ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2023-10-05 16:04:46

ᠵᠣᠬᠢᠶᠠᠭ᠍ᠴᠢ᠄ ᠴᠠᠨ᠎ᠠ ᠣᠩᠱᠢᠭ᠍ᠰᠠᠨ ᠣᠳᠠᠭ᠎ᠠ᠄ 3

— ᠲᠠᠷᠢᠶᠠᠯᠠᠬᠤ ᠰᠣᠶᠣᠯ᠎ᠤᠨ ᠲᠤᠬᠠᠢ ᠰᠢᠷᠢᠰ ᠮᠡᠳᠡᠭᠡᠯᠡᠯ ᠲᠠᠪᠤ

10 ᠰᠠᠷ᠎ᠠ᠎ᠶᠢᠨ ᠡᠬᠢ᠎ᠪᠡᠷ᠂ ᠡᠨᠡ ᠵᠢᠯ᠎ᠦᠨ ᠬᠠᠪᠤᠷ᠎ᠤᠨ ᠪᠤᠭᠤᠳᠠᠢ᠎ᠶᠢ ᠲᠠᠯᠬᠠᠳᠠᠵᠤ ᠭᠠᠷᠭᠠᠭᠰᠠᠨ ᠴᠢᠨᠠᠷ ᠰᠠᠢᠲᠠᠢ ᠪᠣᠷᠣᠳᠣᠬᠣᠢ᠎ᠶᠢᠨ ᠭᠤᠯᠢᠷ᠎ᠨᠢ ᠡᠯᠳᠡᠪ ᠵᠦᠢᠯ᠎ᠦᠨ ᠭᠤᠯᠢᠷ ᠢᠳᠡᠭᠡᠨ ᠪᠤᠯᠵᠤ ᠬᠣᠭᠣᠯᠠᠨ ᠰᠢᠷᠡᠭᠡᠨ ᠳᠡᠭᠡᠷ᠎ᠡ ᠦᠷᠦᠭᠳᠡᠨ᠎ᠠ᠃ 《ᠲᠠᠪᠤᠨ ᠵᠦᠢᠯ᠎ᠦᠨ ᠪᠦᠷᠢᠨ ᠴᠢᠳᠠᠪᠤᠷᠢ᠎ᠶᠢᠨ ᠮᠠᠩᠯᠠᠢ》 ᠬᠡᠮᠡᠭᠳᠡᠭᠰᠡᠨ ᠪᠣᠷᠣᠳᠣᠬᠣᠢ᠎ᠶᠢᠨ ᠭᠤᠯᠢᠷ ᠨᠢ ᠦᠨᠦᠷ ᠠᠮᠳᠠ ᠰᠢᠮ᠎ᠠ ᠪᠡᠷ᠎ᠢᠶᠡᠨ ᠪᠣᠷᠣᠳᠣᠬᠣᠢ ᠣᠷᠣᠨ᠎ᠤ ᠤᠳᠠᠭᠠᠨ ᠤᠨ᠎ᠤ ᠠᠯᠳᠠᠷᠰᠢᠯ ᠪᠦᠬᠦᠢ ᠭᠤᠯᠢᠷ ᠢᠳᠡᠭᠡᠨ᠎ᠦ ᠰᠣᠶᠣᠯ᠎ᠢ ᠡᠭᠦᠳᠦᠭᠰᠡᠨ ᠪᠠᠢᠨ᠎ᠠ᠃

ᠨᠢᠭᠡ ᠠᠶᠠᠭ᠎ᠠ ᠨᠢᠶᠠᠩᠫᠢ ᠵᠢᠴᠢ ᠣᠳᠣ᠌ ᠦᠶ᠎ᠡ᠎ᠶᠢᠨ ᠣᠶᠤᠨᠴᠢ ᠲᠠᠷᠢᠶᠠᠯᠠᠩ

ᠪᠣᠷᠣᠳᠣᠬᠣᠢ᠎ᠶᠢᠨ ᠰᠣᠶᠣᠯ᠎ᠳᠠᠬᠢ ᠪᠤᠭᠤᠳᠠᠢ᠎ᠶᠢᠨ ᠪᠠᠢᠷᠢ ᠰᠠᠭᠤᠷᠢ᠎ᠶᠢ ᠣᠢᠯᠠᠭᠠᠬᠤ᠎ᠳᠤ ᠤᠷᠢᠳᠠᠪᠠᠷ ᠨᠢᠭᠡ ᠠᠶᠠᠭ᠎ᠠ ᠨᠢᠶᠠᠩᠫᠢ ᠡᠴᠡ ᠡᠬᠢᠯᠡᠬᠦ ᠬᠡᠷᠡᠭᠲᠡᠢ᠃

ᠤᠳᠠᠭᠠᠨ ᠵᠢᠯ ᠠᠯᠳᠠᠷᠰᠢᠭ᠍ᠰᠠᠨ ᠪᠠᠶᠠᠨᠨᠠᠭᠤᠷ᠎ᠤᠨ ᠨᠢᠶᠠᠩᠫᠢ᠎ᠶᠢ ᠲᠤᠬᠠᠢ ᠵᠢᠨ ᠭᠠᠵᠠᠷ᠎ᠤᠨ ᠬᠥᠮᠥᠰ 《ᠮᠢᠶᠠᠨᠵᠢᠨ》 ᠭᠡᠵᠦ ᠨᠡᠷᠡᠯᠡᠬᠦ ᠲᠤᠷᠠᠲᠠᠢ ᠪᠠᠢᠳᠠᠭ᠃ ᠦᠶᠤᠸᠠᠨ ᠰᠢᠶᠠᠨ᠎ᠤ ᠹᠦ ᠰᠢᠩ ᠼᠦᠨ ᠲᠣᠰᠬᠣᠨ᠎ᠤ ᠵᠠᠭᠡᠯᠢ ᠲᠠᠭᠠᠤ ᠪᠠᠢᠷᠢᠯᠠᠭ᠎ᠠ ᠯᠢ ᠰᠠᠨ ᠤᠯᠠᠮᠵᠢᠯᠠᠯᠲᠤ ᠮᠢᠶᠠᠨᠵᠢᠨ ᠎ᠤ ᠳᠡᠯᠭᠡᠭᠦᠷ ᠨᠢ ᠬᠡᠳᠦᠢᠪᠡᠷ ᠮᠢᠶᠠᠨᠵᠢᠨ ᠪᠠ ᠰᠢᠬᠢᠷ ᠲᠠᠢ ᠮᠤᠰᠭᠢᠮᠡᠯ ᠪᠤᠤᠪᠤ ᠵᠡᠷᠭᠡ ᠬᠡᠳᠦᠨ ᠵᠦᠢᠯ᠎ᠦᠨ ᠰᠤᠯᠠ ᠢᠳᠡᠭᠡᠨ ᠬᠤᠳᠠᠯᠳᠤᠳᠠᠭ ᠪᠣᠯᠪᠠᠴᠤ ᠦᠶᠤᠸᠠᠨ ᠰᠢᠶᠠᠨ᠎ᠳ᠋ᠠᠭᠠᠨ ᠬᠠᠷᠢᠨ ᠮᠠᠰᠢ ᠨᠠᠷᠠᠲᠠᠢ ᠪᠠᠢᠳᠠᠭ᠃ ᠪᠠᠶᠠᠨᠨᠠᠭᠤᠷ᠎ᠤᠨ ᠮᠢᠶᠠᠨᠵᠢᠨ ᠎ᠤ ᠳᠡᠯᠭᠡᠭᠦᠷ ᠨᠢ ᠶᠠᠭ ᠴᠦᠩᠴᠢᠩ᠎ᠦᠨ ᠵᠢᠵᠢᠭ ᠭᠤᠯᠢᠷ᠎ᠤᠨ ᠥᠷᠥᠭᠡ᠎ᠲᠠᠢ ᠠᠳᠠᠯᠢ᠎ᠪᠠᠷ ᠠᠷᠠᠳ᠎ᠤᠨ ᠳᠤᠮᠳᠠ ᠨᠡᠷᠡᠰ᠎ᠦᠨ ᠵᠢᠭ᠍ᠰᠠᠭᠠᠯᠲᠠ᠎ᠲᠠᠢ ᠪᠠᠢᠳᠠᠭ᠃ ᠭᠡᠪᠡᠴᠦ ᠵᠢᠵᠢᠭ ᠳᠡᠯᠭᠡᠭᠦᠷ ᠨᠢᠭᠡ ᠪᠦᠷᠢ ᠨᠢ ᠴᠥᠮ ᠥᠪᠡᠷᠮᠢᠴᠡ ᠣᠨᠴᠠᠯᠢᠭ᠋᠎ᠲᠠᠢ ᠪᠤᠯᠬᠤᠷ ᠨᠡᠷᠡᠰ᠎ᠦᠨ ᠵᠢᠭ᠍ᠰᠠᠭᠠᠯᠲᠠ᠎ᠳᠤ 《ᠡᠮᠦᠨ᠎ᠡ ᠬᠣᠢᠨ᠎ᠠ ᠭᠡᠵᠦ ᠬᠤᠪᠢᠶᠠᠬᠤ ᠦᠭᠡᠢ》 ᠪᠠᠢᠳᠠᠭ᠃

ᠯᠢ ᠰᠠᠨ᠎ᠤᠯᠠᠮᠵᠢᠯᠠᠯᠲᠤ ᠮᠢᠶᠠᠨᠵᠢᠨ᠎ᠤ ᠳᠡᠯᠭᠡᠭᠦᠷ ᠨᠢ ᠲᠤᠬᠠᠢ᠎ᠶᠢᠨ ᠭᠠᠵᠠᠷ᠎ᠤᠨ ᠬᠥᠮᠥᠰ᠎ᠦᠨ ᠰᠡᠳᠭᠢᠯ᠎ᠳᠡᠬᠢ ᠨᠠᠷᠡᠰ᠎ᠤᠨ ᠵᠢᠭᠰᠠᠭᠠᠯᠲᠠ ᠵᠢᠨ ᠲᠡᠷᠢᠭᠦᠨ᠎ᠳᠦ ᠤᠷᠤᠳᠠᠭ ᠳᠡᠯᠭᠡᠭᠦᠷ ᠪᠣᠯᠣᠨ᠎ᠠ᠃ ᠭᠠᠷ᠎ᠢᠶᠠᠷ ᠬᠢᠭᠰᠡᠨ ᠮᠢᠶᠠᠨᠵᠢᠨ ᠨᠢ ᠭᠢᠯᠲᠠᠭᠠᠨᠠᠮ᠎ᠠ ᠲᠤᠩᠭᠠᠯᠠᠭ᠂ ᠠᠮᠲᠠ ᠪᠡᠷ ᠰᠠᠢᠬᠠᠨ ᠪᠠᠢᠵᠤ᠂ ᠡᠯ᠎ᠡ ᠵᠦᠢᠯ᠎ᠤᠨ ᠨᠠᠢᠷᠠᠯᠭ᠎ᠠ ᠲᠠᠢ ᠠᠮᠲᠠ ᠣᠷᠣᠭᠤᠯᠬᠤ ᠱᠥᠯᠥ ᠪᠠ ᠥᠪᠡᠷ᠎ᠲᠡᠭᠡᠨ ᠳᠠᠪᠤᠰᠤᠯᠠᠭᠰᠠᠨ ᠨᠣᠭᠣᠭ᠎ᠠ᠎ᠲᠠᠢ ᠪᠡᠨ ᠬᠤᠯᠢᠵᠦ ᠢᠳᠡᠪᠡᠯ ᠢᠰᠬᠦᠯᠡᠩ ᠰᠠᠢᠬᠠᠨ ᠠᠮᠲᠠᠲᠠᠢ ᠪᠤᠯᠵᠤ᠂ ᠲᠤᠬᠠᠢ᠎ᠶᠢᠨ ᠭᠠᠵᠠᠷ᠎ᠲᠤ ᠯᠡ ᠰᠠᠶᠢ ᠤᠯᠵᠤ ᠢᠳᠡᠳᠡᠭ ᠭᠠᠵᠠᠷ ᠤᠷᠤᠨ᠎ᠤ ᠤᠯᠠᠮᠵᠢᠯᠠᠯᠲᠤ ᠠᠮᠲᠠᠲᠤ ᠢᠳᠡᠭᠡᠨ ᠪᠤᠯᠤᠨ᠎ᠠ᠃ ᠪᠣᠷᠣᠳᠣᠬᠣᠢ᠎ᠶᠢᠨ ᠲᠠᠯ᠎ᠠ ᠭᠠᠵᠠᠷ᠎ᠤᠨ ᠴᠢᠨᠠᠷ ᠰᠠᠢᠳᠠᠢ ᠭᠤᠯᠢᠷ ᠨᠢ ᠰᠢᠮ᠎ᠡ ᠲᠡᠵᠢᠭᠡᠯ᠎ᠢᠶᠡᠷ ᠡᠯᠪᠡᠭ᠂ ᠤᠭᠤᠷᠠᠭ᠎ᠤᠨ ᠠᠭᠤᠯᠤᠭᠳᠠᠴᠠ᠎ᠪᠡᠷ ᠥᠨᠳᠥᠷ ᠪᠠᠢᠵᠤ᠂ ᠮᠢᠶᠠᠨᠵᠢᠨ ᠬᠢᠬᠦ᠎ᠳᠦ ᠳᠤᠲᠠᠭᠳᠠᠵᠤ ᠪᠣᠯᠣᠰᠢ ᠦᠭᠡᠢ ᠭᠣᠣᠯ ᠮᠠᠲᠧᠷᠢᠶᠠᠯ ᠪᠣᠯᠣᠨ᠎ᠠ᠃ ᠨᠢᠭᠡ ᠠᠶᠠᠭ᠎ᠠ ᠠᠮᠲᠠᠲᠤ ᠢᠳᠡᠭᠡᠨ᠂ ᠨᠢᠭᠡ ᠤᠯᠠᠷᠢᠯ᠎ᠤᠨ ᠪᠤᠭᠤᠳᠠᠢ ᠨᠢ ᠪᠣᠷᠣᠳᠣᠬᠣᠢ ᠣᠷᠣᠨ᠎ᠤ 2000 ᠣᠨ᠎ᠤ ᠲᠠᠷᠢᠶᠠᠯᠠᠬᠤ ᠪᠣᠯᠪᠠᠰᠤᠨ᠎ᠤ ᠲᠡᠦᠬᠡ᠎ᠶᠢ ᠬᠦᠤᠷᠨᠢᠵᠦ ᠪᠠᠢᠳᠠᠭ᠃

ᠪᠤᠭᠤᠳᠠᠢ ᠳᠠᠷᠢᠭ᠍ᠰᠠᠨ ᠦᠯᠢᠭᠡᠷ᠎ᠢ ᠤᠴᠢᠷᠯᠠᠬᠤᠶ᠎ᠠ ᠡᠬᠢ ᠡᠭᠦᠰᠦᠯ᠎ᠢ ᠨᠢ ᠥᠷᠭᠡᠨ ᠠᠭᠤᠳᠠᠮ ᠲᠠᠷᠢᠶᠠᠨ ᠭᠠᠵᠠᠷ ᠡᠴᠡ ᠬᠠᠢᠬᠤ ᠤᠴᠢᠷᠳᠠᠢ ᠶᠤᠮ᠃ 3 ᠰᠠᠷ᠎ᠠ᠎ᠶᠢᠨ ᠡᠬᠢ᠎ᠪᠡᠷ ᠪᠠᠶᠠᠨᠨᠠᠭᠤᠷ ᠬᠤᠳᠠ᠎ᠶᠢᠨ ᠦᠶᠤᠸᠠᠨ ᠰᠢᠶᠠᠨ᠎ᠤ ᠲᠠᠷᠢᠶᠠᠴᠢᠨ ᠬᠤᠤ ᠼᠦᠨ ᠯᠢᠨ ᠲᠡᠭᠦᠨ᠎ᠤ ᠬᠤᠷᠰᠢᠶ᠎ᠠ᠎ᠶᠢᠨ᠎ᠢᠶᠠᠨ 1500 ᠮᠦ᠍ ᠲᠠᠷᠢᠶᠠᠨ ᠭᠠᠵᠠᠷ᠎ᠲᠠᠭᠠᠨ ᠡᠨᠡ ᠵᠢᠯ᠎ᠦᠨ ᠬᠠᠪᠤᠷ᠎ᠤᠨ ᠪᠤᠭᠤᠳᠠᠢ᠎ᠶᠢᠨ ᠦᠷ᠎ᠡ ᠪᠡᠨ ᠰᠠᠴᠤᠪᠠ᠃ 18 ᠡᠳᠦᠷ᠎ᠤᠨ ᠲᠠᠷᠠᠭ᠎ᠠ ᠪᠤᠭᠤᠳᠠᠢ᠎ᠶᠢᠨ ᠴᠢᠬᠢ ᠴᠤᠬᠤᠶ᠋ᠢᠨ ᠭᠠᠷᠴᠤ᠂ ᠪᠣᠷᠣᠳᠣᠬᠣᠢ᠎ᠶᠢᠨ ᠲᠠᠯ᠎ᠠ ᠭᠠᠵᠠᠷ᠎ᠲᠡᠬᠢ 100 ᠭᠠᠷᠤᠢ ᠡᠳᠦᠷ᠎ᠤᠨ ᠤᠷᠭᠤᠯᠲᠠ ᠪᠡᠨ ᠡᠬᠢᠯᠡᠭᠦᠯᠵᠡᠢ᠃ ᠵᠤᠨ᠎ᠤ ᠭᠣᠣᠯ ᠪᠤᠯᠬᠤ ᠪᠡᠷ ᠠᠯᠳᠠᠨ ᠰᠢᠷᠭᠠᠯ ᠪᠤᠭᠤᠳᠠᠢ᠎ᠶᠢᠨ ᠲᠦᠷᠦᠭᠦᠦ᠎ᠡᠴᠡ ᠪᠤᠭᠤᠲᠠᠢ ᠵᠢᠨ ᠮᠥᠬᠥᠯᠢᠭ ᠤᠨᠵᠢᠬᠢᠨᠠᠵᠤ ᠂ ᠡᠳ᠋ᠰᠢᠭᠦᠯᠦᠨ ᠪᠤᠯᠪᠠᠰᠤᠷᠠᠭᠤᠯᠬᠤ ᠪᠡᠷ ᠲᠠᠮᠵᠢᠨ ᠴᠢᠨᠠᠷ ᠰᠠᠢᠲᠠᠢ ᠪᠣᠷᠣᠳᠣᠬᠣᠢ᠎ᠶᠢᠨ ᠭᠤᠯᠢᠷ ᠪᠤᠯᠵᠤ ᠬᠤᠪᠢᠷᠠᠪᠠ᠃

ᠦᠶᠤᠸᠠᠨ ᠰᠢᠶᠠᠨ᠎ᠤ ᠴᠢᠤᠸᠠᠨ ᠱᠦᠨ ᠲᠠᠷᠢᠶᠠᠴᠢᠨ᠎ᠤ ᠲᠤᠰᠬᠠᠢ ᠬᠤᠷᠰᠢᠶ᠎ᠠ᠎ᠶᠢᠨ ᠬᠡᠷᠡᠭ ᠡᠷᠬᠢᠯᠡᠭᠴᠢᠳ᠎ᠦᠨ ᠳᠠᠷᠤᠭ᠎ᠠ ᠬᠤᠤ ᠼᠦᠨ ᠯᠢᠨ ᠪᠣᠯ ᠦᠶᠤᠸᠠᠨ ᠰᠢᠶᠠᠨ᠎ᠳᠤ ᠲᠦᠷᠦᠵᠦ ᠥᠰᠦᠭᠰᠡᠨ ᠲᠠᠷᠢᠶᠠᠴᠢᠨ ᠪᠣᠯᠣᠨ᠎ᠠ᠂ ᠡᠪᠦᠭᠡ ᠳᠡᠭᠡᠳᠦᠰ ᠨᠢ ᠪᠣᠷᠣᠳᠣᠬᠣᠢ᠎ᠶᠢᠨ ᠲᠠᠯ᠎ᠠ ᠭᠠᠵᠠᠷ᠎ᠲᠤ ᠦᠶ᠎ᠡ ᠤᠯᠠᠷᠢᠨ ᠲᠠᠷᠢᠶᠠᠯᠠᠳᠠᠭ ᠪᠠᠢᠵᠠᠢ᠃ ᠬᠤᠤ ᠼᠦᠨ ᠯᠢᠨ ᠵᠠᠯᠠᠭᠤ ᠪᠠᠢᠬᠤ ᠦᠶ᠎ᠠ᠎ᠳᠦ ᠨᠤᠲᠤᠭ᠎ᠤᠨ ᠬᠢᠨ ᠲᠠᠷᠢᠮᠠᠯ᠎ᠤᠨ ᠦᠢᠯᠡᠰ ᠨᠢ ᠪᠦᠷ ᠬᠥᠮᠥᠨ᠎ᠦ ᠬᠦᠴᠦᠨ᠎ᠳᠦ ᠲᠦᠰᠢᠭᠯᠡᠵᠦ ᠪᠠᠢᠵᠠᠢ᠃ ᠵᠢᠷᠠ ᠬᠦᠷᠦᠭᠰᠡᠨ ᠲᠡᠷᠡᠪᠡᠷ ᠲᠠᠷᠢᠶᠠᠯᠠᠩ᠎ᠤᠨ ᠬᠤᠷᠰᠢᠶ᠎ᠠ᠎ᠶᠢᠨ ᠲᠦᠮᠡᠨ ᠮᠦ᠍᠎ᠶᠢᠨ ᠰᠠᠢᠨ ᠲᠠᠷᠢᠶ᠎ᠠ᠎ᠶᠢ ᠡᠵᠡᠩᠨᠡᠬᠦ ᠦᠶ᠎ᠡ᠎ᠳᠦ ᠲᠠᠷᠢᠶᠠᠯᠠᠩ᠎ᠤᠨ ᠦᠢᠯᠡᠳᠪᠦᠷᠢᠯᠡᠯ᠎ᠳᠦ ᠠᠯᠢ ᠡᠷᠲᠡ ᠳᠣᠬᠢᠭᠤᠷ ᠲᠤᠯᠤᠭᠠᠨ ᠤᠳᠤᠨ᠎ᠤ ᠵᠠᠮᠴᠢᠯᠠᠭ᠎ᠠ᠎ᠪᠠᠷ ᠲᠠᠷᠢᠬᠤ᠂ ᠤᠰᠤ ᠪᠣᠷᠳᠣᠭᠤᠷ᠎ᠢ ᠨᠢᠭᠡ ᠴᠣᠭᠴᠠᠵᠢᠭᠤᠯᠤᠨ ᠤᠰᠤᠯᠠᠬᠤ᠂ ᠪᠦᠷᠬᠦᠭᠦᠯ᠎ᠦᠨ ᠲᠤᠤᠭᠤᠷ ᠳᠤᠰᠤᠯᠭᠠᠨ ᠤᠰᠤᠯᠠᠬᠤ ᠵᠡᠷᠭᠡ ᠤᠳᠤ ᠦᠶ᠎ᠡ᠎ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢ ᠬᠡᠷᠡᠭᠯᠡᠵᠦ᠂ ᠪᠦᠬᠦ ᠶᠠᠪᠤᠴᠠ ᠳ᠋ᠦ ᠮᠠᠰᠢᠨᠴᠢᠯᠠᠭᠰᠠᠨ ᠦᠢᠯᠡᠳᠪᠦᠷᠢᠯᠡᠯ᠎ᠢ ᠪᠡᠶᠡᠯᠡᠭᠦᠯᠪᠡ᠃ ᠬᠡᠳᠦᠨ ᠮᠢᠩᠭᠠᠨ ᠵᠢᠯ ᠦᠷᠭᠦᠯᠵᠢᠯᠡᠭᠰᠡᠨ ᠤᠯᠠᠮᠵᠢᠯᠠᠯᠲᠤ ᠲᠠᠷᠢᠶᠠᠯᠠᠭ᠎ᠠ ᠨᠢ ᠤᠳᠤ ᠠᠯᠬᠤᠮ ᠠᠯᠬᠤᠮ᠎ᠢᠶᠠᠷ ᠬᠡᠯᠪᠡᠷᠢ᠎ᠪᠡᠨ ᠬᠤᠪᠢᠷᠠᠭᠤᠯᠤᠨ ᠳᠡᠰ ᠳᠠᠪᠰᠢᠭᠦᠯᠦᠭᠰᠡᠨ ᠣᠳᠣ᠌ ᠦᠶ᠎ᠡ᠎ᠶᠢᠨ ᠣᠶᠤᠨᠴᠢ ᠲᠠᠷᠢᠶᠠᠯᠠᠩ ᠪᠣᠯᠤᠭᠰᠠᠨ ᠪᠠᠢᠨ᠎ᠠ᠃

ᠤᠨ ᠵᠢᠯ᠎ᠤᠨ ᠤᠷᠴᠢᠯ ᠲᠤᠮᠳᠠ ᠥᠨᠢᠷ ᠪᠠᠶᠠᠯᠢᠭ᠋ ᠪᠣᠷᠣᠳᠣᠬᠣᠢ᠎ᠶᠢᠨ ᠲᠠᠯ᠎ᠠ ᠭᠠᠵᠠᠷ ᠳᠡᠭᠡᠷ᠎ᠡ ᠨᠢᠭᠡᠨ ᠬᠠᠭᠤᠳᠠᠰᠤ ᠲᠠᠷᠢᠶᠠᠯᠠᠭ᠎ᠠ ᠵᠢᠨ ᠵᠢᠷᠤᠭ᠎ᠢ ᠬᠡᠳᠦᠨ ᠮᠢᠩᠭᠠᠨ ᠣᠨ ᠵᠢᠷᠤᠭᠯᠠᠪᠠ᠃ ᠪᠣᠷᠣᠳᠣᠬᠣᠢ᠎ᠶᠢᠨ ᠲᠠᠯ᠎ᠠ ᠭᠠᠵᠠᠷ ᠪᠣᠯ ᠮᠠᠨ᠎ᠤ ᠤᠯᠤᠰ᠎ᠤᠨ ᠬᠠᠪᠤᠷ᠎ᠤᠨ ᠪᠤᠭᠤᠳᠠᠢ ᠳᠠᠷᠢᠭ᠍ᠰᠠᠨ ᠥᠨᠢ ᠤᠳᠠᠭᠠᠨ ᠲᠡᠦᠬᠡ᠎ᠲᠠᠢ ᠤᠯᠠᠮᠵᠢᠯᠠᠯᠲᠤ ᠣᠷᠣᠨ ᠪᠦᠰᠠ ᠪᠣᠯᠣᠨ᠎ᠠ᠃《ᠬᠦᠯᠳᠡᠭᠦᠦ ᠦᠶ᠎ᠡ᠎ᠳᠤ ᠳᠠᠷᠢᠵᠤ ᠂ ᠵᠤᠨ᠎ᠤ ᠬᠠᠯᠠᠭᠤᠨ᠎ᠳᠤ ᠬᠤᠷᠢᠶᠠᠬᠤ》ᠪᠣᠷᠣᠳᠣᠬᠣᠢ᠎ᠶᠢᠨ ᠪᠤᠭᠤᠳᠠᠢ᠎ᠶᠢ ᠵᠢᠯ ᠪᠦᠷᠢ᠎ᠶᠢᠨ 3 ᠰᠠᠷ᠎ᠠ᠎ᠶᠢᠨ ᠡᠬᠢ᠎ᠪᠡᠷ ᠳᠠᠷᠢᠵᠤ᠂ 7 ᠰᠠᠷ᠎ᠠ᠎ᠶᠢᠨ 20 ᠎ᠤ᠋ ᠤᠷᠢᠳ ᠬᠣᠵᠢᠳ ᠬᠠᠳᠤᠵᠤ ᠬᠤᠷᠢᠶᠠᠳᠠᠭ᠃ ᠤᠮᠠᠷᠠᠲᠤ ᠥᠷᠭᠡᠷᠢᠭ᠎ᠦᠨ 40 ᠭᠷᠡᠳᠦ᠋ᠰ᠎ᠤᠨ ᠲᠠᠷᠢᠮᠠᠯ᠎ᠤᠨ ᠰᠢᠵᠢᠷ ᠠᠯᠲᠠᠨ ᠪᠦᠰᠡ᠎ᠳᠤ ᠪᠠᠢᠷᠢᠯᠠᠭ᠎ᠠ ᠰᠢᠯᠢᠳᠡᠭ ᠪᠠᠢᠭᠠᠯᠢ᠎ᠶᠢᠨ ᠲᠠᠪᠠᠭᠤᠯᠢᠭ ᠲᠠᠢ᠂ ᠪᠣᠬᠢᠷᠲᠤᠯ ᠦᠭᠡᠢ ᠣᠷᠴᠢᠨ ᠲᠣᠭᠣᠷᠢᠨ ᠵᠢᠴᠢ ᠬᠠᠲᠤᠨ ᠭᠣᠣᠯ᠎ᠤᠨ ᠤᠮᠳᠠᠯᠠᠭ᠎ᠠ ᠲᠠᠢ ᠲᠡᠭᠦᠯᠳᠡᠷᠵᠢᠭᠰᠡᠨ ᠤᠰᠤᠯᠠᠯᠲᠠ᠎ᠶᠢᠨ ᠰᠢᠰᠲᠧᠮ ᠲᠠᠢ ᠤᠴᠢᠷ ᠡᠴᠡ ᠡᠨᠳᠡᠬᠢ ᠳᠠᠷᠢᠵᠤ ᠭᠠᠷᠭᠠᠭᠰᠠᠨ ᠪᠣᠷᠣᠳᠣᠬᠣᠢ᠎ᠶᠢᠨ ᠪᠤᠭᠤᠳᠠᠢ ᠨᠢ ᠪᠥᠬᠥ ᠤᠯᠤᠰ ᠴᠢᠨᠠᠭᠰᠢᠯᠠᠪᠠᠯ ᠳᠡᠯᠡᠬᠡᠢ᠎ᠶᠢᠨ ᠴᠢᠨᠠᠷ ᠰᠠᠢᠲᠠᠢ ᠪᠤᠭᠤᠳᠠᠢ᠎ᠶᠢᠨ ᠲᠥᠯᠥᠭᠡᠯᠡᠭᠴᠢ ᠪᠣᠯᠪᠠ᠃

ᠨᠢᠭᠡ ᠤᠯᠠᠷᠢᠯ᠎ᠤᠨ ᠪᠤᠭᠤᠳᠠᠢ ᠵᠢᠴᠢ 4000 ᠵᠢᠯ᠎ᠦᠨ ᠲᠠᠷᠢᠮᠠᠯ᠎ᠤᠨ ᠲᠡᠦᠬᠡ

4000 ᠭᠠᠷᠤᠢ ᠵᠢᠯ᠎ᠦᠨ ᠡᠮᠦᠨ᠎ᠡ ᠪᠤᠭᠤᠳᠠᠢ ᠪᠠᠷᠠᠭᠤᠨ ᠠᠽᠢᠶ᠎ᠠ᠎ᠡᠴᠡ《ᠲᠠᠯ᠎ᠠ ᠨᠤᠲᠤᠭ᠎ᠤᠨ ᠵᠠᠮ》 ᠪᠣᠯᠣᠨ 《ᠨᠤᠭᠤᠭᠠᠨ ᠪᠦᠷᠢᠳᠦ᠎ᠶᠢᠨ ᠵᠠᠮ》 ᠎ᠵᠢᠡᠷ ᠳᠡᠮᠵᠢᠨ ᠳᠤᠮᠳᠠᠳᠤ ᠤᠯᠤᠰ᠎ᠲᠤ ᠣᠷᠣᠵᠤ ᠢᠷᠡᠭᠡᠳ᠂ ᠤᠷᠢᠳ᠎ᠢᠶᠠᠷ ᠥᠨᠥᠳᠥᠷ᠎ᠦᠨ ᠰᠢᠨᠵᠢᠶᠠᠩ ᠣᠷᠣᠨ᠎ᠳᠤ ᠤᠷᠤᠵᠤ᠂ ᠳᠠᠷᠠᠭ᠎ᠠ ᠨᠢ ᠰᠢᠷ᠎ᠠ ᠬᠥᠷᠥᠰᠥᠲᠦ ᠥᠨᠳᠥᠷᠯᠢᠭ᠎ᠤᠨ ᠭᠠᠨᠰᠤ ᠱᠠᠨᠰᠢ ᠣᠷᠣᠨ᠎ᠳᠤ ᠣᠷᠣᠵᠤ᠂ ᠪᠠᠰᠠ ᠭᠠᠨᠰᠤ ᠱᠠᠨᠰᠢ᠎ᠪᠠᠷ ᠳᠡᠮᠵᠢᠨ ᠱᠠᠨᠳᠦ᠋ᠩ᠎ᠳᠦ ᠣᠷᠣᠵᠤ᠂ ᠡᠴᠦᠰ᠎ᠲᠡᠬᠡᠨ ᠳᠤᠮᠳᠠᠳᠤ ᠣᠷᠣᠨ᠎ᠳᠤ ᠪᠥᠬᠥ ᠲᠠᠯ᠎ᠠ᠎ᠪᠠᠷ ᠳᠠᠷᠢᠭᠰᠠᠨ ᠪᠠᠢᠨ᠎ᠠ᠃ ᠬᠥᠮᠥᠨ ᠲᠥᠷᠥᠯᠬᠢᠲᠡᠨ᠎ᠦ ᠤᠯᠠ ᠮᠥᠷ ᠪᠣᠯᠪᠠᠰᠤᠨ᠎ᠤ ᠬᠠᠷᠰᠢ ᠰᠠᠭᠠᠳ᠎ᠢ ᠳᠠᠪᠠᠭᠠᠳᠤᠢ ᠪᠠᠢᠬᠤ᠎ᠳᠦ ᠪᠤᠭᠤᠳᠠᠢ ᠬᠠᠮᠤᠭ᠎ᠤᠨ ᠲᠡᠷᠢᠭᠦᠨ᠎ᠳᠦ ᠠᠭᠤᠯᠠ ᠳᠠᠪᠠᠭ᠎ᠠ᠎ᠶᠢ ᠳᠠᠪᠠᠬᠤ ᠠᠶᠠᠯᠠᠯ᠎ᠢᠶᠠᠨ ᠨᠢᠭᠡᠨᠲᠡ ᠡᠬᠢᠯᠡᠭᠦᠯᠵᠦ᠂ ᠡᠨᠡ ᠬᠦ᠌ ᠡᠷᠲᠡᠨ᠎ᠦ ᠤᠯᠤᠰ᠎ᠤᠨ ᠲᠠᠷᠢᠶᠠᠯᠠᠩ᠎ᠤᠨ ᠲᠠᠷᠢᠮᠠᠯ᠎ᠤᠨ ᠪᠦᠲᠦᠴᠡ᠎ᠳᠦ ᠠᠯᠤᠰ ᠬᠡᠲᠦ᠎ᠶᠢᠨ ᠨᠥᠯᠥᠭᠡ ᠦᠵᠡᠭᠦᠯᠵᠡᠢ᠃

ᠳᠤᠮᠳᠠᠳᠤ ᠤᠯᠤᠰ᠎ᠤᠨ ᠪᠤᠭᠤᠳᠠᠢ ᠵᠢ ᠬᠠᠮᠤᠭ᠎ᠤᠨ ᠡᠷᠲᠡ ᠰᠢᠨᠵᠢᠶᠠᠩ᠎ᠤᠨ ᠺᠣᠨᠴᠢ ᠭᠣᠣᠯ᠎ᠤᠨ ᠰᠠᠪᠠ ᠭᠠᠵᠠᠷ ᠡᠴᠡ ᠢᠯᠡᠷᠡᠭᠦᠯᠵᠦ᠂ ᠯᠧᠦ ᠯᠠᠨ᠎ᠤ ᠰᠢᠶᠣᠣ ᠾᠧ᠎ᠶᠢᠨ ᠣᠩᠭᠣᠨ᠎ᠡᠴᠡ 4000 ᠵᠢᠯ᠎ᠦᠨ ᠡᠮᠦᠨᠡᠬᠢ ᠨᠡᠭᠦᠷᠡᠰᠦᠵᠢᠭᠰᠡᠨ ᠪᠤᠭᠤᠳᠠᠢ᠎ᠶᠢ ᠢᠯᠡᠷᠡᠭᠦᠯᠪᠡ᠃ ᠭᠠᠨᠰᠤ᠎ᠶᠢᠨ ᠮᠢᠨ ᠯᠧ᠂ ᠶᠦᠨᠨᠠᠨ᠎ᠤ ᠵᠢᠶᠠᠨ ᠴᠤᠸᠠᠨ ᠪᠣᠯᠣᠨ ᠠᠨᠾᠦ᠋ᠢ᠎ᠶᠢᠨ ᠪᠥᠸᠧ ᠰᠢᠶᠠᠨ ᠵᠡᠷᠭᠡ ᠭᠠᠵᠠᠷ᠎ᠡᠴᠡ 3000 ᠎ᠡᠴᠡ 4000 ᠵᠢᠯ᠎ᠦᠨ ᠨᠡᠭᠦᠷᠡᠰᠦᠵᠢᠭᠰᠡᠨ ᠪᠤᠭᠤᠳᠠᠢ᠎ᠶᠢ ᠢᠯᠡᠷᠡᠭᠦᠯᠵᠡᠢ᠃ ᠪᠤᠭᠤᠳᠠᠢ᠎ᠶᠢ ᠳᠤᠮᠳᠠᠳᠤ ᠤᠯᠤᠰ᠎ᠲᠤ ᠨᠤᠲᠤᠭᠰᠢᠭᠤᠯᠵᠤ ᠳᠠᠷᠢᠭ᠍ᠰᠠᠨ ᠨᠢ ᠪᠠᠷᠠᠭᠤᠨ᠎ᠡᠴᠡ ᠵᠡᠭᠦᠨᠰᠢ᠂ ᠤᠮᠠᠷ᠎ᠠ᠎ᠡᠴᠡ ᠡᠮᠦᠨᠡᠰᠢ ᠢᠷᠡᠭᠰᠡᠨ ᠲᠡᠦᠬᠡᠨ ᠶᠠᠪᠤᠴᠠ᠎ᠶᠢ ᠥᠩᠭᠡᠷᠡᠭᠡᠭᠰᠡᠨ ᠪᠠᠢᠨ᠎ᠠ᠃

ᠨᠢᠭᠡ ᠮᠥᠬᠥᠯᠢᠭ ᠪᠤᠭᠤᠳᠠᠢ ᠨᠢ 4000 ᠵᠢᠯ᠎ᠦᠨ ᠤᠯᠠᠷᠢᠯ ᠬᠤᠪᠢᠰᠤᠯᠲᠠ᠎ᠶᠢ ᠲᠤᠭᠤᠯᠵᠤ᠂ ᠳᠤᠮᠳᠠᠳᠤ᠎ᠶᠢᠨ ᠡᠬᠡ ᠭᠠᠵᠠᠷ ᠲᠤ᠌ ᠵᠢᠯ ᠪᠦᠷᠢ ᠪᠤᠭᠤᠳᠠᠢ᠎ᠶᠢᠨ ᠳᠠᠪᠠᠯᠭᠠᠨ ᠬᠠᠶᠠᠯᠠᠨ᠎ᠠ᠃ ᠱᠠᠩ ᠵᠧᠦ ᠤᠯᠤᠰ᠎ᠤᠨ ᠦᠶ᠎ᠡ᠎ᠳᠦ ᠪᠤᠭᠤᠳᠠᠢ ᠬᠠᠲᠤᠨ ᠭᠣᠣᠯ᠎ᠤᠨ ᠳᠤᠮᠳᠠᠳᠤ ᠳᠣᠣᠷᠠᠳᠤ ᠤᠷᠤᠰᠬᠠᠯ᠎ᠤᠨ ᠣᠷᠣᠨ᠎ᠳᠤ ᠣᠷᠣᠭᠰᠠᠨ ᠪᠠᠢᠨ᠎ᠠ᠃ 《ᠪᠤᠷᠴᠠᠭ ᠪᠤᠭᠤᠳᠠᠢ ᠵᠢ ᠢᠯᠭᠠᠵᠤ ᠳᠡᠢᠯᠬᠦ ᠦᠭᠡᠢ》 ᠭᠡᠳᠡᠭ 《 ᠽᠦᠸᠧ ᠵᠤᠸᠠᠨ ᠱᠠᠰᠲᠢᠷ·ᠴᠧᠩ ᠬᠥᠩ᠎ᠦᠨ ᠠᠷᠪᠠᠨ ᠨᠠᠢ᠍ᠮᠠᠳᠤᠭᠠᠷ ᠣᠨ》 ᠤ᠋ ᠬᠡᠪᠰᠢᠮᠡᠯ ᠦᠭᠡ᠎ᠶᠢᠨ ᠦᠯᠢᠭᠡᠷ ᠨᠢ ᠴᠦᠨ ᠴᠢᠦ ᠪᠠᠢᠯᠳᠤᠭᠠᠨᠲᠤ ᠤᠯᠤᠰ᠎ᠤᠨ ᠦᠶ᠎ᠡ᠎ᠳᠦ ᠮᠠᠨ᠎ᠤ ᠤᠯᠤᠰ᠎ᠤᠨ ᠤᠮᠠᠷᠠᠲᠤ ᠣᠷᠣᠨ᠎ᠳᠤ ᠪᠤᠭᠤᠳᠠᠢ᠎ᠶᠢ ᠨᠢᠭᠡᠨᠲᠡ ᠥᠷᠭᠡᠨ᠎ᠢᠶᠡᠷ ᠲᠠᠷᠢᠵᠤ ᠡᠬᠢᠯᠡᠭᠰᠡᠨ᠎ᠢ ᠬᠠᠷᠠᠭᠤᠯᠵᠤ ᠪᠠᠢᠨ᠎ᠠ᠃

ᠬᠠᠨ ᠤᠯᠤᠰ᠎ᠤᠨ ᠦᠶ᠎ᠡ᠎ᠳᠦ ᠪᠤᠭᠤᠳᠠᠢ᠎ᠶᠢ ᠶᠡᠬᠡ ᠬᠡᠪᠴᠢᠶ᠎ᠡ᠎ᠪᠡᠷ ᠳᠠᠷᠢᠵᠤ ᠡᠬᠢᠯᠡᠭᠰᠡᠨ ᠪᠥᠭᠡᠳ ᠪᠠᠷᠠᠭᠤᠨᠰᠢ᠂ ᠡᠮᠦᠨᠡᠰᠢ᠎ᠪᠡᠨ ᠤᠯᠠᠮ᠎ᠵᠢᠡᠷ ᠥᠷᠭᠡᠳᠬᠡᠵᠦ᠂ ᠬᠤᠷᠢᠶᠠᠯᠲᠠ ᠨᠢ ᠤᠯᠤᠰ᠎ᠤᠨ ᠠᠵᠤ ᠠᠬᠤᠢ ᠠᠷᠠᠳ᠎ᠤᠨ ᠠᠮᠢᠳᠤᠷᠠᠯ᠎ᠢ ᠰᠢᠭᠤᠳ ᠨᠥᠯᠥᠭᠡᠯᠡᠪᠡ᠃ ᠪᠣᠷᠣᠳᠣᠬᠣᠢ᠎ᠶᠢᠨ ᠲᠠᠷᠢᠶᠠᠯᠠᠬᠤ ᠲᠡᠦᠬᠡ ᠪᠠᠰᠠ ᠬᠠᠨ ᠤᠯᠤᠰ᠎ᠤᠨ ᠦᠶ᠎ᠡ᠎ᠡᠴᠡ ᠡᠬᠢᠯᠡᠭᠰᠡᠨ ᠶᠤᠮ᠃ ᠦᠶᠤᠸᠠᠨ ᠰᠢᠶᠠᠨ᠎ᠤ ᠪᠣᠷᠣᠳᠣᠬᠣᠢ᠎ᠶᠢᠨ ᠲᠠᠷᠢᠶᠠᠯᠠᠬᠤ ᠰᠣᠶᠣᠯ᠎ᠤᠨ ᠦᠵᠡᠰᠬᠦᠯᠡᠩ᠎ᠦᠨ ᠬᠦᠷᠢᠶᠡᠯᠡᠩ᠎ᠳᠦ ᠣᠷᠣᠪᠠᠯ ᠪᠣᠷᠣᠳᠣᠬᠣᠢ ᠣᠷᠣᠨ᠎ᠤ ᠡᠷᠲᠡᠨ᠎ᠡᠴᠡ ᠡᠳᠦᠭᠡ ᠪᠣᠯᠲᠠᠯᠠᠬᠢ ᠲᠠᠷᠢᠶᠠᠯᠠᠬᠤ ᠰᠣᠶᠣᠯ᠎ᠤᠨ ᠪᠦᠬᠦ ᠦᠵᠡᠮᠵᠢ᠎ᠶᠢᠨ ᠵᠢᠷᠤᠭ ᠨᠢᠳᠦᠨ ᠡᠮᠦᠨ᠎ᠡ ᠲᠣᠳᠣᠷᠠᠨ᠎ᠠ᠃

ᠠᠯᠢ ᠡᠷᠲᠡ ᠴᠢᠨ ᠤᠯᠤᠰ ᠬᠠᠨ ᠤᠯᠤᠰ᠎ᠤᠨ ᠦᠶ᠎ᠡ᠎ᠳᠦ ᠮᠠᠨ᠎ᠦ ᠡᠪᠦᠭᠡ ᠳᠡᠭᠡᠳᠦᠰ ᠪᠣᠷᠣᠳᠣᠬᠣᠢ᠎ᠳᠤ ᠤᠰᠤᠨ ᠰᠤᠪᠠᠭ ᠲᠠᠲᠠᠵᠤ᠂ ᠲᠠᠷᠢᠶᠠᠯᠠᠩ᠎ᠢ ᠬᠥᠭᠵᠢᠭᠦᠯᠵᠦ ᠪᠠᠢᠵᠠᠢ᠃

ᠰᠤᠷᠪᠤᠯᠵᠢ ᠪᠢᠴᠢᠭ᠎ᠲᠡᠬᠢ ᠲᠡᠮᠳᠡᠭᠯᠡᠯ᠎ᠢ ᠦᠨᠳᠦᠰᠦᠯᠡᠪᠡᠯ᠂ ᠶᠤᠸᠠᠨ ᠱᠦᠸᠸ ᠵᠢᠨ ᠬᠣᠶᠠᠳᠤᠭᠠᠷ ᠣᠨ (ᠤᠨ ᠲᠤᠭᠠᠯᠠᠯ ᠡᠴᠡ ᠡᠮᠦᠨ᠎ᠡ 127 ᠣᠨ) ᠳ᠋ᠤ ᠬᠠᠨ ᠦ᠋ ᠳᠢ ᠬᠠᠭᠠᠨ《ᠶᠦᠨ ᠵᠥᠩ᠎ᠡᠴᠡ ᠪᠠᠷᠠᠭᠤᠨᠰᠢᠯᠠᠵᠤ ᠭᠠᠨᠰᠤ᠎ᠶᠢᠨ ᠪᠠᠷᠠᠭᠤᠨ ᠬᠡᠰᠡᠭ᠎ᠲᠦ ᠬᠦᠷᠴᠦ᠂ ᠾᠦᠩᠨᠦ᠎ᠵᠢᠨ ᠤᠷᠪᠠᠯᠭᠠᠨ᠎ᠢ ᠳᠠᠷᠤᠵᠤ᠂ ᠯᠧᠤ ᠹᠠᠨ᠂ ᠪᠠᠢ ᠶᠠᠩ ᠸᠠᠩ᠎ᠢ ᠲᠤᠬᠤᠢ᠎ᠵᠢᠨ ᠤᠷᠤᠨ ᠡᠴᠡ ᠴᠤᠬᠢᠨ ᠤᠬᠤᠷᠢᠭᠤᠯᠵᠤ᠂ ᠲᠤᠬᠤᠢ᠎ᠵᠢᠨ ᠤᠷᠤᠨ᠎ᠢ ᠡᠵᠡᠯᠡᠲᠦᠭᠡᠢ》 ᠭᠡᠵᠦ ᠸᠧᠢ ᠴᠢᠩ᠎ᠢ ᠲᠤᠮᠢᠯᠠᠨ ᠶᠠᠪᠤᠭᠤᠯᠵᠤ᠂《ᠲᠤᠬᠤᠢ᠎ᠵᠢᠨ ᠤᠷᠤᠨ》᠂ ᠳᠠᠷᠤᠢ ᠪᠤᠷᠤᠲᠤᠬᠤᠢ᠎ᠵᠢᠨ ᠤᠷᠤᠨ᠎ᠢ ᠡᠵᠡᠯᠡᠭᠦᠯᠪᠡ᠃ ᠲᠤᠬᠠᠢ᠎ᠶᠢᠨ ᠵᠢᠯ ᠬᠠᠨ ᠦ᠋ ᠳᠢ ᠬᠠᠭᠠᠨ ᠱᠦᠸᠸ ᠹᠠᠩ ᠵᠢᠶᠦ᠋ᠨ ᠪᠣᠯᠣᠨ ᠦᠶᠤᠸᠠᠨ ᠵᠢᠶᠦ᠋ᠨ᠎ᠢ ᠪᠠᠢᠭᠤᠯᠵᠤ᠂ 10 ᠲᠦᠮᠡᠨ ᠬᠥᠮᠥᠨ᠎ᠢ ᠨᠡᠭᠦᠯᠭᠡᠨ ᠬᠢᠯᠢ᠎ᠶᠢ ᠰᠠᠬᠢᠭᠤᠯᠵᠤ᠂ ᠠᠲᠠᠷ ᠬᠠᠭᠠᠯᠪᠤᠷᠢᠯᠠᠨ ᠲᠠᠷᠢᠶ᠎ᠠ ᠲᠠᠷᠢᠵᠤ᠂ ᠬᠠᠲᠤᠨ ᠭᠣᠣᠯ᠎ᠤᠨ ᠤᠰᠤ ᠵᠢ ᠲᠡᠳᠡᠨ ᠤᠰᠤᠯᠠᠵᠤ᠂ ᠪᠣᠷᠣᠳᠣᠬᠣᠢ᠎ᠶᠢᠨ ᠲᠠᠷᠢᠶᠠᠯᠠᠩ ᠡᠭᠦᠨ᠎ᠡᠴᠡ ᠡᠬᠢᠯᠡᠭᠰᠡᠨ ᠪᠠᠢᠨ᠎ᠠ᠃

ᠪᠣᠷᠣᠳᠣᠬᠣᠢ ᠣᠷᠣᠨ᠎ᠳᠤ ᠲᠠᠷᠢᠶᠠᠯᠠᠩ᠎ᠢ ᠬᠥᠭᠵᠢᠭᠦᠯᠬᠦ ᠨᠥᠬᠥᠴᠡᠯ᠎ᠢ ᠪᠦᠷᠢᠯᠳᠦᠭᠦᠯᠦᠭᠰᠡᠨ᠎ᠦ ᠳᠠᠷᠠᠭ᠎ᠠ ᠪᠤᠭᠤᠳᠠᠢ᠎ᠶᠢ ᠡᠨᠳᠡ ᠨᠤᠲᠤᠭᠰᠢᠭᠤᠯᠪᠠ᠃ ᠤᠯᠠᠮᠵᠢᠯᠠᠯ ᠶᠠᠷᠢᠶᠠᠨ᠎ᠳᠤ 2000 ᠭᠠᠷᠤᠢ ᠵᠢᠯ᠎ᠦᠨ ᠡᠮᠦᠨ᠎ᠡ ᠬᠣ᠌ ᠬᠠᠨ ᠶᠧ ᠴᠠᠨ ᠢᠤᠢ ᠬᠠᠨ ᠤᠯᠤᠰ ᠲᠣ᠌ ᠤᠴᠢᠵᠤ᠂ ᠤᠷᠤᠭ ᠭᠤᠶᠤᠬᠤ᠎ᠳᠤ ᠬᠠᠨ ᠶᠤᠸᠠᠨ ᠳᠢ ᠬᠠᠭᠠᠨ ᠬᠣᠢᠲᠤ ᠣᠷᠳᠣᠨ᠎ᠤ ᠤᠷᠳᠤᠨ᠎ᠤ ᠦᠬᠢᠨ ᠸᠠᠩ ᠴᠢᠶᠠᠨᠭ᠌ (ᠡᠷᠭᠦᠭᠰᠡᠨ ᠨᠡᠷ᠎ᠡ ᠨᠢ ᠵᠣᠣ ᠵᠢᠶᠦ᠋ᠨ) ᠎ᠢ᠋ ᠬᠠᠢᠷᠠᠯᠠᠵᠠᠢ᠃ ᠵᠤᠤ ᠵᠢᠶᠦ᠋ᠨ ᠬᠢᠲᠠᠳ ᠭᠠᠵᠠᠷ᠎ᠤᠨ ᠲᠠᠷᠢᠶ᠎ᠠ ᠲᠠᠷᠢᠬᠤ ᠤᠷ᠎ᠠ ᠮᠡᠷᠭᠡᠵᠢᠯ ᠵᠢᠴᠢ ᠲᠠᠪᠤᠨ ᠲᠠᠷᠢᠶᠠᠨ᠎ᠤ ᠦᠷ᠎ᠡ᠎ᠶᠢ ᠪᠣᠭᠣᠮᠲᠠ᠎ᠶᠢᠨ ᠭᠠᠳᠠᠨ᠎ᠠ ᠠᠪᠴᠤ ᠭᠠᠷᠤᠭᠰᠠᠨ ᠪᠣᠯᠪᠠᠴᠤ ᠬᠣᠵᠢᠮ ᠨᠢ ᠾᠦᠩᠨᠦᠴᠦᠳ᠎ᠦᠨ ᠳᠣᠲᠣᠭᠠᠳᠤ᠎ᠶᠢᠨ ᠰᠠᠮᠠᠭᠤᠷᠠᠯ᠎ᠡᠴᠡ ᠪᠣᠯᠵᠤ᠂ ᠬᠣ᠌ ᠬᠠᠨ ᠶᠧ ᠴᠠᠨ ᠢᠦᠢ ᠵᠤᠤ ᠵᠢᠶᠦ᠋ᠨ᠎ᠢ ᠳᠠᠭᠠᠭᠤᠯᠤᠨ ᠪᠣᠷᠣᠳᠣᠬᠣᠢ᠎ᠶᠢᠨ ᠵᠢᠢ ᠯᠣ᠌ ᠰᠠᠢ᠎ᠳᠤ ᠨᠠᠢ᠍ᠮᠠᠨ ᠵᠢᠯ ᠳᠠᠯᠳᠠᠯᠠᠨ ᠰᠠᠭᠤᠪᠠ᠃ ᠡᠨᠡ ᠬᠤᠭᠤᠴᠠᠭᠠᠨ᠎ᠳᠤ 《ᠴᠡᠷᠢᠭ ᠎ᠢ ᠵᠠᠷᠯᠢᠭᠳᠠᠨ᠂ ᠭᠠᠵᠠᠷ ᠬᠠᠭᠠᠯᠪᠤᠷᠢᠯᠠᠭᠤᠯᠵᠤ᠂ ᠰᠢᠯᠦᠭᠡᠢ ᠪᠤᠭᠤᠳᠠᠢ ᠲᠠᠷᠢᠭᠤᠯᠪᠠᠢ》; ᠪᠠᠰᠠ《ᠴᠢᠯᠠᠭᠤᠨ ᠳᠠᠷᠬᠠᠨ᠎ᠢ ᠵᠠᠷᠯᠢᠭᠳᠠᠨ᠂ ᠴᠢᠯᠠᠭᠤᠨ ᠢᠩ ᠵᠤᠬᠢᠶᠠᠯᠭᠠᠵᠤ᠂ ᠲᠡᠭᠡᠷᠮ᠎ᠡ᠎ᠶᠢᠨ ᠭᠡᠷ ᠪᠠᠷᠢᠵᠤ᠂ ᠪᠤᠭᠤᠳᠠᠢ ᠵᠢ ᠤᠬᠢᠶᠠᠵᠤ᠂ ᠭᠤᠯᠢᠷ ᠪᠤᠯᠭᠠᠨ ᠢᠩᠳᠡᠵᠦ᠂ ᠬᠣᠭᠣᠯᠠ ᠬᠦᠨᠡᠰᠦ᠎ᠪᠡᠨ ᠬᠠᠨᠭᠭᠠᠮᠤᠢ》 ᠃

ᠵᠣᠣ ᠵᠢᠶᠦ᠋ᠨ ᠪᠤᠭᠤᠳᠠᠢ᠎ᠶᠢ ᠠᠪᠴᠢᠷᠠᠨ ᠳᠠᠷᠢᠭᠰᠠᠨ ᠪᠦᠭᠡᠳ ᠴᠢᠯᠠᠭᠤᠨ ᠢᠩ᠎ᠦᠨ ᠰᠣᠶᠣᠯ᠎ᠢ ᠵᠢᠢ ᠯᠣ᠌ ᠰᠠᠢ᠎ᠳᠦ ᠤᠯᠠᠮᠵᠢᠯᠠᠨ᠂ ᠪᠣᠭᠣᠮᠲᠠ᠎ᠶᠢᠨ ᠭᠠᠳᠠᠨᠠᠬᠢ ᠥᠨᠳᠥᠷᠯᠢᠭ᠎ᠦᠨ ᠲᠠᠷᠢᠶᠠᠯᠠᠬᠤ ᠪᠣᠯᠪᠠᠰᠤᠨ᠎ᠤ ᠬᠥᠭᠵᠢᠯᠲᠡ᠎ᠶᠢᠨ ᠠᠬᠢᠴᠠ᠎ᠶᠢ ᠠᠬᠢᠭᠤᠯᠪᠠ᠂ ᠡᠭᠦᠨ᠎ᠡᠴᠡ ᠡᠬᠢᠯᠡᠨ ᠪᠣᠷᠣᠳᠣᠬᠣᠢ ᠣᠷᠣᠨ᠎ᠤ ᠪᠤᠭᠤᠳᠠᠢ ᠳᠠᠷᠢᠬᠤ ᠲᠡᠦᠬᠡ᠎ᠶᠢ ᠡᠬᠢᠯᠡᠭᠦᠯᠵᠦ᠂ ᠡᠭᠦᠨ᠎ᠡᠴᠡ ᠡᠬᠢᠯᠡᠨ ᠪᠣᠷᠣᠳᠣᠬᠣᠢ ᠣᠷᠣᠨ᠎ᠳᠤ ᠥᠨᠭ ᠰᠢᠮᠡᠯᠢᠭ ᠬᠦᠷᠦᠰᠦ ᠰᠢᠷᠤᠢ ᠪᠠᠨ ᠢᠯᠡᠷᠡᠭᠦᠯᠬᠦ ᠠᠵᠠ ᠲᠣᠬᠢᠶᠠᠯ᠎ᠢ ᠣᠯᠭᠣᠭᠰᠠᠨ ᠪᠠᠢᠨ᠎ᠠ᠃ ᠪᠣᠷᠣᠳᠣᠬᠣᠢ ᠣᠷᠣᠨ᠎ᠤ ᠴᠢᠯᠠᠭᠤᠨ ᠲᠡᠭᠡᠷᠮ᠎ᠡ ᠪᠡᠷ ᠢᠨᠭᠳᠡᠭᠰᠡᠨ ᠭᠤᠯᠢᠷ᠎ᠢ ᠠᠷᠠᠳ ᠢᠷᠭᠡᠳ 《ᠵᠤᠤ ᠵᠢᠶᠦ᠋ᠨ ᠭᠤᠯᠢᠷ》 ᠂ 《ᠵᠢᠢ ᠯᠣ᠌ ᠰᠠᠢ᠎ᠭᠤᠯᠢᠷ》 ᠭᠡᠵᠦ ᠥᠷᠭᠡᠨ᠎ᠢᠶᠡᠷ ᠤᠯᠠᠮᠵᠢᠯᠠᠵᠤ ᠶᠠᠷᠢᠳᠠᠭ ᠪᠤᠯᠤᠭᠰᠠᠨ ᠪᠠᠢᠨ᠎ᠠ᠃

ᠮᠢᠩᠭᠠᠨ ᠵᠤᠷᠪᠤᠰ ᠭᠣᠣᠯ᠎ᠤᠨ ᠰᠤᠪᠠᠭ ᠵᠢᠴᠢ ᠲᠠᠷᠢᠶᠠᠯᠠᠬᠤ ᠰᠣᠶᠣᠯ᠎ᠤᠨ ᠤᠯᠠᠮᠵᠢᠯᠠᠯ ᠬᠦᠭᠵᠢᠯᠳᠡ

ᠮᠢᠩ ᠤᠯᠤᠰ᠎ᠤᠨ ᠳᠤᠮᠳᠠᠴᠢ ᠦᠶ᠎ᠡ ᠡᠴᠡ ᠢᠷᠭᠡᠨ ᠤᠯᠤᠰ᠎ᠤᠨ ᠡᠬᠢᠨ᠎ᠦ ᠣᠨ ᠬᠦᠷᠲᠡᠯ᠎ᠡ ᠪᠣᠷᠣᠳᠣᠬᠣᠢ ᠣᠷᠣᠨ ᠨᠢ ᠳᠣᠲᠣᠭᠠᠳᠤ ᠬᠠᠭᠤᠷᠠᠢ᠎ᠶᠢᠨ ᠡᠯ᠎ᠡ ᠮᠤᠵᠢ᠎ᠶᠢᠨ ᠭᠠᠮᠰᠢᠭ᠍ᠳᠠᠭᠰᠠᠨ ᠠᠷᠠᠳ᠎ᠤᠨ ᠠᠮᠢ ᠵᠢᠭᠤᠲᠠᠬᠤ ᠭᠠᠵᠠᠷ ᠪᠣᠯᠵᠤ᠂ ᠲᠡᠦᠬᠡᠨ ᠳᠡᠭᠡᠷ᠎ᠡ 《ᠪᠠᠷᠠᠭᠤᠨᠰᠢ ᠨᠡᠭᠦᠳᠡᠯᠯᠡᠭᠰᠡᠨ》 ᠭᠡᠳᠡᠭ᠃ ᠤᠯᠠᠨ ᠬᠥᠮᠥᠰ ᠴᠤᠭᠯᠠᠷᠠᠵᠤ᠂ ᠲᠠᠷᠢᠶᠠᠯᠠᠬᠤ ᠪᠣᠯᠪᠠᠰᠤᠨ ᠦᠳᠲᠡᠷ ᠲᠦᠷᠭᠡᠨ ᠬᠥᠭᠵᠢᠨ᠂ ᠪᠤᠭᠤᠳᠠᠢ᠂ ᠡᠷᠳᠡᠨᠢ ᠰᠢᠰᠢ᠂ ᠨᠡᠷᠡᠨ ᠬᠤᠸᠠᠷ᠂ ᠪᠠᠯᠲᠤ ᠬᠡᠮᠬᠡ ᠵᠡᠷᠭᠡ᠎ᠶᠢ ᠶᠡᠬᠡ ᠬᠡᠮᠵᠢᠶ᠎ᠡ᠎ᠪᠡᠷ ᠲᠠᠷᠢᠵᠤ ᠡᠬᠢᠯᠡᠪᠡ᠃ ᠭᠡᠪᠡᠴᠦ ᠤᠰᠤᠯᠠᠯᠲᠠ᠎ᠶᠢᠨ ᠠᠰᠠᠭᠤᠳᠠᠯ᠎ᠡᠴᠡ ᠪᠣᠯᠵᠤ ᠪᠣᠷᠣᠳᠣᠬᠣᠢ᠎ᠶᠢᠨ ᠪᠤᠭᠤᠳᠠᠢ᠎ᠶᠢᠨ ᠬᠤᠷᠢᠶᠠᠯᠲᠠ ᠲᠡᠶ᠋ᠢᠮᠦ ᠥᠨᠳᠥᠷ ᠪᠢᠰᠢ ᠪᠠᠢᠵᠠᠢ᠃ ᠴᠢᠩ ᠤᠯᠤᠰ᠎ᠤᠨ ᠰᠡᠭᠦᠯᠴᠢ ᠢᠷᠭᠡᠨ ᠤᠯᠤᠰ᠎ᠤᠨ ᠡᠬᠢ᠎ᠪᠡᠷ ᠸᠠᠩ ᠲᠦᠩ ᠴᠦᠨ᠎ᠢᠶᠡᠷ ᠲᠥᠯᠥᠭᠡᠯᠡᠭᠦᠯᠦᠭᠰᠡᠨ ᠨᠢᠭᠡ ᠪᠦᠯᠦᠭ ᠬᠥᠮᠥᠰ ᠶᠡᠬᠡ᠎ᠪᠡᠷ ᠰᠤᠪᠠᠭ ᠮᠠᠯᠳᠠᠵᠤ᠂ ᠪᠣᠷᠣᠳᠣᠬᠣᠢ᠎ᠶᠢᠨ ᠭᠠᠵᠠᠷ ᠣᠷᠣᠨ᠎ᠤ ᠰᠤᠪᠠᠭ ᠬᠥᠨᠳᠡᠯᠡᠨ ᠭᠤᠯᠳᠤ ᠰᠦᠯᠵᠢᠯᠳᠦᠭᠰᠡᠨ ᠡᠴᠡ ᠪᠣᠷᠣᠳᠣᠬᠣᠢ᠎ᠶᠢᠨ ᠪᠤᠭᠤᠳᠠᠢ ᠲᠠᠷᠢᠬᠤ ᠲᠠᠯᠠᠪᠠᠢ ᠰᠠᠶᠢ ᠢᠯᠡᠳᠲᠡ ᠨᠡᠮᠡᠭᠳᠡᠵᠦ ᠡᠬᠢᠯᠡᠪᠡ᠃

1961 ᠣᠨ᠎ᠳᠤ 《ᠲᠦᠮᠡᠨ ᠭᠠᠵᠠᠷ᠎ᠤᠨ ᠬᠠᠲᠤᠨ ᠭᠣᠣᠯ᠎ᠤᠨ ᠨᠢᠭᠡᠳᠦᠭᠡᠷ ᠬᠠᠭᠠᠯᠲᠠ》ᠬᠡᠮᠡᠭᠳᠡᠭᠰᠡᠨ ᠰᠠᠨ ᠱᠧᠩ ᠬᠥᠩ ᠤᠰᠤᠨ ᠠᠰᠢᠭ᠍ᠯᠠᠯᠲᠠ᠎ᠶᠢᠨ ᠬᠦᠢᠰᠦ ᠎ᠶ᠋ᠢ ᠵᠢᠩᠬᠢᠨᠢ᠎ᠪᠡᠷ ᠪᠠᠢᠭᠤᠯᠤᠨ ᠠᠰᠢᠭ᠍ᠯᠠᠯᠲᠠ᠎ᠳᠤ ᠣᠷᠣᠭᠤᠯᠬᠤ᠎ᠶᠢ ᠳᠠᠭᠠᠯᠳᠤᠨ ᠪᠣᠷᠣᠳᠣᠬᠣᠢ᠎ᠶᠢᠨ ᠪᠤᠭᠤᠳᠠᠢ᠎ᠶᠢᠨ ᠳᠠᠷᠢᠶᠠᠯᠠᠩ ᠲᠦᠷᠭᠡᠨ ᠬᠥᠭᠵᠢᠵᠦ᠂ ᠳᠠᠷᠢᠬᠤ ᠲᠠᠯᠠᠪᠠᠶ ᠨᠢ ᠮᠠᠰᠢ ᠲᠦᠷᠭᠡᠨ᠎ᠢᠶᠡᠷ ᠵᠠᠭᠤᠨ ᠲᠦᠮᠡᠨ ᠮᠦ᠍᠎ᠳᠦ ᠬᠥᠷᠪᠡ᠃ 1997 ᠣᠨ ᠪᠣᠯᠬᠤ᠎ᠳᠤ ᠪᠣᠷᠣᠳᠣᠬᠣᠢ᠎ᠶᠢᠨ ᠪᠤᠭᠤᠳᠠᠢ ᠳᠠᠷᠢᠬᠤ ᠲᠠᠯᠠᠪᠠᠶ ᠨᠢ ᠲᠡᠮᠳᠡᠭᠯᠡᠯ᠎ᠲᠠᠢ ᠪᠣᠯᠤᠭᠰᠠᠨ᠎ᠡᠴᠡ ᠨᠠᠭᠠᠰᠢᠬᠢ ᠬᠠᠮᠤᠭ᠎ᠤᠨ ᠥᠨᠳᠥᠷ ᠣᠷᠭᠢᠯ ᠪᠣᠯᠬᠤ — 258ᠲᠦᠮᠡᠨ ᠮᠦ᠍᠎ᠳᠦ ᠬᠦᠷᠴᠡᠢ᠃

ᠪᠠᠶᠠᠨᠨᠠᠭᠤᠷ ᠬᠣᠲᠠ᠎ᠶᠢᠨ ᠪᠤᠭᠤᠳᠠᠢ ᠵᠢᠨ ᠳᠠᠷᠢᠮᠠᠯ᠎ᠤᠨ ᠲᠠᠯᠠᠪᠠᠶ ᠪᠤᠯᠤᠨ ᠲᠠᠯᠠᠪᠠᠶ ᠨᠢᠭᠡᠴᠢ᠎ᠶᠢᠨ ᠤᠨᠠᠯᠲᠠ ᠨᠢ ᠴᠥᠮ ᠥᠪᠥᠷ ᠮᠣᠩᠭᠣᠯ᠎ᠤᠨ ᠲᠡᠷᠢᠭᠦᠨ᠎ᠳᠦ ᠣᠷᠣᠨ᠎ᠠ᠃ 2018 ᠣᠨ᠎ᠡᠴᠡ ᠣᠲᠣ᠌ ᠪᠣᠯᠲᠠᠯ᠎ᠠ《ᠲᠡᠭᠷᠢ᠎ᠶᠢᠨ ᠬᠡᠰᠢᠭᠲᠦ ᠪᠣᠷᠣᠳᠣᠬᠣᠢ》ᠲᠥᠷᠥᠯ ᠲᠡᠮᠳᠡᠭ᠎ᠤᠨ ᠳᠠᠭᠠᠭᠤᠯᠭ᠎ᠠ ᠳᠣᠣᠷ᠎ᠠ ᠪᠠᠶᠠᠨᠨᠠᠭᠤᠷ ᠬᠣᠲᠠ ᠪᠣᠷᠣᠳᠣᠬᠣᠢ᠎ᠶᠢᠨ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠦ ᠶᠠᠰᠤ ᠴᠢᠨᠠᠷ᠎ᠤᠨ ᠪᠠᠷᠢᠮᠵᠢᠶ᠎ᠠ᠎ᠶᠢᠨ ᠰᠢᠰᠲᠧᠮ ᠪᠠ ᠶᠠᠰᠤ ᠴᠢᠨᠠᠷ᠎ᠢ ᠮᠥᠷᠳᠡᠨ ᠨᠡᠭᠡᠮᠵᠢᠯᠡᠬᠦ ᠰᠢᠰᠲᠧᠮ᠎ᠢ ᠲᠠᠰᠤᠷᠠᠯᠲᠠ ᠦᠭᠡᠢ ᠪᠦᠷᠢᠨᠰᠢᠭᠦᠯᠵᠦ᠂ ᠲᠠᠷᠢᠶᠠᠨ ᠭᠠᠵᠠᠷ᠎ᠤᠨ 《ᠳᠥᠷᠪᠡ᠎ᠶᠢ ᠡᠵᠡᠮᠳᠡᠬᠦ》 ᠠᠵᠢᠯᠯᠠᠭ᠎ᠠ᠎ᠶᠢ ᠪᠥᠬᠥ ᠲᠠᠯ᠎ᠠ᠎ᠪᠠᠷ ᠥᠷᠨᠢᠭᠦᠯᠦᠨ᠂ ᠰᠠᠢᠨ ᠭᠠᠷᠤᠯᠲᠠ᠎ᠶᠢᠨ ᠣᠷᠣᠨ᠎ᠳᠦ ᠦᠷᠭᠦᠯᠵᠢᠯᠡᠨ ᠰᠠᠢᠨ ᠦᠢᠯᠡᠳᠬᠦᠨ ᠦᠢᠯᠡᠳᠪᠦᠷᠢᠯᠡᠵᠦ᠂ ᠪᠣᠷᠣᠳᠣᠬᠣᠢ᠎ᠶᠢᠨ ᠭᠤᠯᠢᠷ ᠭᠡᠬᠦ ᠡᠨᠡ ᠬᠦ᠌ 《ᠠᠯᠲᠠᠨ ᠱᠤᠱᠢᠭ᠎ᠠ》 ᠵᠢ ᠤᠯᠠᠮ ᠭᠢᠯᠠᠯᠵᠠᠭᠤᠯᠤᠭᠰᠠᠨ ᠪᠠᠢᠨ᠎ᠠ᠃

ᠪᠠᠶᠠᠨᠨᠠᠭᠤᠷ ᠬᠣᠲᠠ᠎ᠪᠠᠷ ᠭᠣᠣᠯ ᠪᠣᠯᠭᠠᠭᠰᠠᠨ ᠪᠠᠷᠠᠭᠤᠨ ᠪᠡᠶ᠎ᠠ ᠵᠢᠨ ᠪᠣᠷᠣᠳᠣᠬᠣᠢ ᠵᠢᠴᠢ ᠲᠦᠮᠡᠳ᠎ᠦᠨ ᠲᠠᠯ᠎ᠠ ᠭᠠᠵᠠᠷ᠎ᠤᠨ ᠲᠠᠷᠢᠶᠠᠯᠭ᠎ᠠ᠎ᠶᠢᠨ ᠣᠷᠣᠨ᠂ ᠬᠥᠯᠥᠨ ᠪᠣᠶ᠋ᠢᠷ ᠬᠣᠲᠠ᠎ᠪᠠᠷ ᠭᠣᠣᠯ ᠪᠣᠯᠭᠠᠭᠰᠠᠨ ᠵᠡᠭᠦᠨ ᠪᠡᠶ᠎ᠠ ᠵᠢᠨ ᠶᠡᠬᠡ ᠬᠢᠩᠭᠠᠨ ᠳᠠᠪᠠᠭ᠎ᠠ᠎ᠶᠢᠨ ᠬᠣᠷᠮᠣᠢ ᠳᠠᠭᠠᠤ ᠲᠠᠷᠢᠮᠠᠯ᠎ᠤᠨ ᠣᠷᠣᠨ᠂ ᠤᠯᠠᠭᠠᠨᠴᠠᠪ ᠬᠣᠲᠠ᠎ᠪᠠᠷ ᠭᠣᠣᠯ ᠪᠣᠯᠭᠠᠭᠰᠠᠨ ᠮᠤᠨᠢ ᠠᠭᠤᠯᠠ᠎ᠶᠢᠨ ᠳᠣᠪᠣᠷᠬᠠᠭ᠎ᠤᠨ ᠬᠠᠭᠤᠷᠠᠢ ᠲᠠᠷᠢᠶᠠᠯᠠᠭ᠎ᠠ ᠵᠢᠨ ᠣᠷᠣᠨ ᠪᠣᠯ ᠥᠪᠥᠷ ᠮᠣᠩᠭᠣᠯ᠎ᠤᠨ ᠪᠤᠭᠤᠳᠠᠢ ᠳᠠᠷᠢᠬᠤ ᠭᠤᠷᠪᠠᠨ ᠭᠣᠣᠯ ᠲᠠᠷᠬᠠᠯᠲᠠ᠎ᠶᠢᠨ ᠣᠷᠣᠨ ᠪᠣᠯᠣᠨ᠎ᠠ᠃

ᠥᠪᠥᠷ ᠮᠣᠩᠭᠣᠯ ᠪᠣᠯ ᠮᠠᠨ᠎ᠤ ᠤᠯᠤᠰ᠎ᠤᠨ ᠬᠠᠪᠤᠷ᠎ᠤᠨ ᠪᠤᠭᠤᠳᠠᠢ᠎ᠶᠢᠨ ᠭᠣᠣᠯ ᠭᠠᠷᠤᠯᠲᠠ᠎ᠶᠢᠨ ᠣᠷᠣᠨ ᠮᠥᠨ᠃ ᠬᠠᠪᠤᠷ᠎ᠤᠨ ᠪᠤᠭᠤᠳᠠᠢ ᠵᠢᠨ ᠲᠠᠷᠢᠮᠠᠯ᠎ᠤᠨ ᠲᠠᠯᠠᠪᠠᠢ ᠨᠢ ᠪᠠᠷᠤᠭ ᠪᠥᠬᠥ ᠤᠯᠤᠰ᠎ᠤᠨ ᠪᠤᠭᠤᠳᠠᠢ ᠵᠢᠨ ᠳᠠᠷᠢᠮᠠᠯ᠎ᠤᠨ ᠲᠠᠯᠠᠪᠠᠶ᠎ᠶᠢᠨ 40 % ᠎ᠡᠴᠡ ᠳᠡᠭᠡᠭᠰᠢᠬᠢ᠎ᠶᠢ ᠡᠵᠡᠯᠡᠵᠦ᠂ ᠪᠥᠬᠥ ᠤᠯᠤᠰ᠎ᠤᠨ ᠡᠯ᠎ᠡ ᠮᠤᠵᠢ ᠬᠣᠲᠠ᠎ᠶᠢᠨ ᠬᠠᠪᠤᠷ᠎ᠤᠨ ᠪᠤᠭᠤᠳᠠᠢ᠎ᠶᠢᠨ ᠭᠠᠷᠤᠯᠲᠠ᠎ᠶᠢᠨ ᠣᠷᠣᠨ᠎ᠤ ᠲᠡᠷᠢᠭᠦᠨ᠎ᠳᠦ ᠣᠷᠣᠨ᠎ᠠ᠃ ᠪᠠᠷᠠᠭᠤᠨᠳᠡᠬᠢ ᠠᠯᠠᠱᠠ ᠠᠢᠮᠠᠭ᠎ᠤᠨ ᠡᠵᠡᠨ᠎ᠡ ᠬᠣᠰᠢᠭᠤ᠎ᠡᠴᠡ ᠡᠬᠢᠯᠡᠨ ᠵᠡᠭᠦᠨᠰᠢ ᠬᠥᠯᠥᠨ ᠪᠣᠶ᠋ᠢᠷ ᠬᠣᠲᠠ᠎ᠶᠢᠨ ᠣᠷᠴᠣᠨ᠎ᠤ ᠥᠪᠡᠷᠲᠡᠭᠡᠨ ᠵᠠᠰᠠᠬᠤ ᠬᠣᠰᠢᠭᠤ ᠬᠦᠷᠲᠡᠯ᠎ᠡ᠂ ᠡᠮᠦᠨᠡᠰᠢ ᠣᠷᠳᠣᠰ ᠬᠣᠲᠠ᠎ᠶᠢᠨ ᠦᠦᠰᠢᠨ ᠬᠣᠰᠢᠭᠤ᠎ᠡᠴᠡ ᠡᠬᠢᠯᠡᠨ᠂ ᠤᠮᠠᠷᠠᠰᠢ ᠬᠥᠯᠥᠨ ᠪᠣᠶ᠋ᠢᠷ ᠬᠣᠲᠠ᠎ᠶᠢᠨ ᠡᠷᠭᠦᠨ᠎ᠡ ᠬᠣᠲᠠ ᠬᠦᠷᠲᠡᠯ᠎ᠡ ᠪᠥᠬᠥ ᠣᠷᠣᠨ᠎ᠤ 12 ᠠᠢᠮᠠᠭ ᠬᠣᠲᠠ᠎ᠳᠤ ᠴᠥᠮ ᠪᠤᠭᠤᠳᠠᠢ ᠳᠠᠷᠢᠵᠤ ᠪᠣᠶ᠃

ᠥᠪᠥᠷ ᠮᠣᠩᠭᠣᠯ ᠪᠤᠯ ᠨᠡᠷᠡᠨ᠎ᠦ ᠲᠤᠰᠤᠯᠲᠠ ᠭᠦᠢᠴᠡᠳ᠂ ᠬᠡᠷᠡᠯ᠎ᠦᠨ ᠡᠨᠧᠷᠭᠢ᠎ᠶᠢᠨ ᠡᠬᠢ ᠪᠠᠶᠠᠯᠢᠭ᠋ ᠡᠯᠪᠡᠭ ᠬᠡᠮᠡᠬᠦ ᠣᠷᠣᠨ ᠪᠠᠢᠷᠢ ᠪᠠ ᠠᠮᠢ ᠠᠬᠤᠢ᠎ᠶᠢᠨ ᠳᠠᠪᠠᠭᠤᠯᠢᠭ᠋ ᠲᠠᠢ ᠪᠠᠢᠵᠤ᠂ ᠤᠯᠤᠰ᠎ᠤᠨ ᠴᠢᠨᠠᠷ ᠰᠠᠢᠲᠠᠢ ᠪᠤᠭᠤᠳᠠᠢ᠎ᠶᠢᠨ ᠭᠠᠷᠤᠯᠲᠠ᠎ᠶᠢᠨ ᠣᠷᠣᠨ ᠪᠠ ᠪᠤᠭᠤᠳᠠᠢ᠎ᠶᠢᠨ ᠲᠠᠸᠠᠷ᠎ᠤᠨ ᠠᠮᠤ᠎ᠶᠢᠨ ᠰᠠᠭᠤᠷᠢᠨ ᠪᠠᠢᠵᠤ᠂ ᠪᠤᠭᠤᠳᠠᠢ᠎ᠶᠢᠨ ᠶᠠᠰᠤ ᠴᠢᠨᠠᠷ ᠨᠢ ᠰᠠᠢᠨ᠂ ᠤᠯᠤᠰ᠎ᠤᠨ ᠳᠣᠲᠣᠭᠠᠳᠤ ᠭᠠᠳᠠᠭᠠᠳᠤ᠎ᠳᠤ ᠨᠡᠷ᠎ᠡ ᠠᠯᠳᠠᠷᠲᠠᠢ ᠶᠤᠮ᠃ ᠣᠢᠷ᠎ᠠ᠎ᠶᠢᠨ ᠵᠢᠯ᠎ᠦᠳ᠎ᠲᠦ ᠥᠪᠥᠷ ᠮᠣᠩᠭᠣᠯ ᠴᠢᠨᠠᠷ ᠰᠠᠢᠲᠠᠢ ᠥᠨᠳᠥᠷ ᠪᠦᠲᠦᠮᠵᠢᠲᠡᠶ ᠠᠮᠤ ᠪᠤᠳᠠᠭᠠᠨ᠎ᠤ ᠤᠨᠠᠯᠲᠠ᠎ᠶᠢ ᠨᠡᠮᠡᠭᠳᠡᠭᠦᠯᠬᠦ ᠵᠢᠱ᠌ᠢᠶ᠎ᠡ ᠦᠵᠡᠭᠦᠯᠬᠦ ᠪᠠ ᠪᠣᠬᠢᠷᠲᠤᠯ ᠦᠭᠡᠢ ᠥᠨᠳᠥᠷ ᠤᠨᠠᠯᠲᠠ ᠥᠨᠳᠥᠷ ᠪᠦᠲᠦᠮᠵᠢᠲᠡᠶ ᠠᠵᠢᠯᠯᠠᠭ᠎ᠠ᠎ᠶᠢ ᠥᠷᠨᠢᠭᠦᠯᠵᠦ᠂ 3 ᠠᠢᠮᠠᠭ ᠬᠣᠲᠠ᠎ᠶᠢᠨ 5 ᠬᠣᠰᠢᠭᠤ ᠰᠢᠶᠠᠨ᠎ᠳᠤ ᠪᠤᠭᠤᠳᠠᠢ᠎ᠶᠢᠨ ᠮᠢᠩᠭᠠᠨ ᠮᠦ᠍᠎ᠶᠢᠨ ᠵᠢᠱ᠌ᠢᠶ᠎ᠡ ᠦᠵᠡᠭᠦᠯᠬᠦ ᠣᠷᠣᠨ᠎ᠢ 15 ᠂ ᠪᠤᠭᠤᠳᠠᠢ᠎ᠶᠢᠨ ᠲᠦᠮᠡᠨ ᠮᠦ᠍᠎ᠶᠢᠨ ᠵᠢᠱ᠌ᠢᠶ᠎ᠡ ᠦᠵᠡᠭᠦᠯᠬᠦ ᠣᠷᠣᠨ 2 ᠪᠠᠢᠭᠤᠯᠵᠤ᠂ ᠪᠥᠬᠥ ᠣᠷᠣᠨ᠎ᠤ ᠪᠤᠭᠤᠳᠠᠢ᠎ᠶᠢᠨ ᠥᠨᠳᠥᠷ ᠤᠨᠠᠯᠲᠠ ᠥᠨᠳᠥᠷ ᠪᠦᠲᠦᠮᠵᠢᠲᠡᠶ ᠵᠢᠱ᠌ᠢᠶ᠎ᠡ ᠦᠵᠡᠭᠦᠯᠬᠦ ᠣᠷᠣᠨ᠎ᠤ ᠶᠡᠷᠦᠩᠬᠡᠢ ᠲᠠᠯᠠᠪᠠᠶ᠎ᠶᠢ 30 ᠲᠦᠮᠡᠨ ᠮᠦ᠍᠎ᠳᠦ ᠬᠦᠷᠭᠡᠪᠡ᠃ ᠣᠳᠣᠬᠠᠨ᠎ᠳᠤ ᠥᠪᠥᠷ ᠮᠣᠩᠭᠣᠯ ᠪᠤᠭᠤᠳᠠᠢ ᠳᠠᠷᠢᠬᠤ᠎ᠳᠦ ᠨᠢᠭᠡᠨᠲᠡ ᠰᠢᠨᠵᠢᠯᠡᠬᠦ ᠤᠬᠠᠭᠠᠨ ᠲᠧᠭ᠌ᠨᠢᠭ᠌ ᠮᠡᠷᠭᠡᠵᠢᠯ᠎ᠦᠨ ᠰᠢᠨ᠎ᠡ᠎ᠶᠢ ᠡᠭᠦᠳᠬᠦ᠂ ᠲᠠᠬᠢᠨ ᠰᠢᠨ᠎ᠡ ᠳᠡᠭᠲᠡᠷ᠎ᠲᠦ ᠭᠠᠷᠬᠤ ᠳᠠᠷᠳᠠᠩ ᠵᠠᠮ᠎ᠢᠶᠠᠷ ᠵᠠᠮᠨᠠᠪᠠ᠃

ᠡᠳᠦᠭᠡ ᠮᠠᠨ᠎ᠤ ᠤᠯᠤᠰ᠎ᠤᠨ ᠪᠤᠭᠤᠳᠠᠢ᠎ᠶᠢᠨ ᠡᠭᠦᠯᠳᠡᠷ ᠪᠦᠬᠦᠨ᠎ᠢᠶᠡᠷ᠎ᠢᠶᠡᠨ ᠤᠯᠤᠰ᠎ᠲᠠᠭᠠᠨ ᠦᠢᠯᠡᠳᠪᠦᠷᠢᠯᠡᠵᠦ ᠥᠪᠡᠷ᠎ᠲᠡᠬᠡᠨ ᠪᠣᠢᠵᠢᠭᠤᠯᠬᠤ᠎ᠶᠢ ᠪᠡᠶᠡᠯᠡᠭᠦᠯᠵᠦ᠂ ᠪᠤᠭᠤᠳᠠᠢ᠎ᠶᠢᠨ ᠶᠡᠷᠦᠩᠬᠡᠢ ᠭᠠᠷᠤᠯᠲᠠ ᠳᠡᠯᠡᠬᠡᠢ᠎ᠶᠢᠨ ᠲᠡᠷᠢᠭᠦᠨ ᠪᠠᠢᠷᠢᠨ᠎ᠳᠤ ᠤᠷᠤᠪᠠ᠃ 4000 ᠭᠠᠷᠤᠢ ᠵᠢᠯ᠎ᠦᠨ ᠣᠷᠳᠣ᠌ ᠤᠳᠠᠭᠠᠨ ᠲᠡᠦᠬᠡ᠎ᠶᠢ ᠥᠩᠭᠡᠷᠡᠭᠦᠯᠦᠭᠡᠳ᠂ ᠳᠤᠮᠳᠠᠳᠤ᠎ᠶᠢᠨ ᠡᠬᠡ ᠭᠠᠵᠠᠷ᠎ᠲᠤ ᠪᠠᠭ᠎ᠠ ᠬᠡᠮᠵᠢᠶ᠎ᠡ᠎ᠪᠡᠷ ᠳᠠᠷᠢᠵᠤ ᠡᠬᠢᠯᠡᠭᠰᠡᠨ᠎ᠡᠴᠡ ᠠᠪᠤᠭᠠᠳ ᠬᠠᠨ ᠤᠯᠤᠰ ᠲᠠᠩ ᠤᠯᠤᠰ᠎ᠤᠨ ᠦᠶ᠎ᠡ᠎ᠶᠢᠨ ᠬᠥᠭᠵᠢᠯᠲᠡ᠂ ᠰᠥᠩ ᠤᠯᠤᠰ ᠮᠢᠩ ᠤᠯᠤᠰ᠎ᠤᠨ ᠦᠶ᠎ᠠ ᠵᠢᠨ ᠲᠡᠭᠦᠯᠳᠡᠷᠵᠢᠯ᠂ ᠣᠲᠣ᠌ ᠦᠶ᠎ᠡ᠎ᠶᠢᠨ ᠴᠢᠨᠠᠷ ᠰᠠᠢᠲᠠᠢ ᠥᠨᠳᠥᠷ ᠤᠨᠠᠯᠲᠠ ᠬᠦᠷᠲᠡᠯ᠎ᠡ ᠬᠥᠮᠥᠨ ᠲᠥᠷᠥᠯᠬᠢᠲᠡᠨ ᠪᠤᠭᠤᠳᠠᠢ᠎ᠶᠢ ᠭᠠᠷᠰᠢᠭᠤᠯᠬᠤ᠂ ᠳᠠᠷᠢᠬᠤ ᠶᠠᠪᠤᠴᠠ᠎ᠳᠤ ᠬᠡᠷᠡᠯ ᠰᠠᠴᠤᠷᠠᠩᠭᠤᠢ ᠪᠣᠯᠪᠠᠰᠤᠨ᠎ᠢ ᠪᠠᠢᠭᠤᠯᠤᠭᠰᠠᠨ ᠶᠤᠮ᠃

ᠮᠥᠬᠥᠯᠢᠭ ᠪᠤᠭᠤᠳᠠᠢ ᠡᠴᠡ ᠠᠮᠢᠳᠤᠷᠠᠯ ᠠᠮᠳᠠᠯᠠᠭᠳᠠᠨ᠎ᠠ᠃ ᠳᠤᠮᠳᠠᠳᠤ᠎ᠶᠢᠨ ᠲᠠᠷᠢᠶᠠᠯᠠᠬᠤ ᠰᠣᠶᠣᠯ᠎ᠳ᠋ᠡᠬᠢ ᠪᠤᠭᠤᠳᠠᠢ᠎ᠶᠢᠨ ᠬᠥᠭᠵᠢᠯᠲᠡ᠎ᠶᠢᠨ ᠲᠡᠦᠬᠡ ᠨᠢ ᠮᠥᠨ ᠴᠦ᠍ ᠠᠳᠠᠷ ᠬᠡᠭᠡᠷ᠎ᠡ᠎ᠳᠦ ᠰᠠᠯᠬᠢ ᠪᠣᠷᠣᠭᠠᠨ᠎ᠢ ᠰᠥᠷᠴᠦ ᠤᠷᠭᠤᠭᠰᠠᠨ ᠳᠣᠮᠣᠭ ᠪᠢᠯᠡ᠃ ᠪᠤᠭᠤᠳᠠᠢ ᠲᠠᠷᠢᠬᠤ ᠨᠢ ᠨᠢᠭᠡ ᠵᠦᠢᠯ᠎ᠦᠨ ᠲᠠᠷᠢᠮᠠᠯ᠎ᠤᠨ ᠬᠥᠭᠵᠢᠯᠲᠡ᠎ᠶᠢᠨ ᠲᠡᠦᠬᠡ ᠪᠣᠯᠬᠤ᠎ᠪᠠᠷ ᠪᠠᠷᠠᠬᠤ ᠦᠭᠡᠢ ᠪᠠᠰᠠ ᠴᠤ᠌ ᠳᠤᠮᠳᠠᠳᠤ᠎ᠶᠢᠨ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠬᠠᠷᠢᠯᠴᠠᠨ ᠠᠭᠤᠰᠤᠯᠴᠠᠵᠤ᠂ ᠰᠤᠷᠤᠯᠴᠠᠬᠤ ᠶᠠᠪᠤᠴᠠ᠎ᠳᠠᠭᠠᠨ ᠪᠢᠴᠢᠭᠯᠡᠭᠰᠡᠨ ᠳᠤᠮᠳᠠᠳᠤ᠎ᠶᠢᠨ ᠪᠣᠯᠪᠠᠰᠤᠨ᠎ᠤ ᠲᠡᠦᠬᠡ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面