ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2024-02-17 20:21:20

ᠵᠣᠬᠢᠶᠠᠭ᠍ᠴᠢ᠄ ᠲᠡᠭᠦᠰᠪᠢᠯᠢᠭ ᠣᠩᠱᠢᠭ᠍ᠰᠠᠨ ᠣᠳᠠᠭ᠎ᠠ᠄ 3

ᠡᠪᠦᠯ᠎ᠦᠨ ᠥᠷᠯᠥᠭᠡ᠂ ᠲᠩᠷᠢ ᠭᠡᠭᠡᠷᠡᠮᠡᠭᠴᠡ ᠬᠥᠭᠵᠢᠯᠲᠦ ᠬᠦᠢᠲᠡᠨ ᠰᠠᠯᠬᠢᠨ᠎ᠢ ᠤᠭᠲᠤᠨ ᠭᠡᠷ᠎ᠡᠴᠡ ᠪᠠᠨ ᠭᠠᠷᠴᠤ᠂ ᠲᠠᠪᠠᠭᠠᠳᠤ᠎ᠶᠢᠨ ᠡᠷᠲᠡᠨ᠎ᠦ ᠬᠣᠲᠠ᠎ᠶᠢᠨ ᠪᠠᠭᠤᠷᠢ (ᠭᠤᠤ ᠴᠢᠤᠸᠠᠢ ᠰᠠᠢ ᠪᠤᠭᠤᠮᠳᠠ)᠎ᠵᠢᠨ ᠬᠥᠪᠡᠭᠡ᠎ᠪᠡᠷ ᠨᠢᠭᠡ ᠤᠳᠠᠭ᠎ᠠ ᠲᠣᠭᠣᠷᠢᠨ ᠦᠵᠡᠵᠦ᠂ ᠡᠳᠦᠷ ᠪᠦᠷᠢ᠎ᠶᠢᠨ ᠲᠤᠭᠤᠷᠢᠨ ᠪᠠᠢᠴᠠᠭᠠᠬᠤ ᠠᠵᠢᠯ᠎ᠢᠶᠡᠨ ᠭᠦᠢᠴᠡᠳᠭᠡᠪᠡ᠃

《ᠮᠠᠨ᠎ᠤ ᠬᠢᠨ ᠬᠡᠳᠦᠨ ᠦᠶ᠎ᠡ ᠪᠡᠷ᠎ᠢᠶᠡᠨ ᠡᠷᠲᠡᠨ᠎ᠦ ᠬᠤᠳᠠ᠎ᠶᠢᠨ ᠪᠠᠭᠤᠷᠢ᠎ᠶᠢ ᠰᠠᠬᠢᠨ ᠬᠠᠮᠠᠭᠠᠯᠠᠭᠰᠠᠭᠠᠷ ᠢᠷᠡᠵᠠᠢ᠂ ᠢᠯᠠᠩᠭᠤᠶ᠎ᠠ ᠮᠢᠨᠦ ᠠᠪᠤ ᠤᠷᠳᠤ ᠴᠠᠭᠠᠨ ᠬᠡᠷᠡᠮ᠎ᠢ ᠮᠠᠰᠢ ᠴᠢᠬᠤᠯᠠᠴᠢᠯᠠᠨ ᠦᠵᠡᠵᠦ᠂ ᠡᠷᠲᠡᠨ᠎ᠦ ᠤᠷᠳᠤ ᠴᠠᠭᠠᠨ ᠬᠡᠷᠡᠮ ᠪᠣᠯ ᠪᠦᠬᠦ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠨᠢᠭᠡᠴᠢ ᠪᠠᠢᠵᠤ᠂ ᠮᠥᠨ᠎ᠴᠦ ᠮᠠᠨ᠎ᠤ ᠨᠤᠲᠤᠭ᠎ᠤᠨ ᠦᠪ ᠬᠦᠷᠦᠩᠭᠡ ᠪᠤᠯᠤᠨ᠎ᠠ᠂ ᠬᠡᠨ᠎ᠴᠦ ᠡᠪᠳᠡᠵᠦ ᠪᠣᠯᠬᠤ ᠦᠭᠡᠢ᠂ ᠨᠢᠭᠡ ᠲᠣᠭᠣᠰᠬ᠎ᠠ ᠨᠢᠭᠡ ᠴᠢᠯᠠᠭᠤ ᠵᠢ᠎ᠴᠤ ᠬᠥᠳᠡᠯᠭᠡᠵᠦ ᠪᠣᠯᠬᠤ ᠦᠭᠡᠢ ᠭᠡᠵᠦ ᠪᠢᠲᠡᠨ᠎ᠳᠤ ᠦᠷᠭᠦᠯᠵᠢ ᠶᠠᠷᠢᠳᠠᠭ》 ᠭᠡᠵᠦ ᠬᠥᠭᠵᠢᠯᠲᠦ ᠬᠡᠯᠡᠨ᠎ᠡ᠃

ᠬᠥᠭᠵᠢᠯᠲᠦ ᠪᠣᠯ ᠪᠠᠶᠠᠨᠨᠠᠭᠤᠷ ᠬᠤᠲᠠ᠎ᠶᠢᠨ ᠤᠷᠠᠳ᠎ᠤᠨ ᠬᠣᠢᠲᠤ ᠬᠣᠰᠢᠭᠤᠨ᠎ᠤ ᠰᠣᠶᠣᠯ᠎ᠤᠨ ᠬᠠᠮᠠᠭᠠᠯᠠᠯᠲᠠ᠎ᠶᠢᠨ ᠰᠠᠯᠠᠭ᠎ᠠ ᠮᠥᠴᠢᠷ᠎ᠦᠨ ᠤᠷᠢᠭᠰᠠᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠭᠴᠢ ᠮᠥᠨ᠂ ᠲᠡᠲᠡᠡ᠎ᠦ ᠬᠢᠨ ᠬᠦᠬᠡᠡᠦᠢ᠍ᠨᠳᠦᠷ ᠪᠠᠯᠭᠠᠰᠤᠨ᠎ᠤ ᠨᠠᠷᠠ᠋ᠠᠦ᠋ᠪᠦᠷ ᠭᠠᠴᠠᠭᠠᠨ᠎ᠤ ᠲᠠᠪᠠᠭᠠᠲᠤ᠎ᠶᠢᠨ ᠭᠤᠤᠯ᠎ᠤᠨ ᠠᠮᠠ᠎ᠶᠢᠨ ᠡᠷᠲᠡᠨ᠎ᠦ ᠬᠤᠲᠠ᠎ᠶᠢᠨ ᠪᠠᠭᠤᠷᠢ᠎ᠶᠢᠨ ᠬᠠᠶᠠᠭᠠᠨ᠎ᠳᠤ ᠰᠠᠭᠤᠳᠠᠭ᠃ 2006 ᠣᠨ᠎ᠳᠤ᠂ ᠬᠠᠭᠤᠴᠢ ᠰᠤᠳᠤᠯᠤᠭᠠᠴᠢᠳ ᠰᠢᠨᠵᠢᠯᠡᠨ ᠰᠤᠳᠤᠯᠬᠤ ᠪᠡᠷ ᠲᠠᠮᠵᠢᠭᠤᠯᠤᠨ᠂ ᠡᠨᠳᠡᠬᠢ ᠡᠷᠲᠡᠨ᠎ᠤ ᠬᠤᠲᠠ᠎ᠶᠢᠨ ᠪᠠᠭᠤᠷᠢ ᠪᠤᠯ ᠵᠤᠤ ᠡᠦ ᠯᠢᠩ ᠸᠠᠩ᠎ᠤᠨ ᠪᠠᠢᠭᠤᠯᠤᠭᠰᠠᠨ ᠤᠷᠲᠤ ᠴᠠᠭᠠᠨ ᠬᠡᠷᠡᠮ᠎ᠦᠨ ᠲᠡᠭᠦᠰᠭᠡᠯ᠎ᠦᠨ ᠴᠡᠭ᠂ 2000 ᠭᠠᠷᠤᠢ ᠵᠢᠯ᠎ᠦᠨ ᠡᠮᠦᠨᠡᠬᠢ ᠴᠢᠬᠤᠯᠠ ᠴᠡᠷᠢᠭ᠎ᠦᠨ ᠪᠡᠬᠢᠯᠡᠯᠲᠡ ᠭᠡᠵᠦ ᠮᠠᠭᠠᠳᠯᠠᠵᠠᠢ᠃ ᠲᠣᠰ ᠵᠢᠯ᠎ᠦᠨ 5 ᠰᠠᠷ᠎ᠠ᠎ᠳᠤ᠂ ᠲᠠᠪᠠᠭᠠᠲᠤ᠎ᠶᠢᠨ ᠡᠷᠲᠡᠨ᠎ᠦ ᠬᠣᠲᠠ᠎ᠶᠢᠨ ᠪᠠᠭᠤᠷᠢ (ᠭᠤᠤ ᠴᠢᠦᠸᠠᠶ ᠰᠠᠶ ᠪᠤᠭᠤᠮᠳᠠ) ᠵᠢ ᠪᠥᠬᠥ ᠤᠯᠤᠰ᠎ᠤᠨ ᠭᠤᠤᠯᠳᠠᠯᠭ᠎ᠠ᠎ᠲᠠᠶ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠨᠢᠭᠡᠴᠢ᠎ᠪᠡᠷ ᠮᠠᠭᠠᠳᠯᠠᠨ ᠲᠣᠭᠲᠠᠭᠠᠪᠠ᠃

ᠪᠠᠶᠠᠨᠨᠠᠭᠤᠷ ᠬᠣᠲᠠ᠎ᠶᠢᠨ ᠬᠠᠷᠢᠶᠠᠨ ᠳᠣᠲᠣᠷ᠎ᠠ ᠪᠠᠢᠯᠳᠤᠭᠠᠨᠲᠤ ᠤᠯᠤᠰ᠎ᠤᠨ ᠦᠶ᠎ᠡ᠎ᠶᠢᠨ ᠵᠤᠤ ᠤᠯᠤᠰ᠎ᠤᠨ ᠤᠮᠠᠷᠠᠲᠤ᠎ᠶᠢᠨ ᠣᠷᠳᠣ ᠴᠠᠭᠠᠨ ᠬᠡᠷᠡᠮ᠂ ᠴᠢᠨ ᠬᠠᠨ ᠤᠯᠤᠰ᠎ᠤᠨ ᠣᠷᠳᠣ ᠴᠠᠭᠠᠨ ᠬᠡᠷᠡᠮ᠂ ᠬᠠᠨ ᠤᠯᠤᠰ᠎ᠤᠨ ᠭᠠᠳᠠᠨᠠᠬᠢ ᠣᠷᠳᠣ ᠴᠠᠭᠠᠨ ᠬᠡᠷᠡᠮ (ᠡᠮᠦᠨᠡᠲᠦ ᠱᠤᠭᠤᠮ᠂ ᠤᠮᠠᠷᠠᠲᠤ ᠱᠤᠭᠤᠮ) 4 ᠣᠷᠳᠣ ᠴᠠᠭᠠᠨ ᠬᠡᠷᠡᠮ ᠪᠠᠢᠵᠤ᠂ 1007 ᠺᠢᠯᠣᠮᠧᠲ᠋ᠷ ᠦᠷᠭᠦᠯᠵᠢᠯᠡᠵᠦ᠂ ᠵᠢᠶ ᠯᠦ᠍ ᠰᠠᠶ ᠪᠤᠭᠤᠮᠳᠠ᠂ ᠭᠤᠤ ᠴᠢᠤᠸᠠᠢ ᠰᠠᠶ ᠪᠤᠭᠤᠮᠲᠠ᠂ ᠭᠤᠸᠠᠩ ᠯᠦ᠍ ᠰᠠᠶ ᠪᠤᠭᠤᠮᠲᠠ᠎ᠲᠠᠶ ᠨᠡᠢᠯᠡᠭᠡᠳ ᠪᠠᠶᠠᠨᠨᠠᠭᠤᠷ᠎ᠤᠨ ᠥᠪᠡᠷᠮᠢᠴᠡ ᠲᠠᠲᠠᠬᠤ ᠬᠦᠴᠦᠨ᠎ᠲᠡᠶ ᠣᠷᠳᠣ ᠴᠠᠭᠠᠨ ᠬᠡᠷᠡᠮ᠎ᠦᠨ ᠰᠣᠶᠣᠯ᠎ᠢ ᠪᠦᠷᠢᠯᠳᠦᠭᠦᠯᠵᠡᠶ᠃ ᠬᠠᠬᠢᠷ ᠡᠪᠦᠯ᠎ᠦᠨ ᠴᠠᠭ᠎ᠲᠤ᠂ ᠥᠨᠳᠥᠷ ᠰᠦᠷᠯᠢᠭ ᠮᠤᠨᠢ ᠠᠭᠤᠯᠠ ᠴᠠᠰᠤᠨ ᠴᠠᠭᠠᠨ ᠬᠡᠪᠢᠰ᠎ᠢᠶᠡᠷ ᠬᠤᠴᠢᠭᠳᠠᠨ᠂ ᠬᠦᠭᠡᠷᠡᠨ ᠵᠠᠯᠭᠠᠯᠳᠤᠵᠤ᠂ ᠠᠭᠤᠯᠠᠨ ᠣᠷᠭᠢᠯ᠎ᠳᠤ ᠵᠣᠭᠰᠣᠨ ᠠᠯᠤᠰ᠎ᠢ ᠪᠠᠷᠠᠯᠠᠬᠤᠶ᠎ᠠ᠂ ᠴᠢᠨ ᠬᠠᠨ ᠤᠯᠤᠰ᠎ᠤᠨ ᠣᠷᠳᠣ ᠴᠠᠭᠠᠨ ᠬᠡᠷᠡᠮ ᠶᠠᠭ ᠯᠠ ᠳᠡᠭᠦᠯᠢᠨ ᠨᠢᠰᠴᠤ ᠪᠠᠢᠭ᠎ᠠ ᠠᠪᠤᠷᠭᠤ ᠯᠤᠤ ᠮᠡᠲᠦ᠂ ᠠᠯᠤᠰ᠎ᠢ ᠴᠢᠭᠯᠡᠨ ᠰᠤᠨᠤᠯᠵᠠᠵᠤ ᠂ ᠰᠦᠷᠯᠢᠭ ᠰᠦᠷᠳᠡᠢ ᠬᠠᠷᠠᠭᠳᠠᠨ᠎ᠠ᠃

ᠤᠷᠠᠳ᠎ᠤᠨ ᠡᠮᠦᠨᠡᠲᠦ ᠬᠣᠰᠢᠭᠤᠨ᠎ᠤ ᠪᠠᠭ᠎ᠠ ᠰᠢᠭᠡᠲᠡᠶ ᠪᠠᠯᠭᠠᠰᠤᠨ᠎ᠤ ᠱᠢ ᠹᠧᠨ ᠽᠢ ᠲᠣᠰᠬᠣᠨ᠎ᠳᠤ ᠪᠠᠰᠠ ᠨᠢᠭᠡᠨ ᠣᠷᠳᠣ ᠴᠠᠭᠠᠨ ᠬᠡᠷᠡᠮ᠎ᠳᠦ ᠬᠠᠢᠷᠠᠲᠠᠶ ᠬᠥᠮᠦᠨ ᠪᠠᠢᠳᠠᠭ᠂ ᠲᠡᠷᠡ ᠪᠣᠯ ᠳᠠᠷᠤᠶ ᠪᠠᠭ᠎ᠠ ᠰᠢᠭᠡᠲᠠᠶ᠎ᠶᠢᠨ ᠭᠤᠸᠠᠩ ᠱᠸᠨ ᠯᠦᠩ᠎ᠤᠨ ᠬᠡᠰᠡᠭ ᠪᠠ ᠵᠠᠩ ᠳ᠋ᠸ ᠯᠦ᠍᠎ᠶᠢᠨ ᠪᠤᠯᠤᠩ᠎ᠤᠨ ᠬᠡᠰᠡᠭ᠎ᠦᠨ ᠴᠢᠨ ᠤᠯᠤᠰ᠎ᠤᠨ ᠣᠷᠳᠣ ᠴᠠᠭᠠᠨ ᠬᠡᠷᠡᠮ᠎ᠦᠨ ᠬᠠᠮᠠᠭᠠᠯᠠᠭᠴᠢ ᠬᠠᠨ ᠭᠸᠨ ᠵᠦ᠍ ᠪᠣᠯᠤᠨ᠎ᠠ᠂ ᠲᠡᠷᠡ ᠨᠢᠭᠡᠨᠲᠡ ᠣᠷᠳᠣ ᠴᠠᠭᠠᠨ ᠬᠡᠷᠡᠮ᠎ᠢ 20 ᠭᠠᠷᠤᠶ ᠵᠢᠯ ᠰᠠᠬᠢᠨ ᠬᠠᠮᠠᠭᠠᠯᠠᠵᠠᠶ᠃ 《ᠡᠳᠡᠭᠡᠷ ᠵᠢᠯ᠎ᠦᠳ᠎ᠲᠦ᠂ ᠤᠷᠳᠤ ᠴᠠᠭᠠᠨ ᠬᠡᠷᠡᠮ᠎ᠢ ᠬᠠᠮᠠᠭᠠᠯᠠᠬᠤ᠎ᠶᠢᠨ ᠲᠥᠯᠥᠭᠡ᠂ ᠬᠥᠮᠦᠰ᠎ᠲᠡᠶ ᠪᠠᠭ᠎ᠠ ᠪᠤᠰᠤ ᠮᠠᠭᠤᠳᠠᠯᠴᠠᠵᠠᠢ》 ᠭᠡᠮᠡᠨ ᠬᠠᠨ ᠭᠸᠨ ᠵᠦ᠍ ᠤᠷᠲᠤ ᠴᠠᠭᠠᠨ ᠬᠡᠷᠡᠮ᠎ᠤᠨ ᠬᠣᠲᠣᠭᠣᠷ ᠭᠦᠳᠦᠭᠦᠷ ᠴᠢᠯᠠᠭᠤ᠎ᠵᠢ ᠢᠯᠪᠢᠵᠦ ᠰᠡᠳᠬᠢᠯ ᠳᠣᠭᠳᠣᠯᠤᠨ ᠶᠠᠷᠢᠨ᠎ᠠ᠃

ᠪᠠᠭ᠎ᠠ ᠰᠢᠭᠡᠲᠡᠢ᠎ᠶᠢᠨ ᠴᠢᠨ ᠤᠯᠤᠰ᠎ᠤᠨ ᠣᠷᠳᠣ ᠴᠠᠭᠠᠨ ᠬᠡᠷᠡᠮ ᠨᠢ ᠠᠭᠤᠯᠠᠨ ᠬᠢᠷ᠎ᠠ᠎ᠶᠢ ᠲᠦᠰᠢᠭᠦᠯᠦᠨ ᠪᠠᠢᠭᠤᠯᠵᠤ᠂ ᠪᠦᠬᠦᠨ᠎ᠢ ᠡᠮᠬᠢ ᠵᠢᠷᠤᠮ ᠥᠬᠡᠶ ᠴᠢᠯᠠᠭᠤ᠎ᠪᠠᠷ ᠳᠠᠪᠬᠤᠷ ᠳᠠᠪᠬᠤᠷ ᠦᠷᠦᠨ ᠪᠠᠷᠢᠵᠤ᠂ ᠬᠡᠳᠦᠨ ᠵᠠᠭᠤᠨ ᠮᠧᠲ᠋ᠷ ᠠᠯᠤᠰᠯᠠᠬᠤ ᠪᠦᠷᠢ ᠨᠢᠭᠡ ᠴᠣᠨᠵᠢ᠎ᠲᠠᠶ ᠪᠠᠢᠵᠤ᠂ ᠲᠤᠬᠠᠢ᠎ᠶᠢᠨ ᠭᠠᠵᠠᠷ᠎ᠤᠨ ᠲᠣᠰᠬᠣᠨ᠎ᠤ ᠠᠷᠠᠳ ᠦᠷᠭᠦᠯᠵᠢ ᠤᠷᠳᠤ ᠴᠠᠭᠠᠨ ᠬᠡᠷᠡᠮ᠎ᠦᠨ ᠴᠢᠯᠠᠭᠤ᠎ᠵᠢ ᠪᠠᠭᠤᠯᠭᠠᠭᠠᠳ ᠭᠡᠷ ᠤᠷᠤᠭᠤ ᠪᠠᠨ ᠵᠦᠭᠡᠭᠡᠵᠦ᠂ ᠬᠤᠨᠢᠨ ᠬᠠᠰᠢᠶ᠎ᠠ ᠪᠠᠷᠢᠬᠤ᠂ ᠭᠡᠷ᠎ᠦᠨ ᠰᠠᠭᠤᠷᠢ ᠪᠠᠷᠢᠬᠤ᠎ᠳᠤ ᠬᠡᠷᠡᠭᠯᠡᠳᠡᠭ ᠪᠠᠢᠪᠠ᠂ ᠬᠠᠨ ᠭᠸᠨ ᠵᠦ᠍ ᠣᠯᠵᠤ ᠮᠡᠳᠡᠬᠦ ᠪᠦᠷᠢ ᠡᠷᠡᠰ ᠬᠣᠷᠢᠭᠯᠠᠵᠤ᠂ ᠴᠢᠨᠠᠭᠰᠢᠯᠠᠪᠠᠯ ᠬᠥᠷᠰᠢ ᠵᠡᠷᠭᠡᠯᠡᠳᠡᠭᠡ ᠠᠢᠯ ᠰᠠᠭᠠᠬᠠᠯᠲᠠ ᠲᠡᠶ᠎ᠪᠡᠨ ᠬᠡᠯᠡ ᠠᠮᠠ ᠪᠤᠯᠵᠤ᠂ ᠦᠷᠭᠦᠯᠵᠢ ᠪᠤᠰᠤᠳ ᠲᠤ᠌ ᠵᠢᠮᠡᠯᠡᠭᠳᠡᠳᠡᠭ᠃《ᠲᠤᠰᠬᠠᠶ ᠮᠡᠷᠭᠡᠵᠢᠯᠲᠡᠨ᠎ᠦ ᠰᠢᠯᠭᠠᠨ ᠨᠤᠲᠠᠯᠠᠭᠰᠠᠨ᠎ᠢᠶᠠᠷ᠂ ᠡᠨᠡ ᠪᠣᠯ ᠪᠠᠷᠠᠭᠤᠨ ᠬᠠᠨ ᠤᠯᠤᠰ᠎ᠤᠨ ᠦᠶ᠎ᠡ᠎ᠳᠦ ᠪᠠᠢᠭᠤᠯᠤᠭᠰᠠᠨ ᠭᠤᠸᠠᠩ ᠯᠦ᠍ ᠰᠠᠢ ᠪᠤᠭᠤᠮᠲᠠ᠎ᠶᠢᠨ ᠪᠠᠭᠤᠷᠢ ᠪᠣᠯᠤᠨ᠎ᠠ᠂ 2000 ᠭᠠᠷᠤᠶ ᠵᠢᠯ᠎ᠦᠨ ᠡᠮᠦᠨ᠎ᠡ᠂ ᠸᠠᠩ ᠵᠤᠤ ᠵᠢᠶᠦ᠋ᠨ ᠪᠣᠭᠣᠮᠲᠠ᠎ᠳᠤ ᠣᠷᠣᠬᠤ ᠦᠶ᠎ᠡ᠎ᠳᠦ ᠡᠨᠳᠡ ᠰᠠᠭᠤᠵᠤ ᠥᠩᠭᠡᠷᠡᠭᠰᠡᠨ ᠭᠡᠳᠡᠭ ᠤᠯᠠᠮᠵᠢᠯᠠᠯ ᠶᠠᠷᠢᠶ᠎ᠠ ᠪᠤᠢ᠃ 2006 ᠣᠨ᠎ᠳᠤ᠂ ᠡᠨᠡ ᠬᠡᠰᠡᠭ ᠣᠷᠳᠣ ᠴᠠᠭᠠᠨ ᠬᠡᠷᠡᠮ᠎ᠢ ᠪᠥᠬᠥ ᠤᠯᠤᠰ᠎ᠤᠨ ᠭᠤᠤᠯᠳᠠᠯᠭ᠎ᠠ᠎ᠲᠠᠶ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠨᠢᠭᠡᠴᠢ ᠪᠣᠯᠭᠠᠭᠰᠠᠨ᠎ᠤ ᠳᠠᠷᠠᠭ᠎ᠠ᠂ ᠣᠯᠠᠨ ᠲᠦᠮᠡᠨ᠎ᠤ ᠣᠷᠳᠣ ᠴᠠᠭᠠᠨ ᠬᠡᠷᠡᠮ᠎ᠢ ᠬᠠᠮᠠᠭᠠᠯᠠᠬᠤ ᠤᠬᠠᠮᠰᠠᠷ ᠶᠠᠪᠤᠬᠤ ᠲᠤᠲᠤᠮ ᠴᠢᠩᠭᠠᠷᠠᠵᠤ᠂ ᠮᠢᠨᠦ ᠲᠤᠬᠠᠶ᠎ᠶᠢᠨ ᠵᠢᠯ᠎ᠤᠨ ᠲᠡᠳᠡᠨ᠎ᠢ ᠭᠣᠮᠣᠳᠠᠭᠠᠭᠰᠠᠨ ᠶᠠᠪᠤᠳᠠᠯ᠎ᠢ᠎ᠴᠤ ᠬᠡᠳᠤᠢᠨ ᠣᠢᠯᠠᠭᠠᠬᠰᠠᠠ ᠪᠠᠢᠵᠠᠢ》 ᠭᠡᠵᠦ ᠬᠠᠨ ᠭᠸᠨ ᠵᠦ᠍ ᠢᠨᠢᠶᠡᠮᠰᠦᠭᠯᠡᠨ ᠬᠡᠯᠡᠨ᠎ᠡ᠃

ᠪᠠᠶᠠᠨᠨᠠᠭᠤᠷ᠎ᠲᠤ ᠬᠥᠭᠵᠢᠯᠲᠦ ᠪᠣᠯᠤᠨ ᠬᠠᠨ ᠭᠸᠨ ᠵᠦ᠍ ᠮᠡᠲᠦ᠎ᠶᠢᠨ ᠤᠷᠳᠤ ᠴᠠᠭᠠᠨ ᠬᠡᠷᠡᠮ᠎ᠦᠨ ᠪᠠᠭᠤᠷᠢ᠎ᠶᠢᠨ ᠠᠯᠪᠠᠨ ᠵᠢᠷᠤᠮ᠎ᠤᠨ ᠬᠠᠮᠠᠭᠠᠯᠠᠭᠴᠢ ᠵᠠᠭᠤ ᠭᠠᠷᠤᠢ ᠪᠤᠢ᠃ ᠲᠡᠳᠡ ᠤᠷᠳᠤ ᠴᠠᠭᠠᠨ ᠬᠡᠷᠡᠮ᠎ᠢ ᠰᠠᠬᠢᠵᠤ᠂ ᠤᠷᠳᠤ ᠴᠠᠭᠠᠨ ᠬᠡᠷᠡᠮ᠎ᠢ ᠬᠠᠮᠠᠭᠠᠯᠠᠵᠤ᠂ ᠤᠷᠳᠤ ᠴᠠᠭᠠᠨ ᠬᠡᠷᠡᠮ᠎ᠳᠤ ᠵᠤᠷᠢᠭᠤᠯᠤᠭᠰᠠᠨ ᠪᠣᠷᠣᠭᠵᠢᠭᠤᠨ ᠪᠥᠭᠡᠳ ᠭᠦᠨ ᠵᠤᠵᠠᠭᠠᠨ ᠬᠠᠢᠷ᠎ᠠ ᠰᠡᠳᠬᠢᠯᠭᠡ᠎ᠪᠡᠨ ᠤᠳᠠᠭ᠎ᠠ ᠪᠦᠷᠢ᠎ᠶᠢᠨ ᠲᠣᠭᠣᠷᠢᠨ ᠪᠠᠢᠴᠠᠭᠠᠯᠲᠠ᠎ᠳᠠᠭᠠᠨ ᠠᠭᠤᠰᠬᠠᠪᠠ᠃ ᠠᠯᠪᠠᠨ ᠵᠢᠷᠤᠮ᠎ᠤᠨ ᠰᠣᠶᠣᠯ᠎ᠤᠨ ᠬᠠᠮᠠᠭᠠᠯᠠᠯᠲᠠ᠎ᠶᠢᠨ ᠠᠵᠢᠯᠲᠠᠨ ᠣᠷᠳᠣ ᠴᠠᠭᠠᠨ ᠬᠡᠷᠡᠮ᠎ᠢ ᠡᠳᠦᠷ ᠲᠤᠲᠤᠮ ᠴᠠᠭᠳᠠᠨ ᠪᠠᠢᠴᠠᠭᠠᠵᠤ ᠰᠠᠬᠢᠨ ᠬᠠᠮᠠᠭᠠᠯᠠᠬᠤ᠎ᠡᠴᠠ ᠭᠠᠳᠠᠨ᠎ᠠ᠂ ᠡᠲᠡᠭᠡᠷ ᠵᠢᠯ᠎ᠦᠳ᠎ᠲᠦ᠂ ᠪᠠᠶᠠᠨᠨᠠᠭᠤᠷ ᠬᠣᠲᠠ᠎ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠠᠵᠢᠯᠲᠠᠳ ᠣᠷᠳᠣ ᠴᠠᠭᠠᠨ ᠬᠡᠷᠡᠮ᠎ᠢ ᠰᠢᠨᠵᠢᠯᠡᠬᠦ ᠤᠬᠠᠭᠠᠨᠴᠢ ᠪᠠᠷ ᠬᠠᠮᠠᠭᠠᠯᠠᠬᠤ᠂ ᠰᠡᠯᠪᠢᠨ ᠵᠠᠰᠠᠵᠤ ᠰᠡᠷᠭᠦᠭᠡᠬᠦ ᠵᠡᠷᠭᠡ ᠲᠠᠯ᠎ᠠ᠎ᠪᠠᠷ ᠶᠡᠬᠡ ᠬᠡᠮᠵᠢᠶᠡᠨ᠎ᠦ ᠭᠠᠷᠮᠠᠭᠠᠶ ᠪᠦᠲᠦᠮᠵᠢᠲᠡᠶ ᠠᠵᠢᠯ ᠬᠢᠭᠰᠡᠨ ᠪᠠᠢᠨ᠎ᠠ᠃ 2007 - 2011 ᠣᠨ᠎ᠳᠤ᠂ ᠪᠦᠬᠦ ᠬᠤᠲᠠ ᠰᠣᠶᠣᠯ᠎ᠤᠨ ᠬᠠᠮᠠᠭᠠᠯᠠᠯᠲᠠ᠎ᠶᠢᠨ ᠰᠢᠯᠢᠳᠡᠭ ᠬᠦᠴᠦᠨ᠎ᠢ ᠲᠠᠲᠠᠵᠤ᠂ ᠬᠠᠷᠢᠶᠠᠨ ᠳᠣᠲᠣᠷᠠᠬᠢ ᠤᠷᠲᠤ ᠴᠠᠭᠠᠨ ᠬᠡᠷᠡᠮ᠎ᠦᠨ ᠡᠬᠢ ᠪᠠᠶᠠᠯᠢᠭ᠎ᠲᠤ ᠪᠦᠬᠦ ᠲᠠᠯ᠎ᠠ᠎ᠶᠢᠨ ᠰᠢᠰᠲ᠋ᠧᠮ᠎ᠲᠡᠶ ᠪᠠᠢᠴᠠᠭᠠᠯᠲᠠ ᠬᠢᠵᠦ᠂ ᠠᠯᠤᠰ ᠰᠡᠷᠡᠯ᠎ᠦᠨ ᠵᠢᠷᠤᠭ ᠳᠦᠷᠰᠦ᠂ ᠲᠣᠭᠠᠴᠢᠯᠠᠭᠰᠠᠨ ᠭᠡᠷᠡᠯ ᠵᠢᠷᠤᠭ ᠵᠡᠷᠭᠡ ᠣᠳᠣᠬᠢᠴᠢᠯᠠᠭᠰᠠᠨ ᠰᠢᠨᠵᠢᠯᠡᠬᠦ ᠤᠬᠠᠭᠠᠨ ᠮᠡᠷᠭᠡᠵᠢᠯ᠎ᠦᠨ ᠠᠷᠭ᠎ᠠ ᠪᠠᠷᠢᠯ᠎ᠢ ᠬᠠᠮᠵᠢᠯᠴᠠᠨ ᠬᠡᠷᠡᠭᠯᠡᠵᠦ᠂ ᠰᠣᠶᠣᠯ᠎ᠤᠨ ᠬᠠᠮᠠᠭᠠᠯᠠᠯᠲᠠ᠎ᠶᠢᠨ ᠠᠵᠢᠯᠲᠠᠳ᠎ᠲᠤ ᠡᠯᠪᠡᠭ ᠪᠠᠶᠠᠯᠢᠭ ᠮᠠᠲ᠋ᠧᠷᠢᠶᠠᠯ ᠣᠯᠭᠣᠵᠤ᠂ ᠡᠭᠦᠨ᠎ᠦ ᠰᠠᠭᠤᠷᠢᠨ ᠳᠡᠭᠡᠷ᠎ᠡ ᠤᠷᠲᠤ ᠴᠠᠭᠠᠨ ᠬᠡᠷᠡᠮ᠎ᠦᠨ ᠡᠬᠢ ᠪᠠᠶᠠᠯᠢᠭ᠎ᠤᠨ ᠳ᠋ᠠᠢᠲ᠋ᠠ ᠬᠥᠮᠥᠷᠭᠡ᠎ᠶᠢ ᠪᠠᠢᠭᠤᠯᠪᠠ᠃

《ᠣᠷᠳᠣ ᠴᠠᠭᠠᠨ ᠬᠡᠷᠡᠮ᠎ᠢ ᠬᠠᠮᠠᠭᠠᠯᠠᠬᠤ᠎ᠳᠤ ᠡᠩ ᠲᠡᠷᠢᠭᠦᠨ᠎ᠳᠦ ᠲᠡᠭᠦᠨ᠎ᠢ ᠲᠣᠳᠣᠷᠬᠠᠶ ᠣᠢᠯᠠᠭᠠᠬᠤ ᠬᠡᠷᠡᠭᠲᠡᠶ ᠂ ᠪᠢᠳᠡ ᠣᠳᠣᠬᠢᠴᠢᠯᠠᠭᠰᠠᠨ ᠰᠢᠨᠵᠢᠯᠡᠬᠦ ᠤᠬᠠᠭᠠᠨ ᠮᠡᠷᠭᠡᠵᠢᠯ᠎ᠦᠨ ᠠᠷᠭ᠎ᠠ ᠪᠠᠷᠢᠯ᠎ᠢ ᠠᠰᠢᠭᠯᠠᠨ ᠣᠷᠳᠣ ᠴᠠᠭᠠᠨ ᠬᠡᠷᠡᠮ᠎ᠤᠨ ᠲᠤᠬᠠᠢ ᠲᠠᠩᠰᠠ ᠡᠪᠬᠡᠮᠡᠯ᠎ᠢ ᠪᠥᠬᠥ ᠲᠠᠯ᠎ᠠ᠎ᠪᠠᠷ ᠦᠯᠡᠳᠡᠭᠡᠵᠦ᠂ ᠡᠭᠦᠨ᠎ᠦ ᠤᠯᠠᠮ᠎ᠡᠴᠠ ᠣᠷᠳᠣ ᠴᠠᠭᠠᠨ ᠬᠡᠷᠡᠮ᠎ᠦᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠡᠬᠢ ᠪᠠᠶᠠᠯᠢᠭ᠎ᠤᠨ ᠮᠡᠳᠡᠭᠡ ᠵᠠᠩᠭᠢᠵᠢᠯᠲᠠ᠎ᠶᠢᠨ ᠬᠠᠮᠢᠶᠠᠷᠤᠯᠲᠠ᠎ᠶᠢ ᠪᠡᠶᠡᠯᠡᠭᠦᠯᠬᠦ ᠬᠡᠷᠡᠭᠲᠡᠶ》 ᠭᠡᠵᠦ ᠥᠪᠥᠷ ᠮᠣᠩᠭᠣᠯ᠎ᠤᠨ ᠪᠣᠷᠣᠲᠣᠬᠣᠢ᠎ᠶᠢᠨ ᠰᠣᠶᠣᠯ᠎ᠤᠨ ᠮᠦᠽᠧᠢ᠎ᠶᠢᠨ ᠰᠤᠳᠤᠯᠤᠭᠴᠢ ᠬ᠍ᠤ ᠶᠠᠨ ᠴᠦᠨ ᠬᠡᠯᠡᠨ᠎ᠡ᠃

ᠤᠷᠳᠤ ᠴᠠᠭᠠᠨ ᠬᠡᠷᠡᠮ᠎ᠢ ᠰᠠᠬᠢᠨ ᠬᠠᠮᠠᠭᠠᠯᠠᠬᠤ ᠨᠢ ᠬᠡᠷᠡᠮ᠎ᠤᠨ ᠲᠤᠰ ᠪᠡᠶ᠎ᠡ᠎ᠵᠢ ᠬᠠᠢᠷᠠᠯᠠᠨ ᠬᠠᠮᠠᠭᠠᠯᠠᠬᠤ ᠪᠠ ᠰᠡᠯᠪᠢᠨ ᠵᠠᠰᠠᠬᠤ᠎ᠪᠠᠷ ᠪᠠᠷᠠᠬᠤ ᠦᠬᠡᠢ᠂ ᠨᠡᠩ ᠴᠢᠬᠤᠯᠠ ᠨᠢ ᠤᠷᠳᠤ ᠴᠠᠭᠠᠨ ᠬᠡᠷᠡᠮ᠎ᠦᠨ ᠵᠣᠷᠢᠭ ᠰᠠᠨᠠᠭ᠎ᠠ᠎ᠶᠢ ᠤᠯᠠᠮᠵᠢᠯᠠᠵᠤ᠂ ᠦᠢᠯᠡᠳᠦᠯᠭᠡᠵᠢᠭᠦᠯᠵᠦ ᠪᠠᠳᠠᠷᠠᠭᠤᠯᠬᠤ ᠬᠡᠷᠡᠭᠲᠡᠢ᠃ ᠣᠢᠷ᠎ᠠ᠎ᠶᠢᠨ ᠵᠢᠯ᠎ᠳᠦ᠂ ᠪᠠᠶᠠᠨᠨᠠᠭᠤᠷ ᠬᠣᠲᠠ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠢᠨᠵᠧᠨᠧᠷᠢᠩ᠎ᠢ ᠪᠠᠢᠭᠤᠯᠬᠤ᠎ᠪᠠᠷ ᠢᠳᠡᠪᠬᠢᠲᠡᠶ ᠭᠤᠶᠤᠴᠢᠯᠠᠭᠰᠠᠨ ᠪᠥᠭᠡᠳ ᠠᠯᠢ ᠣᠯᠠᠨ ᠬᠠᠮᠠᠭᠠᠯᠠᠨ ᠰᠡᠯᠪᠢᠨ ᠵᠠᠰᠠᠬᠤ ᠢᠨᠵᠧᠨᠧᠷᠢᠩ᠎ᠢ ᠬᠡᠷᠡᠭᠵᠢᠭᠦᠯᠵᠦ᠂ ᠤᠷᠢᠳ ᠬᠣᠵᠢᠳ ᠤᠷᠠᠳ᠎ᠤᠨ ᠡᠮᠦᠨᠡᠲᠦ ᠬᠤᠰᠢᠭᠤ᠂ ᠳᠤᠮᠳᠠᠳᠤ ᠬᠤᠰᠢᠭᠤ᠂ ᠬᠣᠢᠲᠤ ᠬᠣᠰᠢᠭᠤ ᠪᠣᠯᠤᠨ ᠳ᠋ᠸᠩᠺᠸᠤ ᠰᠢᠶᠠᠨ᠎ᠳᠤ ᠣᠷᠳᠣ ᠴᠠᠭᠠᠨ ᠬᠡᠷᠡᠮ᠎ᠦᠨ ᠬᠠᠮᠠᠭᠠᠯᠠᠯᠲᠠ᠎ᠶᠢᠨ ᠠᠵᠢᠯ᠎ᠤᠨ ᠥᠷᠲᠡᠭᠡ᠎ᠶᠢ ᠪᠠᠢᠭᠤᠯᠪᠠ᠃ ᠤᠷᠲᠤ ᠴᠠᠭᠠᠨ ᠬᠡᠷᠡᠮ᠎ᠦᠨ ᠤᠯᠤᠰ᠎ᠤᠨ ᠰᠣᠶᠣᠯ᠎ᠤᠨ ᠴᠡᠴᠡᠷᠯᠢᠭ᠎ᠤᠨ ᠪᠦᠲᠦᠭᠡᠨ ᠪᠠᠢᠭᠤᠯᠤᠯᠲᠠ᠎ᠶᠢ ᠢᠳᠡᠪᠬᠢᠲᠡᠢ ᠠᠬᠢᠭᠤᠯᠵᠤ᠂ ᠪᠠᠶᠠᠨᠨᠠᠭᠤᠷ ᠬᠣᠲᠠ᠎ᠶᠢᠨ ᠴᠢᠨ ᠬᠠᠨ ᠤᠯᠤᠰ᠎ᠤᠨ ᠤᠷᠲᠤ ᠴᠠᠭᠠᠨ ᠬᠡᠷᠡᠮ᠎ᠦᠨ ᠭᠤᠸᠠᠩ ᠱᠧᠨ ᠯᠦᠩ᠎ᠤᠨ ᠬᠡᠰᠡᠭ᠂ ᠲᠤᠭᠤᠯᠲᠠᠢ ᠡᠴᠡ ᠵᠡᠭᠦᠨ ᠰᠢᠷᠠᠴᠢᠯᠠᠭᠤ᠎ᠶᠢᠨ ᠬᠡᠰᠡᠭ᠂ ᠬᠠᠨ ᠤᠯᠤᠰ᠎ᠤᠨ ᠤᠷᠲᠤ ᠴᠠᠭᠠᠨ ᠬᠡᠷᠡᠮ᠎ᠦᠨ ᠰᠢᠨᠡᠡᠤᠰᠤ᠎ᠶᠢᠨ ᠬᠡᠰᠡᠭ᠂ ᠬᠠᠨ ᠤᠯᠤᠰ᠎ᠤᠨ ᠵᠢᠢ ᠯᠦ᠍ ᠰᠠᠢ ᠪᠤᠭᠤᠮᠲᠠ᠎ᠶᠢᠨ ᠪᠠᠭᠤᠷᠢ᠎ᠨᠢ ᠨᠢᠭᠡᠳᠦᠭᠡᠷ ᠪᠦᠯᠦᠭ ᠤᠯᠤᠰ᠎ᠤᠨ ᠲᠡᠰ᠎ᠤᠨ ᠤᠷᠲᠤ ᠴᠠᠭᠠᠨ ᠬᠡᠷᠡᠮ᠎ᠦᠨ ᠴᠢᠬᠤᠯᠠ ᠴᠡᠭ ᠬᠡᠰᠡᠭ᠎ᠲᠦ ᠰᠤᠩᠭᠤᠭᠳᠠᠨ ᠤᠷᠤᠪᠠ᠃ ᠪᠠᠶᠠᠨᠨᠠᠭᠤᠷ ᠎ᠡᠴᠠ ᠪᠤᠭᠤᠲᠤ ᠬᠦᠷᠲᠡᠯᠡᠬᠢ ᠴᠢᠨ ᠤᠯᠤᠰ᠎ᠤᠨ ᠣᠷᠳᠣ ᠴᠠᠭᠠᠨ ᠬᠡᠷᠡᠮ ᠎ᠢ ᠲᠦᠮᠡᠨ ᠭᠠᠵᠠᠷ᠎ᠤᠨ ᠣᠷᠳᠣ ᠴᠠᠭᠠᠨ ᠬᠡᠷᠡᠮ᠎ᠦᠨ ᠳᠦᠷᠢ ᠲᠥᠷᠬᠦ᠎ᠶᠢᠨ ᠪᠡᠯᠭᠡ ᠲᠡᠮᠳᠡᠭ᠎ᠦᠨ ᠬᠡᠰᠡᠭ᠎ᠲᠦ ᠵᠢᠭᠰᠠᠭᠠᠵᠤ᠂ ᠭᠤᠤ ᠴᠢᠦᠸᠠᠶ ᠰᠠᠶ ᠪᠤᠭᠤᠮᠲᠠ᠂ ᠵᠢᠶ ᠯᠦ᠍ ᠰᠠᠶ ᠪᠤᠭᠤᠮᠲᠠ᠂ ᠭᠤᠸᠠᠩ ᠯᠦ᠍ ᠰᠠᠶ ᠪᠤᠭᠤᠮᠲᠠ ᠵᠡᠷᠭᠡ ᠬᠣᠷᠢᠭ᠎ᠠ ᠪᠤᠭᠤᠮᠲᠠ᠎ᠵᠢ ᠣᠷᠳᠣ ᠴᠠᠭᠠᠨ ᠬᠡᠷᠡᠮ᠎ᠦᠨ ᠳᠦᠷᠢ ᠲᠥᠷᠬᠦ᠎ᠶᠢᠨ ᠪᠡᠯᠭᠡ ᠲᠡᠮᠳᠡᠭ᠎ᠦᠨ ᠴᠡᠭ᠎ᠲᠦ ᠵᠢᠭᠰᠠᠭᠠᠵᠤ᠂ ᠨᠢᠭᠡᠨᠲᠡ ᠣᠷᠳᠣ ᠴᠠᠭᠠᠨ ᠬᠡᠷᠡᠮ᠎ᠦᠨ ᠤᠯᠤᠰ᠎ᠤᠨ ᠰᠣᠶᠣᠯ᠎ᠤᠨ ᠴᠡᠴᠡᠷᠯᠢᠭ᠎ᠦᠨ ᠲᠥᠯᠥᠪᠵᠢᠭᠦᠯᠭᠡ᠎ᠳᠦ ᠣᠷᠣᠭᠤᠯᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面