠃ ᠣᠳᠣᠬᠠᠨ᠎ᠳᠤ ᠤᠯᠠᠭᠠᠨᠴᠠᠪ᠎ᠤᠨ ᠲᠥᠮᠥᠰᠥ᠍ ᠳᠠᠷᠢᠬᠤ ᠲᠠᠯᠠᠪᠠᠶ 144 ᠲᠦᠮᠡᠨ ᠮᠥ᠍ ᠳ᠋ᠤ ᠬᠦᠷᠴᠦ᠍᠂ ᠪᠥᠬᠥ᠌ ᠬᠣᠲᠠ᠎ᠶ᠋ᠢᠨ ᠦᠷ᠎ᠠ ᠵᠢᠨ ᠲᠦᠮᠦᠰᠦ ᠵᠢᠨ ᠠᠵᠤ ᠠᠬᠤᠢᠯᠠᠯ 16 ᠪᠣᠯᠵᠣ᠂ ᠡᠳ᠋ᠱᠢᠭᠦᠯᠬᠦ᠌ ᠠᠵᠤ ᠠᠬᠤᠢᠯᠠᠯ 34 ᠪᠣᠯᠵᠠᠶ᠃ ᠵᠢᠱ᠌ᠢᠯᠲᠡ᠎ᠪᠡᠷ᠂ ᠲᠣᠰ ᠬᠣᠲᠠ᠎ᠶ᠋ᠢᠨ ᠲᠥᠮᠥᠰᠥ᠎ᠶ᠋ᠢᠨ ᠪᠥᠬᠥ᠌ ᠠᠵᠤ ᠦᠶ᠋ᠯᠡᠰ᠎ᠦᠨ ᠬᠡᠯᠬᠢᠶ᠎ᠡ᠎ᠶ᠋ᠢᠨ ᠵᠢᠯ᠎ᠦᠨ ᠦᠶ᠋ᠯᠡᠳᠬᠦᠨ᠎ᠦ ᠥᠷᠲᠡᠭ ᠨᠢ 80 ᠳ᠋ᠦᠩᠱᠢᠭᠤᠷ ᠲᠥᠭᠥᠷᠢᠭ᠎ᠡᠴᠡ ᠲᠠᠪᠠᠵᠠᠢ᠃

ᠨᠢᠭᠡᠳᠦᠭᠡᠷ ᠬᠣᠶᠠᠳᠤᠭᠠᠷ ᠭᠤᠷᠪᠠᠳᠤᠭᠠᠷ ᠠᠵᠤ ᠦᠶ᠋ᠯᠡᠰ᠎ᠦᠨ ᠠᠭᠤᠰᠤᠯᠴᠠᠨ ᠬᠥᠭ᠌ᠵᠢᠬᠦ ᠵᠢᠴᠢ ᠬᠡᠪᠴᠢᠶᠡᠵᠢᠭ᠌ᠰᠡᠨ᠂ ᠪᠠᠷᠢᠮᠵᠢᠶᠠᠵᠢᠭ᠍ᠰᠠᠨ᠂ ᠮᠠᠰᠢᠨᠴᠢᠯᠠᠭᠰᠠᠨ᠂ ᠲᠥᠷᠥᠯ ᠲᠡᠮᠳᠡᠭ᠌ᠵᠢᠭ᠌ᠰᠡᠨ᠂ ᠮᠡᠳᠡᠭᠡ ᠵᠠᠩᠭᠢᠵᠢᠭᠰᠠᠨ ᠬᠢᠷᠢ ᠲᠦᠪᠱᠢᠨ᠎ᠤ ᠳᠡᠭᠡᠭ᠌ᠰᠢᠯᠡᠬᠦ᠌᠎ᠶ᠋ᠢ ᠳᠠᠭᠠᠯᠳᠤᠨ᠂ ᠲᠥᠮᠥᠰᠥ᠍ ᠨᠢ ᠠᠭᠠᠵᠢᠮ᠎ᠢᠶᠠᠷ 《ᠪᠠᠶᠠᠵᠢᠯ᠎ᠤᠨ ᠲᠥᠮᠥᠰᠥ》᠂ 《ᠬᠦᠭᠵᠢᠯ ᠮᠠᠨᠳᠤᠯ᠎ᠤᠨ ᠲᠦᠮᠤᠰᠤ》 ᠪᠣᠯᠵᠣ᠂ 《ᠲᠥᠮᠥᠰᠥ᠎ᠶ᠋ᠢᠨ ᠰᠣᠶᠣᠯ》 ᠨᠢ ᠱᠢᠨ᠎ᠡ ᠴᠠᠭ ᠦᠶ᠎ᠡ᠎ᠶ᠋ᠢᠨ ᠠᠭᠤᠯᠤᠭ᠍ᠳᠠᠬᠤᠨ ᠲᠠᠶ ᠪᠣᠯᠵᠣ᠂ ᠥᠪᠥᠷ ᠮᠣᠩᠭᠣᠯ᠎ᠤᠨ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠦ ᠤᠶᠠᠨ ᠬᠠᠲᠠᠨ ᠴᠢᠨᠠᠷ ᠪᠠ ᠵᠣᠬᠢᠴᠠᠬᠤ ᠬᠦᠴᠦᠨ᠎ᠳᠦ ᠴᠣ ᠱᠢᠨ᠎ᠡ ᠪᠣᠳᠠᠲᠤ ᠬᠦᠴᠦᠨ ᠨᠡᠮᠡᠷᠢᠯᠡᠭᠰᠡᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面