ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2023-11-15 10:09:37

ᠵᠣᠬᠢᠶᠠᠭ᠍ᠴᠢ᠄ ᠼᠠᠢ ᠳ᠋ᠦᠩ ᠮᠧᠶ ᠣᠩᠱᠢᠭ᠍ᠰᠠᠨ ᠣᠳᠠᠭ᠎ᠠ᠄ 3

— ᠬᠤᠪᠢᠰᠬᠠᠯ ᠎ᠤᠨ ᠰᠣᠶᠣᠯ ᠤ᠋ᠨ ᠱᠢᠷᠢᠰ ᠮᠡᠳᠡᠭᠡᠯᠡᠯ (ᠳᠥᠷᠪᠡ)

ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ ᠬᠡᠦᠬᠡᠨ ᠠᠭᠤᠯᠠ ᠶ᠋ᠢᠨ ᠤᠷᠤᠢ ᠳ᠋ᠤ ᠵᠤᠭᠰᠤᠵᠤ ᠬᠥᠬᠡᠮᠳᠦᠭ ᠠᠭᠤᠯᠠᠨ᠎ᠠ ᠲᠦᠪ ᠬᠢᠴᠢᠶᠡᠩᠭᠦᠢ ᠪᠡᠷ ᠰᠦᠨᠳᠡᠷᠯᠡᠬᠦ ᠦᠷᠯᠦᠭ ᠬᠦᠰᠢᠶ᠎ᠠ ᠶ᠋ᠢ ᠪᠠᠷᠠᠯᠠᠬᠤᠶ᠎ᠠ 《ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠶ᠋ᠢᠨ ᠳᠤᠷᠠᠰᠭᠠᠯ ᠤ᠋ᠨ ᠬᠥᠱᠢᠢ᠎ᠡ》 ᠭᠡᠬᠦ᠌ ᠠᠯᠳᠠᠨ ᠱᠢᠷᠭᠠᠯ ᠲᠤᠮᠤ ᠦᠰᠦᠭ ᠤ᠋ᠳ ᠨᠢ ᠨᠡᠷᠡᠨ ᠤ᠋ ᠭᠡᠷᠡᠯ ᠳ᠋ᠤ ᠬᠢᠯᠠᠯᠵᠠᠨ ᠬᠠᠷᠠᠭᠳᠠᠨ᠎ᠠ; ᠠᠭᠤᠯᠠᠨ ᠤ᠋ ᠬᠤᠷᠮᠤᠢ ᠳ᠋ᠡᠬᠢ ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ ᠵᠡᠪᠰᠡᠭ᠌ᠲᠦ ᠪᠣᠰᠣᠯᠭ᠎ᠠ ᠶ᠋ᠢ ᠳᠤᠷᠠᠰᠬᠠᠬᠤ ᠦᠵᠡᠭᠦᠯᠭᠡ ᠶ᠋ᠢᠨ ᠲᠢᠩᠬᠢᠮ ᠳ᠋ᠤ ᠬᠤᠪᠢᠰᠭᠠᠯ ᠤ᠋ᠨ ᠥᠯᠢᠭᠡᠷ ᠢ᠋ ᠳᠡᠯᠭᠡᠷᠡᠩᠭᠦᠢ ᠤᠬᠠᠭᠤᠯᠵᠤ ᠂ ᠬᠤᠪᠢᠰᠭᠠᠯᠳᠤ ᠵᠣᠷᠢᠭ ᠰᠠᠨᠠᠭ᠎ᠠ ᠶ᠋ᠢ ᠶᠡᠬᠡ ᠪᠡᠷ ᠪᠠᠳᠠᠷᠠᠭᠤᠯᠤᠨ᠎ᠠ ᠁

ᠪᠣᠰᠣᠯᠭ᠎ᠠ ᠭᠠᠷᠭᠠᠬᠤ᠎ᠠᠴᠠ ᠡᠮᠦᠨᠡᠬᠢ ᠦᠵᠡᠯᠴᠡᠭᠡᠨ

ᠪᠠᠲᠤᠬᠠᠭᠠᠯᠭ᠎ᠠ ᠪᠣᠯ ᠤᠯᠠᠭᠠᠨᠴᠠᠪ ᠤ᠋ᠨ ᠲᠠᠯ᠎ᠠ ᠨᠤᠲᠤᠭ ᠤ᠋ᠨ ᠴᠢᠬᠤᠯᠠ ᠪᠠᠯᠭᠠᠰᠤ᠂ ᠪᠠᠢᠯᠳᠤᠬᠤ ᠪᠣᠳᠣᠯᠭ᠎ᠠ ᠶ᠋ᠢᠨ ᠪᠠᠢᠷᠢ ᠰᠠᠭᠤᠷᠢ ᠮᠠᠰᠢ ᠴᠢᠬᠤᠯᠠ᠂ ᠥᠪᠥᠷ ᠮᠣᠩᠭᠣᠯ ᠪᠣᠯᠤᠨ ᠮᠣᠩᠭᠣᠯ ᠤᠯᠤᠰ ᠢ᠋ ᠬᠣᠯᠪᠣᠭ᠍ᠰᠠᠨ᠂ ᠥᠪᠥᠷ ᠮᠣᠩᠭᠣᠯ ᠤ᠋ᠨ ᠵᠡᠭᠦᠨ ᠪᠠᠷᠠᠭᠤᠨ ᠣᠷᠣᠨ ᠢ᠋ ᠬᠣᠯᠪᠣᠭ᠍ᠰᠠᠨ ᠴᠢᠬᠤᠯᠠ ᠬᠦᠶ᠋ᠰᠦ ᠪᠣᠯᠤᠨ᠎ᠠ᠃

1936 ᠣᠨ ᠤ᠋ 2 ᠰᠠᠷ᠎ᠠ ᠶ᠋ᠢᠨ 21 ᠤ᠋ ᠡᠳᠦᠷ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠪᠠᠷᠠᠭᠤᠨ ᠮᠣᠩᠭᠣᠯ ᠤ᠋ᠨ ᠠᠵᠢᠯ ᠤ᠋ᠨ ᠬᠤᠷᠢᠶ᠎ᠠ ᠶ᠋ᠢᠨ ᠱᠦᠵᠢ ᠤᠯᠠᠭᠠᠨᠬᠦᠦ᠍ ᠶ᠋ᠢᠨ ᠤᠳᠤᠷᠢᠳᠤᠯᠭ᠎ᠠ ᠳᠣᠣᠷ᠎ᠠ ᠶᠦᠨ ᠵᠶ᠋ᠢ ᠱᠢᠶᠠᠨ᠂ ᠵᠦ᠍ ᠱ᠌ᠢ ᠹᠦ᠋ ᠂ ᠶᠦᠨ ᠸᠧᠢ ᠨᠡᠷ ᠮᠣᠩᠭᠣᠯ ᠤ᠋ᠨ ᠤᠷᠤᠨ ᠨᠤᠳᠤᠭ ᠤ᠋ᠨ ᠥᠪᠡᠷᠲᠡᠭᠡᠨ ᠵᠠᠰᠠᠬᠤ ᠵᠠᠰᠠᠭ ᠤ᠋ᠨ ᠶᠠᠪᠤᠳᠠᠯ ᠤ᠋ᠨ ᠬᠤᠷᠢᠶ᠎ᠠ ᠶ᠋ᠢᠨ ᠠᠮᠤᠷ ᠢ᠋ ᠬᠠᠮᠠᠭᠠᠯᠠᠬᠤ ᠠᠩᠬᠢ ᠶ᠋ᠢᠨ ᠮᠢᠩᠭ᠎ᠠ ᠭᠠᠷᠤᠢ ᠤᠯᠤᠰ ᠶ᠋ᠢᠡᠨ ᠬᠠᠢᠷᠠᠯᠠᠬᠤ ᠳᠠᠷᠤᠭ᠎ᠠ ᠪᠠᠢᠯᠳᠤᠭ᠍ᠴᠢᠳ ᠢ᠋ ᠳᠠᠭᠠᠭᠤᠯᠤᠨ ᠪᠠᠲᠤᠬᠠᠭᠠᠯᠭ᠎ᠠ ᠳ᠋ᠤ ᠵᠡᠪᠰᠡᠭ᠌ᠲᠦ ᠪᠣᠰᠣᠯᠭ᠎ᠠ ᠭᠠᠷᠭᠠᠵᠤ᠂ ᠶᠠᠫᠣᠨ ᠤ᠋ ᠲᠦᠷᠢᠮᠡᠬᠡᠢᠯᠡᠯ ᠢ᠋ ᠡᠰᠡᠷᠭᠦᠴᠡᠨ᠂ ᠡᠭᠡ ᠣᠷᠣᠨ ᠢ᠋ ᠬᠠᠭᠠᠴᠠᠭᠤᠯᠬᠤ᠎ᠶ᠋ᠢ ᠡᠰᠡᠷᠭᠦᠴᠡᠬᠦ᠌ ᠬᠤᠪᠢᠰᠭᠠᠯᠲᠤ ᠫᠤᠤ ᠶ᠋ᠢᠨ ᠲᠠᠭᠤᠨ ᠢ᠋ ᠳᠤᠤᠭᠠᠷᠭᠠᠭᠰᠠᠨ ᠪᠠᠢᠨ᠎ᠠ ᠃

《 ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ ᠵᠡᠪᠰᠡᠭ᠌ᠲᠦ ᠪᠣᠰᠣᠯᠭ᠎ᠠ》 ᠭᠡᠬᠦ ᠪᠡᠷ ᠲᠤᠬᠠᠶ ᠶ᠋ᠢᠨ ᠦᠶ᠎ᠡ ᠳ᠋ᠤ ᠰᠦᠷ ᠳᠠᠯᠠᠢᠴᠠᠲᠠᠶ ᠶᠠᠪᠤᠭ᠍ᠳᠠᠵᠤ ᠪᠠᠢᠭ᠍ᠰᠠᠨ 《ᠪᠠᠲᠤᠬᠠᠭᠠᠯᠭ᠎ᠠ ᠶ᠋ᠢᠨ ᠥᠪᠡᠷᠲᠡᠭᠡᠨ ᠵᠠᠰᠠᠬᠤ ᠬᠥᠳᠡᠯᠭᠡᠭᠡᠨ 》 ᠢ᠋ ᠡᠷᠬᠡᠪᠰᠢ ᠳᠤᠷᠠᠳᠭᠤ ᠬᠡᠷᠡᠭ᠌ᠲᠡᠶ᠃

ᠡᠨᠡ ᠤᠳᠠᠭᠠᠨ ᠤ᠋ 《 ᠬᠥᠳᠡᠯᠭᠡᠭᠡᠨ 》 ᠤ᠋ ᠦᠨᠡᠨ ᠪᠠᠢᠳᠠᠯ ᠨᠢ ᠴᠤᠬᠤᠮ ᠶᠠᠮᠠᠷ ᠶᠤᠮ ᠪᠤᠢ?

1933 ᠣᠨ ᠤ᠋ ᠵᠤᠨ ᠤᠯᠤᠰ ᠮᠥᠬᠥᠬᠦ᠌ ᠠᠶᠤᠯ ᠳ᠋ᠤ ᠲᠤᠯᠭᠠᠷᠠᠭ᠍ᠰᠠᠨ ᠲᠡᠷᠡ ᠬᠦ᠌ ᠦᠶ᠎ᠡ ᠳ᠋ᠤ᠂ ᠥᠪᠥᠷ ᠮᠣᠩᠭᠣᠯ ᠤ᠋ᠨ ᠹᠧᠣᠳᠠᠯ ᠤ᠋ᠨ ᠸᠠᠩ ᠭᠦᠩ ᠳᠠᠮᠴᠦᠭᠳᠤᠩᠷᠤᠪ ᠪᠠᠲᠤᠬᠠᠭᠠᠯᠭ᠎ᠠ ᠳ᠋ᠤ ᠥᠪᠥᠷ ᠮᠣᠩᠭᠣᠯ ᠤ᠋ᠨ 《ᠳᠡᠭᠡᠳᠦ ᠬᠡᠮᠵᠢᠶ᠎ᠡ ᠪᠡᠷ ᠥᠪᠡᠷᠲᠡᠭᠡᠨ ᠵᠠᠰᠠᠬᠤ》 ᠲᠤᠩᠬᠠᠭ ᠮᠡᠳᠡᠭᠡ ᠨᠡᠢᠳᠡᠯᠡᠵᠦ᠂ ᠭᠠᠷ ᠲᠠᠬᠢ ᠡᠷᠬᠡ ᠪᠡᠨ ᠠᠱᠢᠭ᠍ᠯᠠᠨ 《ᠶᠡᠬᠡ ᠮᠣᠩᠭᠣᠯ ᠬᠠᠭᠠᠨᠲᠤ ᠤᠯᠤᠰ》 ᠢ᠋ ᠪᠠᠢᠭᠤᠯᠬᠤ ᠬᠦᠰᠡᠯ ᠶ᠋ᠢᠡᠨ ᠪᠡᠶᠡᠯᠡᠭᠦᠯᠬᠦ᠌᠎ᠭᠡᠪᠡ᠃

1934 ᠣᠨ ᠤ᠋ 4 ᠰᠠᠷ᠎ᠠ ᠳ᠋ᠤ ᠲᠤᠬᠠᠶ ᠶ᠋ᠢᠨ ᠦᠶ᠎ᠡ ᠶ᠋ᠢᠨ ᠢᠷᠭᠡᠨ ᠤ᠋ ᠵᠠᠰᠠᠭ ᠤ᠋ᠨ ᠭᠠᠵᠠᠷ ᠤ᠋ᠨ ᠵᠥᠪᠱᠢᠶᠡᠷᠡᠯ ᠶ᠋ᠢᠡᠷ 《ᠮᠣᠩᠭᠣᠯ ᠤ᠋ᠨ ᠤᠷᠤᠨ ᠨᠤᠳᠤᠭ ᠤ᠋ᠨ ᠥᠪᠡᠷᠲᠡᠭᠡᠨ ᠵᠠᠰᠠᠬᠤ ᠵᠠᠰᠠᠭ ᠤ᠋ᠨ ᠶᠠᠪᠤᠳᠠᠯ ᠤ᠋ᠨ ᠬᠤᠷᠢᠶ᠎ᠠ》 ᠪᠠᠢᠭᠤᠯᠤᠭ᠍ᠳᠠᠵᠤ᠂ ᠳᠠᠮᠴᠦᠭᠳᠤᠩᠷᠤᠪ ᠨᠠᠷᠢᠨ ᠪᠢᠴᠢᠭ ᠤ᠋ᠨ ᠳᠠᠷᠤᠭ᠎ᠠ ᠪᠤᠯᠵᠤ᠂ ᠡᠷᠬᠡ ᠠᠳᠭᠤᠵᠠᠶ᠃

ᠡᠨᠡ ᠦᠶ᠎ᠡ ᠳ᠋ᠤ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠣᠷᠣᠨ ᠨᠤᠲᠤᠭ ᠤ᠋ᠨ ᠵᠣᠬᠢᠶᠠᠨ ᠪᠠᠢᠭᠤᠯᠤᠯᠲᠠ ᠨᠢ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠲᠥᠪ ᠬᠣᠷᠢᠶᠠᠨ ᠤ᠋ ᠱᠠᠭᠠᠷᠳᠠᠯᠭ᠎ᠠ ᠪᠡᠷ ᠲᠤᠬᠠᠶ ᠶ᠋ᠢᠨ ᠭᠠᠵᠠᠷ ᠤ᠋ᠨ ᠤᠯᠤᠰ ᠶ᠋ᠢᠡᠨ ᠬᠠᠢᠷᠠᠯᠠᠬᠤ ᠳᠠᠷᠤᠭ᠎ᠠ ᠪᠠᠢᠯᠳᠤᠭ᠍ᠴᠢᠳ ᠢ᠋ ᠢᠳᠡᠪᠬᠢᠳᠠᠢ ᠪᠡᠷ ᠤᠷᠢᠶᠠᠯᠠᠨ ᠶᠠᠫᠣᠨ ᠢ᠋ ᠡᠰᠡᠷᠭᠦᠴᠡᠬᠦ᠌ ᠳ᠋ᠤ ᠣᠷᠣᠯᠴᠠᠭᠤᠯᠵᠤ᠂ ᠶᠠᠫᠣᠨ ᠢ᠋ ᠡᠰᠡᠷᠭᠦᠴᠡᠨ ᠮᠥᠬᠥᠯ ᠡᠴᠡ ᠠᠪᠤᠷᠠᠬᠤ ᠬᠥᠳᠡᠯᠭᠡᠭᠡᠨ ᠥᠷᠨᠢᠭᠦᠯᠦᠭ᠌ᠰᠡᠨ ᠪᠥᠭᠡᠳ ᠡᠪ ᠬᠠᠮᠲᠤ ᠨᠠᠮ ᠤ᠋ᠨ ᠭᠡᠱᠢᠭᠦᠨ ᠪᠣᠯᠤᠨ ᠤᠯᠤᠰ ᠶ᠋ᠢᠡᠨ ᠬᠠᠢᠷᠠᠯᠠᠬᠤ ᠴᠡᠷᠢᠭ ᠤ᠋ᠨ ᠨᠣᠶᠠᠳ ᠢ᠋ ᠲᠣᠮᠢᠯᠠᠨ ᠮᠣᠩᠭᠣᠯ ᠤ᠋ᠨ ᠤᠷᠤᠨ ᠨᠤᠳᠤᠭ ᠤ᠋ᠨ ᠥᠪᠡᠷᠲᠡᠭᠡᠨ ᠵᠠᠰᠠᠬᠤ ᠵᠠᠰᠠᠭ ᠤ᠋ᠨ ᠶᠠᠪᠤᠳᠠᠯ ᠤ᠋ᠨ ᠬᠤᠷᠢᠶ᠎ᠠ ᠶ᠋ᠢᠨ ᠠᠮᠤᠷ ᠢ᠋ ᠬᠠᠮᠠᠭᠠᠯᠠᠬᠤ ᠠᠩᠬᠢ ᠎ᠳᠤ ᠣᠷᠣᠭᠤᠯᠵᠤ᠂ ᠡᠨᠡ ᠬᠦ᠌ ᠴᠡᠷᠢᠭ ᠠᠩᠭᠢ ᠶ᠋ᠢ ᠡᠵᠡᠮᠰᠢᠬᠦ ᠶ᠋ᠢᠨ ᠲᠦᠯᠦᠭᠡᠨ ᠤ᠋ ᠦᠵᠡᠯ ᠰᠠᠨᠠᠭᠠᠨ ᠤ᠋ ᠠᠵᠢᠯ᠂ ᠵᠣᠬᠢᠶᠠᠨ ᠪᠠᠢᠭᠤᠯᠤᠯᠲᠠ ᠶ᠋ᠢᠨ ᠠᠵᠢᠯ ᠪᠣᠯᠤᠨ ᠠᠵᠢᠯᠲᠠᠨ ᠤ᠋ ᠶᠠᠪᠤᠳᠠᠯ ᠤ᠋ᠨ ᠲᠠᠯ᠎ᠠ ᠶ᠋ᠢᠨ ᠪᠠᠢᠷᠢᠰᠢᠭᠤᠯᠤᠯᠲᠠ ᠬᠢᠪᠡ ᠃

1935 ᠣᠨ ᠳ᠋ᠤ ᠤᠯᠠᠭᠠᠨᠬᠦᠦ ᠤᠷᠢᠳ ᠬᠣᠵᠢᠳ ᠬᠣᠶᠠᠷ ᠤᠳᠠᠭ᠎ᠠ ᠪᠠᠲᠤᠬᠠᠭᠠᠯᠭ᠎ᠠ ᠳ᠋ᠤ ᠬᠦᠷᠴᠦ᠍ ᠶᠠᠫᠣᠨ ᠢ᠋ ᠡᠰᠡᠷᠭᠦᠴᠡᠨ ᠮᠥᠬᠥᠯ ᠡᠴᠡ ᠠᠪᠤᠷᠠᠬᠤ ᠤᠬᠠᠭᠤᠯᠭ᠎ᠠ ᠥᠷᠨᠢᠭᠦᠯᠦᠭ᠌ᠰᠡᠨ ᠪᠥᠭᠡᠳ ᠬᠣᠶᠠᠳᠤᠭᠠᠷ ᠤᠳᠠᠭ᠎ᠠ ᠪᠠᠲᠤᠬᠠᠭᠠᠯᠭ᠎ᠠ ᠳ᠋ᠤ ᠬᠦᠷᠬᠦ ᠳ᠋ᠡᠭᠡᠨ ᠳᠠᠮᠴᠦᠭᠳᠤᠩᠷᠤᠪ ᠲᠠᠢ ᠨᠢᠭᠤᠷᠳᠠᠨ ᠠᠭᠤᠯᠵᠠᠵᠤ ᠶᠠᠫᠣᠨ ᠢ᠋ ᠡᠰᠡᠷᠭᠦᠴᠡᠬᠦ᠌᠎ᠶ᠋ᠢ ᠢᠳᠭᠠᠭ᠍ᠰᠠᠨ ᠳ᠋ᠤ ᠲᠡᠪᠴᠢᠭ᠌ᠳᠡᠵᠡᠢ᠃ ᠡᠭᠦᠨ ᠳ᠋ᠤ ᠳᠠᠮᠴᠦᠭᠳᠤᠩᠷᠤᠪ ᠤ᠋ᠨ ᠶᠠᠫᠣᠨ ᠳ᠋ᠤ ᠪᠠᠭᠤᠵᠤ ᠥᠭ᠌ᠬᠦ᠎ᠪᠡᠷ ᠨᠢᠭᠡᠨᠳᠡ ᠵᠣᠷᠢᠭ ᠱᠢᠭᠤᠳᠤᠭ᠍ᠰᠠᠨ᠎ᠢ ᠤᠯᠠᠭᠠᠨᠬᠦᠦ ᠤᠢᠯᠠᠭᠠᠵᠤ ᠮᠡᠳᠡᠭᠡᠳ ᠲᠡᠷᠡ ᠳᠠᠷᠤᠢ᠎ᠳᠤᠨᠢ ᠶᠦᠨ ᠵᠶ᠋ᠢ ᠱᠢᠶᠠᠨ ᠵᠡᠷᠭᠡ ᠬᠥᠮᠦᠰ ᠲᠡᠶ ᠬᠠᠮᠲᠤ ᠪᠣᠰᠣᠯᠭ᠎ᠠ ᠶ᠋ᠢ ᠵᠣᠬᠢᠶᠠᠨ ᠪᠠᠢᠭᠤᠯᠬᠤ ᠵᠢᠴᠢ ᠪᠣᠰᠣᠯᠭ᠎ᠠ ᠶ᠋ᠢᠨ ᠳᠠᠷᠠᠭ᠎ᠠ ᠬᠠᠮᠢᠭ᠎ᠠ ᠣᠴᠢᠬᠤ ᠪᠡᠨ ᠲᠥᠯᠥᠪᠯᠡᠵᠦ᠍ ᠡᠬᠢᠯᠡᠵᠠᠢ᠃

ᠤᠯᠠᠭᠠᠨᠬᠦᠦ ᠨᠠᠷᠢᠨ ᠨᠢᠮᠪᠠᠢ ᠵᠠᠳᠠᠯᠤᠯᠲᠠ ᠬᠢᠭᠰᠡᠨ ᠤ᠋ ᠳᠠᠷᠠᠭ᠎ᠠ ᠡᠩ ᠲᠡᠷᠢᠭᠦᠨ ᠳ᠋ᠤ ᠰᠦᠢᠶᠤᠸᠠᠨ ᠮᠤᠵᠢ ᠶ᠋ᠢᠨ ᠵᠠᠰᠠᠭ ᠤ᠋ᠨ ᠣᠷᠳᠣᠨ ᠤ᠋ ᠲᠡᠷᠢᠭᠦᠯᠡᠭ᠌ᠴᠢ᠂ ᠤᠯᠤᠰ ᠶ᠋ᠢᠡᠨ ᠬᠠᠢᠷᠠᠯᠠᠬᠤ ᠵᠠᠩᠵᠤᠨ ᠹᠦ᠋ ᠽᠦᠧᠧ ᠢ ᠶ᠋ᠢᠨ ᠳᠡᠮᠵᠢᠯᠭᠡ᠎ᠶ᠋ᠢ ᠤᠯᠬᠤ᠎ᠪᠠᠷ ᠴᠢᠷᠮᠠᠢᠬᠤ ᠬᠡᠷᠡᠭ᠌ᠲᠡᠢ ᠭᠡᠵᠦ᠍ ᠦᠵᠡᠪᠡ᠃ ᠲᠡᠭᠡᠬᠦ᠎ᠳᠤ ᠶᠦᠨ ᠵᠶ᠋ᠢ ᠱᠢᠶᠠᠨ᠂ ᠵᠦ᠍ ᠱ᠌ᠢ ᠹᠦ᠋ ᠰᠠᠢ᠌ᠨ ᠳᠤᠷ᠎ᠠ ᠡᠴᠡ ᠪᠡᠨ ᠡᠭᠦᠷᠭᠡ ᠬᠦᠯᠢᠶᠡᠵᠦ ᠬᠦᠢᠰᠦ᠋ᠢ ᠳ᠋ᠦ᠍ ᠬᠦᠷᠴᠦ᠍ ᠹᠦ᠋ ᠽᠦᠸᠧ ᠢ ᠶ᠋ᠢ ᠡᠷᠢᠬᠦ᠌ ᠪᠡᠷ ᠪᠡᠯᠡᠳᠭᠡᠪᠡ᠃

ᠢᠷᠭᠡᠨ ᠤᠯᠤᠰ ᠤ᠋ᠨ ᠵᠠᠰᠠᠭ ᠤ᠋ᠨ ᠭᠠᠵᠠᠷ ᠤ᠋ᠨ ᠮᠣᠩᠭᠣᠯ ᠲᠥᠪᠡᠳ ᠤ᠋ᠨ ᠬᠤᠷᠢᠶᠠᠨ ᠤ᠋ ᠮᠣᠩᠭᠣᠯ ᠤ᠋ᠨ ᠬᠡᠷᠡᠭ ᠶᠠᠪᠤᠳᠠᠯ ᠤ᠋ᠨ ᠭᠠᠵᠠᠷ ᠤ᠋ᠨ ᠳᠠᠷᠤᠭ᠎ᠠ ᠪᠠ ᠸᠧᠨ ᠵᠢᠶᠦ᠋ᠨ ᠤ᠋ ᠲᠠᠨᠢᠯᠴᠠᠭᠤᠯᠭ᠎ᠠ ᠪᠠᠷ ᠹᠦ᠋ ᠽᠦᠸᠧ ᠢ᠂ ᠶᠦᠨ ᠵᠢᠶ ᠱᠢᠶᠠᠨ ᠪᠠ ᠵᠦ᠍ ᠱ᠌ᠢ ᠹᠦ᠋ ᠲᠡᠶ ᠠᠭᠤᠯᠵᠠᠵᠤ᠂ ᠲᠡᠳᠡᠨ ᠤ᠋ ᠵᠡᠪᠰᠡᠭᠳᠦ ᠪᠣᠰᠣᠯᠭ᠎ᠠ ᠭᠠᠷᠭᠠᠬᠤ ᠲᠥᠯᠥᠪᠯᠡᠭᠡ᠎ᠶ᠋ᠢ ᠰᠣᠨᠣᠰᠴᠤ᠌᠂ ᠲᠡᠷᠡ ᠳᠣᠣᠷ᠎ᠠ ᠨᠢ ᠪᠦᠬᠦ᠌ ᠬᠦᠴᠦ᠍ ᠪᠡᠷ ᠶ᠋ᠢᠡᠨ ᠳᠡᠮᠵᠢᠬᠦ᠌ ᠪᠡᠨ ᠢᠯᠡᠷᠬᠡᠢᠯᠡᠪᠡ᠃

ᠶᠦᠨ ᠵᠶ᠋ᠢ ᠱᠢᠶᠠᠨ᠂ ᠵᠦ᠍ ᠱ᠌ᠢ ᠹᠦ᠋ ᠲᠦᠮᠡᠳ ᠬᠣᠱᠢᠭᠤᠨ ᠳ᠋ᠤ ᠪᠤᠴᠠᠭ᠍ᠰᠠᠨ ᠤ᠋ ᠲᠠᠷᠠᠭ᠎ᠠ ᠤᠯᠠᠭᠠᠨᠬᠦᠦ᠍ ᠳ᠋ᠤ ᠹᠦ᠋ ᠽᠦᠧᠧ ᠢ ᠲᠡᠶ ᠵᠥᠪᠳᠡᠯᠴᠡᠭ᠌ᠰᠡᠨ ᠪᠠᠢᠳᠠᠯ ᠶ᠋ᠢᠡᠨ ᠬᠠᠷᠢᠭᠤ ᠮᠡᠳᠡᠭᠦᠯᠪᠡ᠂ ᠤᠯᠠᠭᠠᠨᠬᠦᠦ᠂ ᠳᠠᠮᠴᠦᠭᠳᠤᠩᠷᠤᠪ ᠶᠠᠫᠣᠨ ᠤ᠋ ᠵᠢᠭᠠᠨ ᠵᠢᠯᠤᠭᠤᠳᠤᠯᠭ᠎ᠠ ᠳᠣᠣᠷ᠎ᠠ ᠢᠯᠡ ᠪᠡᠷ ᠲᠤᠰᠠᠭᠠᠷ ᠲᠣᠭ᠍ᠲᠠᠨᠢᠬᠤ ᠬᠥᠳᠡᠯᠭᠡᠭᠡᠨ ᠦᠷᠨᠢᠭᠦᠯᠬᠦ ᠨᠢ ᠵᠡᠪᠰᠡᠭᠳᠦ ᠪᠣᠰᠣᠯᠭ᠎ᠠ ᠭᠠᠷᠭᠠᠬᠤ ᠴᠠᠭ ᠲᠣᠬᠢᠶᠠᠯ ᠪᠤᠯᠤᠭᠰᠠᠨ ᠭᠡᠵᠦ ᠮᠡᠳᠡ ᠬᠡᠮᠡᠨ ᠵᠢᠭᠠᠵᠤ ᠭᠠᠷᠭᠠᠪᠠ᠃ ᠲᠡᠷᠡ ᠪᠠᠰᠠ ᠵᠡᠪᠰᠡᠭᠳᠦ ᠪᠣᠰᠣᠯᠭ᠎ᠠ ᠶ᠋ᠢᠨ ᠴᠡᠷᠢᠭ ᠠᠩᠬᠢ ᠶ᠋ᠢᠨ ᠭᠣᠣᠯᠯᠠᠭ᠍ᠴᠢ ᠬᠦᠴᠦᠨ ᠤ᠋ ᠳᠤᠮᠳᠠ ᠶᠦᠨ ᠵᠶ᠋ᠢ ᠱᠢᠶᠠᠨ ᠪᠣᠯ ᠡᠨᠡ ᠤᠳᠠᠭ᠎ᠠ ᠶ᠋ᠢᠨ ᠠᠵᠢᠯᠯᠠᠭ᠎ᠠ ᠶ᠋ᠢᠨ ᠶᠡᠷᠦᠩᠬᠡᠢ ᠵᠢᠯᠤᠭᠤᠳᠤᠬ᠍ᠴᠢ ᠪᠣᠯᠬᠤ᠎ᠶ᠋ᠢ ᠨᠡᠢᠲᠡᠯᠡᠵᠦ᠍᠂ ᠨᠢᠭᠡᠳᠦᠯᠳᠠᠢ ᠵᠢᠯᠣᠭᠣᠳᠭᠤ ᠳ᠋ᠤ ᠲᠦᠬᠦᠮ ᠪᠣᠯᠭᠠᠬᠤ ᠬᠡᠷᠡᠭ᠌ᠲᠡᠢ; ᠲᠠᠮᠴᠤᠭ᠌ᠳᠤᠩᠷᠤᠪ ᠤ᠋ᠨ ᠬᠥᠳᠡᠯᠦᠯ ᠪᠠᠢᠳᠠᠯ ᠢ᠋ ᠨᠢᠭ᠍ᠲᠠ ᠠᠵᠢᠭ᠍ᠯᠠᠵᠤ᠂ ᠪᠠᠢᠳᠠᠯ ᠢ᠋ ᠦᠵᠡᠨ ᠬᠦᠳᠡᠯᠦᠯᠴᠡᠨ᠂ ᠨᠢᠭᠤᠴᠠ᠎ᠶ᠋ᠢ ᠬᠠᠮᠠᠭᠠᠯᠠᠬᠤ᠎ᠶ᠋ᠢ ᠣᠨᠴᠠᠭᠠᠢᠯᠠᠨ ᠠᠩᠬᠠᠷᠬᠤ ᠬᠡᠷᠡᠭ᠌ᠲᠡᠶ; ᠳᠠᠮᠴᠦᠡᠡᠳᠤᠩᠷᠤᠪ ᠤ᠋ᠨ ᠭᠠᠷ ᠳᠣᠣᠷᠠᠬᠢ ᠴᠡᠷᠢᠭ ᠵᠠᠰᠠᠭ ᠤ᠋ᠨ ᠨᠣᠶᠠᠳ ᠡᠴᠡ ᠡᠷᠡᠰ ᠡᠰᠡᠷᠭᠦᠴᠡᠵᠦ᠍ ᠪᠠᠢᠭ᠎ᠠ ᠬᠥᠮᠦᠰ ᠢ᠋ ᠳᠠᠷᠤᠩᠭᠤᠢᠯᠠᠬᠤ ᠡᠴᠡ ᠭᠠᠳᠠᠨ᠎ᠠ ᠶᠡᠬᠡᠩᠬᠢ ᠨᠣᠶᠠᠳ ᠲᠤ᠌ ᠪᠦᠯᠬᠦᠮᠳᠡᠬᠦ᠌ ᠣᠪᠣᠷ ᠠᠪᠴᠤ᠌᠂ ᠳᠡᠳᠡᠨ ᠢ᠋ ᠦᠨᠳᠦᠰᠦᠲᠡᠨ ᠤ᠋ ᠶᠡᠬᠡ ᠵᠢᠷᠤᠮ ᠢ᠋ ᠪᠤᠳᠤᠯᠬᠢᠯᠠᠬᠤ ᠶ᠋ᠢ ᠢᠳᠬᠠᠨ᠂ ᠪᠣᠰᠣᠯᠭ᠎ᠠ ᠶ᠋ᠢᠨ ᠡᠩᠨᠡᠭᠡ ᠳ᠋ᠤ ᠳᠠᠳᠠᠵᠤ ᠣᠷᠣᠭᠤᠯᠬᠤ ᠪᠠᠷ ᠴᠢᠷᠮᠠᠢᠬᠤ ᠬᠡᠷᠡᠭ᠌ᠲᠡᠶ ᠭᠡᠵᠦ᠍ ᠴᠢᠬᠤᠯᠠᠴᠢᠯᠠᠪᠠ᠃

ᠤᠷᠢᠳᠴᠢᠯᠠᠨ ᠳᠤᠤᠭᠠᠷᠤᠭ᠍ᠰᠠᠨ ᠫᠤᠤ ᠶ᠋ᠢᠨ ᠳᠠᠭᠤᠨ

1936 ᠣᠨ ᠤ᠋ 2 ᠰᠠᠷ᠎ᠠ ᠶ᠋ᠢᠨ 10 ᠤ᠋ ᠡᠳᠦᠷ᠂ ᠲᠠᠮᠴᠦᠭᠳᠤᠩᠷᠤᠪ ᠲᠡᠭᠦᠨ ᠤ᠋ ᠸᠠᠩ ᠤ᠋ᠨ ᠣᠷᠳᠣᠨ᠎ᠳᠠᠭᠠᠨ ᠬᠠᠭᠤᠷᠮᠠᠭ 《ᠮᠣᠩᠭᠣᠯ ᠴᠡᠷᠢᠭ ᠤ᠋ᠨ ᠶᠡᠷᠦᠩᠬᠡᠶ ᠱᠲ᠋ᠠᠪ》 ᠢ᠋ ᠪᠠᠢᠭᠤᠯᠵᠤ᠂ ᠨᠡᠷ᠎ᠠ ᠪᠡᠨ ᠬᠠᠯᠠᠵᠤ ᠲᠤᠭ ᠶ᠋ᠢᠡᠨ ᠰᠤᠯᠢᠵᠤ᠂ ᠶᠠᠫᠣᠨ ᠴᠡᠷᠢᠭ ᠤ᠋ᠨ ᠵᠥᠪᠯᠡᠭ᠌ᠴᠢ ᠶ᠋ᠢᠨ ᠬᠡᠯᠲᠡᠰ ᠪᠠᠢᠭᠤᠯᠤᠨ᠂ ᠤᠯᠤᠰ ᠡᠴᠡ ᠤᠷᠪᠠᠵᠤ ᠶᠠᠫᠣᠨ ᠳ᠋ᠤ ᠪᠠᠭᠤᠵᠤ ᠥᠭ᠌ᠭᠦᠭ᠌ᠰᠡᠨ ᠰᠠᠨᠠᠭ᠎ᠠ ᠨᠢ ᠢᠯᠡ ᠠᠵᠢᠯᠯᠠᠭ᠎ᠠ ᠪᠣᠯᠤᠨ ᠬᠤᠪᠢᠷᠠᠵᠠᠶ᠃

ᠵᠡᠪᠰᠡᠭᠳᠦ ᠪᠣᠰᠣᠯᠭ᠎ᠠ ᠶ᠋ᠢᠨ ᠪᠡᠯᠡᠳᠭᠡᠯ ᠠᠵᠢᠯ ᠪᠠᠴᠢᠮ ᠶᠠᠭᠠᠷᠠᠯᠳᠠᠢ ᠶᠠᠪᠤᠭ᠍ᠳᠠᠵᠤ ᠪᠠᠢᠭ᠍ᠰᠠᠨ ᠦᠶ᠎ᠡ ᠳ᠋ᠤ ᠳᠠᠮᠴᠦᠭᠳᠤᠩᠷᠤᠪ ᠤ᠋ᠨ ᠬᠦᠢᠰᠦ᠋ᠢ ᠳ᠋ᠡᠬᠢ ᠲᠠᠩᠨᠠᠭᠤᠯ ᠠᠮᠤᠷ ᠢ᠋ ᠬᠠᠮᠠᠭᠠᠯᠠᠬᠤ ᠠᠩᠬᠢ ᠶ᠋ᠢᠨ ᠬᠢᠨ ᠵᠡᠪᠰᠡᠭᠳᠦ ᠪᠣᠰᠣᠯᠭ᠎ᠠ ᠭᠠᠷᠭᠠᠬᠤ᠎ᠪᠠᠷ ᠪᠡᠯᠡᠳᠭᠡᠵᠦ᠍ ᠪᠠᠢᠬᠤ ᠶ᠋ᠢ ᠰᠡᠷᠡᠵᠦ ᠮᠡᠳᠡᠭᠰᠡᠨ ᠬᠡᠰᠡᠨ ᠮᠡᠳᠡᠭᠡ ᠶ᠋ᠢ ᠤᠯᠠᠭᠠᠨᠬᠦᠦ ᠤᠯᠪᠠ᠃

ᠤᠯᠠᠭᠠᠨᠬᠦᠦ ᠲᠡᠷᠡ ᠳᠠᠷᠤᠢ ᠳ᠋ᠤᠨᠢ ᠯᠢ ᠰᠧᠨ ᠢ᠋ ᠪᠠᠲᠤᠬᠠᠭᠠᠯᠭ᠎ᠠ ᠳ᠋ᠤ ᠲᠣᠮᠢᠯᠠᠨ ᠶᠦᠨ ᠵᠶ᠋ᠢ ᠱᠢᠶᠠᠨ ᠪᠣᠯᠤᠨ ᠵᠦ᠍ ᠱ᠌ᠢ ᠹᠦ᠋ ᠳ᠋ᠤ ᠨᠢᠭᠡ ᠡᠳᠦᠷ ᠤᠷᠢᠳᠴᠢᠯᠠᠨ ᠠᠵᠢᠯᠯᠠᠭ᠎ᠠ ᠠᠪᠬᠤ᠎ᠶ᠋ᠢ ᠮᠡᠳᠡᠭᠳᠡᠨ ᠰᠠᠨᠠᠭᠤᠯᠵᠠᠢ᠃ ᠮᠡᠳᠡᠭᠡ ᠶ᠋ᠢ ᠬᠢᠨᠠᠨ ᠬᠠᠷᠭᠤᠭᠤᠯᠤᠭ᠍ᠰᠠᠨ ᠤ᠋ ᠳᠠᠷᠠᠭ᠎ᠠ ᠶᠦᠨ ᠵᠶ᠋ᠢ ᠱᠢᠶᠠᠨ᠂ ᠵᠦ᠍ ᠱ᠌ᠢ ᠹᠦ᠋᠂ ᠶᠦᠨ ᠸᠧᠢ᠎ᠨᠡᠷ 1936 ᠣᠨ ᠤ᠋ 2 ᠰᠠᠷ᠎ᠠ ᠶ᠋ᠢᠨ 21 ᠤ᠋ ᠰᠥᠨᠢ ᠪᠣᠰᠣᠯᠭ᠎ᠠ ᠶ᠋ᠢᠨ ᠲᠥᠯᠥᠪᠯᠡᠭᠡ ᠶ᠋ᠢ ᠦᠨᠳᠦᠰᠦᠯᠡᠨ ᠵᠡᠪᠰᠡᠭᠳᠤ ᠪᠤᠰᠤᠯᠭ᠎ᠠ ᠭᠠᠷᠭᠠᠬᠤ ᠳᠠᠷᠤᠭ᠎ᠠ ᠪᠠᠢᠯᠳᠤᠭᠴᠢᠳ ᠢ᠋ ᠵᠢᠯᠤᠭᠤᠳᠤᠨ᠂ ᠵᠢᠷᠭᠤᠭᠠᠨ ᠵᠠᠮ ᠬᠤᠪᠢᠶᠠᠨ ᠬᠦᠳᠡᠯᠦᠯᠴᠡᠪᠡ᠃ ᠨᠢᠭᠡ ᠰᠠᠯᠠᠭ᠎ᠠ ᠨᠢ ᠳᠠᠮᠴᠦᠭᠳᠤᠩᠷᠤᠪ ᠤ᠋ᠨ ᠲᠡᠷᠯᠢᠭᠳᠤ ᠠᠩᠭᠢ ᠶ᠋ᠢ ᠰᠡᠷᠡᠮᠵᠢᠯᠡᠵᠦ᠍ ᠂ ᠪᠣᠰᠣᠯᠭ᠎ᠠ ᠶ᠋ᠢᠨ ᠤᠷᠤᠭ᠍ᠰᠢᠲᠠᠢ ᠶᠠᠪᠤᠭ᠍ᠳᠠᠬᠤ᠎ᠶ᠋ᠢ ᠪᠠᠲᠤᠯᠠᠪᠠ; ᠨᠢᠭᠡ ᠰᠠᠯᠠᠭ᠎ᠠ ᠨᠢ ᠨᠠᠨ ᠶᠢᠩ ᠫᠠᠨ ᠳ᠋ᠤ ᠬᠦᠷᠴᠦ᠍᠂ ᠠᠭᠤᠯᠠᠨ ᠡᠴᠡ ᠪᠠᠭᠤᠬᠤ ᠵᠠᠮ ᠢ᠋ ᠡᠵᠡᠯᠡᠪᠡ ᠁

ᠥᠷ ᠤ᠋ᠨ 2 ᠴᠠᠭ᠎ᠲᠤ ᠪᠣᠰᠣᠯᠭ᠎ᠠ ᠶ᠋ᠢᠨ ᠪᠦᠬᠦ᠌ ᠳᠠᠷᠤᠭ᠎ᠠ ᠪᠠᠢᠯᠳᠤᠭ᠍ᠴᠢ ᠪᠣᠯᠤᠨ ᠪᠢᠴᠢᠭ ᠤ᠋ᠨ ᠲᠤᠱᠢᠶᠠᠯᠲᠠᠨ ᠨᠠᠨ ᠶᠢᠩ ᠫᠠᠨ ᠳ᠋ᠦ ᠴᠤᠭᠯᠠᠷᠠᠨ᠂ ᠶᠦᠨ ᠵᠶ᠋ᠢ ᠱᠢᠶᠠᠨ ᠪᠣᠰᠣᠯᠭ᠎ᠠ ᠶ᠋ᠢᠨ ᠴᠡᠷᠢᠭ ᠠᠩᠬᠢ ᠵᠢ ᠨᠢᠭᠡ ᠶᠡᠬᠡ ᠠᠩᠬᠢ᠂ ᠬᠣᠶᠠᠷ ᠬᠤᠪᠢᠶᠠᠷᠢ ᠠᠩᠬᠢ ᠪᠣᠯᠭᠠᠨ ᠪᠠᠢᠭᠤᠯᠵᠤ᠂ ᠥᠪᠡᠷ ᠲᠡᠭᠡᠨ ᠶᠡᠬᠡ ᠠᠩᠬᠢ ᠶ᠋ᠢᠨ ᠳᠠᠷᠤᠭ᠎ᠠ ᠶ᠋ᠢᠨ ᠲᠤᠱᠢᠶᠠᠯ ᠢ᠋ ᠡᠭᠦᠷᠭᠡᠯᠡᠪᠡ᠃ ᠵᠦ᠍ ᠱ᠌ᠢ ᠹᠦ᠋ ᠳᠡᠳ᠋ ᠶᠡᠬᠡ ᠠᠩᠬᠢ ᠶ᠋ᠢᠨ ᠳᠠᠷᠤᠭ᠎ᠠ ᠶ᠋ᠢᠨ ᠲᠤᠱᠢᠶᠠᠯ ᠢ᠋ ᠬᠠᠷᠢᠭᠤᠴᠠᠵᠤ᠂ ᠬᠣᠶᠠᠷ ᠰᠠᠯᠪᠤᠷᠢ ᠠᠩᠬᠢ ᠶ᠋ᠢᠨ ᠬᠠᠷᠢᠭᠤᠴᠠᠯᠭᠠᠲᠠᠨ ᠢ᠋ ᠲᠤᠰ ᠪᠦᠷᠢ ᠲᠣᠭ᠍ᠲᠠᠭᠠᠪᠠ᠃ 4 ᠴᠠᠭ ᠤ᠋ᠨ ᠦᠶ᠎ᠡ ᠪᠡᠷ ᠶᠦᠨ ᠵᠶ᠋ᠢ ᠱᠢᠶᠠᠨ ᠪᠣᠰᠣᠯᠭ᠎ᠠ ᠶ᠋ᠢᠨ ᠴᠡᠷᠢᠭ ᠠᠩᠬᠢ ᠵᠢ ᠳᠠᠭᠠᠭᠤᠯᠤᠨ ᠪᠠᠲᠤᠬᠠᠭᠠᠯᠭ᠎ᠠ᠎ᠠᠴᠠ ᠭᠠᠷᠴᠤ᠂ ᠬᠠᠬᠢᠷ ᠬᠦᠢᠳᠡᠨ ᠢ᠋ ᠬᠠᠢᠬᠤᠷᠤᠯ ᠦᠭᠡᠢ ᠪᠡᠷ ᠴᠠᠰᠤ ᠰᠢᠭᠤᠷᠭ᠎ᠠ ᠵᠢ ᠰᠦᠷᠦᠨ ᠵᠡᠭᠦᠨ ᠡᠮᠦᠨᠡᠰᠢ ᠮᠣᠷᠳᠠᠪᠠ᠃

ᠪᠣᠰᠣᠯᠭ᠎ᠠ ᠶ᠋ᠢᠨ ᠴᠡᠷᠢᠭ ᠬᠠᠱᠢᠶᠠᠲᠤ ᠳ᠋ᠦ ᠬᠦᠷᠬᠦ᠌᠎ᠳᠦ ᠲᠠᠮᠴᠤᠭ᠍ᠳᠤᠩᠷᠤᠪ ᠤ᠋ᠨ ᠲᠣᠮᠢᠯᠠᠵᠤ ᠢᠷᠡᠭᠦᠯᠦᠭ᠌ᠰᠡᠨ ᠲᠡᠷᠯᠢᠭᠲᠦ ᠠᠩᠭᠢ ᠶ᠋ᠢᠨ ᠮᠣᠷᠢᠲᠤ ᠴᠡᠷᠢᠭ ᠤ᠋ᠨ ᠳᠠᠭᠠᠷᠢᠯᠲᠠ ᠳ᠋ᠦ ᠤᠴᠠᠷᠠᠪᠠ᠃ ᠪᠣᠰᠣᠯᠭ᠎ᠠ ᠶ᠋ᠢᠨ ᠴᠡᠷᠢᠭ ᠲᠡᠷᠯᠢᠭᠲᠦ ᠠᠩᠭᠢ᠎ᠲᠠᠶ 6 ᠴᠠᠭ ᠱᠢᠬᠠᠮ ᠱᠢᠷᠦᠭᠦᠨ ᠪᠠᠢᠯᠳᠤᠭᠠᠨ ᠬᠢᠵᠦ᠂ ᠨᠡᠬᠡᠭ᠌ᠰᠡᠨ ᠴᠡᠷᠢᠭ ᠢ᠋ ᠴᠣᠬᠢᠨ ᠤᠬᠤᠷᠢᠭᠤᠯᠪᠠ᠃ ᠲᠤᠰ ᠡᠳᠦᠷ ᠠᠮᠤᠷ ᠢ᠋ ᠬᠠᠮᠠᠭᠠᠯᠠᠬᠤ ᠠᠩᠭᠢ ᠶ᠋ᠢᠨ ᠬᠣᠶᠠᠳᠤᠭᠠᠷ ᠳᠤᠮᠳᠠ ᠠᠩᠭᠢ ᠶ᠋ᠢᠨ ᠳᠠᠷᠤᠭ᠎ᠠ ᠴᠧᠨ ᠶᠢᠩ ᠴᠢᠤᠸᠠᠨ ᠶᠦᠨ ᠵᠢᠶ ᠱᠢᠶᠠᠨ ᠤ᠋ ᠤᠷᠢᠳ ᠶ᠋ᠢᠡᠷ ᠲᠣᠬᠢᠷᠠᠭᠤᠯᠤᠭ᠍ᠰᠠᠨ ᠶᠣᠰᠣᠭᠠᠷ ᠤᠷᠠᠳ ᠤ᠋ᠨ ᠳᠤᠮᠳᠠᠳᠤ ᠬᠣᠱᠢᠭᠤᠨ ᠳ᠋ᠦ ᠰᠠᠭᠤᠭ᠎ᠠ ᠬᠣᠶᠠᠳᠤᠭᠠᠷ ᠳᠤᠮᠳᠠ ᠠᠩᠭᠢ ᠵᠢ ᠳᠠᠭᠠᠭᠤᠯᠤᠨ ᠦᠴᠦᠸᠠᠨ ᠤ᠋ ᠬᠣᠶᠠᠳᠤᠭᠠᠷ ᠬᠤᠪᠢᠶᠠᠷᠢ ᠠᠩᠭᠢ ᠳ᠋ᠦ ᠬᠦᠷᠴᠦ᠍ ᠪᠣᠰᠣᠯᠭ᠎ᠠ ᠶ᠋ᠢᠨ ᠴᠡᠷᠢᠭ᠎ᠲᠡᠶ ᠨᠡᠢᠯᠡᠪᠡ᠃ ᠬᠣᠶᠠᠷ ᠪᠦᠯᠦᠭ ᠪᠣᠰᠣᠯᠭ᠎ᠠ ᠶ᠋ᠢᠨ ᠴᠡᠷᠢᠭ ᠨᠡᠢᠯᠡᠭ᠌ᠰᠡᠨ ᠤ᠋ ᠳᠠᠷᠠᠭ᠎ᠠ ᠬᠦᠮᠦᠨ ᠤ᠋ ᠲᠤᠭ᠎ᠠ 1100 ᠭᠠᠷᠤᠶ ᠳ᠋ᠦ ᠬᠦᠷᠴᠦ᠂ ᠨᠡᠢᠯᠡᠭᠡᠳ ᠨᠢᠭᠡ ᠶᠡᠷᠦᠩᠬᠡᠶ ᠠᠩᠭᠢ ᠪᠣᠯᠵᠤ᠂ ᠳᠣᠣᠷ᠎ᠠ᠎ᠪᠠᠨ ᠵᠢᠷᠭᠤᠭᠠᠨ ᠳᠤᠮᠳᠠ ᠠᠩᠭᠢ᠂ ᠬᠣᠶᠠᠷ ᠲᠠᠩᠨᠠᠭᠤᠯ ᠤ᠋ᠨ ᠠᠩᠭᠢ᠎ᠲᠠᠶ ᠪᠣᠯᠵᠠᠶ᠃

ᠴᠡᠭ᠌ᠴᠡᠯᠡᠨ ᠪᠠᠢᠭᠤᠯᠵᠤ ᠳᠠᠭᠤᠰᠤᠭ᠍ᠰᠠᠨ ᠤ᠋ ᠳᠠᠷᠠᠭ᠎ᠠ ᠪᠣᠰᠣᠯᠭ᠎ᠠ ᠶ᠋ᠢᠨ ᠴᠡᠷᠢᠭ ᠠᠩᠬᠢ ᠲᠤᠬᠠᠢ ᠶ᠋ᠢᠨ ᠭᠠᠵᠠᠷ᠎ᠲᠠᠭᠠᠨ ᠹᠦ᠋ ᠽᠦᠸᠧ ᠢ ᠶ᠋ᠢᠨ ᠲᠣᠮᠢᠯᠠᠭ᠍ᠰᠠᠨ ᠮᠠᠱᠢᠨ ᠲᠡᠷᠭᠡᠨ ᠤ᠋ ᠠᠩᠬᠢ ᠵᠢ ᠬᠦᠯᠢᠶᠡᠵᠦ᠍᠂ 35 ᠳ᠋ᠤᠭᠠᠷ ᠠᠷᠮᠢ ᠶ᠋ᠢᠨ ᠮᠠᠱᠢᠨ ᠲᠡᠷᠭᠡᠨ᠎ᠳᠦ ᠰᠠᠭᠤᠵᠤ ᠲᠠᠯᠠᠨ ᠬᠠᠷ᠎ᠠ ᠠᠭᠤᠯᠠ ᠶ᠋ᠢᠨ ᠡᠮᠦᠨ᠎ᠡ ᠬᠦᠷᠴᠦ᠍᠂ ᠰᠠᠭᠠᠯᠢᠴᠢᠨ ᠱᠢᠶᠠᠨ ᠤ᠋ ᠱᠦᠢ ᠵᠢᠶᠠᠨ ᠭᠸᠤ ᠮᠸᠨ ᠲᠣᠰᠭᠣᠨ ᠪᠣᠯᠤᠨ ᠬᠦᠢᠰᠦᠢ ᠱᠢᠶᠠᠨ ᠤ᠋ ᠰᠠᠨ ᠯᠢᠶᠠᠡᠭ ᠲᠣᠰᠭᠣᠨ ᠳ᠋ᠦ ᠰᠠᠭᠤᠷᠢᠰᠢᠪᠠ᠃ ᠤᠳᠠᠯ ᠦᠭᠡᠢ ᠰᠦᠢᠶᠤᠸᠠᠨ ᠮᠤᠵᠢ ᠶ᠋ᠢᠨ ᠵᠠᠰᠠᠭ ᠤ᠋ᠨ ᠣᠷᠳᠣᠨ ᠪᠣᠰᠣᠯᠭ᠎ᠠ ᠶ᠋ᠢᠨ ᠴᠡᠷᠢᠭ ᠠᠩᠭᠢ ᠵᠢ 《ᠰᠦᠢᠶᠤᠸᠠᠨ ᠤ᠋ ᠬᠢᠵᠠᠭᠠᠷ᠎ᠲᠠᠬᠢ ᠮᠣᠩᠭᠣᠯ ᠬᠤᠱᠢᠭᠤᠳ ᠤ᠋ᠨ ᠠᠮᠤᠷ ᠢ᠋ ᠬᠠᠮᠠᠭᠠᠯᠠᠬᠤ ᠶᠡᠷᠦᠩᠬᠡᠶ ᠠᠩᠭᠢ》 ᠪᠣᠯᠭᠠᠨ ᠪᠠᠢᠭᠤᠯᠵᠤ ᠂ ᠶᠦᠨ ᠵᠢᠶ ᠱᠢᠶᠠᠨ ᠢ᠋ ᠬᠣᠱᠢᠭᠤᠴᠢ ᠭᠧᠨᠧᠷᠠᠯ ᠶᠡᠷᠦᠩᠬᠡᠶ ᠠᠩᠭᠢ ᠶ᠋ᠢᠨ ᠳᠠᠷᠤᠭ᠎ᠠ᠂ ᠵᠦ᠍ ᠱ᠌ᠢ ᠹᠦ᠋ ᠵᠢ ᠬᠤᠷᠠᠩᠳᠠ ᠳᠡᠳ᠋ ᠶᠡᠷᠦᠩᠬᠡᠶ ᠠᠩᠭᠢ ᠶ᠋ᠢᠨ ᠳᠠᠷᠤᠭ᠎ᠠ ᠪᠡᠷ ᠲᠣᠮᠢᠯᠠᠪᠠ᠃

1936 ᠣᠨ ᠤ᠋ 2 ᠰᠠᠷ᠎ᠠ ᠶ᠋ᠢᠨ 25 ᠤ᠋ ᠡᠳᠦᠷ᠂ ᠶᠦᠨ ᠵᠢᠶ ᠱᠢᠶᠠᠨ ᠪᠦᠬᠦ᠌ ᠤᠯᠤᠰ᠎ᠲᠤ ᠴᠠᠬᠢᠯᠭᠠᠨ ᠮᠡᠳᠡᠭᠡ ᠶᠠᠪᠤᠭᠤᠯᠵᠦ᠂ ᠲᠠᠮᠴᠤᠭ᠍ᠳᠤᠩᠷᠤᠪ ᠤ᠋ᠨ ᠶᠠᠫᠣᠨ ᠳ᠋ᠦ ᠪᠠᠭᠤᠵᠤ ᠥᠭ᠌ᠭᠦᠭ᠌ᠰᠡᠨ ᠠᠵᠢᠯᠯᠠᠭ᠎ᠠ ᠵᠢ ᠢᠯᠡᠴᠢᠯᠡᠵᠦ᠍᠂ ᠮᠣᠩᠭᠣᠯ ᠤ᠋ᠨ ᠵᠠᠰᠠᠭ ᠤ᠋ᠨ ᠬᠤᠷᠠᠯ᠎ᠠᠴᠠ ᠲᠤᠰᠠᠭᠠᠷᠯᠠᠵᠤ ᠭᠠᠷᠬᠤ ᠪᠡᠷ ᠢᠯᠡᠷᠬᠡᠢᠯᠡᠵᠡᠶ᠃

ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠭ᠌ᠰᠡᠨ ᠵᠡᠪᠰᠡᠭ᠌ᠲᠦ ᠪᠣᠰᠣᠯᠭ᠎ᠠ ᠪᠣᠯ ᠨᠢᠭᠡᠨ ᠤᠳᠠᠭᠠᠨ ᠤ᠋ ᠶᠠᠫᠣᠨ ᠤ᠋ ᠲᠦᠷᠢᠮᠡᠬᠡᠢᠯᠡᠯ ᠢ᠋ ᠡᠰᠡᠷᠭᠦᠴᠡᠵᠦ᠍᠂ ᠳᠠᠮᠴᠦᠡᠡᠳᠤᠩᠷᠤᠪ ᠤ᠋ᠨ ᠡᠬᠡ ᠤᠯᠤᠰ ᠢ᠋ ᠬᠠᠭᠠᠴᠠᠭᠤᠯᠬᠤ ᠵᠢ ᠡᠰᠡᠷᠭᠦᠴᠡᠭ᠌ᠰᠡᠨ ᠬᠤᠪᠢᠰᠭᠠᠯᠲᠤ ᠠᠤᠭ᠎ᠠ ᠠᠵᠢᠯᠯᠠᠭ᠎ᠠ ᠪᠠᠢᠵᠤ᠂ ᠶᠠᠫᠣᠨ ᠲᠦᠷᠢᠮᠡᠬᠡᠢᠯᠡᠭ᠌ᠴᠢᠳ ᠤ᠋ᠨ ᠨᠤᠲᠤᠭ ᠳᠡᠪᠢᠰᠭᠡᠷ ᠶ᠋ᠢᠡᠨ ᠦᠷᠭᠡᠳᠭᠡᠬᠦ ᠵᠡᠷᠯᠢᠭ ᠰᠠᠨᠠᠭ᠎ᠠ ᠳ᠋ᠦ ᠬᠦᠨᠳᠦ ᠴᠣᠬᠢᠯᠲᠠ ᠥᠭ᠌ᠴᠦ᠂ ᠶᠠᠫᠣᠨ ᠤ᠋ ᠥᠪᠥᠷ ᠮᠣᠩᠭᠣᠯ ᠤ᠋ᠨ ᠳᠤᠮᠳᠠ ᠪᠠᠷᠠᠭᠤᠨ ᠣᠷᠣᠨ ᠢ᠋ ᠲᠦᠷᠢᠮᠡᠬᠡᠢᠯᠡᠬᠦ᠌ ᠲᠥᠯᠥᠪᠯᠡᠭᠡ ᠵᠢ ᠬᠣᠢᠱᠢᠯᠠᠭᠤᠯᠵᠤ᠂ ᠳᠤᠮᠳᠠᠳᠤ ᠶ᠋ᠢᠨ ᠦᠨᠳᠦᠰᠦᠲᠡᠨ ᠤ᠋ ᠵᠡᠪᠰᠡᠭ᠌ᠲᠦ ᠬᠦᠴᠦᠨ ᠶ᠋ᠢᠡᠷ ᠶᠠᠫᠣᠨ ᠤ᠋ ᠲᠦᠷᠢᠮᠡᠬᠡᠢᠯᠡᠯ ᠢ᠋ ᠡᠰᠡᠷᠭᠦᠴᠡᠵᠦ᠍᠂ ᠤᠯᠤᠰ ᠣᠷᠣᠨ ᠤ᠋ ᠨᠢᠭᠡᠳᠦᠯ ᠪᠠ ᠦᠨᠳᠦᠰᠦᠲᠡᠨ ᠤ᠋ ᠪᠦᠯᠬᠦᠮᠳᠡᠯ ᠢ᠋ ᠬᠠᠮᠠᠭᠠᠯᠠᠬᠤ ᠡᠷᠡᠰ ᠪᠠᠲᠤ ᠵᠣᠷᠢᠭ ᠰᠠᠨᠠᠭ᠎ᠠ ᠵᠢ ᠢᠯᠡᠷᠡᠭᠦᠯᠦᠭ᠌ᠰᠡᠨ ᠪᠠᠢᠨ᠎ᠠ᠃ ᠲᠡᠭᠦᠨ ᠤ᠋ ᠪᠠᠰᠠ ᠨᠢᠭᠡ ᠴᠢᠬᠤᠯᠠ ᠠᠴᠢ ᠬᠣᠯᠪᠣᠭ᠍ᠳᠠᠯ ᠭᠡᠪᠡᠯ᠂ ᠡᠨᠡ ᠬᠦ᠌ ᠴᠡᠷᠢᠭ ᠠᠩᠬᠢ ᠨᠢ ᠬᠣᠵᠢᠮ ᠨᠢ ᠡᠪ ᠬᠠᠮᠲᠤ ᠨᠠᠮ ᠤ᠋ᠨ ᠡᠵᠡᠮᠱᠢᠭ᠌ᠰᠡᠨ ᠶᠠᠫᠣᠨ ᠢ᠋ ᠡᠰᠡᠷᠭᠦᠴᠡᠬᠦ᠌ ᠮᠣᠩᠭᠣᠯ ᠦᠨᠳᠦᠰᠦᠲᠡᠨ ᠤ᠋ ᠵᠡᠪᠰᠡᠭ᠌ᠲᠦ ᠬᠦᠴᠦᠨ ᠪᠤᠯᠵᠤ ᠬᠥᠭ᠌ᠵᠢᠭ᠌ᠰᠡᠨ ᠪᠥᠭᠡᠳ ᠶᠠᠫᠣᠨ ᠢ᠋ ᠡᠰᠡᠷᠭᠦᠴᠡᠬᠦ᠌ ᠡᠮᠦᠨ᠎ᠡ ᠹᠷᠣᠨᠲ᠎ᠲᠤ ᠬᠦᠷᠴᠦ᠍᠂ ᠪᠦᠬᠦ᠌ ᠦᠨᠳᠦᠰᠦᠲᠡᠨ ᠤ᠋ ᠶᠠᠫᠣᠨ ᠢ᠋ ᠡᠰᠡᠷᠭᠦᠴᠡᠬᠦ᠌ ᠦᠢᠯᠡᠰ ᠲᠦ᠍ ᠴᠢᠬᠤᠯᠠ ᠬᠤᠪᠢ ᠨᠡᠮᠡᠷᠢ ᠦᠵᠡᠭᠦᠯᠪᠡ᠃

ᠬᠤᠪᠢᠰᠬᠠᠯ ᠤ᠋ᠨ ᠤᠳᠤᠮᠰᠢᠯ ᠤ᠋ᠨ ᠦᠷᠭᠦᠯᠵᠢᠯᠡᠯ

ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠶ᠋ᠢᠨ ᠳᠤᠷᠠᠰᠭᠠᠯ ᠤ᠋ᠨ ᠦᠵᠡᠭᠦᠯᠭᠡ ᠶ᠋ᠢᠨ ᠲᠢᠩᠬᠢᠮ᠎ᠳᠦ ᠣᠷᠣᠬᠤ ᠳ᠋ᠦ ᠬᠣᠪᠣᠷ ᠨᠠᠨᠳᠢᠨ ᠲᠡᠦᠬᠡ ᠶ᠋ᠢᠨ ᠵᠢᠷᠤᠭ ᠤ᠋ᠳ᠂ ᠬᠥᠮᠦᠰ ᠤ᠋ᠨ ᠰᠡᠳᠭᠢᠯ ᠢ᠋ ᠳᠣᠭ᠍ᠳᠣᠯᠤᠭᠤᠯᠤᠮ᠎ᠠ ᠬᠤᠪᠢᠰᠭᠠᠯ ᠤ᠋ᠨ ᠦᠯᠢᠬᠡᠷ ᠤ᠋ᠳ ᠠᠬᠠᠮᠠᠳ ᠨᠢᠭᠡ ᠦᠶ᠎ᠡ ᠶ᠋ᠢᠨ ᠦᠭᠡᠢᠭᠦᠦ ᠠᠩᠬᠢ ᠶ᠋ᠢᠨ ᠬᠤᠪᠢᠰᠭᠠᠯᠴᠢᠳ ᠤ᠋ᠨ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ ᠴᠢᠯᠥᠭᠡᠯᠡᠯᠲᠡ ᠶ᠋ᠢᠨ ᠦᠢᠯᠡᠰ ᠲᠦ᠍ ᠦᠵᠡᠭᠦᠯᠦᠭ᠌ᠰᠡᠨ ᠭᠠᠷᠮᠠᠭᠠᠢ ᠭᠠᠪᠢᠶ᠎ᠠ ᠵᠢᠳᠬᠦᠯ ᠢ᠋ ᠲᠣᠭᠠᠴᠢᠵᠤ᠂ ᠡᠳᠡᠬᠡᠷ ᠪᠤᠭᠤᠲᠤ ᠳ᠋ᠦ ᠡᠭᠦᠰᠦᠭ᠌ᠰᠡᠨ ᠪᠠᠭᠠᠲᠤᠷᠯᠢᠭ ᠦᠢᠯᠡ ᠠᠵᠢᠯᠯᠠᠭ᠎ᠠ ᠨᠢ ᠲᠣᠭᠣᠷᠢᠨ ᠦᠵᠡᠭ᠌ᠴᠢ ᠨᠢᠭᠡ ᠪᠦᠷᠢ ᠵᠢ ᠭᠦᠨ ᠨᠥᠯᠥᠭᠡᠯᠡᠵᠦ᠍ ᠪᠠᠢᠨ᠎ᠠ ᠃

ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ ᠴᠡᠷᠢᠭ᠎ᠡᠴᠡ ᠬᠠᠯᠠᠭ᠍ᠳᠠᠭ᠍ᠰᠠᠳ ᠤ᠋ᠨ ᠶᠠᠪᠤᠳᠠᠯ ᠤ᠋ᠨ ᠲᠣᠪᠴᠢᠶᠠᠨ ᠤ᠋ ᠳᠠᠷᠤᠭ᠎ᠠ᠂ ᠪᠠᠲᠤᠬᠠᠭᠠᠯᠭ᠎ᠠ ᠪᠠᠯᠭᠠᠰᠤᠨ ᠤ᠋ ᠶᠠᠫᠣᠨ ᠢ᠋ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠶ᠋ᠢᠨ ᠳᠤᠷᠠᠰᠭᠠᠯ ᠤ᠋ᠨ ᠦᠵᠡᠭᠦᠯᠭᠡ ᠶ᠋ᠢᠨ ᠲᠢᠩᠬᠢᠮ ᠤ᠋ᠨ ᠣᠷᠣᠯᠠᠨ ᠥᠭᠦᠯᠡᠭ᠌ᠴᠢ ᠯᠢᠦ ᠵᠢᠶᠠᠨ ᠭᠦᠩ᠎ᠤᠨ ᠲᠠᠨᠢᠯᠴᠠᠭᠤᠯᠬᠤ ᠪᠡᠷ᠂ 2018 ᠣᠨ ᠳ᠋ᠦ ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠶ᠋ᠢᠨ ᠳᠤᠷᠠᠰᠭᠠᠯ ᠤ᠋ᠨ ᠲᠢᠩᠬᠢᠮ ᠵᠢᠩᠬᠢᠨᠢ ᠪᠡᠷ ᠪᠠᠢᠭᠤᠯᠤᠭ᠍ᠳᠠᠨ᠂ ᠤᠷᠢᠳ ᠬᠣᠵᠢᠳ ᠪᠤᠭᠤᠲᠤ ᠬᠣᠲᠠ ᠶ᠋ᠢᠨ ᠬᠣᠢᠴᠢ ᠦᠶ᠎ᠡ᠎ᠵᠢᠨ ᠬᠢᠨ᠎ᠢ ᠬᠠᠯᠠᠮᠵᠢᠯᠠᠬᠤ ᠰᠤᠷᠭᠠᠨ ᠬᠥᠮᠦᠵᠢᠯ ᠤ᠋ᠨ ᠰᠠᠭᠤᠷᠢᠨ᠂ ᠬᠤᠪᠢᠰᠭᠠᠯᠲᠤ ᠤᠳᠤᠮᠰᠢᠯ ᠢ᠋ ᠦᠶ᠎ᠡ ᠤᠯᠠᠷᠢᠨ ᠤᠯᠠᠮᠵᠢᠯᠠᠬᠤ ᠰᠤᠷᠭᠠᠨ ᠬᠥᠮᠦᠵᠢᠯ ᠤ᠋ᠨ ᠰᠠᠭᠤᠷᠢᠨ᠂ ᠪᠤᠭᠤᠲᠤ ᠬᠣᠲᠠ ᠶ᠋ᠢᠨ ᠪᠠᠭᠠᠴᠤᠳ ᠤ᠋ᠨ ᠬᠣᠱᠢᠭᠤᠴᠢ ᠠᠩᠭᠢ ᠶ᠋ᠢᠨ ᠰᠤᠷᠭᠠᠭᠤᠯᠢ ᠶ᠋ᠢᠨ ᠭᠠᠳᠠᠨᠠᠬᠢ ᠦᠢᠯᠡᠳᠦᠯᠭᠡ ᠬᠥᠮᠦᠵᠢᠯ ᠤ᠋ᠨ ᠰᠠᠭᠤᠷᠢᠨ ᠪᠠ ᠨᠡᠢᠭᠡᠮ ᠤ᠋ᠨ ᠱᠢᠨᠵᠢᠯᠡᠬᠦ᠌ ᠤᠬᠠᠭᠠᠨ ᠢ᠋ ᠲᠦᠭᠡᠮᠡᠯᠵᠢᠭᠦᠯᠬᠦ᠌ ᠰᠠᠭᠤᠷᠢᠨ ᠶ᠋ᠢᠡᠷ ᠦᠨᠡᠯᠡᠭᠳᠡᠵᠦ᠂ ᠵᠢᠯ ᠪᠦᠷᠢ ᠨᠠᠮᠴᠢ ᠴᠢᠨᠠᠷ ᠤ᠋ᠨ ᠬᠥᠮᠦᠵᠢᠯ ᠥᠷᠨᠢᠭᠦᠯᠬᠦ᠌ ᠪᠡᠷ ᠢᠷᠡᠭ᠌ᠰᠡᠨ ᠬᠥᠬᠡᠬᠣᠲᠠ ᠪᠤᠭᠤᠲᠤ ᠣᠷᠣᠨ ᠤ᠋ ᠨᠠᠮ ᠤ᠋ᠨ ᠭᠡᠱᠢᠭᠦᠨ ᠺᠠᠳ᠋ᠷ ᠢ᠋ ᠲᠦᠮᠡ ᠭᠠᠷᠤᠢ ᠬᠥᠮᠦᠨ ᠤᠳᠠᠭ᠎ᠠ ᠬᠦᠯᠢᠶᠡᠨ ᠠᠪᠴᠤ᠌ ᠵᠤᠴᠢᠯᠠᠨ᠂ ᠬᠣᠱᠢᠭᠤᠨ ᠤ᠋ ᠳᠣᠲᠣᠨ᠎ᠠ ᠭᠠᠳᠠᠨᠠᠬᠢ ᠵᠢᠭᠤᠯᠴᠢᠯᠠᠭᠰᠠᠳ 1 ᠲᠦᠮᠡ ᠭᠠᠷᠤᠶ ᠬᠥᠮᠦᠨ ᠤᠳᠠᠭ᠎ᠠ ᠳ᠋ᠦ ᠬᠦᠷᠴᠦ᠂ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤ ᠵᠢᠴᠢ ᠡᠷᠬᠢᠨ ᠲᠣᠭᠣᠷᠢᠨ ᠤ᠋ ᠭᠠᠵᠠᠷ ᠣᠷᠣᠨ ᠤ᠋ ᠺᠠᠳ᠋ᠷ ᠣᠯᠠᠨ ᠲᠦᠮᠡᠨ᠎ᠳᠦ ᠨᠠᠮᠴᠢ ᠴᠢᠨᠠᠷ ᠤ᠋ᠨ ᠬᠥᠮᠦᠵᠢᠯ᠂ ᠬᠤᠪᠢᠰᠬᠠᠯ ᠤ᠋ᠨ ᠬᠦᠮᠦᠵᠢᠯ᠂ ᠬᠢᠯᠢ ᠶ᠋ᠢᠨ ᠬᠠᠮᠠᠭᠠᠯᠠᠯᠲᠠ ᠶ᠋ᠢᠨ ᠬᠥᠮᠦᠵᠢᠯ ᠦᠷᠨᠢᠭᠦᠯᠬᠦ ᠳ᠋ᠦ ᠴᠢᠬᠤᠯᠠ ᠠᠵᠢᠯᠯᠠᠭ᠎ᠠ ᠵᠢᠨ ᠲᠠᠯᠠᠪᠤᠷ ᠬᠠᠡᠭᠭᠠᠨ᠂ ᠬᠤᠪᠢᠰᠭᠠᠯ ᠤ᠋ᠨ ᠤᠳᠤᠮᠰᠢᠯ ᠢ᠋ ᠤᠯᠠᠮᠵᠢᠯᠠᠬᠤ᠂ ᠡᠬᠡ ᠣᠷᠣᠨᠴᠢ ᠦᠵᠡᠯ ᠤ᠋ᠨ ᠢᠷᠠᠭᠤ ᠠᠯᠳᠠᠷᠲᠤ ᠤᠯᠠᠮᠵᠢᠯᠠᠯ ᠢ᠋ ᠪᠠᠳᠠᠷᠠᠭᠤᠯᠬᠤ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ ᠲᠠᠯ᠎ᠠ ᠪᠡᠷ ᠴᠢᠬᠤᠯᠠ ᠦᠢᠯᠡᠳᠦᠯ ᠦᠵᠡᠭᠦᠯᠵᠦ᠍ ᠪᠠᠢᠨ᠎ᠠ᠃

ᠣᠢᠯᠠᠭᠠᠭ᠍ᠰᠠᠨ ᠶ᠋ᠢᠡᠷ᠂ ᠣᠢᠷ᠎ᠠ ᠶ᠋ᠢᠨ ᠵᠢᠯ᠎ᠡᠴᠡ ᠨᠠᠭᠠᠰᠢ ᠪᠠᠲᠤᠬᠠᠭᠠᠯᠭ᠎ᠠ ᠶ᠋ᠢᠨ ᠶᠠᠫᠣᠨ ᠢ᠋ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠶ᠋ᠢᠨ ᠳᠤᠷᠠᠰᠭᠠᠯ ᠤ᠋ᠨ ᠬᠥᠱᠢᠶ᠎ᠡ ᠪᠠ ᠳᠤᠷᠠᠰᠭᠠᠯ ᠤ᠋ᠨ ᠦᠵᠡᠭᠦᠯᠭᠡ ᠶ᠋ᠢᠨ ᠲᠢᠩᠬᠢᠮ᠎ᠨᠢ ᠡᠷᠬᠢᠨ ᠲᠣᠭᠣᠷᠢᠨ ᠤ᠋ ᠦᠷᠡᠭ᠌ᠳᠡᠭ᠌ᠰᠡᠨ ᠪᠠᠭᠠᠲᠤᠷᠴᠤᠳ ᠤ᠋ᠨ ᠪᠤᠡᠭᠬᠤᠨ᠂ ᠠᠭᠠᠷ ᠤ᠋ᠨ ᠰᠡᠷᠭᠡᠢᠯᠡᠯᠲᠡ ᠶ᠋ᠢᠨ ᠨᠦᠬᠡ᠂ ᠮᠠᠨᠳᠤᠯ᠎ᠠ ᠶ᠋ᠢᠨ ᠤᠮᠠᠷᠠᠲᠤ ᠬᠢᠯᠢ ᠶ᠋ᠢᠨ ᠬᠣᠯᠪᠣᠭᠠᠲᠤ ᠨᠠᠮ ᠤ᠋ᠨ ᠬᠣᠷᠢᠶ᠎ᠠ᠂ ᠮᠢᠩᠭᠠᠨ ᠤ᠋ ᠬᠤᠪᠢᠰᠬᠠᠯᠲᠤ ᠲᠠᠯ᠎ᠠ ᠨᠤᠲᠤᠭ᠂ ᠫᠠᠨ ᡁᠢ ᠷᠦᠩ ᠤ᠋ᠨ ᠠᠵᠢᠯ ᠤ᠋ᠨ ᠲᠠᠰᠤᠭ᠂ ᠠᠳᠢᠶ᠎ᠠ ᠶ᠋ᠢᠨ ᠢᠲᠡᠭᠡᠮᠵᠢ ᠶ᠋ᠢᠨ ᠬᠥᠮᠦᠵᠢᠯ ᠤ᠋ᠨ ᠰᠠᠭᠤᠷᠢᠨ ᠵᠡᠷᠭᠡ ᠨᠢᠭᠡ ᠪᠦᠯᠦᠭ ᠬᠤᠪᠢᠰᠭᠠᠯᠲᠤ ᠵᠢᠭᠤᠯᠴᠢᠯᠠᠯ ᠪᠠ ᠨᠠᠮᠴᠢ ᠴᠢᠨᠠᠷ ᠤ᠋ᠨ ᠬᠥᠮᠦᠵᠢᠯ ᠤ᠋ᠨ ᠥᠷᠨᠢᠨ ᠬᠥᠭ᠌ᠵᠢᠬᠦ᠌ ᠵᠢ ᠨᠥᠯᠥᠭᠡᠯᠡᠨ ᠳᠠᠢᠴᠢᠯᠠᠪᠠ᠃

ᠲᠡᠤᠬᠡ ᠪᠠᠨ ᠡᠷᠭᠢᠴᠡᠭᠦᠯᠵᠦ ᠢᠷᠡᠭᠡᠳᠦᠢ ᠪᠠᠨ ᠪᠠᠷᠠᠯᠠᠨ᠎ᠠ᠃ ᠪᠠᠭᠠᠲᠤᠷ ᠢᠳᠡᠲᠡᠨ ᠴᠣᠯᠭᠣᠷᠠᠨ ᠭᠠᠷᠤᠭ᠍ᠰᠠᠨ ᠡᠨᠡ ᠬᠦ᠌ ᠲᠠᠯ᠎ᠠ ᠨᠤᠲᠤᠭ᠎ᠲᠤ ᠦᠨᠦᠳᠦᠷ ᠱᠢᠨ᠎ᠡ ᠦᠯᠢᠭᠡᠷ ᠮᠥᠨ ᠯᠡ ᠪᠢᠴᠢᠭ᠌ᠯᠡᠭ᠌ᠳᠡᠵᠦ᠍᠂ ᠬᠤᠪᠢᠰᠭᠠᠯ ᠤ᠋ᠨ ᠤᠳᠤᠮᠰᠢᠯ ᠮᠦᠨ ᠬᠦ᠌ ᠤᠯᠠᠮᠵᠢᠯᠠᠭ᠍ᠳᠠᠭᠰᠠᠭᠠᠷ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面