ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2023-10-03 10:36:29

ᠵᠣᠬᠢᠶᠠᠭ᠍ᠴᠢ᠄ ᠸᠠᠩ ᠽᠥᠩ ᠣᠩᠱᠢᠭ᠍ᠰᠠᠨ ᠣᠳᠠᠭ᠎ᠠ᠄ 3


— ᠲᠠᠷᠢᠶᠠᠯᠠᠬᠤ ᠰᠣᠶᠣᠯ ᠎ᠤᠨ ᠲᠤᠬᠠᠢ ᠰᠢᠷᠢᠰ ᠮᠡᠳᠡᠭᠡᠯᠡᠯ ᠳᠥᠷᠪᠡ


ᠠᠯᠲᠡᠨ ᠨᠠᠮᠤᠷ᠎ᠤᠨ ᠤᠯᠠᠷᠢᠯ᠎ᠢᠶᠡᠷ᠂ ᠰᠢᠯᠦᠬᠡᠢ᠎ᠶᠢᠨ ᠲᠠᠷᠢᠶ᠎ᠠ ᠨᠢ ᠶᠠᠭ ᠨᠠᠷᠠ᠎ᠲᠠᠢ ᠠᠳᠠᠯᠢ ᠰᠢᠷᠭᠠᠯᠳᠤᠵᠤ᠂ ᠢᠭ᠍ᠴᠤ ᠰᠠᠬᠤᠯᠢᠭ᠋ ᠪᠦᠭᠡᠳ ᠤᠨᠵᠢᠢᠭ᠍ᠰᠠᠨ ᠰᠢᠯᠦᠬᠡᠢ᠎ᠶᠢᠨ ᠲᠦᠷᠦᠭᠦᠦ ᠨᠢ ᠶᠠᠭ ᠰᠠᠴᠤᠷᠠᠭᠰᠠᠨ ᠨᠡᠷᠡᠨ᠎ᠦ ᠭᠡᠷᠡᠯ ᠰᠢᠭ᠃ ᠨᠡᠷᠡᠨ᠎ᠦ ᠲᠤᠶᠠᠭ᠎ᠠ ᠡᠬᠡ ᠭᠠᠵᠠᠷ᠎ᠢ ᠨᠡᠢᠳᠡᠮ᠎ᠳᠡᠭᠡᠨ ᠭᠢᠯᠠᠯᠵᠠᠭᠤᠯᠵᠤ᠂ ᠰᠦᠷᠯᠢᠭ ᠰᠠᠢᠬᠠᠨ ᠮᠥᠷᠲᠡᠭᠡᠨ ᠭᠡᠷᠡᠯ ᠰᠠᠴᠤᠷᠠᠩᠭᠤᠢ ᠬᠠᠷᠠᠭᠳᠠᠨ᠎ᠠ᠃

ᠮᠢᠩᠭᠠᠨ ᠭᠠᠵᠠᠷ ᠎ᠤᠨ ᠵᠠᠢᠲᠠᠢ ᠪᠠᠢᠭ᠎ᠠ ᠠᠤᠬᠠᠨ ᠬᠣᠰᠢᠭᠤ ᠪᠣᠯᠣᠨ ᠯᠢᠶᠡᠩᠴᠧᠩ ᠰᠢᠶᠠᠨ᠎ᠤ ᠲᠠᠷᠢᠶᠠᠨ ᠭᠠᠵᠠᠷ ᠲᠤ᠌᠂ ᠣᠳᠣ᠌ ᠶᠠᠭ ᠡᠢᠮᠦ ᠪᠠᠢᠳᠠᠯ ᠲᠠᠢ ᠪᠠᠢᠨ᠎ᠠ᠃

ᠡᠨᠡ ᠬᠦ᠌ ᠦᠶ᠎ᠡ ᠪᠡᠷ ᠂ ᠸᠠᠩ ᠭᠦᠸᠧ ᠵᠢᠶᠦ᠋ᠨ ᠪᠣᠯᠣᠨ ᠯᠢ ᠴᠢᠤᠸᠠᠨ ᠰᠢ᠎ᠶᠢᠨ ᠨᠢᠭᠤᠷ ᠲᠤ᠌ ᠨᠢ ᠡᠯᠪᠡᠭ ᠬᠤᠷᠢᠶᠠᠯᠲᠠ᠎ᠶᠢᠨ ᠪᠠᠶᠠᠷ ᠪᠠᠬᠠᠳᠤᠯ᠎ᠢᠶᠡᠷ ᠳᠦᠭᠦᠷᠡᠩ ᠪᠠᠢᠯ᠎ᠠ᠃ ᠸᠠᠩ ᠭᠦᠸᠧ ᠵᠢᠶᠦ᠋ᠨ ᠪᠣᠯ ᠠᠤᠬᠠᠨ ᠬᠣᠰᠢᠭᠤᠨ ᠎ᠤ ᠬᠣᠶ ᠯᠦᠩ ᠡᠯᠳᠡᠪ ᠠᠮᠤ ᠎ᠶᠢᠨ ᠲᠠᠷᠢᠮᠠᠯ᠎ᠤᠨ ᠲᠠᠷᠢᠶᠠᠴᠢᠨ ᠎ᠤ ᠲᠤᠰᠬᠠᠢ ᠬᠣᠷᠰᠢᠶ᠎ᠠ᠎ᠶᠢᠨ ᠬᠠᠷᠢᠭᠤᠴᠠᠯᠭᠠᠲᠠᠨ ᠪᠤᠯᠤᠨ᠎ᠠ᠂ ᠯᠢ ᠴᠢᠤᠸᠠᠨ ᠰᠢ ᠪᠣᠯ ᠯᠢᠶᠡᠩᠴᠧᠩ ᠰᠢᠶᠠᠨ᠎ᠤ ᠱᠢ ᠵᠢᠢ ᠠᠮᠤ ᠪᠤᠳᠠᠭᠠᠨ᠎ᠤ ᠬᠤᠳᠠᠯᠳᠤᠭ᠎ᠠ᠎ᠶᠢᠨ ᠬᠢᠵᠠᠭᠠᠷᠲᠤ ᠺᠣᠮᠫᠠᠨᠢ᠎ᠶᠢᠨ ᠬᠠᠷᠢᠭᠤᠴᠠᠯᠭᠠᠲᠠᠨ ᠪᠣᠯᠣᠨ᠎ᠠ᠃ ᠲᠡᠳᠡ ᠬᠤᠶᠠᠭᠤᠯᠠ ᠪᠡᠨ ᠴᠦᠮ ᠠᠮᠤ ᠪᠤᠳᠠᠭ᠎ᠠ ᠲᠠᠷᠢᠳᠠᠭ ᠲᠣᠮᠣ᠌ ᠡᠷᠦᠬᠡ ᠪᠤᠯᠤᠨ᠎ᠠ᠃

ᠲᠦᠷᠦᠯ ᠪᠦᠷᠢ ᠵᠢᠨ ᠠᠵᠢᠯ ᠦᠢᠯᠡᠰ ᠡᠴᠡ ᠲᠡᠷᠢᠭᠦᠨ᠎ᠤ ᠬᠦᠮᠦᠰ ᠭᠠᠷᠳᠠᠭ᠃ ᠰᠢᠯᠦᠬᠡᠢ ᠠᠮᠤ — ᠨᠠᠩᠬᠢ ᠵᠢᠨ ᠴᠠᠭᠠᠨ — ᠪᠤᠷᠴᠠᠭᠲᠤ ᠨᠠᠩᠭᠢ ᠪᠣᠣᠪᠣ ᠪᠠ ᠲᠣᠰᠣᠨ᠎ᠳᠤ ᠪᠤᠴᠠᠯᠭᠠᠭᠰᠠᠨ ᠰᠢᠯᠦᠬᠡᠢ ᠪᠣᠣᠪᠣ ᠵᠢ ᠲᠠᠷᠢᠬᠤ᠂ ᠪᠣᠯᠪᠠᠰᠤᠷᠠᠭᠤᠯᠬᠤ᠂ ᠳᠡᠯᠭᠡᠷᠡᠭᠦᠯᠬᠦ᠎ᠪᠡᠷ ᠠᠵᠢᠯ ᠦᠢᠯᠡᠰ᠎ᠢᠶᠡᠨ ᠪᠣᠯᠭᠠᠭᠰᠠᠨ ᠸᠠᠩ ᠭᠦᠸᠧ ᠵᠢᠶᠦ᠋ᠨ ᠪᠠ ᠯᠢ ᠴᠢᠤᠸᠠᠨ ᠰᠢ᠎ᠳᠦ ᠠᠪᠴᠤ ᠬᠡᠯᠡᠪᠡᠯ᠂ ᠲᠡᠳᠡᠨ᠎ᠳᠤ ᠶᠡᠷᠦ ᠪᠤᠰᠤ᠎ᠶᠢᠨ ᠢᠲᠡᠭᠡᠯ᠎ᠲᠠᠢ ᠪᠠᠢᠳᠠᠭ᠃ ᠠᠵᠢᠯ ᠦᠢᠯᠡᠰ᠎ᠦᠨ᠎ᠢᠶᠡᠨ ᠲᠤᠬᠠᠢ ᠢᠲᠡᠭᠡᠯ ᠨᠢ ᠬᠣᠶᠠᠷ ᠭᠠᠵᠠᠷ᠎ᠤᠨ ᠥᠪᠡᠷᠮᠢᠴᠡ ᠰᠣᠶᠣᠯ᠎ᠤᠨ ᠢᠲᠡᠭᠡᠯ᠎ᠡᠴᠡ ᠢᠷᠡᠯᠲᠡ᠎ᠲᠠᠢ ᠭᠡᠵᠦ ᠲᠡᠳᠡ ᠰᠠᠨᠠᠯ ᠨᠢᠭᠡᠲᠡᠢ ᠦᠵᠡᠪᠡ᠃

ᠰᠢᠯᠦᠬᠡᠢ ᠠᠮᠤ᠎ᠶᠢᠨ 《ᠢᠷᠡᠯᠲᠡ》

ᠬᠠᠭᠤᠴᠢ ᠰᠤᠳᠤᠯᠤᠯ᠎ᠤᠨ ᠢᠯᠡᠷᠡᠭᠦᠯᠦᠯᠲᠡ᠎ᠶᠢ ᠦᠨᠳᠦᠰᠦᠯᠡᠪᠡᠯ᠂ ᠠᠯᠢ ᠡᠷᠲᠡ ᠨᠠᠢ᠍ᠮᠠᠨ ᠮᠢᠩᠭ᠎ᠠ ᠭᠠᠷᠤᠢ ᠵᠢᠯ ᠎ᠦᠨ ᠡᠮᠦᠨᠡᠬᠢ ᠰᠢᠩ ᠯᠦᠩ᠎ᠤᠨ ᠰᠣᠶᠣᠯ᠎ᠤᠨ ᠦᠶ᠎ᠡ᠎ᠳᠦ ᠨᠢᠭᠡᠨᠲᠡ ᠨᠡᠯᠢᠶᠡᠳ ᠪᠣᠯᠪᠠᠰᠤᠷᠠᠩᠭᠤᠢ ᠪᠠᠯᠠᠷ ᠡᠷᠲᠡᠨ ᠎ᠦ ᠲᠠᠷᠢᠶᠠᠯᠠᠩ ᠎ᠤᠨ ᠦᠢᠯᠡᠳᠪᠦᠷᠢᠯᠡᠯ᠎ᠦᠨ ᠮᠡᠷᠭᠡᠵᠢᠯ᠎ᠲᠠᠢ ᠪᠣᠯᠵᠠᠢ᠃ ᠰᠢᠩ ᠯᠦᠩ ᠸᠠ ᠎ᠶᠢᠨ ᠪᠠᠭᠤᠷᠢ ᠎ᠶᠢᠨ ᠵᠣᠭᠣᠷᠢ ᠳᠣᠲᠣᠷ᠎ᠠ᠎ᠡᠴᠡ ᠨᠡᠭᠦᠷᠡᠰᠦᠵᠢᠭᠰᠡᠨ ᠨᠠᠷᠢᠮᠤ ᠪᠠ ᠰᠢᠯᠦᠬᠡᠢ᠎ᠶᠢ ᠢᠯᠡᠷᠡᠭᠦᠯᠵᠦ᠂ ᠣᠳᠣᠬᠠᠨ᠎ᠤ ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ ᠬᠠᠭᠤᠷᠠᠢ ᠲᠠᠷᠢᠶᠠᠯᠠᠩ᠎ᠤᠨ ᠪᠣᠳᠠᠰ᠎ᠤᠨ ᠭᠡᠷᠡᠴᠢ ᠪᠣᠯᠣᠨ᠎ᠠ᠃ ᠡᠢᠮᠦ᠎ᠡᠴᠡ ᠰᠢᠩ ᠯᠦᠩ ᠸᠠ᠎ᠶᠢᠨ ᠰᠣᠶᠣᠯ᠎ᠤᠨ ᠪᠠᠢᠭ᠎ᠠ ᠭᠠᠵᠠᠷ᠎ᠪᠤᠯᠬᠤ ᠤᠯᠠᠭᠠᠨᠬᠠᠳᠠ ᠬᠣᠲᠠ᠎ᠶᠢᠨ ᠠᠤᠬᠠᠨ ᠬᠣᠰᠢᠭᠤ ᠨᠢ ᠳᠤᠮᠳᠠᠳᠤ ᠤᠯᠤᠰ᠎ᠤᠨ ᠬᠠᠭᠤᠷᠠᠢ ᠲᠠᠷᠢᠶᠠᠯᠠᠩ᠎ᠤᠨ ᠡᠭᠦᠰᠦᠯ᠎ᠦᠨ ᠭᠠᠵᠠᠷ ᠬᠡᠮᠡᠭᠳᠡᠪᠠ᠃

ᠰᠢᠩ ᠯᠦᠩ ᠸᠠ᠎ᠶᠢᠨ ᠰᠣᠶᠣᠯ ᠮᠢᠩᠭᠠᠨ ᠵᠢᠯ ᠥᠩᠭᠡᠷᠡᠭᠰᠡᠨ ᠎ᠦ ᠳᠠᠷᠠᠭ᠎ᠠ᠂ ᠯᠢᠶᠡᠩᠴᠧᠩ ᠰᠢᠶᠠᠨ᠎ᠤ ᠳᠠᠭ᠎ᠠ᠎ᠶᠢᠨ ᠨᠠᠭᠤᠷ᠎ᠤᠨ ᠪᠠᠭᠤᠷᠢ᠎ᠶᠢᠨ ᠰᠦᠷᠦᠭᠵᠢᠯ ᠨᠢ ᠬᠠᠭᠤᠴᠢ ᠰᠤᠳᠤᠯᠤᠯ᠎ᠤᠨ ᠡᠲᠡᠭᠡᠳ᠎ᠦᠨ ᠬᠢᠨ᠎ᠢ ᠲᠠᠬᠢᠨᠲᠠ ᠭᠠᠢᠬᠠᠰᠢ ᠠᠯᠳᠠᠭᠤᠯᠪᠠ᠄《ᠤᠳᠤ᠎ᠶᠢᠨ ᠲᠡᠦᠬᠡ᠎ᠶᠢᠨ ᠬᠢᠴᠢᠶᠡᠯ᠎ᠦᠨ ᠪᠢᠴᠢᠭ ᠳᠡᠭᠡᠷᠡᠬᠢ ᠪᠠᠨᠫᠦ᠋ᠸᠸ ᠵᠢᠨ ᠰᠣᠶᠣᠯ᠎ᠤᠨ ᠪᠠᠭᠤᠷᠢ ᠪᠣᠯ ᠰᠢᠷᠣᠢ᠎ᠶᠢᠨ ᠪᠠᠢᠰᠢᠩ ᠪᠣᠭᠣᠨᠢ ᠪᠠᠢᠰᠢᠩ ᠪᠣᠯᠣᠨ᠎ᠠ᠂ ᠯᠢᠶᠡᠩᠴᠧᠩ᠎ᠤᠨ ᠯᠣᠣ ᠬᠣ᠌ ᠱᠠᠨ ᠠᠭᠤᠯᠠ᠂ ᠶᠤᠸᠠᠨ ᠽᠢ ᠭᠧᠦ ᠵᠢᠨ ᠰᠣᠶᠣᠯ᠎ᠤᠨ ᠪᠠᠭᠤᠷᠢ ᠪᠣᠯ ᠬᠠᠷᠢᠨ ᠥᠨᠳᠥᠷ ᠠᠰᠠᠷ ᠲᠠᠭᠲᠤ ᠪᠣᠯᠣᠨ᠎ᠠ᠂ ᠲᠡᠳᠡ ᠪᠣᠯ ᠳᠤᠮᠳᠠᠳᠤ ᠎ᠶᠢᠨ ᠦᠨᠳᠦᠰᠦᠲᠡᠨ᠎ᠦ ᠲᠠᠪᠤᠨ ᠮᠢᠩᠭᠠᠨ ᠵᠢᠯ᠎ᠦᠨ ᠪᠣᠯᠪᠠᠰᠤᠨ᠎ᠤ ᠦᠷ᠎ᠦᠨ ᠲᠤᠶᠠᠭ᠎ᠠ ᠮᠥᠨ》 (ᠳᠤᠮᠳᠠᠳᠤ ᠤᠯᠤᠰ᠎ᠤᠨ ᠠᠯᠳᠠᠷᠲᠤ ᠬᠠᠭᠤᠴᠢ ᠰᠤᠳᠤᠯᠤᠭ᠍ᠴᠢ ᠰᠣ᠌ ᠪᠢᠩ ᠴᠢ); 《ᠤᠮᠠᠷᠠᠲᠤ ᠣᠷᠣᠨ᠎ᠤ ᠦᠨᠳᠦᠰᠦᠲᠡᠨ ᠪᠣᠯ ᠤᠤᠯ ᠨᠢ ᠣᠷᠳᠣ᠌ ᠴᠠᠭᠠᠨ ᠬᠡᠷᠡᠮ ᠳᠠᠭᠠᠤ᠎ᠶᠢᠨ ᠲᠠᠷᠢᠶᠠᠯᠠᠬᠤ ᠦᠨᠳᠦᠰᠦᠲᠡᠨ᠎ᠦ ᠨᠡᠭᠦᠳᠡᠯ᠎ᠡᠴᠡ ᠬᠤᠪᠢᠷᠠᠵᠤ ᠢᠷᠡᠭᠰᠡᠨ ᠶᠤᠮ᠂ ᠣᠲᠣ᠌᠎ᠡᠴᠡ 7000 — 6000 ᠵᠢᠯ᠎ᠦᠨ ᠡᠮᠦᠨᠡᠬᠢ ᠳᠤᠯᠠᠭᠠᠨ ᠴᠢᠭᠢᠭ᠌ᠯᠢᠭ ᠨᠥᠬᠥᠴᠡᠯ ᠳᠣᠣᠷ᠎ᠠ᠂ ᠶᠠᠩ ᠱᠤᠤ᠎ᠶᠢᠨ ᠴᠠᠭ ᠦᠶ᠎ᠡ᠎ᠶᠢᠨ ᠡᠬᠢᠨ᠎ᠤ ᠬᠤᠭᠤᠴᠠᠭᠠᠨ᠎ᠳᠤ ᠲᠠᠭ᠎ᠠ᠎ᠶᠢᠨ ᠨᠠᠭᠤᠷ᠎ᠤᠨ ᠭᠠᠵᠠᠷ ᠣᠷᠣᠨ᠎ᠳᠤ ᠲᠠᠷᠢᠶᠠᠯᠠᠬᠤ ᠰᠣᠶᠣᠯ ᠪᠣᠶ ᠪᠣᠯᠪᠠ》 (《ᠰᠠᠨ ᠯᠢᠶᠠᠨ ᠠᠮᠢᠳᠤᠷᠠᠯ᠎ᠤᠨ ᠭᠠᠷᠠᠭ᠎ᠤᠨ ᠰᠡᠳᠬᠦᠯ》᠂ 2021 ᠣᠨ᠎ᠤ 40 ᠳ᠋ᠤᠭᠡᠷ ᠬᠤᠭᠤᠴᠠᠭ᠎ᠠ)᠃

ᠭᠦᠨ ᠵᠤᠵᠠᠭᠠᠨ ᠰᠣᠶᠣᠯ ᠎ᠤᠨ ᠬᠤᠷᠠᠮᠳᠤᠭᠤᠯᠭ᠎ᠠ ᠪᠣᠯᠣᠨ ᠲᠡᠦᠬᠡ᠎ᠶᠢᠨ ᠬᠤᠪᠢ ᠪᠠᠷᠢᠯᠳᠤᠯᠭ᠎ᠠ ᠪᠣᠯ ᠸᠠᠩ ᠭᠦᠸᠧ ᠵᠢᠶᠦ᠋ᠨ ᠪᠣᠯᠣᠨ ᠯᠢ ᠴᠢᠤᠸᠠᠨ ᠰᠢ᠎ᠶᠢᠨ ᠪᠠᠷᠢᠮᠳᠠᠯᠠᠭᠰᠠᠭᠠᠷ ᠢᠷᠡᠭᠰᠡᠨ ᠬᠥᠳᠡᠯᠭᠡᠬᠦ ᠬᠦᠴᠦᠨ ᠮᠥᠨ᠃ ᠲᠡᠳᠡ ᠬᠣᠶᠠᠭᠤᠯᠠ 30 ᠰᠢᠬᠠᠮ ᠵᠢᠯ ᠰᠢᠯᠦᠬᠡᠢ ᠠᠮᠤ ᠳᠠᠷᠢᠵᠠᠢ᠂ ᠰᠢᠯᠦᠬᠡᠢ ᠠᠮᠤ᠎ᠶᠢᠨ ᠥᠩᠭᠡᠷᠡᠭᠰᠡᠨ ᠤ᠋ ᠪᠠᠢᠳᠠᠯ ᠢ᠋ ᠶᠠᠷᠢᠶᠠᠨ ᠦᠭᠡᠢ ᠳᠡᠳᠡ ᠳᠣᠲᠣᠷ᠎ᠠ᠎ᠪᠠᠨ ᠲᠣᠭ᠎ᠠ᠎ᠲᠠᠢ ᠶᠤᠮ᠃

ᠰᠢᠯᠦᠬᠡᠢ ᠠᠮᠤ ᠳᠤᠮᠳᠠᠳᠤ ᠤᠯᠤᠰ ᠡᠴᠡ ᠡᠭᠦᠰᠴᠤ᠂ ᠮᠠᠨ ᠤ᠋ ᠤᠯᠤᠰ ᠤ᠋ᠨ ᠬᠠᠮᠤᠭ ᠡᠷᠲᠡ ᠳᠠᠰᠬᠠᠭᠰᠠᠨ ᠲᠠᠷᠢᠮᠠᠯ ᠪᠤᠯᠤᠨ᠎ᠠ᠃ ᠢᠤᠢ ᠱᠸᠩ ᠦ᠋ ᠵᠢᠨ ᠪᠢᠴᠢᠭᠰᠡᠨ 《 ᠱᠠᠩ ᠤᠯᠤᠰ᠎ᠤᠨ ᠦᠶ᠎ᠡ᠎ᠶᠢᠨ ᠠᠮᠤ ᠪᠤᠳᠠᠭᠠᠨ᠎ᠤ ᠲᠠᠷᠢᠮᠠᠯ 》 ᠭᠡᠬᠦ ᠵᠣᠬᠢᠶᠠᠯ᠎ᠤᠨ ᠪᠦᠷᠢᠳᠬᠡᠯ᠎ᠢ ᠦᠨᠳᠦᠰᠦᠯᠡᠪᠡᠯ᠂ 《 ᠰᠢᠯᠦᠬᠡᠢ ᠠᠮᠤ 》 ᠭᠡᠬᠦ ᠦᠰᠦᠭ 300 ᠭᠠᠷᠤᠢ ᠤᠳᠠᠭ᠎ᠠ ᠢᠯᠡᠷᠡᠭᠰᠡᠨ ᠨᠢ 《 ᠰᠢᠯᠦᠬᠡᠢ ᠠᠮᠤ》 ᠨᠢ ᠱᠠᠩ ᠤᠯᠤᠰ᠎ᠤᠨ ᠦᠶ᠎ᠡ᠎ᠶᠢᠨ ᠠᠷᠠᠳ ᠲᠦᠮᠡᠨ᠎ᠦ ᠠᠮᠢᠳᠤᠷᠠᠯ ᠳ᠋ᠤ ᠴᠢᠬᠤᠯᠠ ᠪᠠᠢᠷᠢ ᠰᠠᠭᠤᠷᠢ ᠲᠠᠢ ᠪᠠᠢᠭᠰᠠᠨ ᠢ᠋ ᠲᠤᠰᠬᠠᠵᠤ᠂ ᠨᠢᠭᠡ ᠦᠶ᠎ᠡ 《ᠲᠠᠪᠤᠨ ᠲᠠᠷᠢᠶ᠎ᠠ》 ᠵᠢᠨ ᠲᠡᠷᠢᠭᠦᠨ᠎ᠳᠦ ᠣᠷᠣᠵᠤ᠂ ᠤᠷᠢᠳᠤᠬᠢ ᠬᠥᠮᠥᠰ᠎ᠦᠨ ᠠᠮᠢᠳᠤᠷᠠᠯ ᠤ᠋ᠨ ᠭᠣᠣᠯ ᠢᠳᠡᠭᠡᠨ ᠪᠤᠯᠵᠤ ᠪᠠᠢᠵᠠᠢ᠃ ᠵᠧᠦ ᠤᠯᠤᠰ᠎ᠤᠨ ᠦᠶ᠎ᠡ ᠪᠣᠯᠤᠭᠰᠠᠨ᠎ᠤ ᠳᠠᠷᠠᠭ᠎ᠠ᠂ ᠮᠠᠨ᠎ᠤ ᠤᠯᠤᠰ᠎ᠤᠨ ᠲᠠᠷᠢᠶᠠᠯᠠᠩ ᠡᠳᠦᠷ ᠢᠷᠡᠬᠦᠶ᠎ᠡ ᠬᠥᠭᠵᠢᠵᠦ᠂ ᠠᠮᠤ ᠪᠤᠳᠠᠭᠠᠨ᠎ᠤ ᠲᠠᠷᠢᠮᠠᠯ ᠶᠠᠪᠤᠬᠤ ᠲᠤᠲᠤᠮ ᠣᠯᠠᠰᠢᠷᠠᠵᠤ᠂ ᠰᠢᠯᠦᠬᠡᠢ ᠠᠮᠤ᠎ᠶᠢᠨ ᠪᠠᠢᠷᠢ ᠰᠠᠭᠤᠷᠢ ᠵᠠᠯᠭᠠᠭ᠎ᠠ ᠪᠡᠷ ᠪᠠᠭᠤᠷᠠᠵᠠᠢ᠃ ᠣᠳᠣᠬᠠᠨ᠎ᠳᠤ ᠰᠢᠯᠦᠬᠡᠢ ᠠᠮᠤ 《ᠡᠯᠳᠡᠪ ᠠᠮᠤ》 ᠵᠢᠨ ᠲᠣᠭᠠᠨ᠎ᠳᠤ ᠣᠷᠣᠵᠠᠢ᠃

《 ᠤᠳᠤ᠂ ᠯᠢᠶᠡᠩᠴᠧᠩ ᠰᠢᠶᠠᠨ᠎ᠤ ᠼᠤᠤ ᠨᠢᠶᠠᠨ ᠤ᠋ ᠮᠠᠨᠵᠤ ᠦᠨᠳᠦᠰᠦᠲᠡᠨ᠎ᠦ ᠰᠢᠶᠠᠩ ᠪᠣᠯ ᠨᠢᠭᠡᠨ ᠡᠩ᠎ᠦᠨ ᠦᠨᠳᠦᠰᠦᠲᠡᠨ᠎ᠦ ᠰᠢᠶᠠᠩ ᠪᠣᠯᠣᠨ᠎ᠠ᠂ ᠭᠡᠪᠡᠴᠦ 300 ᠵᠢᠯ᠎ᠦᠨ ᠡᠮᠦᠨ᠎ᠡ᠂ ᠼᠤᠤ ᠨᠢᠶᠠᠨ ᠪᠣᠯ ᠰᠦᠢᠶᠤᠸᠠᠨ ᠬᠦᠷᠳᠡᠯ᠎ᠠ ᠠᠯᠳᠠᠷᠰᠢᠭ᠍ᠰᠠᠨ ᠳᠣᠲᠣᠭᠠᠳᠤ ᠶᠠᠪᠤᠳᠠᠯ᠎ᠤᠨ ᠶᠠᠮᠤᠨ᠎ᠤ ᠳᠡᠭᠡᠳᠦ ᠭᠤᠷᠪᠠᠨ ᠬᠣᠰᠢᠭᠤ (ᠰᠢᠯᠤᠭᠤᠨ ᠰᠢᠷ᠎ᠠ ᠬᠣᠰᠢᠭᠤ᠂ ᠬᠥᠪᠡᠭᠡᠲᠦ ᠰᠢᠷ᠎ᠠ ᠬᠣᠰᠢᠭᠤ᠂ ᠰᠢᠯᠤᠭᠤᠨ ᠴᠠᠭᠠᠨ ᠬᠣᠰᠢᠭᠤ) ᠵᠢᠨ ᠲᠠᠷᠢᠶᠠᠨ ᠭᠠᠵᠠᠷ ᠪᠠᠢᠪᠠ᠃ ᠼᠤᠤ ᠨᠢᠶᠠᠨ ᠳ᠋ᠤ ᠤᠷᠭᠤᠭᠰᠠᠨ ᠨᠠᠷᠢᠮᠤ᠂ ᠰᠢᠯᠦᠬᠡᠢ ᠠᠮᠤ ᠪᠣᠯᠣᠨ ᠮᠣᠩᠭᠣᠯ ᠠᠮᠤ ᠨᠢ ᠨᠠᠢ᠍ᠮᠠᠨ ᠬᠣᠰᠢᠭᠤᠨ᠎ᠤ ᠪᠠᠢᠯᠳᠤᠭ᠍ᠴᠢᠳ᠎ᠤᠨ ᠲᠠᠭᠠᠰᠢᠶᠠᠯ ᠢ᠋ ᠤᠯᠵᠤ᠂ 〈 ᠣᠷᠳᠣᠨ᠎ᠤ ᠠᠯᠪᠠᠨ ᠠᠮᠤ 〉 ᠪᠣᠯᠤᠭᠰᠠᠨ ᠪᠠᠢᠨ᠎ᠠ᠃ ᠯᠢᠶᠡᠩᠴᠧᠩ ᠰᠢᠶᠠᠨ᠎ᠤ ᠰᠢᠯᠦᠬᠡᠢ ᠠᠮᠤ ᠮᠤᠩᠭᠤᠯ ᠠᠮᠤ᠎ᠶᠢᠨ ᠲᠡᠦᠬᠡ᠎ᠶᠢ ᠶᠠᠷᠢᠬᠤ᠎ᠳᠤ᠂ ᠯᠢ ᠴᠢᠤᠸᠠᠨ ᠰᠢ ᠣᠮᠣᠭ᠍ᠰᠢᠨ ᠪᠠᠬᠠᠳᠤᠵᠤ ᠪᠠᠢᠯ᠎ᠠ᠃

ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠩᠬᠢᠮ᠎ᠦᠨ ᠮᠠᠲᠧᠷᠢᠶᠠᠯ ᠡᠴᠡ ᠦᠵᠡᠪᠡᠯ ᠄ 《ᠨᠠᠩᠬᠢ ᠵᠢᠨ ᠴᠠᠭᠠᠨ᠂ ᠪᠠᠰᠠ ᠰᠢᠯᠦᠬᠡᠢ ᠠᠮᠤ᠂ ᠵᠥᠭᠡᠯᠡᠨ ᠮᠣᠩᠭᠣᠯ ᠠᠮᠤ ᠭᠡᠳᠡᠭ᠂ ᠮᠠᠨ᠎ᠤ ᠣᠷᠣᠨ᠎ᠤ ᠣᠨᠴᠠᠯᠢᠭ᠍ᠲᠤ ᠲᠠᠷᠢᠮᠠᠯ ᠪᠣᠯᠣᠨ᠎ᠠ᠂ ᠭᠣᠣᠯᠳᠠᠭᠤ ᠤᠯᠠᠭᠠᠨᠬᠠᠳᠠ ᠬᠣᠲᠠ᠂ ᠤᠯᠠᠭᠠᠨᠴᠠᠪ ᠬᠣᠲᠠ᠂ ᠬᠥᠬᠡᠬᠣᠲᠠ᠂ ᠣᠷᠳᠣᠰ ᠬᠣᠲᠠ ᠵᠡᠷᠭᠡ ᠬᠠᠭᠤᠷᠠᠢ ᠳᠣᠪᠣᠷᠬᠠᠭ ᠭᠠᠵᠠᠷ ᠲᠤ᠌ ᠳᠠᠷᠢᠳᠠᠭ 》 ᠃

《 ᠲᠠᠷᠢᠮᠠᠯ 》 ᠡᠴᠡ ᠢᠳᠡᠭᠡᠨ ᠪᠤᠯᠤᠭᠰᠠᠨ

ᠥᠪᠥᠷ ᠮᠣᠩᠭᠣᠯ᠎ᠤᠨ ᠰᠢᠯᠦᠬᠡᠢ ᠠᠮᠤ ᠪᠠ ᠮᠤᠩᠭᠤᠯ ᠠᠮᠤ ᠲᠠᠷᠢᠬᠤ ᠣᠷᠣᠨ ᠨᠢ ᠲᠡᠦᠬᠡ᠎ᠶᠢᠨ ᠤᠬᠠᠭᠠᠨᠲᠠᠨ ᠬᠤᠸᠠᠩ ᠷᠧᠨ ᠢᠦᠢ᠎ᠶᠢᠨ 《15 ᠢᠨᠴ᠎ᠦᠨ ᠬᠤᠷ᠎ᠠ ᠲᠤᠨᠤᠳᠠᠰᠤ᠎ᠶᠢᠨ ᠱᠤᠭᠤᠮ ᠨᠢ ᠤᠷᠳᠤ ᠴᠠᠭᠠᠨ ᠬᠡᠷᠡᠮ ᠵᠢᠨ ᠴᠢᠭᠯᠡᠯ ᠲᠠᠢ ᠦᠨᠳᠦᠰᠦᠨ᠎ᠳᠡᠭᠡᠨ ᠠᠳᠠᠯᠢ 》 ᠭᠡᠰᠡᠨ ᠦᠵᠡᠯᠲᠡ᠎ᠲᠠᠢ ᠨᠡᠢᠴᠡᠪᠡ᠃ ᠡᠭᠦᠨ᠎ᠡᠴᠡ ᠦᠵᠡᠪᠡᠯ᠂ ᠡᠷᠲᠡᠨ᠎ᠡᠴᠡ ᠠᠪᠤᠭᠠᠳ ᠪᠠᠷᠠᠭᠤᠨ ᠬᠣᠢᠲᠤ ᠣᠷᠣᠨ ᠡᠴᠡ ᠵᠡᠭᠦᠨ ᠬᠣᠢᠲᠤ ᠣᠷᠣᠨ ᠬᠦᠷᠲᠡᠯ᠎ᠡ᠂ ᠮᠢᠩ ᠤᠯᠤᠰ᠎ᠤᠨ ᠣᠷᠳᠣ᠌ ᠴᠠᠭᠠᠨ ᠬᠡᠷᠡᠮ᠎ᠳᠠᠭᠠᠤ ᠵᠢᠨ ᠰᠠᠭᠤᠭᠠᠯᠢ ᠠᠷᠠᠳ᠎ᠤᠨ ᠣᠯᠠᠩᠬᠢ ᠨᠢ ᠭᠣᠣᠯᠳᠠᠭᠤ ᠰᠢᠯᠦᠬᠡᠢ ᠠᠮᠤ ᠳᠠᠷᠢᠳᠠᠭ᠂ ᠡᠨᠡ ᠨᠢ ᠪᠠᠰᠠ ᠴᠤ᠌ ᠲᠡᠦᠬᠡ ᠵᠢᠨ ᠭᠠᠵᠠᠷ ᠵᠦᠢ᠎ᠶᠢᠨ ᠨᠥᠬᠥᠴᠡᠯ᠎ᠡᠴᠡ ᠲᠣᠭᠲᠠᠭᠠᠭᠳᠠᠭᠰᠠᠨ ᠶᠤᠮ᠃

ᠬᠥᠮᠥᠨ ᠲᠥᠷᠥᠯᠬᠢᠲᠡᠨ᠎ᠦ ᠤᠬᠠᠭᠠᠨᠲᠠᠨ᠂ ᠬᠠᠭᠤᠴᠢ ᠰᠤᠳᠤᠯᠤᠭ᠍ᠴᠢ ᠵᠠᠩ ᠭᠤᠸᠠᠩ ᡁᠢ ᠠᠪᠤᠭᠠᠢ ᠄ 《ᠨᠢᠭᠡᠨ ᠰᠣᠶᠣᠯ᠎ᠤᠨ ᠭᠤᠤᠯ ᠴᠢᠮᠦᠭᠡ ᠳ᠋ᠤ ᠬᠦᠷᠬᠦ ᠬᠠᠮᠤᠭ᠎ᠤᠨ ᠰᠠᠢᠨ ᠵᠠᠮ ᠪᠣᠯ ᠳᠠᠷᠤᠢ ᠲᠡᠭᠦᠨ ᠤ᠋ ᠬᠤᠭᠤᠯᠠ ᠤᠮᠳᠠ ᠵᠢ ᠤᠢᠯᠠᠭᠠᠬᠤ ᠶᠠᠪᠤᠳᠠᠯ ᠪᠤᠯᠤᠨ᠎ᠠ》 ᠭᠡᠵᠤ ᠬᠡᠯᠡᠵᠤ ᠦᠩᠭᠡᠷᠡᠵᠠᠢ᠃

ᠲᠠᠷᠢᠮᠠᠯ᠎ᠤᠨ ᠬᠥᠭᠵᠢᠯᠲᠡ᠎ᠶᠢᠨ ᠲᠡᠦᠬᠡ᠎ᠶᠢ ᠦᠨᠡᠨ᠎ᠳᠡᠭᠡᠨ ᠢᠳᠡᠭᠡᠨ᠎ᠦ ᠬᠡᠯᠪᠡᠷᠢ᠎ᠪᠡᠷ ᠢᠯᠡᠳᠬᠡᠭᠰᠡᠨ ᠶᠤᠮ᠃ ᠰᠢᠯᠦᠬᠡᠢ ᠠᠮᠤ ᠢᠳᠡᠭᠰᠡᠨ ᠲᠡᠦᠬᠡ᠎ᠶᠢᠨ ᠲᠤᠬᠠᠢ᠂ ᠬᠠᠭᠤᠷᠤᠭᠰᠠᠨ ᠠᠮᠤ ᠨᠢ ᠬᠠᠮᠤᠭ ᠡᠴᠡ ᠢᠯᠡᠭᠦᠦ ᠲᠥᠯᠥᠭᠡᠯᠡᠬᠦ ᠴᠢᠨᠠᠷ ᠪᠠ ᠦᠷᠭᠦᠯᠵᠢᠯᠡᠬᠦ ᠴᠢᠨᠠᠷ᠎ᠲᠠᠢ ᠶᠤᠮ᠃

ᠣᠢᠯᠠᠭᠠᠭᠰᠠᠨ᠎ᠢᠶᠠᠷ᠂ ᠬᠠᠭᠤᠷᠤᠭᠰᠠᠨ ᠠᠮᠤ ᠨᠢ ᠲᠠᠷᠢᠶᠠᠯᠠᠬᠤ ᠦᠨᠳᠦᠰᠦᠲᠡᠨ᠎ᠡᠴᠡ ᠡᠭᠦᠰᠦᠯ᠎ᠲᠠᠢ ᠪᠠᠢᠵᠤ᠂ ᠠᠯᠢ ᠡᠷᠲᠡ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠦ᠂ ᠾᠸᠦ ᠨᠠᠷ᠎ᠤᠨ ᠤᠯᠤᠰ ᠬᠠᠭᠤᠷᠤᠭᠰᠠᠨ ᠠᠮᠤ᠎ᠪᠠᠷ ᠴᠡᠷᠢᠭ ᠠᠩᠭᠢ᠎ᠶᠢᠨ᠎ᠢᠶᠠᠨ ᠠᠮᠤ ᠬᠦᠨᠡᠰᠦ ᠪᠣᠯᠭᠠᠵᠤ ᠪᠠᠢᠵᠠᠢ᠃ ᠡᠯ᠎ᠡ ᠦᠨᠳᠦᠰᠦᠲᠡᠨ᠎ᠦ ᠠᠵᠤ ᠠᠬᠤᠢ ᠰᠣᠶᠣᠯ᠎ᠤᠨ ᠰᠣᠯᠢᠯᠴᠠᠭ᠎ᠠ ᠠᠭᠤᠰᠤᠯᠴᠠᠯ᠎ᠢ ᠳᠠᠭᠠᠯᠳᠤᠨ᠂ ᠬᠠᠭᠤᠷᠤᠭᠰᠠᠨ ᠠᠮᠤ ᠨᠢ ᠠᠭᠠᠵᠢᠮ᠎ᠢᠶᠠᠷ ᠨᠡᠭᠦᠳᠡᠯ ᠮᠠᠯᠵᠢᠯ᠂ ᠠᠩ ᠠᠩᠨᠠᠯ᠎ᠤᠨ ᠦᠨᠳᠦᠰᠦᠲᠡᠨ᠎ᠳᠦ ᠥᠷᠭᠡᠨ᠎ᠢᠶᠡᠷ ᠬᠡᠷᠡᠭᠯᠡᠭᠳᠡᠬᠦ ᠪᠣᠯᠤᠭᠰᠠᠨ ᠪᠠᠢᠨ᠎ᠠ᠃ ᠵᠢᠱ᠌ᠢᠶᠡᠯᠡᠪᠡᠯ᠂ ᠮᠣᠩᠭᠣᠯ ᠶᠤᠸᠠᠨ᠎ᠤ ᠦᠶ᠎ᠡ᠎ᠶᠢᠨ ᠬᠠᠭᠤᠷᠤᠭᠰᠠᠨ ᠠᠮᠤ ᠨᠢ᠂ ᠮᠣᠩᠭᠣᠯ ᠠᠮᠤ (ᠰᠢᠯᠦᠬᠡᠢ᠎ᠶᠢᠨ ᠨᠢᠭᠡ ᠲᠥᠷᠥᠯ ᠵᠦᠢᠯ) ᠵᠢ ᠬᠠᠭᠤᠷᠠᠢ ᠪᠡᠷ ᠬᠠᠭᠤᠷᠴᠤ᠂ ᠬᠠᠭᠤᠷᠴᠤ ᠪᠠᠷᠠᠭᠰᠠᠨ᠎ᠤ ᠳᠠᠷᠠᠭ᠎ᠠ ᠰᠠᠪᠠᠨ᠎ᠳᠤ ᠬᠢᠵᠦ ᠬᠠᠳᠠᠭᠠᠯᠠᠭᠠᠳ᠂ ᠰᠦ᠎ᠲᠠᠢ ᠴᠠᠢ᠎ᠳᠤ ᠬᠢᠬᠦ ᠪᠤᠶᠤ ᠵᠥᠭᠡᠬᠡᠢ᠎ᠲᠠᠢ ᠵᠠᠭᠤᠷᠠᠵᠤ ᠢᠳᠡᠬᠦ ᠳ᠋ᠤ ᠠᠩᠬᠢᠯᠤᠮ᠎ᠠ ᠰᠠᠢᠬᠠᠨ ᠥᠨᠦᠷ ᠲᠠᠢ ᠪᠥᠭᠡᠳ ᠥᠯ ᠳᠠᠷᠤᠬᠤ ᠳ᠋ᠤ ᠰᠠᠢᠨ ᠪᠠᠢᠳᠠᠭ᠂ ᠬᠠᠳᠠᠭᠠᠯᠠᠬᠤ ᠪᠠ ᠠᠪᠴᠤ ᠶᠠᠪᠤᠬᠤ᠎ᠳᠤ ᠳᠥᠭᠦᠮ ᠪᠠᠢᠵᠤ᠂ ᠪᠠᠢᠯᠳᠤᠭᠠᠨ ᠬᠢᠬᠦ ᠪᠤᠶᠤ ᠤᠲᠤᠷᠯᠠᠨ ᠮᠠᠯᠵᠢᠬᠤ ᠳ᠋ᠤ ᠲᠤᠬᠢᠷᠠᠳᠠᠭ᠃ ᠡᠭᠦᠨ᠎ᠡᠴᠡ ᠦᠵᠡᠬᠦ᠎ᠳᠦ᠂ ᠥᠪᠥᠷ ᠮᠣᠩᠭᠣᠯ᠎ᠤᠨ ᠬᠣᠭᠣᠯᠠᠨ ᠰᠢᠷᠡᠭᠡᠨ ᠳᠡᠭᠡᠷᠡᠬᠢ ᠬᠠᠭᠤᠷᠤᠭᠰᠠᠨ ᠠᠮᠤ ᠨᠢ ᠨᠠᠭᠠᠲᠤ ᠵᠠᠬ᠎ᠠ᠎ᠳᠠᠭᠠᠨ ᠬᠣᠶᠠᠷ ᠮᠢᠩᠭ᠎ᠠ ᠭᠠᠷᠤᠢ ᠵᠢᠯ᠎ᠦᠨ ᠲᠡᠦᠬᠡ᠎ᠲᠠᠢ ᠪᠣᠯᠵᠠᠢ᠃

ᠸᠠᠩ ᠭᠦᠸᠧ ᠵᠢᠶᠦ᠋ᠨ ᠪᠣᠯᠣᠨ ᠯᠢ ᠴᠢᠤᠸᠠᠨ ᠰᠢ ᠪᠠᠰᠠ ᠬᠠᠭᠤᠷᠤᠭᠰᠠᠨ ᠠᠮᠤ ᠡᠳ᠋ᠰᠢᠭᠦᠯᠦᠨ ᠪᠣᠷᠣᠯᠠᠭᠤᠯᠵᠤ᠂ ᠥᠪᠥᠷ ᠮᠣᠩᠭᠣᠯ ᠣᠷᠣᠨ᠎ᠳᠤ ᠭᠣᠣᠯᠴᠢᠯᠠᠨ ᠪᠣᠷᠣᠯᠠᠭᠤᠯᠬᠤ᠎ᠵᠢᠨ ᠬᠠᠮᠲᠤ ᠪᠠᠰᠠ ᠾᠧᠪᠧᠢ ᠮᠤᠵᠢ᠎ᠶᠢᠨ ᠵᠠᠩᠪᠧᠢ ᠵᠡᠷᠭᠡ ᠭᠠᠵᠠᠷ ᠣᠷᠣᠨ᠎ᠳᠤ ᠪᠠᠷᠠᠭ᠎ᠠ ᠬᠠᠩᠭᠠᠵᠤ ᠪᠠᠢᠨ᠎ᠠ᠃ ᠭᠡᠪᠡᠴᠦ ᠪᠤᠷᠴᠠᠭᠲᠤ ᠨᠠᠩᠭᠢ ᠪᠣᠣᠪᠣ ᠪᠠ ᠲᠣᠰᠣᠨ᠎ᠳᠤ ᠪᠤᠴᠠᠯᠭᠠᠭᠰᠠᠨ ᠰᠢᠯᠦᠬᠡᠢ ᠪᠣᠣᠪᠣ᠎ᠲᠠᠢ ᠬᠠᠷᠢᠴᠠᠭᠤᠯᠪᠠᠯ᠂ ᠨᠠᠩᠬᠢ᠎ᠵᠢᠨ ᠴᠠᠭᠠᠨ᠎ᠢ ᠬᠡᠷᠡᠭᠯᠡᠬᠦ ᠬᠡᠮᠵᠢᠶ᠎ᠡ ᠨᠢ ᠳᠠᠮᠠᠢ ᠶᠡᠬᠡ ᠪᠢᠰᠢ ᠪᠤᠯᠵᠠᠢ᠃

ᠪᠤᠷᠴᠠᠭᠲᠤ ᠨᠠᠩᠭᠢ ᠪᠣᠣᠪᠣ ᠪᠠ ᠲᠣᠰᠣᠨ᠎ᠳᠤ ᠪᠤᠴᠠᠯᠭᠠᠭᠰᠠᠨ ᠰᠢᠯᠦᠬᠡᠢ ᠪᠣᠣᠪᠣ᠎ᠶᠢᠨ ᠲᠡᠦᠬᠡ ᠵᠢ ᠣᠳᠣ᠌᠎ᠶᠢᠨ ᠰᠤᠷᠪᠤᠯᠵᠢ ᠪᠢᠴᠢᠭ᠎ᠦᠨ ᠲᠡᠮᠳᠡᠭᠯᠡᠯ ᠡᠴᠡ ᠮᠦᠷᠳᠡᠪᠡᠯ ᠴᠢᠨᠭ ᠤᠯᠤᠰ᠎ᠤᠨ ᠦᠶ᠎ᠡ ᠪᠤᠯᠤᠨ᠎ᠠ᠃

ᠪᠤᠷᠴᠠᠭᠲᠤ ᠨᠠᠩᠭᠢ ᠪᠣᠣᠪᠣ ᠪᠣᠯ ᠵᠡᠭᠦᠨ ᠬᠣᠢᠲᠤ ᠣᠷᠣᠨ ᠎ᠤ ᠬᠥᠮᠥᠰ᠎ᠦᠨ ᠴᠠᠭᠠᠨ ᠰᠠᠷ᠎ᠠ᠎ᠶᠢᠨ ᠬᠤᠭᠤᠴᠠᠭᠠᠨ᠎ᠳᠤ ᠢᠳᠡᠬᠦ ᠳᠤᠷᠠᠲᠠᠢ ᠨᠠᠩᠭᠢ ᠢᠳᠡᠭᠡᠨ ᠪᠠᠢᠵᠤ᠂ ᠨᠠᠩᠬᠢ ᠎ᠵᠢᠨ ᠴᠠᠭᠠᠨ ᠪᠠ ᠪᠤᠷᠴᠠᠭ᠎ᠤᠨ ᠢᠳᠡᠭᠡ᠎ᠪᠡᠷ ᠥᠪᠡᠷ᠎ᠢᠶᠡᠨ ᠬᠢᠳᠡᠭ᠃ ᠪᠤᠷᠴᠠᠭᠲᠤ ᠨᠠᠩᠬᠢ ᠪᠣᠣᠪᠣ ᠨᠢ ᠬᠠᠮᠤᠭ ᠡᠷᠲᠡ᠎ᠳ᠋ᠡᠭᠡᠨ ᠳᠡᠭᠡᠳᠦᠰ᠎ᠲᠦ᠎ᠪᠡᠨ ᠵᠣᠷᠢᠭᠤᠯᠤᠭᠰᠠᠨ ᠲᠠᠬᠢᠯᠭ᠎ᠠ᠎ᠶᠢᠨ ᠡᠳ᠋ ᠪᠤᠯᠬᠤ ᠮᠦᠷᠲᠡᠭᠡᠨ ᠮᠠᠨᠵᠤ ᠬᠥᠮᠥᠨ᠎ᠦ ᠠᠩ᠎ᠳᠤ ᠭᠠᠷᠬᠤ ᠳ᠋ᠠᠭᠠᠨ ᠠᠪᠴᠤ ᠶᠠᠪᠤᠳᠠᠭ ᠢᠳᠡᠭᠡᠨ ᠪᠠᠢᠪᠠ᠃ ᠬᠣᠵᠢᠮ ᠨᠢ ᠨᠤᠷᠠᠭ᠍ᠴᠢ ᠴᠡᠷᠢᠭ ᠳᠠᠭᠠᠭᠤᠯᠤᠨ ᠪᠠᠢᠯᠳᠤᠭᠠᠨ ᠬᠢᠬᠦ ᠦᠶ᠎ᠡ᠎ᠳᠦ᠂ ᠪᠤᠷᠴᠠᠭᠲᠤ ᠨᠠᠩᠭᠢ ᠪᠣᠣᠪᠣ ᠨᠢ ᠡᠪᠦᠯ᠎ᠦᠨ ᠤᠯᠠᠷᠢᠯ᠎ᠤᠨ ᠴᠡᠷᠢᠭ᠎ᠦᠨ ᠬᠦᠨᠡᠰᠦ ᠪᠣᠯᠤᠭᠰᠠᠨ ᠪᠠᠢᠨ᠎ᠠ᠃

ᠥᠪᠥᠷ ᠮᠣᠩᠭᠣᠯ᠎ᠤᠨ ᠳᠤᠮᠳᠠ ᠪᠠᠷᠠᠭᠤᠨ ᠬᠡᠰᠡᠭ᠎ᠦᠨ ᠭᠠᠵᠠᠷ ᠣᠷᠣᠨ ᠳ᠋ᠤ ᠤᠳᠤ᠎ᠦᠷᠭᠦᠯᠵᠢ ᠬᠠᠷᠠᠭᠳᠠᠳᠠᠭ ᠲᠤᠰᠤᠨ᠎ᠳᠤ ᠪᠤᠴᠠᠯᠭᠠᠭᠰᠠᠨ ᠰᠢᠯᠦᠭᠡᠢ ᠪᠣᠣᠪᠣ᠎ᠶᠢᠨ ᠲᠤᠬᠠᠢ᠂ ᠴᠢᠩ ᠤᠯᠤᠰ᠎ᠤᠨ ᠦᠶ᠎ᠡ᠎ᠶᠢᠨ ᠸᠧᠨ ᠺᠠᠩ᠎ᠤᠨ ᠪᠢᠴᠢᠭᠰᠡᠨ 《ᠦᠷ᠎ᠡ ᠬᠡᠦᠬᠡᠳ᠎ᠦᠨ ᠪᠠᠭᠠᠲᠤᠷ᠎ᠤᠨ ᠨᠠᠮᠲᠠᠷ》 ᠲᠤ᠌ ᠄《ᠲᠡᠨᠳᠡᠬᠢ᠎ᠶᠢᠨ ᠪᠠᠢᠰᠢᠩ᠎ᠳᠤ ᠠᠯᠢ ᠬᠡᠳᠦᠢᠨ ᠪᠣᠭᠣᠷᠰᠣᠭ ᠪᠡᠯᠡᠳᠬᠡᠵᠦ ᠲᠠᠯᠪᠢᠵᠠᠢ᠂ ᠪᠤᠤᠵᠠ᠂ ᠲᠤᠰᠤᠨ ᠳ᠋ᠤ ᠪᠤᠴᠠᠯᠭᠠᠭᠰᠠᠨ ᠪᠣᠣᠪᠣ᠂ ᠲᠤᠰᠤᠨ᠎ᠳᠤ ᠪᠤᠴᠠᠯᠭᠠᠭᠰᠠᠨ ᠪᠤᠭᠤᠷᠰᠤᠭ᠂ ᠰᠢᠬᠢᠷᠯᠢᠭ ᠰᠢᠩᠭᠡᠨ ᠪᠤᠳᠠᠭ᠎ᠠ᠂ ᠴᠠᠢ ᠵᠡᠷᠭᠡ ᠯᠡ᠎ᠲᠡᠳᠦᠢ᠂ ᠡᠮᠡᠭᠲᠡᠢᠴᠦᠳ ᠪᠠᠭ᠎ᠠ ᠰᠠᠭ᠎ᠠ ᠢᠳᠡᠭᠰᠡᠨ᠎ᠦ ᠲᠠᠷᠠᠭ᠎ᠠ ᠰᠠᠶᠢ ᠲᠠᠬᠢᠨ ᠤᠬᠢᠶᠠᠵᠤ ᠴᠡᠪᠡᠷᠯᠡᠬᠦ ᠪᠡᠷ ᠶᠠᠪᠤᠳᠠᠭ》 ᠭᠡᠵᠦ ᠳᠦᠷᠰᠦᠯᠡᠨ ᠪᠢᠴᠢᠵᠦ ᠦᠨᠭᠭᠡᠷᠡᠵᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面