ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2023-11-24 18:57:25

ᠵᠣᠬᠢᠶᠠᠭ᠍ᠴᠢ᠄ ᠬᠤᠸᠠᠩ ᠹᠦ ᠮᠧᠶ ᠰᠢᠶᠠᠨ ᠴᠢᠮᠡᠭᠡᠯᠡᠭᠴᠢ ᠵᠠᠩ ᠱᠸ᠋ ᠵᠢᠶᠦ᠋ᠨ ᠣᠩᠱᠢᠭ᠍ᠰᠠᠨ ᠣᠳᠠᠭ᠎ᠠ᠄ 3

ᠵᠢᠨᠢᠩ ᠪᠣᠯ ᠥᠪᠥᠷ ᠮᠣᠩᠭᠣᠯ ᠪᠣᠯᠣᠨ ᠤᠮᠠᠷᠠᠲᠤ ᠣᠷᠣᠨ᠎ᠤ ᠡᠯ᠎ᠡ ᠭᠠᠵᠠᠷ᠎ᠢ ᠨᠡᠪᠲᠡᠷᠡᠭᠦᠯᠬᠦ ᠬᠦᠢᠰᠦ᠂ ᠤᠷᠳᠤ ᠴᠠᠭᠠᠨ ᠬᠡᠷᠡᠮ᠎ᠦᠨ ᠳᠣᠲᠣᠨ᠎ᠠ ᠭᠠᠳᠠᠨᠠᠬᠢ᠎ᠶᠢ ᠡᠵᠡᠮᠳᠡᠬᠦ ᠡᠭᠦᠳᠡ ᠬᠠᠭᠠᠯᠭ᠎ᠠ ᠪᠠᠢᠵᠦ᠂ ᠪᠠᠢᠯᠳᠤᠬᠤ ᠪᠣᠳᠣᠯᠭ᠎ᠠ ᠎ᠶᠢᠨ ᠪᠠᠢᠷᠢ ᠨᠢ ᠲᠤᠢᠯ᠎ᠤᠨ ᠴᠢᠬᠤᠯᠠ᠂ ᠡᠷᠲᠡᠨ᠎ᠡᠴᠡ ᠠᠪᠤᠭᠠᠳ ᠴᠡᠷᠢᠭ᠎ᠦᠨ ᠶᠠᠪᠤᠳᠠᠯ᠎ᠤᠨ ᠴᠢᠬᠤᠯᠠ ᠪᠤᠭᠤᠮᠳᠠ᠂ ᠴᠡᠷᠢᠭ᠎ᠦᠨ ᠶᠠᠪᠤᠳᠠᠯ᠎ᠤᠨ ᠵᠠᠪᠠᠯ ᠲᠡᠮᠡᠴᠡᠬᠦ ᠴᠢᠬᠤᠯᠠ ᠭᠠᠵᠠᠷ ᠪᠤᠯᠤᠬᠰᠠᠭᠠᠷ ᠢᠷᠡᠵᠡᠢ᠃

70 ᠭᠠᠷᠤᠢ ᠵᠢᠯ᠎ᠦᠨ ᠡᠮᠦᠨ᠎ᠡ ᠡᠭᠦᠰᠦᠭᠰᠡᠨ ᠵᠢᠨᠢᠩ᠎ᠦᠨ ᠳᠠᠢᠯᠠᠯᠳᠤᠭᠠᠨ ᠨᠢ ᠭᠣᠮᠢᠨᠳᠠᠩ ᠡᠪ ᠬᠠᠮᠲᠤ ᠨᠠᠮ᠎ᠤᠨ ᠶᠡᠬᠡ ᠰᠢᠢᠳᠪᠦᠷᠢᠲᠦ ᠪᠠᠢᠯᠳᠤᠭᠠᠨ᠎ᠤ ᠡᠮᠦᠨᠡᠬᠢ ᠰᠣᠷᠢᠯᠲᠠ ᠪᠣᠯᠬᠤ᠎ᠪᠠᠷ ᠪᠠᠷᠠᠬᠤ ᠦᠭᠡᠢ᠂ ᠴᠢᠯᠦᠭᠡᠯᠡᠬᠦ ᠳᠠᠢ᠍ᠢᠨ᠎ᠳᠦ ᠴᠦ᠍ ᠲᠤᠢᠯ᠎ᠤᠨ ᠡᠷᠬᠢᠮ ᠨᠠᠨᠳᠢᠨ ᠲᠤᠷᠰᠢᠯᠭ᠎ᠠ ᠰᠤᠷᠭᠠᠮᠵᠢ ᠬᠠᠩᠭᠠᠵᠤ᠂ ᠰᠦᠢᠶᠤᠸᠠᠨ᠎ᠤ ᠳᠠᠢᠯᠠᠯᠳᠤᠭᠠᠨ᠂ ᠯᠢᠶᠣᠤ ᠱᠧᠨ᠎ᠤ ᠳᠠᠢᠯᠠᠯᠳᠤᠭᠠᠨ᠂ ᠫᠢᠩ ᠵᠢᠨ᠎ᠦ ᠳᠠᠢᠯᠠᠯᠳᠤᠭᠠᠨ ᠵᠡᠷᠭᠡ ᠶᠡᠬᠡ ᠰᠢᠢᠳᠪᠦᠷᠢᠲᠦ ᠪᠠᠢᠯᠳᠤᠭᠠᠨ᠎ᠤ ᠴᠢᠬᠤᠯᠠ ᠪᠦᠷᠢᠯᠳᠦᠭᠦᠨ ᠬᠡᠰᠡᠭ ᠪᠣᠯᠤᠭᠰᠠᠨ ᠪᠠᠢᠨ᠎ᠠ᠃

ᠨᠢᠭᠡ ᠨᠣᠮ ᠬᠢᠭᠡᠳ ᠨᠢᠭᠡ ᠬᠤᠳᠠ

9 ᠰᠠᠷ᠎ᠠ᠎ᠶᠢᠨ 28᠎ᠤ᠋ ᠡᠳᠦᠷ᠂ ᠵᠢᠨᠢᠩ᠎ᠦᠨ ᠳᠠᠢᠯᠠᠯᠳᠤᠭᠠᠨ᠎ᠤ ᠲᠤᠬᠠᠢ ᠴᠢᠬᠤᠯᠠ ᠬᠤᠷᠠᠯ ᠪᠡᠭᠡᠵᠢᠩ᠎ᠦᠨ ᠤᠯᠠᠭᠠᠨᠴᠠᠪ ᠲᠣᠮᠣ᠌ ᠠᠰᠠᠷ᠎ᠲᠤ ᠶᠠᠪᠤᠭᠳᠠᠪᠠ᠃

ᠬᠤᠷᠠᠯ᠎ᠳᠤ ᠴᠡᠷᠢᠭ᠎ᠦᠨ ᠶᠠᠪᠤᠳᠠᠯ᠎ᠤᠨ ᠰᠢᠨᠵᠢᠯᠡᠬᠦ ᠤᠬᠠᠭᠠᠨ᠎ᠤ ᠬᠡᠪᠯᠡᠯ᠎ᠦᠨ ᠬᠣᠷᠢᠶ᠎ᠠ ᠢ᠋ᠢᠨ ᠬᠠᠮᠢᠶ᠎ᠠ ᠪᠦᠬᠦᠢ ᠬᠠᠷᠢᠭᠤᠴᠠᠯᠭᠠᠲᠠᠨ᠂ ᠴᠡᠷᠢᠭ᠎ᠦᠨ ᠲᠡᠦᠬᠡ᠎ᠶᠢᠨ ᠲᠤᠰᠬᠠᠢ ᠮᠡᠷᠭᠡᠵᠢᠯᠲᠡᠨ ᠪᠠ 《ᠵᠢᠨᠢᠩ᠎ᠦᠨ ᠳᠠᠢᠯᠠᠯᠳᠤᠭᠠᠨ·ᠵᠠᠰᠠᠪᠤᠷᠢ ᠣᠷᠣᠭᠤᠯᠤᠭᠰᠠᠨ ᠬᠡᠪᠯᠡᠯ 》 ᠤ᠋ᠨ ᠵᠣᠬᠢᠶᠠᠭ᠍ᠴᠢ ᠷᠧᠨ ᡁᠢ ᠵᠦᠩ᠂ ᠵᠢᠨᠢᠩ᠎ᠦᠨ ᠳᠠᠢᠯᠠᠯᠳᠤᠭᠠᠨ᠎ᠳᠤ ᠣᠷᠣᠯᠴᠠᠭᠰᠠᠨ ᠳᠠᠷᠤᠭ᠎ᠠ ᠪᠠᠢᠯᠳᠤᠭ᠍ᠴᠢᠳ᠎ᠤᠨ ᠬᠣᠢᠴᠢᠰ ᠾᠧ ᠰᠢᠶᠣᠣ ᠮᠢᠩ (ᠾᠧ ᠯᠦᠩ᠎ᠤᠨ ᠥᠬᠢᠨ)᠂ ᠯᠢ ᠯᠢ ᠴᠢᠩ(ᠯᠢ ᠵᠢᠩ ᠴᠢᠤᠸᠠᠨ᠎ᠤ ᠥᠬᠢᠨ)᠂ ᠶᠣᠣ ᠫᠦ ᠮᠢᠩ (ᠶᠣᠣ ᠵᠧ᠎ᠶᠢᠨ ᠬᠥᠪᠡᠭᠦᠨ) ᠵᠡᠷᠭᠡ 30 ᠭᠠᠷᠤᠢ ᠬᠥᠮᠥᠨ ᠣᠷᠣᠯᠴᠠᠪᠠ᠃

ᠲᠣᠰ ᠤᠲᠠᠭ᠎ᠠ ᠵᠢᠨ ᠬᠤᠷᠠᠯ ᠢ᠋ ᠥᠪᠥᠷ ᠮᠣᠩᠭᠣᠯ᠎ᠤᠨ ᠬᠤᠪᠢᠰᠬᠠᠯ᠎ᠤᠨ ᠰᠣᠶᠣᠯ ᠢ᠋ ᠤᠯᠠᠮᠵᠢᠯᠠᠨ ᠬᠥᠭᠵᠢᠭᠦᠯᠬᠦ ᠰᠠᠭᠤᠷᠢ ᠮᠥᠩᠭᠥᠨ᠎ᠦ ᠨᠡᠢᠭᠡᠮᠯᠢᠭ ᠪᠣᠯᠣᠨ ᠤᠯᠠᠭᠠᠨᠴᠠᠪ ᠬᠣᠲᠠ᠎ᠶᠢᠨ ᠬᠤᠪᠢᠰᠬᠠᠯ᠎ᠤᠨ ᠰᠣᠶᠣᠯ᠎ᠤᠨ ᠰᠤᠳᠤᠯᠭᠠᠨ᠎ᠤ ᠨᠡᠢᠭᠡᠮᠯᠢᠭ᠎ᠡᠴᠡ ᠡᠭᠦᠰᠬᠡᠭᠰᠡᠨ ᠶᠤᠮ᠂ ᠬᠤᠷᠠᠯ᠎ᠳᠤ ᠣᠷᠣᠯᠴᠠᠭᠰᠠᠳ《ᠵᠢᠨᠢᠩ᠎ᠦᠨ ᠳᠠᠢᠯᠠᠯᠳᠤᠭᠠᠨ·ᠵᠠᠰᠠᠪᠤᠷᠢ ᠣᠷᠣᠭᠤᠯᠤᠭᠰᠠᠨ ᠬᠡᠪᠯᠡᠯ》 ᠤ᠋ᠨ ᠰᠢᠨ᠎ᠡ ᠨᠣᠮ ᠢ᠋ ᠨᠡᠢᠲᠡᠯᠡᠬᠦ᠎ᠳ᠋ᠤ ᠤᠷᠤᠯᠴᠠᠬᠤ ᠪᠡᠷ ᠢᠷᠡᠵᠠᠢ᠃

ᠵᠢᠨᠢᠩ ᠪᠣᠯᠣᠨ ᠵᠢᠨᠢᠩ᠎ᠦᠨ ᠳᠠᠢᠯᠠᠯᠳᠤᠭᠠᠨ ᠨᠢ ᠬᠥᠮᠥᠰ᠎ᠦᠨ ᠠᠩᠬᠠᠷᠤᠯ᠎ᠢ ᠳᠠᠬᠢᠨᠲᠠ ᠲᠠᠲᠠᠪᠠ᠃ ᠵᠢᠨᠢᠩ᠎ᠦᠨ ᠳᠠᠢᠯᠠᠯᠳᠤᠭᠠᠨ᠎ᠤ ᠲᠤᠬᠠᠢ ᠨᠣᠮ ᠪᠢᠴᠢᠭ ᠵᠢᠴᠢ ᠲᠡᠦᠬᠡᠨ ᠮᠠᠲᠧᠷᠢᠶᠠᠯ᠎ᠳᠤ ᠵᠢᠨᠢᠩ᠎ᠦᠨ ᠳᠠᠢᠯᠠᠯᠳᠤᠭᠠᠨ᠎ᠳᠤ 1946 ᠣᠨ᠎ᠤ 1 ᠰᠠᠷ᠎ᠠ᠂ 1946 ᠣᠨ᠎ᠤ 9 ᠰᠠᠷ᠎ᠠ᠂ 1948 ᠣᠨ᠎ᠤ 9 ᠰᠠᠷ᠎ᠠ᠎ᠳᠤ ᠵᠢᠨᠢᠩ ᠵᠢᠴᠢ ᠵᠢᠨᠢᠩ᠎ᠢᠶᠡᠷ ᠲᠥᠪ ᠪᠣᠯᠭᠠᠭᠰᠠᠨ ᠡᠷᠭᠢᠨ ᠲᠣᠭᠣᠷᠢᠨ᠎ᠤ ᠭᠠᠵᠠᠷ ᠣᠷᠣᠨ᠎ᠳᠤ ᠡᠭᠦᠰᠦᠭᠰᠡᠨ ᠭᠤᠷᠪᠠ ᠤᠳᠠᠭ᠎ᠠ ᠵᠢᠨ ᠳᠠᠢᠯᠠᠯᠳᠤᠭᠠᠨ ᠪᠠᠭᠲᠠᠨ᠎ᠠ ᠭᠡᠵᠦ ᠨᠡᠢᠳᠡᠮ᠎ᠳᠡᠭᠡᠨ ᠦᠵᠡᠵᠦ ᠪᠠᠢᠪᠠ᠃ ᠬᠡᠬᠥ ᠎ᠳ᠋ᠡᠬᠡᠨ 《ᠵᠢᠨᠢᠩ᠎ᠦᠨ ᠳᠠᠢᠯᠠᠯᠳᠤᠭᠠᠨ· ᠵᠠᠰᠠᠪᠤᠷᠢ ᠣᠷᠣᠭᠤᠯᠤᠭᠰᠠᠨ ᠬᠡᠪᠯᠡᠯ》 ᠳ᠋ᠤ ᠬᠠᠷᠢᠨ ᠡᠮᠦᠨᠡᠬᠢ ᠭᠤᠷᠪᠠ ᠤᠳᠠᠭ᠎ᠠ ᠵᠢᠨ ᠳᠠᠢᠯᠠᠯᠳᠤᠭᠠᠨ᠎ᠢ ᠳᠥᠷᠪᠡ ᠤᠳᠠᠭ᠎ᠠ — 1945 ᠣᠨ᠎ᠤ 10 ᠰᠠᠷ᠎ᠠ᠎ᠳᠤ ᠡᠭᠦᠰᠦᠭᠰᠡᠨ ᠰᠦᠢᠶᠤᠸᠠᠨ᠎ᠤ ᠳᠠᠢᠯᠠᠯᠳᠤᠭᠠᠨ᠎ᠤ ᠰᠦᠢᠶᠤᠸᠠᠨ᠎ᠤ ᠵᠡᠭᠦᠨ ᠬᠡᠰᠡᠭ᠎ᠦᠨ ᠪᠠᠢᠯᠳᠤᠭᠠᠨ᠂ 1946 ᠣᠨ᠎ᠤ 1 ᠰᠠᠷ᠎ᠠ᠎ᠶᠢᠨ ᠵᠢᠨᠢᠩ᠎ᠢ ᠪᠤᠯᠢᠶᠠᠯᠳᠤᠬᠤ ᠲᠠᠢᠯᠠᠯᠳᠤᠭᠠᠨ᠂ 1946 ᠣᠨ᠎ᠤ 9 ᠰᠠᠷ᠎ᠠ᠎ᠶᠢᠨ ᠳ᠋ᠠᠲ᠋ᠦ᠋ᠩ ᠵᠢᠨᠢᠩ᠎ᠦᠨ ᠳᠠᠢᠯᠠᠯᠳᠤᠭᠠᠨ᠂ 1948 ᠣᠨ᠎ᠤ 9 ᠰᠠᠷ᠎ᠠ᠎ᠶᠢᠨ ᠴᠠᠬᠠᠷ ᠰᠦᠢᠶᠤᠸᠠᠨ᠎ᠤ ᠳᠠᠢᠯᠠᠯᠳᠤᠭᠠᠨ᠎ᠤ ᠠᠩᠬᠠᠨ᠎ᠤ ᠪᠠᠢᠯᠳᠤᠭᠠᠨ ᠵᠢᠨᠢᠩ᠎ᠦᠨ ᠪᠠᠢᠯᠳᠤᠭᠠᠨ ᠭᠡᠵᠦ ᠥᠭᠡᠷᠡᠴᠢᠯᠡᠪᠡ᠃

ᠳᠡᠭᠡᠷᠡᠬᠢ ᠳᠠᠢᠯᠠᠯᠳᠤᠭᠠᠨ᠎ᠢ ᠥᠭᠦᠯᠡᠬᠦ᠎ᠳᠦ ᠲᠦᠭᠦᠮ ᠎ᠢ ᠪᠤᠳᠤᠵᠤ᠂ ᠲᠡᠦᠬᠡ᠎ᠶᠢᠨ ᠤᠬᠠᠭᠠᠨ᠎ᠤ ᠬᠢᠨ ᠶᠡᠷᠦᠩᠬᠡᠢ ᠳ᠋ᠦ᠍ᠨᠢ ᠵᠢᠨᠢᠩ᠎ᠦᠨ ᠳᠠᠢᠯᠠᠯᠳᠤᠭᠠᠨ ᠭᠡᠵᠦ ᠨᠡᠷᠡᠢᠳᠴᠡᠢ᠃

ᠷᠧᠨ ᡁᠢ ᠵᠦᠩ ᠭᠤᠷᠪᠠ ᠤᠳᠠᠭ᠎ᠠ ᠵᠢᠨ ᠳᠠᠢᠯᠠᠯᠳᠤᠭᠠᠨ ᠡᠴᠡ ᠳᠥᠷᠪᠡ ᠤᠳᠠᠭ᠎ᠠ ᠵᠢᠨ ᠳᠠᠢᠯᠠᠯᠳᠤᠭᠠᠨ ᠪᠣᠯᠭᠠᠨ ᠥᠭᠡᠷᠡᠴᠢᠯᠡᠭᠰᠡᠨ ᠰᠢᠯᠲᠠᠭᠠᠨ᠎ᠢ ᠰᠤᠷᠪᠤᠯᠵᠢᠯᠠᠭ᠍ᠴᠢ᠎ᠳᠤ ᠲᠠᠢᠯᠪᠤᠷᠢᠯᠠᠪᠠ᠃ ᠲᠡᠷᠡ᠄《2009 ᠣᠨ᠎ᠤ ᠬᠡᠪᠯᠡᠯ᠎ᠦᠨ 〈ᠵᠢᠨᠢᠩ᠎ᠦᠨ ᠳᠠᠢᠯᠠᠯᠳᠤᠭᠠᠨ〉 ᠳ᠋ᠤ 1945 ᠣᠨ᠎ᠤ 10 ᠰᠠᠷ᠎ᠠ᠎ᠶᠢᠨ ᠰᠦᠢᠶᠤᠸᠠᠨ᠎ᠤ ᠳᠠᠢᠯᠠᠯᠳᠤᠭᠠᠨ᠎ᠤ ᠰᠦᠢᠶᠤᠸᠠᠨ᠎ᠤ ᠵᠡᠭᠦᠨ ᠬᠡᠰᠡᠭ᠎ᠦᠨ ᠮᠠᠰᠢ ᠴᠢᠬᠤᠯᠠ ᠪᠠᠢᠯᠳᠤᠭᠠᠨ᠎ᠢ ᠣᠷᠬᠢᠭ᠍ᠳᠠᠭᠤᠯᠵᠠᠢ᠃ ᠰᠦᠢᠶᠤᠸᠠᠨ᠎ᠤ ᠳᠠᠢᠯᠠᠯᠳᠤᠭᠠᠨ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠴᠡᠷᠢᠭ᠎ᠦᠨ ᠶᠠᠪᠤᠳᠠᠯ᠎ᠤᠨ ᠬᠣᠷᠢᠶ᠎ᠠ ᠪᠣᠯᠣᠨ ᠲᠡᠷᠢᠭᠦᠯᠡᠭᠴᠢ ᠮᠠᠤ ᠽᠧ ᠳ᠋ᠦᠩ᠎ᠦᠨ ᠪᠡᠶ᠎ᠡ᠎ᠪᠡᠷ᠎ᠢᠶᠡᠨ ᠬᠢᠬᠦ᠎ᠪᠡᠷ ᠲᠣᠭᠲᠠᠭᠠᠭᠰᠠᠨ ᠪᠦᠬᠦ ᠲᠠᠯ᠎ᠠ᠎ᠳᠤ ᠬᠣᠯᠪᠣᠭᠳᠠᠬᠤ ᠲᠠᠢᠯᠠᠯᠳᠤᠭᠠᠨ ᠮᠦᠨ᠃ ᠵᠢᠨᠢᠩ᠎ᠢᠶᠡᠷ ᠲᠦᠪ ᠪᠣᠯᠭᠠᠭᠰᠠᠨ ᠰᠦᠢᠶᠤᠸᠠᠨ᠎ᠤ ᠵᠡᠭᠦᠨ ᠬᠡᠰᠡᠭ᠎ᠦᠨ ᠪᠠᠢᠯᠳᠤᠭᠠᠨ ᠨᠢ 5000 ᠭᠠᠷᠤᠢ ᠳᠠᠢᠰᠤᠨ᠎ᠢ ᠰᠥᠨᠥᠭᠡᠵᠦ(56 ᠡᠳᠦᠷ᠎ᠦᠨ ᠰᠦᠢᠶᠤᠸᠠᠨ᠎ᠤ ᠳᠠᠢᠯᠠᠯᠳᠤᠭᠠᠨ᠎ᠳᠤ 12000 ᠳᠠᠢᠰᠤᠨ᠎ᠢ ᠰᠥᠨᠥᠭᠡᠪᠡ)᠂ ᠭᠣᠮᠢᠨᠳᠠᠩ᠎ᠤᠨ ᠴᠡᠷᠢᠭ᠎ᠲᠦ ᠬᠦᠨᠳᠦ ᠴᠣᠬᠢᠯᠲᠠ ᠥᠭᠭᠦᠭᠰᠡᠨ ᠮᠥᠷᠲᠡᠭᠡᠨ ᠰᠦᠢᠶᠤᠸᠠᠨ᠎ᠤ ᠵᠡᠭᠦᠨ ᠬᠡᠰᠡᠭ᠎ᠢ ᠴᠢᠯᠦᠭᠡᠯᠡᠨ᠂ ᠰᠦᠢᠶᠤᠸᠠᠨ᠎ᠤ ᠳᠠᠢᠰᠤᠨ ᠪᠣᠯᠣᠨ ᠱᠠᠨ ᠰᠢ᠎ᠶᠢᠨ ᠳᠠᠢᠰᠤᠨ᠎ᠤ ᠬᠠᠷᠢᠴᠠᠭ᠎ᠠ ᠎ᠶᠢ ᠲᠠᠰᠤᠯᠵᠤ᠂ ᠰᠦᠢᠶᠤᠸᠠᠨ᠎ᠤ ᠵᠡᠭᠦᠨ ᠬᠡᠰᠡᠭ ᠂ ᠶᠠᠨᠪᠸᠢ ᠣᠷᠣᠨ᠎ᠤ ᠵᠠᠭᠤᠨ ᠲᠦᠮᠡ ᠰᠢᠬᠠᠮ ᠣᠯᠠᠨ ᠲᠦᠮᠡᠨ᠎ᠢ ᠳᠠᠢᠴᠢᠯᠠᠬᠤ᠎ᠳᠤ ᠠᠰᠢᠭ᠍ᠲᠠᠢ ᠨᠥᠬᠥᠴᠡᠯ᠎ᠢ ᠪᠤᠶ ᠪᠣᠯᠭᠠᠵᠠᠢ᠃ ᠡᠨᠡ ᠤᠳᠠᠭ᠎ᠠ ᠶ᠋ᠢᠨ ᠵᠠᠰᠠᠪᠤᠷᠢ ᠤᠷᠤᠭᠤᠯᠤᠬᠰᠠᠨ ᠨᠢ ᠠᠭᠤᠯᠭ᠎ᠠ ᠶ᠋ᠢᠨ ᠲᠠᠯ᠎ᠠ᠎ᠪᠠᠷ ᠨᠡᠩ ᠣᠨᠣᠪᠴᠢᠲᠠᠶ ᠪᠥᠭᠡᠳ ᠪᠦᠷᠢᠨ ᠲᠡᠭᠦᠯᠳᠡᠷ ᠪᠣᠯᠵᠠᠢ》 ᠬᠡᠪᠡ᠃

ᠴᠡᠷᠢᠭ᠎ᠦᠨ ᠶᠠᠪᠤᠳᠠᠯ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠰᠤᠳᠤᠯᠤᠭ᠍ᠴᠢ᠂ ᠴᠡᠷᠢᠭ᠎ᠦᠨ ᠲᠡᠦᠬᠡ᠎ᠶᠢᠨ ᠠᠯᠳᠠᠷᠲᠤ ᠮᠡᠷᠭᠡᠵᠢᠯᠲᠡᠨ ᠸᠸᠨ ᠷᠦᠢ ᠮᠣᠣ ᠲᠤᠰ ᠨᠣᠮ᠎ᠢ ᠬᠢᠨᠠᠨ ᠤᠩᠰᠢᠬᠰᠠᠨ ᠰᠠᠨᠠᠯ᠎ᠳᠠᠭᠠᠨ ᠄ 《ᠲᠤᠰ ᠨᠣᠮ᠎ᠤᠨ ᠲᠡᠦᠬᠡᠨ ᠮᠠᠲᠧᠷᠢᠶᠠᠯ ᠨᠢ ᠣᠨᠣᠪᠴᠢᠲᠠᠶ᠂ ᠦᠵᠡᠯᠲᠡ ᠨᠢ ᠵᠥᠪ᠂ ᠴᠢᠯᠦᠭᠡᠯᠡᠬᠦ ᠴᠡᠷᠢᠭ᠎ᠦᠨ ᠵᠢᠨᠢᠩ ᠣᠷᠣᠨ᠎ᠳᠠᠬᠢ ᠪᠠᠢᠯᠳᠤᠭᠠᠨ᠎ᠢ ᠰᠤᠳᠤᠯᠬᠤ᠎ᠳᠤ ᠦᠨ᠎ᠡ ᠴᠠᠨ᠎ᠠ᠎ᠲᠠᠢ ᠲᠡᠦᠬᠡᠨ ᠮᠠᠲᠧᠷᠢᠶᠠᠯ ᠬᠠᠩᠭᠠᠭᠰᠠᠨ ᠪᠥᠭᠡᠳ ᠪᠠᠰᠠ ᠵᠠᠷᠢᠮ ᠰᠢᠨ᠎ᠡ ᠦᠵᠡᠯᠲᠡ᠎ᠶᠢ ᠳᠤᠷᠠᠳᠤᠭᠰᠠᠨ ᠪᠠᠢᠨ᠎ᠠ᠂ ᠡᠨᠡ ᠨᠢ ᠮᠠᠨ᠎ᠤ ᠴᠡᠷᠢᠭ᠎ᠦᠨ ᠪᠠᠢᠯᠳᠤᠭᠠᠨ᠎ᠤ ᠲᠡᠦᠬᠡ᠎ᠶᠢᠨ ᠰᠤᠳᠤᠯᠤᠯ᠎ᠢ ᠠᠬᠢᠭᠤᠯᠬᠤ᠎ᠳᠤ ᠠᠴᠢ ᠲᠤᠰᠠ᠎ᠲᠠᠢ ᠶᠤᠮ》 ᠭᠡᠪᠡ᠃

ᠨᠢᠭᠡ ᠠᠭᠤᠯᠠ ᠬᠢᠭᠡᠳ ᠨᠢᠭᠡ ᠲᠠᠯᠠᠪᠠᠢ ᠢᠯᠠᠯᠲᠠ

ᠡᠪᠦᠯ᠎ᠦᠨ ᠡᠬᠢ᠎ᠪᠡᠷ᠂ ᠯᠤᠤ ᠬ᠍ᠸ᠋ ᠱᠠᠨ ᠠᠭᠤᠯᠠ ᠳᠡᠭᠡᠷ᠎ᠡ ᠵᠣᠭ᠍ᠰᠣᠬᠤ᠎ᠳᠤ ᠬᠠᠷᠠᠭ᠎ᠠ ᠤᠯᠠᠮ ᠥᠷᠭᠡᠵᠢᠯ᠎ᠠ — ᠬᠣᠢᠲᠤ ᠠᠭᠤᠯᠠ᠎ᠶ᠋ᠢᠨ ᠬᠣᠷᠮᠣᠶ᠎ᠳᠤ ᠵᠡᠭᠦᠨ ᠡᠴᠨ ᠪᠠᠷᠠᠭᠤᠨᠰᠢ ᠱᠠ ᠾᠧ ᠭᠣᠣᠯ ᠤᠷᠤᠰᠴᠤ ᠂ ᠡᠮᠦᠨᠡᠰᠢ ᠤᠮᠠᠷᠠᠰᠢ ᠴᠢᠭ᠌ᠯᠡᠯ᠎ᠲᠡᠶ ᠭᠤᠸᠠᠩ ᠮᠢᠩ ᠵᠡᠭᠡᠯᠢ ᠪᠠᠢᠵᠤ ᠂ ᠵᠡᠭᠦᠨ ᠲᠠᠯ᠎ᠠ ᠨᠢ ᠥᠷᠭᠡᠨ ᠠᠭᠤᠳᠠᠮ ᠰᠠᠭᠤᠭᠠᠯᠢ ᠠᠷᠠᠳ᠎ᠤᠨ ᠲᠣᠭᠣᠷᠢᠭ᠂ ᠡᠮᠦᠨ᠎ᠡ ᠲᠠᠯ᠎ᠠ ᠨᠢ ᠪᠠᠶ ᠴᠢᠤᠸᠠᠨ ᠱᠠᠨ ᠠᠭᠤᠯᠠ ᠂ ᠪᠠᠷᠠᠭᠤᠨ ᠲᠠᠯ᠎ᠠ ᠨᠢ ᠯᠤᠤ ᠬ᠍ᠸ᠋ ᠱᠠᠨ ᠠᠭᠤᠯᠠ ᠪᠠ ᠸᠸ ᠯᠦᠡᠭ ᠱᠠᠨ ᠠᠭᠤᠯᠠ᠎ᠶ᠋ᠢᠨ ᠬᠣᠭᠣᠷᠣᠨᠳᠣᠬᠢ ᠠᠭᠤᠳᠠᠮ ᠭᠠᠵᠠᠷ ᠪᠣᠯᠤᠨ᠎ᠠ᠃

ᠯᠤᠤ ᠬ᠍ᠸ᠋ ᠱᠠᠨ ᠠᠭᠤᠯᠠ ᠨᠢ ᠵᠢᠨᠢᠩ ᠲᠤᠭᠤᠷᠢᠭ ᠲᠸ᠋ ᠪᠠᠢᠷᠢᠯᠠᠵᠤ ᠂ ᠲᠠᠯᠠᠪᠠᠶ ᠨᠢ 7 ᠲᠡᠭ᠌ᠰᠢ ᠳᠥᠷᠪᠡᠯᠵᠢᠨ ᠺᠢᠯᠣᠮᠧᠲ᠋ᠷ ᠂ ᠳᠠᠯᠠᠶ᠎ᠶ᠋ᠢᠨ ᠲᠦᠪᠱᠢᠨ᠎ᠡᠴᠡ 1447.5 ᠮᠧᠲ᠋ᠷ ᠡᠷᠭᠦᠭ᠌ᠳᠡᠵᠦ᠍ ᠂ ᠠᠭᠤᠯᠠ᠎ᠶ᠋ᠢᠨ ᠬᠡᠯᠪᠡᠷᠢ ᠨᠢ ᠳᠣᠭ᠍ᠰᠢᠨ ᠪᠠᠷᠰ ᠨᠠᠮ ᠵᠢᠮ ᠬᠡᠪᠲᠡᠵᠦ᠍ ᠪᠠᠢᠬᠤ ᠮᠡᠳᠤ ᠪᠤᠯᠬᠤᠷ ᠢᠩᠭᠢᠵᠦ᠍ ᠨᠡᠷᠡᠯᠡᠭᠳᠡᠪᠡ᠃ ᠴᠢᠯᠥᠭᠡᠯᠡᠬᠦ᠌ ᠳᠠᠢᠨ᠎ᠦ ᠦᠶ᠎ᠡ᠎ᠳᠦ᠂ ᠯᠤᠤ ᠬ᠍ᠸ᠋ ᠱᠠᠨ ᠠᠭᠤᠯᠠ ᠭᠠᠵᠠᠷ᠎ᠤᠨ ᠪᠠᠢᠴᠠ ᠪᠡᠷᠬᠡ ᠪᠠᠷᠲᠠᠭ᠎ᠠ ᠲᠠᠢ᠂ ᠪᠦᠬᠦ᠌ ᠬᠣᠲᠠ᠎ᠶ᠋ᠢ ᠬᠠᠷᠠᠵᠤ ᠲᠡᠢᠯᠬᠦ ᠡᠴᠨ ᠤᠳᠠᠭ᠎ᠠ ᠪᠦᠷᠢ᠎ᠶ᠋ᠢᠨ ᠵᠢᠨᠢᠩ᠎ᠳᠦ ᠡᠭᠦᠰᠦᠭ᠌ᠰᠡᠨ ᠪᠠᠢᠯᠳᠤᠭᠠᠨ ᠨᠢ ᠪᠦᠷ ᠡᠭᠦᠨ᠎ᠲᠡᠶ ᠨᠢᠭ᠍ᠲᠠ ᠬᠠᠷᠢᠴᠠᠭ᠎ᠠ᠎ᠲᠠᠶ ᠪᠠᠢᠪᠠ᠃

ᠵᠢᠨᠢᠩ᠎ᠦᠨ ᠳᠠᠢᠯᠠᠯᠳᠤᠭᠠᠨ᠎ᠤ ᠯᠤᠤ ᠬ᠍ᠸ᠋ ᠱᠠᠨ ᠠᠭᠤᠯᠠ᠎ᠶ᠋ᠢᠨ ᠪᠠᠭᠤᠷᠢ ᠨᠢ ᠯᠤᠤ ᠬ᠍ᠸ᠋ ᠱᠠᠨ ᠠᠭᠤᠯᠠᠨ ᠳᠡᠭᠡᠷ᠎ᠡ ᠪᠠᠢᠷᠢᠯᠠᠵᠤ ᠂ ᠵᠢᠨᠢᠩ᠎ᠦᠨ ᠳᠠᠢᠯᠠᠯᠳᠤᠭᠠᠨ᠎ᠤ ᠭᠤᠷᠪᠠᠨ ᠠᠰᠢᠬᠳᠠᠢ ᠪᠠᠢᠷᠢ ᠵᠢᠨ ᠬᠠᠮᠤᠭ᠎ᠤᠨ ᠴᠢᠬᠤᠯᠠ ᠪᠡᠬᠢᠯᠡᠯᠲᠡ ᠪᠣᠯᠤᠨ᠎ᠠ᠃ ᠵᠢᠨᠢᠩ᠎ᠦᠨ ᠳᠠᠢᠯᠠᠯᠳᠤᠭᠠᠨ᠎ᠤ ᠯᠤᠤ ᠬ᠍ᠸ᠋ ᠱᠠᠨ ᠠᠭᠤᠯᠠ᠎ᠶ᠋ᠢᠨ ᠪᠠᠭᠤᠷᠢ᠎ᠳ᠋ᠤ ᠣᠳᠣ ᠳᠠᠢᠯᠠᠯᠳᠤᠭᠠᠨ᠎ᠤ ᠵᠢᠯᠣᠭᠣᠳᠭᠤ ᠭᠠᠵᠠᠷ (ᠠᠭᠤᠶ)ᠪᠠ ᠪᠠᠢᠯᠳᠤᠭᠠᠨ᠎ᠤ ᠰᠤᠪᠠᠭ ᠦᠯᠡᠳᠡᠵᠦ᠍ ᠂ ᠵᠢᠨᠢᠩ᠎ᠦᠨ ᠳᠠᠢᠯᠠᠯᠳᠤᠭᠠᠨ᠎ᠤ ᠵᠢᠯᠣᠭᠣᠳᠭᠤ ᠭᠠᠵᠠᠷ(ᠠᠭᠤᠶ) ᠤ᠋ᠨ ᠪᠠᠭᠤᠷᠢ ᠨᠢ ᠯᠤᠤ ᠬ᠍ᠸ᠋ ᠱᠠᠨ ᠠᠭᠤᠯᠠ᠎ᠶ᠋ᠢᠨ ᠪᠠᠷᠠᠭᠤᠨ ᠬᠣᠢᠲᠤ ᠬᠥᠲᠥᠯ᠎ᠳᠦ ᠪᠠᠢᠵᠤ᠂ ᠭᠠᠵᠠᠷ᠎ᠤᠨ ᠭᠠᠳᠠᠷᠭᠤ᠎ᠠᠴᠠ 10 ᠮᠧᠲ᠋ᠷ ᠵᠠᠢᠲᠠᠶ᠂ ᠠᠭᠤᠶ᠎ᠶ᠋ᠢᠨ ᠳᠣᠲᠣᠷ᠎ᠠ ᠥᠨᠳᠥᠷ ᠨᠢ 3 ᠮᠧᠲ᠋ᠷ᠂ ᠥᠷᠭᠡᠨ ᠨᠢ 2.8 ᠮᠧᠲ᠋ᠷ᠂ ᠭᠦᠨ ᠨᠢ 20 ᠮᠧᠲ᠋ᠷ ᠪᠠᠢᠳᠠᠭ᠃ ᠪᠠᠢᠯᠳᠤᠭᠠᠨ᠎ᠤ ᠰᠤᠪᠠᠭ᠎ᠤᠨ ᠪᠠᠭᠤᠷᠢ ᠨᠢ ᠯᠤᠤ ᠬ᠍ᠸ᠋ ᠱᠠᠨ ᠠᠭᠤᠯᠠ᠎ᠶ᠋ᠢᠨ ᠪᠠᠯ᠎ᠢ ᠬᠦᠷᠢᠶᠡᠯᠡᠨ ᠮᠠᠯᠲᠠᠵᠤ᠂ ᠥᠷᠭᠡᠨ ᠨᠢ 2 ᠮᠧᠲ᠋ᠷ ᠂ ᠭᠦᠨ ᠨᠢ 1.5 ᠮᠧᠲ᠋ᠷ᠂ ᠬᠦᠷᠢᠶᠡᠨ᠎ᠦ ᠣᠷᠳᠣ ᠨᠢ ᠪᠠᠷᠤᠭ 4 ᠺᠢᠯᠣᠮᠧᠲ᠋ᠷ ᠪᠠᠢᠳᠠᠭ᠃

ᠳᠠᠢ᠌ᠨ᠎ᠦ ᠤᠲᠤᠭ᠎ᠠ ᠬᠡᠳᠦᠢᠪᠡᠷ ᠬᠣᠯᠠᠳᠠᠭ᠍ᠰᠠᠨ ᠪᠣᠯᠪᠠᠴᠤ᠌ ᠲᠡᠦᠬᠡ᠎ᠶ᠋ᠢ ᠮᠥᠨ ᠯᠡ ᠪᠠᠲᠤ ᠴᠡᠭᠡᠵᠢᠯᠡᠬᠦ᠌ ᠬᠡᠷᠡᠭ᠌ᠲᠡᠢ᠃

—— 1945 ᠣᠨ᠎ᠤ 10 ᠰᠠᠷ᠎ᠠ᠎ᠳᠤ᠂ ᠰᠦᠶ᠋ᠶᠤᠸᠠᠨ᠎ᠤ ᠳᠠᠢᠯᠠᠯᠳᠤᠭᠠᠨ᠎ᠤ ᠰᠦᠶ᠋ᠶᠤᠸᠠᠨ᠎ᠤ ᠵᠡᠭᠦᠨ ᠬᠡᠰᠡᠭ᠎ᠦᠨ ᠲᠠᠢᠯᠠᠯᠳᠤᠭᠠᠨ ᠡᠬᠢᠯᠡᠵᠦ᠍ ᠂ ᠰᠦᠶ᠋ᠶᠤᠸᠠᠨ᠎ᠤ ᠳᠠᠢᠯᠠᠯᠳᠤᠭᠠᠨ᠎ᠢ ᠰᠦᠶ᠋ᠶᠤᠸᠠᠨ᠎ᠤ ᠵᠡᠭᠦᠨ ᠬᠡᠰᠡᠭ᠎ᠦᠨ ᠲᠠᠢᠯᠠᠯᠳᠤᠭᠠᠨ ᠪᠠ ᠬᠦᠢᠰᠦ᠋ᠢ ᠵᠢᠨ ᠬᠠᠮᠲᠤᠷᠠᠭ᠍ᠰᠠᠨ ᠳᠠᠭᠠᠷᠢᠯᠳᠠ ᠭᠡᠵᠦ ᠬᠣᠶᠠᠷ ᠬᠤᠭᠤᠴᠠᠭ᠎ᠠ ᠬᠤᠪᠢᠶᠠᠨ ᠶᠠᠪᠤᠬᠳᠠᠵᠠᠢ᠃ ᠡᠮᠦᠨ᠎ᠡ ᠬᠤᠭᠤᠴᠠᠭ᠎ᠠ ᠨᠢ 10 ᠰᠠᠷ᠎ᠠ᠎ᠶ᠋ᠢᠨ 18 ᠤ᠋ ᠡᠳᠦᠷ᠎ᠡᠴᠡ ᠡᠬᠢᠯᠡᠵᠦ᠍ ᠂ ᠰᠦᠢᠶᠤᠸᠠᠨ᠎ᠤ ᠵᠡᠭᠦᠨ ᠬᠡᠰᠡᠭ ᠣᠷᠣᠨ᠎ᠤ ᠯᠦᠩ ᠱᠧᠩ ᠵᠤᠸᠠᠩ᠎ᠤᠨ ᠪᠠᠢᠯᠳᠤᠭᠠᠨ ᠂ ᠵᠢᠨᠢᠩ᠎ᠢ ᠡᠭᠡᠭᠦᠯᠦᠨ ᠠᠪᠬᠤ ᠪᠠᠢᠯᠳᠤᠭᠠᠨ ᠪᠠ ᠵᠦᠸᠧᠽᠢ ᠱᠠᠨ᠎ᠤ ᠬᠣᠷᠢᠭ᠍ᠯᠠᠨ ᠴᠣᠬᠢᠬᠤ ᠪᠠᠢᠯᠳᠤᠭᠠᠨ᠎ᠢ ᠪᠠᠭ᠍ᠲᠠᠭᠠᠨ᠎ᠠ;ᠰᠡᠭᠦᠯᠴᠢ᠎ᠶ᠋ᠢᠨ ᠦᠶ᠎ᠡ᠎ᠳᠦ ᠮᠠᠨ᠎ᠤ ᠴᠡᠷᠢᠭ᠎ᠦᠨ ᠬᠦᠢᠰᠦ᠋ᠢ ᠂ ᠪᠤᠭᠤᠲᠤ᠎ᠶ᠋ᠢ ᠪᠦᠰᠡᠯᠡᠨ ᠴᠣᠬᠢᠭ᠍ᠰᠠᠨ ᠳᠠᠢᠯᠠᠯᠳᠤᠭᠠᠨ ᠢ᠋ ᠪᠠᠭ᠍ᠲᠠᠭᠠᠵᠠᠢ᠃

——1946 ᠣᠨ᠎ᠤ 1 ᠰᠠᠷ᠎ᠠ᠎ᠳᠤ ᠂ ᠵᠢᠨᠢᠩ᠎ᠢ ᠪᠤᠯᠢᠶᠠᠯᠳᠤᠬᠤ ᠳᠠᠢ᠌ᠯᠠᠯᠳᠤᠭᠠᠨ ᠡᠬᠢᠯᠡᠵᠦ᠍ ᠂ ᠰᠦᠢᠶᠤᠸᠠᠨ᠎ᠦᠪᠤᠷ ᠮᠣᠩᠭᠣᠯ᠎ᠤᠨ ᠴᠡᠷᠢᠭ᠎ᠦᠨ ᠲᠣᠭᠣᠷᠢᠭ᠎ᠤᠨ ᠺᠤᠮᠠᠨᠳᠠᠯᠠᠭ᠍ᠴᠢ ᠶᠤᠤ ᠵᠸ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠎ᠤᠨ 27 ᠳ᠋ᠤᠭᠠᠷ ᠬᠣᠷᠢᠢ᠎ᠠ᠎ᠶ᠋ᠢ ᠳᠠᠭᠠᠭᠤᠯᠤᠨ ᠵᠦᠸᠧᠽᠢ ᠱᠠᠨ᠎ᠠᠴᠠ ᠵᠢᠨᠢᠩ᠎ᠢ ᠲᠤᠰᠠᠯᠠᠬᠤ᠎ᠪᠠᠷ ᠤᠴᠢᠵᠤ ᠂ ᠰᠦᠢᠶᠤᠸᠠᠨ ᠦᠪᠤᠷ ᠮᠣᠩᠭᠣᠯ᠎ᠤᠨ ᠴᠡᠷᠢᠭ᠎ᠦᠨ ᠲᠣᠭᠣᠷᠢᠭ᠎ᠤᠨ ᠮᠣᠷᠢᠲᠤ ᠴᠡᠷᠢᠭ᠎ᠦᠨ ᠪᠠᠷᠢᠭᠠᠳᠠ ᠲᠤᠤ ᠯᠢᠨ᠎ᠡᠴᠡ ᠵᠢᠨᠢᠩ᠎ᠢ ᠲᠤᠰᠠᠯᠠᠬᠤ᠎ᠪᠠᠷ ᠬᠦᠷᠴᠦ᠍ ᠂ ᠱᠠᠨ ᠰᠢ ᠴᠠᠬᠠᠷ ᠾᠧᠪᠧᠢ᠎ᠶ᠋ᠢᠨ ᠴᠡᠷᠢᠭ᠎ᠦᠨ ᠲᠣᠭᠣᠷᠢᠭ᠎ᠤᠨ ᠾᠧᠪᠧᠢ ᠱᠠᠨ ᠰᠢ᠎ᠶ᠋ᠢᠨ ᠴᠤᠪᠤᠭ᠎ᠠ ᠠᠩᠭᠢ᠎ᠶ᠋ᠢᠨ ᠮᠠ ᠯᠦᠩ᠎ᠤᠨ ᠴᠡᠷᠢᠭ ᠠᠩᠭᠢ᠎ᠶ᠋ᠢᠨ ᠴᠧᠨ ᠹᠠᠩ ᠷᠧᠨ᠎ᠦ ᠴᠡᠷᠢᠭ ᠠᠩᠭᠢ ᠪᠠᠰᠠ ᠹᠧᠩᠵᠧᠨ ᠂ ᠢᠦᠢ ᠵᠢᠶᠠ ᠱᠠᠨ ᠵᠡᠷᠭᠡ ᠭᠠᠵᠠᠷ᠎ᠠᠴᠠ ᠵᠢᠨᠢᠩ᠎ᠳᠦ ᠬᠦᠷᠴᠦ᠍ ᠲᠠᠢᠯᠠᠯᠳᠤᠭᠠᠨ᠎ᠳᠤ ᠣᠷᠣᠯᠴᠠᠪᠠ᠃

——1946 ᠣᠨ᠎ᠤ 9 ᠰᠠᠷ᠎ᠠ᠎ᠳᠤ ᠂ ᠳ᠋ᠠᠲ᠋ᠦ᠋ᠩ᠂ ᠵᠢᠨᠢᠩ᠎ᠦᠨ ᠳᠠᠢᠯᠠᠯᠳᠤᠭᠠᠨ᠎ᠤ ᠵᠢᠨᠢᠩ᠎ᠦᠨ ᠲᠠᠢᠯᠠᠯᠳᠤᠭᠠᠨ ᠡᠬᠢᠯᠡᠪᠡ ᠂ ᠡᠨᠡ ᠪᠣᠯ ᠮᠠᠨ᠎ᠤ ᠴᠡᠷᠢᠭ ᠪᠣᠯᠤᠨ ᠹᠦ᠋ ᠽᠦᠸᠧ ᠢ᠎ᠶ᠋ᠢᠨ ᠲᠤᠰᠠᠯᠠᠬᠤ ᠴᠡᠷᠢᠭ᠎ᠦᠨ ᠵᠢᠨᠢᠩ᠎ᠳᠦ ᠡᠭᠦᠰᠦᠭ᠌ᠰᠡᠨ ᠨᠢᠭᠡ ᠤᠳᠠᠭᠠᠨ᠎ᠤ ᠳᠠᠢᠯᠠᠯᠳᠤᠭᠠᠨ ᠪᠣᠯᠤᠨ᠎ᠠ᠃

——1948 ᠣᠨ᠎ᠤ 9 ᠰᠠᠷ᠎ᠠ᠎ᠳᠤ ᠂ ᠴᠠᠬᠠᠷ ᠰᠦᠢᠶᠤᠸᠠᠨ᠎ᠤ ᠳᠠᠢᠯᠠᠯᠳᠤᠭᠠᠨ ᠵᠢᠨᠢᠩ᠎ᠳᠦ ᠠᠩᠬᠠᠨ᠎ᠤ ᠪᠠᠢᠯᠳᠤᠭᠠᠨ ᠬᠢᠵᠦ᠍ ᠂ ᠨᠠᠮ᠎ᠤᠨ ᠲᠥᠪ ᠬᠣᠷᠢᠶ᠎ᠠ ᠪᠣᠯᠤᠨ ᠮᠠᠤ ᠽᠸ ᠳ᠋ᠦᠩ ᠲᠡᠷᠢᠭᠦᠯᠡᠭ᠌ᠴᠢ᠎ᠶ᠋ᠢᠨ 《ᠹᠦ᠋ ᠽᠦᠸᠧ ᠢ᠎ᠶ᠋ᠢᠨ ᠭᠣᠣᠯ ᠬᠦᠴᠦᠨ᠎ᠢ ᠲᠠᠲᠠᠵᠤ᠂ ᠪᠣᠭᠣᠮᠲᠠ᠎ᠠᠴᠠ ᠭᠠᠷᠭᠠᠬᠤ ᠦᠭᠡᠢ》 ᠭᠡᠬᠦ᠌ ᠪᠠᠢᠯᠳᠤᠬᠤ ᠪᠤᠳᠤᠯᠭ᠎ᠠ᠎ᠶ᠋ᠢᠨ ᠡᠭᠦᠷᠭᠡ᠎ᠶ᠋ᠢ ᠪᠡᠶᠡᠯᠡᠭᠦᠯᠵᠦ᠍ ᠂ ᠵᠢᠨᠢᠩ ᠪᠣᠯᠤᠨ ᠰᠦᠢᠶᠤᠸᠠᠨ᠎ᠤ ᠵᠡᠭᠦᠨ ᠬᠡᠰᠡᠭ᠎ᠦᠨ ᠥᠷᠭᠡᠨ ᠠᠭᠤᠳᠠᠮ ᠭᠠᠵᠠᠷ ᠣᠷᠣᠨ᠎ᠢ ᠴᠢᠯᠥᠭᠡᠯᠡᠵᠦ᠍ ᠂ ᠪᠤᠭᠤᠲᠤ᠎ᠶ᠋ᠢ ᠡᠵᠡᠯᠡᠵᠦ᠍᠂ ᠬᠦᠢᠰᠦ᠋ᠢ ᠵᠢ ᠪᠦᠰᠡᠯᠡᠵᠦ᠍ ᠂ ᠪᠸᠢ᠌ᠫᠢᠩ ᠳ᠋ᠦ᠍ ᠰᠠᠭᠤᠭ᠍ᠰᠠᠨ《ᠳᠡᠭᠡᠷᠡᠮ᠎ᠢ ᠤᠰᠠᠳᠭᠠᠬᠤ ᠶᠡᠷᠦᠩᠬᠡᠶ ᠰᠧᠯᠢᠩᠪᠦ᠋》ᠶ᠋ᠢᠨ ᠶᠡᠷᠦᠩᠬᠡᠶ ᠺᠣᠮᠠᠨᠳ᠋ᠯᠠᠭ᠍ᠴᠢ ᠹᠦ᠋ ᠽᠦᠸᠧ ᠢ᠎ᠶ᠋ᠢ ᠶᠡᠬᠡ᠎ᠪᠡᠷ ᠰᠣᠴᠢᠭᠠᠵᠤ᠂ ᠠᠯᠤᠰ ᠬᠤᠯᠠ ᠨᠠᠨᠵᠢᠩ᠎ᠳᠤ ᠪᠠᠢᠭ᠍ᠰᠠᠨ ᠵᠢᠶᠠᠩ ᠵᠢᠶᠧ ᠱ᠌ᠢ᠎ᠶ᠋ᠢ ᠴᠦ᠍ ᠶᠡᠬᠡ᠎ᠪᠡᠷ ᠰᠣᠴᠢᠭᠠᠪᠠ᠃ ᠠᠮᠧᠷᠢᠺᠠ᠎ᠶ᠋ᠢᠨ ᠬᠣᠯᠪᠣᠭᠠᠲᠤ ᠴᠢᠮᠡᠭᠡᠯᠡᠯ᠎ᠦᠨ ᠬᠣᠷᠢᠢ᠎ᠠ᠄ ᠡᠨᠡ ᠪᠣᠯ《ᠪᠣᠭᠣᠮᠢᠯᠠᠬᠤ ᠴᠢᠨᠠᠷᠲᠠᠢ ᠲᠠᠭᠠᠷᠢᠯᠳᠡ ᠮᠥᠨ》 ᠭᠡᠵᠦ᠍ ᠮᠡᠳᠡᠭᠡᠯᠡᠪᠡ᠃

ᠵᠢᠨᠢᠩ᠎ᠦᠨ ᠳᠠᠢᠯᠠᠯᠳᠤᠭᠠᠨ ᠨᠢ ᠭᠣᠮᠢᠨᠳᠠᠩ᠎ᠤᠨ ᠴᠡᠷᠢᠭ᠎ᠦᠨ ᠭᠤᠤᠯ ᠬᠦᠴᠦᠨ᠎ᠳᠦ ᠬᠦᠨᠳᠦ ᠴᠣᠬᠢᠯᠲᠠ ᠥᠭ᠌ᠴᠦ᠂ ᠴᠢᠭᠤᠯᠤᠯᠲᠤ ᠬᠠᠭᠠᠯᠭ᠎ᠠ᠎ᠶ᠋ᠢ ᠳᠣᠪᠲᠣᠯᠤᠨ᠂ ᠪᠸᠢ᠌ᠫᠢᠩ ᠰᠦᠢᠶᠤᠸᠠᠨ᠎ᠤ ᠲᠡᠮᠦᠷ ᠵᠠᠮ᠎ᠢ ᠡᠵᠡᠮᠳᠡᠵᠦ᠂ ᠴᠠᠬᠠᠷ ᠰᠦᠢᠶᠤᠸᠠᠨ ᠬᠣᠶᠠᠷ ᠮᠤᠵᠢ᠎ᠶ᠋ᠢ ᠪᠤᠯᠢᠶᠠᠨ ᠠᠪᠬᠤ ᠭᠡᠰᠡᠨ ᠭᠣᠷᠢᠳᠠᠯᠭ᠎ᠠ᠎ᠶ᠋ᠢ ᠨᠢ ᠲᠠᠰᠤᠯᠪᠠ;ᠰᠠᠭᠤᠷᠢᠨ ᠭᠠᠵᠠᠷ᠎ᠤᠨ ᠴᠡᠷᠢᠭ ᠠᠷᠠᠳ᠎ᠤᠨ ᠶᠠᠫᠣᠨ᠎ᠢ ᠡᠰᠡᠷᠭᠦᠴᠡᠬᠦ᠌ ᠳᠠᠢ᠌ᠨ᠎ᠦ ᠢᠯᠠᠯᠲᠠ᠎ᠶ᠋ᠢᠨ ᠦᠷ᠎ᠡ ᠪᠦᠲᠦᠭᠡᠯ᠎ᠢ ᠬᠠᠮᠠᠭᠠᠯᠠᠵᠤ᠂ ᠮᠠᠨ᠎ᠤ ᠨᠠᠮ᠎ᠤᠨ ᠤᠯᠤᠰ ᠲᠦᠷᠦ᠍᠎ᠶ᠋ᠢᠨ ᠬᠡᠯᠡᠯᠴᠡᠭᠡ᠎ᠶ᠋ᠢᠨ ᠠᠱᠢᠭ᠍ᠲᠠᠢ ᠪᠠᠢᠷᠢ᠎ᠶ᠋ᠢ ᠲᠡᠮᠡᠴᠡᠨ ᠤᠯᠪᠠ;ᠹᠦ᠋ ᠽᠥᠸᠸ ᠢ᠎ᠶ᠋ᠢᠨ ᠬᠡᠳᠦᠨ ᠠᠷᠪᠠᠨ ᠲᠦᠮᠡᠨ ᠴᠡᠷᠢᠭ ᠠᠡᠭ᠌ᠬᠢ᠎ᠶ᠋ᠢ ᠬᠣᠷᠢᠭ᠍ᠯᠠᠵᠤ᠂ ᠲᠡᠳᠡᠨ᠎ᠢ ᠱᠠᠨᠠᠭ᠎ᠠ ᠪᠣᠭᠣᠮᠲᠠ᠎ᠠᠴᠠ ᠵᠡᠭᠦᠨᠰᠢ ᠭᠠᠷᠴᠤ᠌ ᠴᠢᠳᠠᠬᠤ ᠥᠬᠡᠢ ᠪᠣᠯᠭᠠᠵᠤ ᠂ ᠮᠠᠨ᠎ᠤ ᠴᠡᠷᠢᠭ ᠤ᠋ᠨ ᠯᠢᠶᠣᠤ ᠱᠸᠠ ᠤ᠋ ᠱᠢᠢᠳᠪᠦᠷᠢᠲᠦ ᠲᠠᠢᠯᠠᠯᠳᠤᠭᠠᠨ᠎ᠤ ᠢᠯᠠᠯᠲᠠ᠎ᠶ᠋ᠢ ᠬᠦᠴᠦᠲᠡᠢ ᠬᠠᠮᠠᠭᠠᠯᠠᠪᠠ; ᠰᠦᠢᠶᠤᠸᠠᠨ᠎ᠤ ᠵᠡᠭᠦᠨ ᠬᠡᠰᠡᠭ᠂ ᠰᠦᠢᠶᠤᠸᠠᠨ᠎ᠤ ᠡᠮᠦᠨᠡᠲᠦ ᠬᠡᠰᠡᠭ᠎ᠦᠨ ᠥᠷᠭᠡᠨ ᠠᠭᠤᠳᠠᠮ ᠭᠠᠵᠠᠷ ᠣᠷᠣᠨ᠎ᠢ ᠴᠢᠯᠥᠭᠡᠯᠡᠵᠦ᠍᠂ ᠰᠦᠢᠶᠤᠸᠠᠨ᠎ᠢ ᠨᠠᠢᠷᠠᠮᠳᠠᠯ᠎ᠢᠶᠠᠷ ᠴᠢᠯᠥᠭᠡᠯᠡᠬᠦ᠌᠎ᠳᠦ ᠠᠱᠢᠭ᠍ᠲᠠᠶ ᠨᠥᠬᠥᠴᠡᠯ᠎ᠢ ᠪᠦᠷᠢᠯᠳᠦᠭᠦᠯᠵᠦ᠍ ᠥᠭ᠌ᠴᠡᠶ᠃

ᠨᠢᠭᠡ ᠬᠡᠰᠡᠭ ᠲᠡᠦᠬᠡ ᠬᠢᠭᠡᠳ ᠨᠢᠭᠡ ᠰᠠᠭᠤᠷᠢ《ᠪᠠᠶᠠᠨ ᠠᠭᠤᠷᠬᠠᠶ》

70 ᠵᠢᠯ᠎ᠦᠨ ᠡᠮᠦᠨᠡᠬᠢ ᠵᠢᠨᠢᠩ᠎ᠦᠨ ᠳᠠᠢᠯᠠᠯᠳᠤᠭᠠᠨ ᠨᠢ ᠡᠳᠦᠭᠡ ᠤᠯᠠᠭᠠᠨᠴᠠᠪ ᠬᠤᠳᠠ᠎ᠳᠤ ᠮᠥᠨ ᠬᠦ᠌ ᠭᠦᠨ ᠰᠠᠭᠤᠭᠳᠠᠯ᠎ᠲᠡᠶ ᠪᠠᠢᠵᠦ᠂ ᠲᠠᠭᠠᠷᠢᠯᠳᠠ᠎ᠶ᠋ᠢᠨ ᠪᠦᠷᠢᠶ᠎ᠡ ᠨᠢ ᠪᠠᠰᠠ ᠴᠢᠬᠢᠨ᠎ᠳᠦ ᠬᠠᠩᠬᠢᠨᠠᠬᠰᠠᠭᠠᠷ᠃ ᠵᠢᠨᠢᠩ ᠬᠤᠳᠠ᠎ᠶ᠋ᠢᠨ ᠲᠥᠪ᠎ᠲᠤ ᠪᠠᠢᠷᠢᠯᠠᠬᠰᠠᠨ ᠪᠠᠢ ᠴᠢᠤᠸᠠᠨ ᠱᠠᠨ ᠠᠭᠤᠯᠠᠨ ᠳᠡᠭᠡᠷᠡᠬᠢ ᠵᠢᠨᠢᠩ᠎ᠦᠨ ᠳᠠᠢᠯᠠᠯᠳᠤᠭᠠᠨ᠎ᠤ ᠬᠤᠪᠢᠰᠭᠠᠯ᠎ᠤᠨ ᠳᠤᠷᠠᠰᠭᠠᠯ᠎ᠤᠨ ᠬᠦᠷᠢᠶᠡᠯᠡᠩ ᠨᠢ 15.5 ᠲᠦᠮᠡᠨ ᠲᠡᠭ᠌ᠰᠢ ᠳᠥᠷᠪᠡᠯᠵᠢᠨ ᠮᠸᠲᠷ ᠲᠠᠯᠠᠪᠠᠢ᠎ᠲᠠᠶ ᠪᠠᠢᠵᠦ᠂ ᠵᠢᠨᠢᠩ᠎ᠦᠨ ᠳᠠᠢᠯᠠᠯᠳᠤᠭᠠᠨ᠎ᠤ ᠳᠤᠷᠠᠰᠭᠠᠯ᠎ᠤᠨ ᠣᠷᠳᠣᠨ᠎ᠢᠶᠠᠷ ᠭᠣᠣᠯ ᠦᠵᠡᠭᠦᠯᠭᠡ᠎ᠶ᠋ᠢᠨ ᠲᠣᠭᠣᠷᠢᠭ ᠪᠣᠯᠭᠠᠵᠤ᠂ ᠱᠧᠩ ᠯᠢ ᠠᠭᠤᠳᠠᠮ ᠲᠠᠯᠠᠪᠠᠢ᠂ ᠳᠤᠷᠠᠰᠭᠠᠯ᠎ᠤᠨ ᠠᠭᠤᠳᠠᠮ ᠲᠠᠯᠠᠪᠠᠢ᠂ ᠵᠢᠨᠢᠩ᠎ᠦᠨ ᠳᠠᠢᠯᠠᠯᠳᠤᠭᠠᠨ᠎ᠤ ᠵᠢᠯᠣᠭᠣᠳᠭᠤ ᠭᠠᠵᠠᠷ᠎ᠤᠨ ᠬᠠᠭᠤᠴᠢᠨ ᠪᠠᠭᠤᠷᠢ᠂ ᠨᠦᠬᠡᠨ ᠵᠠᠮ᠎ᠤᠨ ᠪᠠᠭᠤᠷᠢ ᠵᠡᠷᠭᠡ 21 ᠲᠣᠭᠣᠷᠢᠨ ᠦᠵᠡᠵᠦ᠍ ᠪᠡᠶᠡᠴᠢᠯᠡᠨ ᠣᠢᠯᠠᠭᠠᠬᠤ ᠦᠵᠡᠮᠵᠢ᠎ᠶ᠋ᠢᠨ ᠣᠷᠣᠨ᠎ᠢ ᠬᠠᠮᠤᠷᠴᠤ᠌᠂ ᠤᠯᠤᠰ᠎ᠤᠨ ᠲᠡᠰ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠲᠥᠬᠥᠭᠡᠷᠦᠮᠵᠢ᠂ ᠪᠦᠬᠦ᠌ ᠤᠯᠤᠰ᠎ᠤᠨ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠦᠨ ᠵᠢᠱ᠌ᠢᠢ᠎ᠡ ᠦᠵᠡᠭᠦᠯᠬᠦ᠌ ᠰᠠᠭᠤᠷᠢᠨ᠂ ᠪᠦᠬᠦ᠌ ᠤᠯᠤᠰ᠎ᠤᠨ ᠬᠤᠪᠢᠰᠭᠠᠯ᠎ᠤᠨ ᠰᠣᠩᠭᠣᠳᠠᠭ ᠦᠵᠡᠮᠵᠢ᠎ᠶ᠋ᠢᠨ ᠣᠷᠣᠨ᠂ ᠤᠯᠤᠰ᠎ᠤᠨ AAAA ᠲᠡᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠁ ᠵᠢᠯ ᠳᠤᠮᠲᠠᠴᠢ᠎ᠶᠢᠨ ᠬᠦᠯᠢᠶᠡᠨ ᠠᠪᠬᠤ ᠵᠢᠭᠤᠯᠴᠢᠯᠠᠬᠰᠠᠳ᠎ᠤᠨ ᠲᠤᠭ᠎ᠠ 50 ᠲᠦᠮᠡᠨ ᠬᠦᠮᠦᠨ ᠤᠳᠠᠭ᠎ᠠ᠎ᠶᠢ ᠳᠠᠪᠠᠵᠠᠢ᠃

1960 ᠣᠨ᠎ᠳᠤ᠂ ᠵᠢᠨᠢᠩ᠎ᠦᠨ ᠳᠠᠢᠯᠠᠯᠳᠤᠭᠠᠨ᠎ᠳᠤ ᠪᠡᠶ᠎ᠡ ᠦᠷᠡᠭ᠌ᠳᠡᠭ᠌ᠰᠡᠨ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠢ ᠳᠤᠷᠠᠰᠭᠠᠬᠤ᠎ᠶ᠋ᠢᠨ ᠲᠥᠯᠥᠭᠡ᠂ ᠵᠢᠨᠢᠩ ᠬᠤᠳᠠ᠎ᠶ᠋ᠢᠨ ᠠᠷᠠᠳ᠎ᠤᠨ ᠵᠠᠰᠠᠭ᠎ᠤᠨ ᠣᠷᠳᠣᠨ ᠯᠤᠤ ᠬ᠍ᠦ ᠱᠠᠨ ᠠᠭᠤᠯᠠ᠎ᠶᠢᠨ ᠤᠷᠤᠢ᠎ᠶᠢᠨ ᠳᠤᠷᠠᠰᠭᠠᠯ᠎ᠤᠨ ᠠᠭᠤᠳᠠᠮ ᠲᠠᠯᠠᠪᠠᠢ᠎ᠶ᠋ᠢᠨ ᠲᠥᠪ᠎ᠲᠦ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ᠎ᠶ᠋ᠢ ᠪᠤᠰᠭᠠᠪᠠ᠃ ᠤᠢ᠍ᠢᠷ᠎ᠠ᠎ᠶ᠋ᠢᠨ ᠵᠢᠯ᠎ᠦᠳ᠎ᠲᠦ ᠪᠠᠰᠠ ᠾᠧ ᠯᠦᠩ᠂ ᠨᠢᠶ᠍ᠸ ᠷᠦᠩ ᠵᠧᠨ ᠵᠡᠷᠭᠡ ᠵᠢᠨᠢᠩ᠎ᠦᠨ ᠳᠠᠢᠯᠠᠯᠳᠤᠭᠠᠨ᠎ᠳᠤ ᠣᠷᠣᠯᠴᠠᠭ᠍ᠰᠠᠨ ᠵᠠᠩᠵᠤᠨ ᠮᠠᠷᠱᠠᠯ᠎ᠨᠠᠷ᠎ᠢ ᠳᠤᠷᠠᠰᠭᠠᠬᠤ ᠳᠤᠷᠠᠰᠭᠠᠯ᠎ᠤᠨ ᠲᠠᠯᠠᠪᠠᠢ᠎ᠶ᠋ᠢ ᠪᠠᠢᠭᠤᠯᠵᠠᠢ᠃

ᠷᠧᠨ ᡁᠢ ᠵᠦᠩ᠄《ᠮᠠᠨ᠎ᠤ ᠡᠨᠡ ᠦᠶ᠎ᠡ᠎ᠶ᠋ᠢᠨ ᠬᠥᠮᠦᠰ ᠵᠢᠨᠢᠩ᠎ᠦᠨ ᠳᠠᠢᠯᠠᠯᠳᠤᠭᠠᠨ ᠡᠭᠦᠰᠦᠭ᠌ᠰᠡᠨ ᠡᠨᠡ ᠬᠦ᠌ ᠨᠤᠲᠤᠭ ᠳᠡᠪᠢᠰᠭᠡᠷ᠎ᠲᠦ ᠶᠡᠷᠦ᠍ ᠨᠢ ᠴᠢᠩ ᠰᠡᠳᠭᠢᠯ᠎ᠦᠨ ᠬᠦᠨᠳᠦᠳᠭᠡᠯ᠎ᠤᠨ ᠰᠡᠳᠬᠢᠯᠭᠡ ᠵᠢ ᠡᠪᠦᠷᠯᠡᠭᠰᠡᠭᠡᠷ ᠢᠷᠡᠵᠡᠢ᠃ ᠪᠢᠳᠡ ᠵᠢᠨᠢᠩ᠎ᠦᠨ ᠳᠠᠢᠯᠠᠯᠳᠤᠭᠠᠨ᠎ᠤ ᠦᠯᠢᠭᠡᠷ᠎ᠢ ᠭᠦᠨᠵᠡᠭᠡᠢ ᠠᠭᠤᠳᠠᠯᠵᠦ ᠲᠡᠢᠯᠦᠭᠡ ᠦᠭᠡᠢ᠂ ᠱᠢᠨᠵᠢᠯᠡᠬᠦ᠌ ᠤᠬᠠᠭᠠᠨᠴᠢ᠂ ᠦᠨᠡᠨ᠎ᠢ ᠪᠠᠷᠢᠮᠲᠠᠯᠠᠬᠤ ᠵᠣᠷᠢᠭ ᠰᠠᠨᠠᠭ᠎ᠠ ᠪᠣᠯᠤᠨ ᠴᠢᠩ ᠦᠨᠡᠨᠴᠢ ᠬᠠᠢᠷ᠎ᠠ ᠰᠡᠳᠭᠢᠯᠭᠡ᠎ᠪᠡᠷ ᠲᠤᠬᠠᠢ᠎ᠶ᠋ᠢᠨ ᠭᠠᠵᠠᠷ᠎ᠢᠶᠠᠷ ᠲᠣᠭᠣᠷᠢᠨ ᠦᠵᠡᠵᠦ᠍᠂ ᠪᠠᠢᠴᠠᠭᠠᠨ ᠰᠤᠳᠤᠯᠵᠤ᠂ ᠪᠠᠢᠴᠠᠭᠠᠨ ᠦᠵᠡᠬᠦ᠌᠎ᠪᠡᠷ ᠲᠠᠮᠵᠢᠨ ᠵᠢᠨᠢᠩ᠎ᠦᠨ ᠳᠠᠢᠯᠠᠯᠳᠤᠭᠠᠨ᠎ᠤ ᠲᠡᠦᠬᠡ᠎ᠶ᠋ᠢ ᠨᠡᠩ ᠤᠯᠠᠨ ᠠᠭᠤᠳᠠᠯᠵᠤ᠂ ᠵᠢᠨᠢᠩ᠎ᠦᠨ ᠳᠠᠢᠯᠠᠯᠳᠤᠭᠠᠨ᠎ᠤ ᠦᠯᠢᠭᠡᠷ᠎ᠢ ᠨᠡᠩ ᠰᠠᠢᠳᠤᠷ ᠶᠠᠷᠢᠬᠤ ᠬᠡᠷᠡᠭ᠌ᠲᠡᠢ》ᠭᠡᠪᠡ᠃

ᠵᠢᠨᠢᠩ᠎ᠦᠨ ᠳᠠᠢᠯᠠᠯᠳᠤᠭᠠᠨ᠎ᠤ ᠳᠤᠷᠠᠰᠭᠠᠯ᠎ᠤᠨ ᠣᠷᠳᠣᠨ᠎ᠤ ᠠᠵᠢᠯᠳᠠᠨ ᠭᠦᠸᠧ ᠶᠠᠩ᠄《ᠡᠨᠡ ᠬᠡᠳᠦᠨ ᠵᠢᠯ᠎ᠳᠦ᠂ ᠵᠢᠯ ᠪᠦᠷᠢ ᠴᠥᠮ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠬᠣᠢᠴᠢ ᠦᠶ᠎ᠡ᠎ᠶ᠋ᠢᠨ ᠬᠢᠨ ᠡᠨᠳᠡ ᠢᠷᠡᠵᠤ ᠲᠣᠭᠣᠷᠢᠨ ᠦᠵᠡᠬᠦ᠌᠎ᠶ᠋ᠢᠨ ᠬᠠᠮᠲᠤ ᠦᠯᠡᠳᠡᠭ᠌ᠳᠡᠯ ᠪᠣᠳᠠᠰ᠎ᠢ ᠬᠠᠨᠳᠢᠪᠯᠠᠳᠠᠭ᠂ ᠵᠢᠱ᠌ᠢᠶᠡᠯᠡᠪᠡᠯ ᠸᠠᠩ ᠴᠠᠩ ᠵᠢᠶᠠᠩ᠎ᠤᠨ ᠬᠦᠦ ᠸᠠᠩ ᠭᠦᠸᠧ ᠫᠢᠩ᠂ ᠷᠤᠤ ᠱᠢᠩ᠎ᠤᠨ ᠥᠬᠢᠨ ᠷᠤᠤ ᠲᠤᠤ ᠲᠤᠤ᠂ ᠳ᠋ᠠᠩ ᠱᠠᠩ ᠳ᠋ᠸ ᠵᠢᠨ ᠦᠷ᠎ᠡ ᠬᠡᠦᠬᠡᠳ ᠵᠡᠷᠭᠡ ᠨᠢ ᠬᠤᠪᠢᠰᠭᠠᠯ᠎ᠤᠨ ᠬᠣᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠨᠳᠢᠪᠯᠠᠭ᠍ᠰᠠᠨ ᠪᠠᠢᠨ᠎ᠠ᠃ ᠬᠤᠪᠢᠰᠭᠠᠯ᠎ᠤᠨ ᠵᠣᠷᠢᠭ ᠰᠠᠨᠠᠭ᠎ᠠ᠎ᠶ᠋ᠢ ᠨᠡᠩ ᠰᠠᠢᠲᠤᠷ ᠪᠠᠳᠠᠷᠠᠭᠤᠯᠬᠤ᠎ᠶ᠋ᠢᠨ ᠲᠥᠯᠥᠭᠡ᠂ ᠪᠢᠳᠡ ᠱᠢᠨ᠎ᠡ ᠴᠠᠭ ᠦᠶ᠎ᠡ᠎ᠶ᠋ᠢᠨ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠦᠨ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠠᠵᠢᠯᠯᠠᠭ᠎ᠠ ᠵᠢ ᠥᠷᠨᠢᠭᠦᠯᠵᠦ᠍᠂ ᠵᠢᠨᠢᠩ᠎ᠦᠨ ᠳᠠᠢᠯᠠᠯᠳᠤᠭᠠᠨ᠎ᠤ ᠬᠤᠪᠢᠰᠭᠠᠯ᠎ᠤᠨ ᠳᠤᠷᠠᠰᠭᠠᠯ᠎ᠤᠨ ᠬᠦᠷᠢᠶᠡᠯᠡᠩ᠎ᠦᠨ ᠤᠬᠠᠭᠤᠯᠤᠨ ᠬᠥᠮᠦᠵᠢᠭᠦᠯᠬᠦ᠌ ᠪᠦᠯᠬᠦᠮ᠎ᠢ ᠪᠠᠢᠭᠤᠯᠵᠤ᠂ ᠵᠢᠨᠢᠩ᠎ᠦᠨ ᠳᠠᠢᠯᠠᠯᠳᠤᠭᠠᠨ᠎ᠳᠤ ᠴᠣᠯᠭᠣᠷᠠᠨ ᠭᠠᠷᠤᠭ᠍ᠰᠠᠨ ᠦᠷᠡᠭ᠌ᠳᠡᠭ᠌ᠰᠡᠨ ᠪᠠᠭᠠᠲᠤᠷᠴᠤᠳ᠎ᠤᠨ ᠦᠢᠯᠡ ᠶᠠᠪᠤᠳᠠᠯ᠎ᠢ ᠦᠵᠡᠭ᠌ᠳᠡᠯᠲᠦ ᠵᠦᠴᠦᠭᠡ᠂ ᠴᠠᠷᠭᠢᠯ ᠬᠣᠯᠪᠣᠭ᠎ᠠ ᠵᠡᠷᠭᠡ ᠤᠳᠭ᠎ᠠ ᠤᠷᠠᠯᠢᠭ᠎ᠤᠨ ᠪᠦᠲᠦᠭᠡᠯ ᠪᠣᠯᠭᠠᠨ ᠨᠠᠢᠷᠠᠭᠤᠯᠤᠨ ᠵᠢᠭ᠍ᠰᠠᠭᠠᠵᠤ᠂ ᠰᠠᠢ᠌ᠨ ᠲᠤᠷᠠᠴᠤᠤᠯ᠎ᠢ ᠵᠣᠬᠢᠶᠠᠨ ᠪᠠᠢᠭᠤᠯᠤᠨ ᠰᠤᠷᠭᠠᠭᠤᠯᠢ᠂ ᠨᠡᠢᠭᠡᠮ ᠲᠣᠭᠣᠷᠢᠭ᠂ ᠴᠡᠷᠢᠭ᠎ᠦᠨ ᠬᠤᠸᠠᠷᠠᠨ ᠵᠡᠷᠭᠡ᠎ᠳᠦ ᠭᠦᠨᠵᠡᠭᠡᠢᠷᠡᠭᠦᠯᠵᠦ᠍᠂ ᠡᠯ᠎ᠡ ᠡᠲᠡᠭᠡᠳ᠎ᠦᠨ ᠤᠯᠠᠨ ᠲᠦᠮᠡᠨ᠎ᠳᠦ ᠬᠤᠪᠢᠰᠭᠠᠯ᠎ᠤᠨ ᠦᠯᠢᠭᠡᠷ᠎ᠢ ᠶᠠᠷᠢᠵᠤ ᠥᠭ᠌ᠴᠡᠢ》 ᠭᠡᠪᠡ᠃

ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠵᠢᠨᠢᠩ᠎ᠦᠨ ᠳᠠᠢᠯᠠᠯᠳᠤᠭᠠᠨ᠎ᠤ ᠬᠤᠪᠢᠰᠭᠠᠯ᠎ᠤᠨ ᠳᠤᠷᠠᠰᠭᠠᠯ᠎ᠤᠨ ᠬᠦᠷᠢᠶᠡᠯᠡᠩ᠎ᠨᠢ ᠰᠦᠯᠵᠢᠶᠡᠨ ᠳᠡᠭᠡᠷ᠎ᠡ ᠨᠡᠷ᠎ᠡ ᠠᠯᠳᠠᠷᠱᠢᠭ᠍ᠰᠠᠨ ᠭᠠᠵᠠᠷ ᠪᠣᠯᠵᠣ᠂ ᠵᠥᠪᠬᠡᠨ ᠳᠤᠷᠠᠰᠭᠠᠯ᠎ᠤᠨ ᠣᠷᠳᠣᠨ᠎ᠨᠢ ᠳᠠᠷᠤᠶ ᠵᠢᠭᠤᠯᠴᠢᠯᠠᠬᠰᠠᠳ᠎ᠢ 5.7 ᠲᠦᠮᠡ ᠭᠠᠷᠤᠶ ᠬᠦᠮᠦᠨ(ᠤᠳᠠᠭ᠎ᠠ) ᠭᠥᠯᠢᠶᠡᠨ ᠠᠪᠴᠤ᠌᠂ ᠭᠠᠭ᠍ᠴᠠ ᠡᠳᠦᠷ᠎ᠦᠨ ᠬᠠᠮᠤᠭ᠎ᠤᠨ ᠥᠨᠳᠥᠷ ᠵᠢᠭᠤᠯᠴᠢᠯᠠᠬᠰᠠᠳ᠎ᠤᠨ ᠲᠣᠭ᠎ᠠ 8120 ᠭᠠᠷᠤᠶ ᠬᠥᠮᠦᠨ(ᠤᠳᠠᠭ᠎ᠠ) ᠳ᠋ᠤ ᠬᠦᠷᠴᠦ᠍᠂ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠪᠡ᠃ ᠬᠤᠪᠢᠰᠬᠠᠯ᠎ᠤᠨ ᠡᠬᠢ ᠪᠠᠶᠠᠯᠢᠭ ᠪᠣᠯ ᠵᠢᠨᠢᠩ ᠲᠣᠭᠣᠷᠢᠭ᠎ᠤᠨ ᠠᠮᠢᠨ ᠰᠦᠨᠡᠰᠦ ᠮᠥᠨ᠂ ᠪᠠᠰᠠ ᠴᠤ᠌ ᠤᠯᠠᠭᠠᠨᠴᠠᠪ᠎ᠤᠨ ᠬᠥᠭ᠌ᠵᠢᠯᠲᠡ᠎ᠶ᠋ᠢᠨ ᠦᠨᠳᠦᠰᠦ ᠮᠥᠨ᠃

ᠡᠳᠦᠭᠡ᠂ ᠤᠯᠠᠭᠠᠨᠴᠠᠪ᠎ᠤᠨ ᠬᠤᠪᠢᠰᠭᠠᠯ᠎ᠤᠨ ᠡᠬᠢ ᠪᠠᠶᠠᠯᠢᠭ᠎ᠤᠨ《ᠪᠠᠶᠠᠨ ᠠᠭᠤᠷᠬᠠᠢ》 ᠎ᠶ᠋ᠢ ᠪᠦᠬᠦ᠌ ᠲᠠᠯ᠎ᠠ᠎ᠪᠠᠷ ᠨᠡᠭᠡᠭᠡᠨ ᠬᠥᠭ᠌ᠵᠢᠭᠦᠯᠵᠦ᠍᠂ ᠬᠤᠪᠢᠰᠭᠠᠯ᠎ᠤᠨ ᠰᠣᠶᠣᠯ ᠠᠮᠢᠵᠢᠷᠠᠯ᠎ᠤᠨ ᠬᠦᠴᠦᠨ᠎ᠢᠶᠡᠷ ᠪᠢᠯᠬᠠᠵᠤ᠂ ᠯᠢᠶᠠᠩᠴᠧᠩ ᠱᠢᠶᠠᠨ᠎ᠤ ᠾᠧ ᠯᠦᠩ᠎ᠤᠨ ᠬᠤᠪᠢᠰᠭᠠᠯ᠎ᠤᠨ ᠠᠵᠢᠯᠯᠠᠭ᠎ᠠ᠎ᠶ᠋ᠢᠨ ᠳᠤᠷᠠᠰᠭᠠᠯ᠎ᠤᠨ ᠣᠷᠳᠣᠨ᠂ ᠬᠤᠸᠠᠳᠧ᠎ᠶᠢᠨ ᠴᠢᠦ ᠯᠢᠩ ᠭᠧᠦ᠂ ᠴᠠᠬᠠᠷ ᠪᠠᠷᠠᠭᠤᠨ ᠭᠠᠷᠤᠨ ᠳᠤᠮᠳᠠᠳᠤ ᠬᠣᠱᠢᠭᠤᠨ᠎ᠤ ᠰᠦᠢᠶᠤᠸᠠᠨ᠎ᠤ ᠳᠤᠮᠳᠠ ᠬᠡᠰᠡᠭ᠎ᠦᠨ ᠶᠠᠫᠣᠨ᠎ᠢ ᠡᠰᠡᠷᠭᠦᠴᠡᠬᠦ᠌ ᠳᠠᠢ᠌ᠨ᠎ᠦ ᠳᠤᠷᠠᠰᠭᠠᠯ᠎ᠤᠨ ᠣᠷᠳᠣᠨ᠂ ᠵᠦᠸᠧᠽᠢ ᠱᠢᠶᠠᠨ᠎ᠤ ᠾᠧ ᠯᠦᠩ᠎ᠤᠨ ᠳᠤᠷᠠᠰᠭᠠᠯ᠎ᠤᠨ ᠠᠭᠤᠳᠠᠮ ᠲᠠᠯᠠᠪᠠᠢ᠂ ᠹᠸᠩᠵᠸᠨ᠎ᠤ ᠬ᠍ᠦ ᠢ ᠱᠢᠨ᠎ᠦ ᠬᠠᠭᠤᠴᠢᠨ ᠰᠠᠭᠤᠴᠠ᠁ ᠵᠡᠷᠭᠡ ᠭᠦᠨ ᠵᠤᠵᠠᠭᠠᠨ 《ᠬᠤᠪᠢᠰᠭᠠᠯ》 ᠎ᠤ᠋ᠨ ᠰᠣᠶᠣᠯ᠎ᠤᠨ ᠠᠭᠤᠯᠤᠭ᠍ᠳᠠᠬᠤᠨ ᠨᠢ ᠶᠠᠭ ᠤᠯᠠᠭᠠᠨᠴᠠᠪ ᠬᠤᠳᠠ᠎ᠶ᠋ᠢᠨ ᠠᠷᠠᠳ ᠲᠦᠮᠡᠨ᠎ᠦ ᠬᠥᠭ᠌ᠵᠢᠯᠲᠡ᠎ᠶ᠋ᠢ ᠡᠷᠢᠯᠬᠢᠯᠡᠬᠦ᠌᠂ ᠦᠢᠯᠡᠰ ᠪᠦᠲᠦᠭᠡᠬᠦ᠌ ᠬᠦᠴᠦᠷᠬᠡᠭ ᠶᠡᠬᠡ ᠬᠥᠳᠡᠯᠭᠡᠬᠦ᠌ ᠬᠦᠴᠦᠨ ᠪᠤᠯᠵᠤ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面