2024-04-30 10:26:14
— ᠬᠠᠲᠣᠨ ᠭᠣᠣᠯ ᠤ᠋ᠨ ᠰᠣᠶᠣᠯ ᠤ᠋ᠨ ᠲᠤᠬᠠᠢ ᠰᠢᠷᠢᠰ ᠮᠡᠳᠡᠭᠡᠯᠡᠯ (ᠲᠠᠪᠣ)
《 ᠬᠠᠳᠤᠨ ᠭᠣᠣᠯ ᠦᠷᠬᠦᠯᠵᠢ ᠭᠠᠮᠰᠢᠬ ᠲᠠᠷᠢᠳᠠᠭ ᠴᠦ᠍ ᠬᠠᠷᠢᠨ ᠪᠣᠷᠣᠲᠣᠬᠣᠢ ᠵᠢ ᠪᠠᠶᠠᠵᠢᠭᠣᠯᠪᠠ 》 ᠃ ᠡᠨᠡ ᠪᠣᠯ ᠬᠠᠲᠣᠨ ᠭᠣᠣᠯ ᠤ᠋ᠨ ᠬᠦᠷᠲᠡᠭᠡᠯ ᠮᠦᠷᠲᠡᠭᠡᠨ ᠶᠡᠬᠡ ᠪᠠᠢᠭᠠᠯᠢ ᠵᠢᠨ ᠬᠡᠰᠢᠭ ᠰᠣᠶᠣᠷᠬᠠᠯ ᠪᠤᠯᠬᠤ ᠪᠤᠯᠪᠠᠴᠦ ᠨᠡᠩ ᠴᠢᠬᠤᠯᠠ ᠨᠢ ᠬᠥᠮᠦᠨ ᠲᠥᠷᠥᠯᠬᠢᠲᠡᠨ ᠤ᠋ ᠬᠠᠲᠠᠭᠣᠵᠢᠯᠲᠠᠢ ᠲᠡᠮᠡᠴᠡᠵᠦ ᠂ ᠰᠢᠭᠣᠷᠬᠠᠢ ᠠᠵᠢᠯᠯᠠᠬᠤ ᠪᠠ ᠤᠶᠤᠨ ᠤᠬᠠᠭᠠᠨ ᠡᠴᠡ ᠢᠷᠡᠯᠲᠡ ᠲᠡᠶ ᠭᠡᠲᠡᠭ ᠨᠢ ᠮᠠᠷᠭᠣᠰᠢ ᠦᠭᠡᠢ ᠶᠤᠮ᠃ ᠡᠨᠡ ᠬᠦ᠌ ᠶᠠᠪᠤᠴᠠ ᠳ᠋ᠤ ᠡᠯᠪᠡᠭ ᠪᠠᠶᠠᠯᠢᠭ ᠠᠭᠤᠯᠤᠭ᠍ᠳᠠᠬᠤᠨ ᠪᠦᠬᠦᠢ ᠥᠪᠡᠷᠮᠢᠴᠡ ᠤᠶᠤᠨ ᠰᠠᠨᠠᠭᠠᠨ ᠤ᠋ ᠳᠣᠲᠣᠭᠠᠳᠤ ᠴᠥᠮ᠎ᠡ ᠶ᠋ᠢ ᠪᠦᠷᠢᠯᠳᠦᠭᠦᠯᠦᠭ᠌ᠰᠡᠨ ᠲᠡᠳᠦᠢ ᠦᠭᠡᠢ ᠪᠣᠷᠣᠲᠣᠬᠣᠢ ᠣᠷᠣᠨ ᠢ᠋ ᠦᠯᠢᠳᠭᠡᠰᠢ ᠦᠭᠡᠢ ᠰᠣᠶᠣᠯ ᠤ᠋ᠨ ᠦᠵᠡᠮᠵᠢ ᠲᠡᠶ ᠪᠣᠯᠭᠠᠬᠰᠠᠨ ᠪᠠᠢᠵᠠᠢ ᠃
ᠬᠠᠲᠣᠨ ᠭᠣᠣᠯ ᠤ᠋ᠨ ᠬᠡᠰᠢᠭ ᠬᠦᠷᠳᠡᠬᠡᠯ ᠄ ᠨᠠᠭᠤᠷ ᠤ᠋ᠨ ᠬᠣᠲᠣᠭᠣᠷ ᠡᠴᠡ ᠲᠡᠭᠷᠢ ᠵᠢᠨ ᠬᠡᠰᠢᠭᠲᠦ ᠪᠣᠷᠣᠲᠤᠬᠤᠢ ᠬᠦᠷᠲᠡᠯ᠎ᠡ
《ᠪᠣᠷᠣᠲᠣᠬᠣᠶ》 ᠭᠡᠬᠦ ᠭᠠᠵᠠᠷ ᠤ᠋ᠨ ᠨᠡᠷᠡᠢᠲᠦᠯ ᠤ᠋ᠨ ᠲᠣᠬᠠᠢ ᠣᠯᠠᠨ ᠶᠠᠩᠵᠤ ᠵᠢᠨ ᠲᠠᠢᠯᠪᠣᠷᠢ ᠲᠠᠢ ᠪᠠᠢᠳᠠᠭ ᠃ ᠡᠬᠦᠨ ᠳ᠋ᠦ ᠨᠢᠭᠡ ᠵᠦᠶ᠋ᠯ ᠤ᠋ᠨ ᠬᠡᠯᠡᠯᠭᠡ ᠨᠢ ᠪᠣᠯ ᠄ ᠡᠷᠲᠡ ᠴᠠᠬ ᠲᠦ᠍ ᠬᠠᠲᠤᠨ ᠭᠣᠸ᠋ᠯ ᠨᠢ ᠪᠣᠷᠣᠲᠣᠬᠣᠶ ᠵᠢᠨ ᠲᠠᠯ᠎ᠠ ᠭᠠᠵᠠᠷ ᠤ᠋ᠨ ᠪᠠᠷᠠᠭᠤᠨ ᠡᠮᠦᠨ᠎ᠡ ᠬᠡᠰᠡᠭ ᠲᠦ᠍ ᠰᠠᠯᠪᠤᠷᠢᠯᠠᠭᠠᠳ ᠡᠮᠦᠨ᠎ᠡ ᠤᠮᠠᠷ᠎ᠠ ᠬᠣᠶᠠᠷ ᠭᠣᠸ᠋ᠯ ᠪᠣᠯᠵᠦ ᠂ ᠡᠮᠦᠨ᠎ᠡ ᠭᠣᠸ᠋ᠯ ᠨᠢ ᠴᠢᠳᠭᠤᠯᠠᠩ ᠪᠠᠢᠵᠤ ᠂ ᠪᠣᠷᠣᠲᠣᠬᠣᠶ ᠵᠢᠨ ᠲᠠᠯ᠎ᠠ ᠭᠠᠵᠠᠷ ᠤ᠋ᠨ ᠡᠮᠦᠨ᠎ᠡ ᠬᠡᠰᠡᠭ ᠶ᠋ᠢᠡᠷ ᠵᠡᠭᠦᠨᠰᠢ ᠤᠷᠤᠰᠲᠠᠬ; ᠬᠣᠢᠲᠣ ᠭᠣᠣᠯ ᠨᠢ ᠭᠣᠣᠯ ᠤᠷᠤᠰᠭᠠᠯ ᠪᠠᠢᠵᠤ᠂ ᠮᠤᠨᠢ ᠠᠭᠤᠯᠠ ᠳ᠋ᠦ ᠬᠠᠰᠢᠬᠲᠠᠭᠠᠳ ᠪᠣᠷᠣᠲᠣᠬᠣᠶ ᠵᠢᠨ ᠲᠠᠯ᠎ᠠ ᠭᠠᠵᠠᠷ ᠤ᠋ᠨ ᠪᠠᠷᠠᠭᠤᠨ᠂ ᠬᠣᠢᠲᠤ᠂ ᠵᠡᠭᠦᠨ ᠬᠡᠰᠡᠭ ᠢ᠋ ᠲᠣᠭᠣᠢᠯᠠᠨ ᠡᠷᠭᠢᠭ᠌ᠰᠡᠨ ᠤ᠋ ᠳᠠᠷᠠᠭ᠎ᠠ ᠡᠮᠦᠨ᠎ᠡ ᠭᠣᠣᠯ ᠲᠠᠶ ᠣᠷᠣᠰᠬᠠᠯ ᠨᠡᠢᠯᠡᠲᠡᠭ ᠭᠡᠳᠡᠭ ᠃
ᠡᠮᠦᠨ᠎ᠠ ᠴᠢᠳᠬᠣᠯᠠᠩ ᠪᠣᠯᠣᠨ ᠬᠣᠢᠲᠣ ᠭᠣᠸ᠋ᠯ ᠳ᠋ᠦ ᠪᠦᠷᠢᠮᠦᠰᠦᠨ ᠬᠦᠷᠢᠶᠡᠯᠡᠭᠲᠡᠭᠰᠡᠨ ᠣᠴᠢᠷ ᠡᠴᠡ ᠡᠨᠡ ᠬᠡᠰᠡᠭ ᠲᠠᠯ᠎ᠠ ᠭᠠᠵᠠᠷ ᠢ᠋ 《ᠪᠣᠷᠣᠲᠣᠬᠣᠶ ᠵᠢᠨ ᠲᠠᠯ᠎ᠠ ᠭᠠᠵᠠᠷ》 ᠭᠡᠵᠦ᠍ ᠨᠡᠷᠡᠢᠲᠦᠭᠰᠡᠨ ᠪᠠᠢᠳᠠᠭ᠃ ᠬᠣᠵᠢᠮ ᠨᠢ ᠤᠯᠠᠭᠠᠨᠪᠤᠬ᠎ᠠ ᠵᠢᠨ ᠡᠯᠡᠰᠦᠨ ᠴᠥᠯ ᠲᠠᠰᠤᠷᠠᠯᠲᠠ ᠥᠬᠡᠶ ᠵᠡᠭᠦᠨᠰᠢ ᠲᠦᠷᠢᠭᠰᠡᠨ ᠡᠴᠡ ᠬᠣᠢᠲᠤ ᠭᠣᠸ᠋ᠯ ᠤ᠋ᠨ ᠤᠷᠤᠰᠭᠠᠯ ᠤ᠋ᠨ ᠴᠢᠭᠯᠡᠯ ᠥᠭᠡᠷᠡᠴᠢᠯᠡᠭᠳᠡᠨ ᠡᠮᠦᠨᠡᠰᠢ ᠱᠢᠯᠵᠢᠵᠦ᠍᠂ ᠣᠲᠣ ᠵᠢᠨ ᠪᠣᠷᠣᠲᠣᠬᠣᠶ ᠵᠢᠨ ᠲᠠᠯ᠎ᠠ ᠭᠠᠵᠠᠷ ᠤ᠋ᠨ ᠡᠮᠦᠨᠡᠲᠦ ᠬᠡᠰᠡᠭ ᠲᠦ᠍ ᠬᠦᠷᠦᠭᠰᠡᠨ ᠪᠠᠢᠨ᠎ᠠ ᠃
《 ᠭᠠᠵᠠᠷ ᠵᠦᠶ ᠵᠢᠨ ᠡᠢᠮᠦᠷᠬᠦᠦ ᠪᠦᠲᠦᠴᠡ ᠲᠤᠢᠯ ᠤ᠋ᠨ ᠴᠦᠬᠡᠨ ᠬᠠᠷᠠᠬᠲᠠᠲᠠᠬ᠂ ᠡᠨᠡ ᠪᠣᠯ ᠶᠡᠬᠡ ᠪᠠᠢᠭᠠᠯᠢ ᠪᠣᠯᠤᠨ ᠬᠠᠲᠤᠨ ᠭᠣᠣᠯ ᠡᠴᠡ ᠪᠣᠷᠣᠲᠣᠬᠣᠶ ᠵᠢᠨ ᠲᠠᠯ᠎ᠠ ᠭᠠᠵᠠᠷ ᠲᠦ᠍ ᠰᠣᠶᠣᠷᠬᠠᠬᠰᠠᠨ ᠦᠯᠡᠮᠵᠢ ᠵᠢᠨ ᠬᠡᠱᠢᠭ ᠬᠦᠷᠲᠡᠭᠡᠯ ᠮᠥᠨ 》 ᠭᠡᠵᠦ᠍ ᠥᠪᠥᠷ ᠮᠣᠩᠭᠣᠯ ᠤ᠋ᠨ ᠪᠣᠷᠣᠲᠣᠬᠣᠢ ᠵᠢᠨ ᠤᠰᠤᠯᠠᠯᠲᠠ ᠵᠢᠨ ᠣᠷᠣᠨ ᠤ᠋ ᠤᠰᠤᠨ ᠠᠱᠢᠭ᠍ᠯᠠᠯᠲᠠ ᠵᠢᠨ ᠬᠥᠭ᠌ᠵᠢᠯᠲᠡ ᠵᠢᠨ ᠲᠥᠪ ᠤ᠋ᠨ ᠰᠣᠶᠣᠯ ᠤ᠋ᠨ ᠰᠠᠯᠠᠭᠠᠨ ᠤ᠋ ᠳᠠᠷᠤᠭ᠎ᠠ ᠵᠤᠤ ᡁᠢ ᠭᠠᠩ ᠬᠡᠯᠡᠨ᠎ᠠ᠃ ᠶᠠᠭ ᠢᠩᠬᠢᠵᠦ ᠪᠠᠢᠭᠠᠯᠢ ᠭᠠᠵᠠᠷ ᠵᠦᠢ ᠵᠢᠨ ᠬᠡᠰᠢᠭ ᠢ᠋ ᠬᠦᠷᠲᠡᠭᠰᠡᠨ ᠡᠴᠡ ᠪᠣᠷᠣᠲᠣᠬᠣᠢ ᠵᠢᠨ ᠲᠠᠯ᠎ᠠ ᠭᠠᠵᠠᠷ ᠦᠷᠨᠢᠨ ᠴᠡᠴᠡᠭᠯᠡᠵᠦ᠂ ᠥᠨᠥᠳᠦᠷ ᠤ᠋ᠨ 《ᠲᠡᠭᠷᠢ ᠵᠢᠨ ᠬᠡᠰᠢᠭᠲᠦ ᠪᠣᠷᠣᠲᠣᠬᠣᠢ》 ᠲᠦᠷᠦᠯ ᠲᠡᠮᠳᠡᠭ ᠤ᠋ᠨ ᠤᠬᠠᠭ᠍ᠳᠠᠬᠤᠨ ᠤ᠋ ᠢᠷᠡᠯᠲᠡ ᠪᠣᠯᠣᠬᠰᠠᠨ ᠪᠢᠯᠡ ᠃
《 ᠦᠩᠭᠡᠷᠡᠭᠰᠡᠨ ᠢ᠋ ᠡᠷᠬᠢᠴᠡᠬᠦᠯᠬᠦᠶ᠎ᠡ ᠂ ᠴᠢᠨ ᠣᠯᠣᠰ ᠬᠠᠨ ᠣᠯᠣᠰ ᠤ᠋ᠨ ᠦᠶ᠎ᠡ ᠳ᠋ᠦ ᠬᠢᠯᠢ ᠬᠢᠵᠠᠭᠠᠷ ᠢ᠋ ᠪᠡᠬᠢᠵᠢᠬᠦᠯᠦᠨ ᠣᠮᠠᠷᠠᠲᠣ ᠸᠸᠢ ᠣᠯᠣᠰ ᠤ᠋ᠨ ᠦᠶ᠎ᠡ ᠳ᠋ᠦ ᠠᠲᠠᠷ ᠬᠠᠭᠠᠯᠪᠣᠷᠢᠯᠠᠬᠰᠠᠨ ᠨᠢ ᠵᠦᠪᠬᠡᠨ ᠭᠠᠵᠠᠷ ᠤ᠋ᠨ ᠬᠡᠰᠢᠭ ᠲᠦ᠍ ᠢᠲᠡᠭᠡᠭᠰᠡᠨ ᠪᠣᠰᠣ; ᠲᠠᠩ ᠣᠯᠣᠰ ᠲᠠᠷᠢᠶᠠᠯᠠᠩ ᠢ᠋ ᠡᠷᠬᠢᠮᠯᠡᠨ ᠴᠢᠩ ᠣᠯᠣᠰ ᠤ᠋ᠨ ᠦᠶ᠎ᠡ ᠳ᠋ᠦ ᠣᠰᠣᠨ ᠰᠣᠪᠠᠬ ᠮᠠᠯᠲᠠᠵᠦ᠂ ᠬᠠᠲᠠᠭᠣᠵᠢᠯᠲᠠᠢ ᠬᠦᠲᠡᠯᠮᠦᠷᠢ ᠳ᠋ᠦ ᠲᠦᠰᠢᠭᠯᠡᠭᠰᠡᠨ ᠪᠣᠯᠠᠢ》᠃ ᠪᠠᠶᠠᠨᠨᠠᠭᠤᠷ ᠬᠣᠲᠠ ᠵᠢᠨ ᠯᠢᠨ ᠾᠸ ᠲᠣᠭᠣᠷᠢᠭ ᠲᠡᠬᠢ ᠬᠠᠲᠤᠨ ᠭᠣᠣᠯ ᠤ᠋ᠨ ᠤᠰᠤᠨ ᠠᠱᠢᠭ᠍ᠯᠠᠯᠲᠠ ᠵᠢᠨ ᠰᠣᠶᠣᠯ ᠤ᠋ᠨ ᠮᠦᠽᠧᠶ ᠳ᠋ᠤ ᠲᠠᠯᠬᠡᠭᠳᠡᠬᠦ ᠡᠨᠡ ᠬᠦ᠌ ᠮᠠᠭ᠍ᠲᠠᠭᠤ ᠨᠢ ᠪᠣᠷᠣᠲᠣᠬᠣᠶ ᠵᠢᠨ ᠤᠰᠤᠯᠠᠯᠲᠠ ᠵᠢᠨ ᠣᠷᠣᠨ ᠤ᠋ 2000 ᠭᠠᠷᠤᠶ ᠵᠢᠯ ᠤ᠋ᠨ ᠬᠦᠭᠵᠢᠯᠲᠡ ᠵᠢᠨ ᠲᠡᠦᠬᠡ ᠶ᠋ᠢ ᠠᠮᠢᠲᠣᠯᠢᠬ ᠵᠢᠷᠤᠭ᠍ᠯᠠᠵᠠᠶ ᠃
ᠡᠯ᠎ᠡ ᠲᠦᠷᠦ ᠵᠢᠨ ᠦᠶ᠎ᠡ ᠣᠨᠴᠠᠭᠠᠢᠯᠠᠨ ᠣᠷᠴᠢᠨ ᠦᠶ᠎ᠡ ᠡᠴᠡ ᠨᠠᠭᠠᠰᠢᠬᠢ ᠶᠡᠬᠡ ᠬᠡᠪᠴᠢᠶᠡᠨ ᠤ᠋ ᠨᠡᠭᠡᠭᠡᠨ ᠬᠥᠭ᠌ᠵᠢᠭᠦᠯᠦᠯᠲᠡ ᠪᠡᠷ ᠳᠠᠮᠵᠢᠨ ᠪᠣᠷᠣᠲᠣᠬᠣᠢ ᠣᠷᠣᠨ ᠨᠢ ᠠᠭᠠᠵᠢᠮ ᠶ᠋ᠢᠡᠷ ᠤᠰᠤᠨ ᠰᠤᠪᠠᠭ ᠰᠦᠯᠵᠢᠯᠳᠦᠨ᠂ ᠲᠠᠷᠢᠶᠠᠨ ᠭᠠᠵᠠᠷ ᠵᠠᠯᠭᠠᠯᠳᠤᠵᠤ᠂ ᠢᠯᠠᠮ᠎ᠠ ᠣᠯᠣᠰᠣ ᠪᠦᠷᠬᠦᠭᠰᠡᠨ ᠦᠩ ᠰᠢᠮᠡᠯᠢᠭ ᠭᠠᠵᠠᠷ ᠪᠣᠯᠵᠠᠢ᠃ ᠤᠳᠤ ᠪᠣᠷᠣᠲᠣᠬᠣᠢ ᠵᠢᠨ ᠤᠰᠤᠯᠠᠯᠲᠠ ᠵᠢᠨ ᠣᠷᠣᠨ ᠳ᠋ᠤ ᠡᠷᠲᠡᠨ ᠤ᠋ ᠤᠰᠤᠨ ᠠᠱᠢᠭ᠍ᠯᠠᠯᠲᠠ ᠵᠢᠨ ᠪᠠᠷᠢᠯᠭ᠎ᠠ ᠦᠯᠡᠲᠡᠵᠦ ᠬᠠᠳᠠᠭᠠᠯᠠᠭ᠍ᠳᠠᠬᠰᠠᠨ ᠨᠢ ᠴᠦᠭᠡᠨ ᠭᠡᠲᠡᠭ ᠪᠣᠯᠪᠠᠴᠤ᠌ ᠡᠯᠪᠡᠭ ᠪᠠᠶᠠᠯᠢᠬ ᠤᠰᠤ ᠵᠠᠰᠠᠬᠤ ᠮᠡᠷᠭᠡᠵᠢᠯ᠂ ᠤᠰᠤᠯᠠᠯᠲᠠ ᠵᠢᠨ ᠲᠤᠷᠱᠢᠯᠭ᠎ᠠ ᠪᠣᠯᠣᠨ ᠤᠰᠤᠨ ᠠᠱᠢᠭ᠍ᠯᠠᠯᠲᠠ ᠵᠢᠨ ᠲᠣᠬᠠᠢ ᠱᠢᠯᠦᠭ ᠳᠠᠭᠤᠯᠠᠯ᠂ ᠠᠷᠠᠳ ᠤ᠋ᠨ ᠦᠯᠢᠭᠡᠷ ᠵᠡᠷᠭᠡ ᠨᠢ ᠠᠮᠠ ᠲᠠᠮᠵᠢᠨ ᠣᠯᠠᠮᠵᠢᠯᠠᠬᠲᠠᠵᠦ᠂ ᠤᠰᠤᠨ ᠠᠱᠢᠭ᠍ᠯᠠᠯᠲᠠ ᠵᠢᠨ ᠰᠣᠶᠣᠯ ᠤ᠋ᠨ ᠦᠨᠡᠲᠦ ᠥᠪ ᠪᠣᠯᠤᠭ᠍ᠰᠠᠨ ᠪᠠᠢᠨ᠎ᠠ᠃
ᠣᠶᠤᠨ ᠰᠠᠨᠠᠭᠠᠨ ᠤ᠋ ᠡᠬᠢ ᠰᠤᠷᠪᠤᠯᠵᠢ ᠄ ᠬᠥᠨᠳᠡᠯᠡᠨ ᠭᠤᠯᠳᠤ ᠰᠦᠯᠵᠢᠯᠲᠦᠭᠰᠡᠨ ᠤᠰᠤᠨ ᠰᠤᠪᠠᠭ
ᠥᠨᠥᠳᠦᠷ ᠤ᠋ᠨ ᠪᠣᠷᠣᠲᠣᠬᠣᠢ ᠵᠢᠨ ᠤᠰᠤᠯᠠᠯᠲᠠ ᠵᠢᠨ ᠣᠷᠣᠨ ᠨᠢ ᠵᠡᠭᠦᠨᠰᠢ ᠪᠠᠷᠠᠭᠤᠨᠰᠢ 250 ᠺᠢᠯᠣᠮᠧᠲ᠋ᠷ ᠤᠷᠲᠤ᠂ ᠡᠮᠦᠨᠡᠰᠢ ᠤᠮᠠᠷᠠᠰᠢ ᠪᠠᠷᠤᠭ 50 ᠺᠢᠯᠣᠮᠧᠲ᠋ᠷ ᠥᠷᠭᠡᠨ ᠪᠠᠢᠵᠤ᠂ ᠳᠣᠯᠣᠳᠤᠭᠠᠷ ᠳᠡᠰ ᠤ᠋ᠨ ᠤᠰᠤ ᠵᠠᠯᠠᠬᠤ ᠰᠤᠪᠠᠭ (ᠭᠣᠣ) ᠨᠡᠢᠲᠡ 10.36 ᠲᠦᠮᠡᠨ ᠵᠤᠷᠪᠤᠰ᠂ ᠡᠯ᠎ᠡ ᠲᠥᠷᠥᠯ ᠤ᠋ᠨ ᠪᠠᠷᠢᠯᠭ᠎ᠠ ᠨᠡᠢᠳᠡ 18.35 ᠲᠦᠮᠡᠨ ᠰᠠᠭᠤᠷᠢ ᠪᠣᠢ᠃ ᠠᠭᠠᠯᠵᠢᠨ ᠲᠣᠣᠷ ᠮᠡᠲᠦ ᠬᠦᠨᠲᠡᠯᠡᠨ ᠭᠣᠯᠲᠣ ᠰᠦᠯᠵᠢᠯᠲᠦᠭᠰᠡᠨ ᠡᠳᠡᠭᠡᠷ ᠣᠰᠣᠨ ᠰᠤᠪᠠᠭ ᠢ᠋ ᠬᠣᠯᠪᠣᠪᠠᠯ ᠳᠡᠯᠡᠬᠡᠶ ᠵᠢᠨ ᠪᠦᠮᠪᠦᠷᠴᠡᠭ ᠤ᠋ᠨ ᠪᠦᠰᠡᠯᠡᠭᠦᠷ ᠢ᠋ ᠶᠠᠬ ᠪᠦᠲᠦᠨ ᠨᠢᠭᠡ ᠬᠠᠭᠠᠰ ᠲᠣᠭᠣᠷᠢᠭᠤᠯᠵᠤ ᠲᠠᠢᠯᠤᠨ᠎ᠠ᠃
ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ ᠤ᠋ ᠳᠠᠷᠠᠭ᠎ᠠ ᠂ ᠠᠯᠢ ᠣᠯᠠᠨ ᠲᠣᠮᠣ ᠬᠡᠪᠴᠢᠶᠡᠨ ᠤ᠋ ᠤᠰᠤᠨ ᠠᠱᠢᠭ᠍ᠯᠠᠯᠲᠠ ᠵᠢᠨ ᠢᠨᠵᠧᠨᠧᠷᠢᠩ ᠤ᠋ᠨ ᠪᠥᠲᠥᠭᠡᠨ ᠪᠠᠢᠭᠤᠯᠤᠯᠲᠠ ᠨᠢ ᠪᠣᠷᠣᠲᠣᠬᠣᠶ ᠵᠢᠨ ᠤᠰᠤᠯᠠᠯᠲᠠ ᠵᠢᠨ ᠣᠷᠣᠨ ᠳ᠋ᠤ ᠲᠩᠷᠢ ᠭᠠᠵᠠᠷ ᠢ᠋ ᠳᠣᠩᠰᠣᠯᠭᠠᠮ᠎ᠠ ᠯᠣᠲᠣ ᠶᠡᠬᠡ ᠬᠣᠪᠢᠷᠠᠯᠲᠠ ᠠᠪᠴᠢᠷᠠᠵᠦ᠂ ᠡᠨᠲᠡᠬᠢ ᠨᠢ ᠨᠡᠷ᠎ᠡ ᠨᠢᠳᠡᠷ ᠲᠡᠬᠡᠨ ᠨᠡᠢᠴᠡᠭ᠌ᠰᠡᠨ 《 ᠠᠮᠤ ᠪᠤᠳᠠᠭᠠᠨ ᠤ᠋ ᠰᠠᠭᠣᠷᠢᠨ》 ᠪᠣᠯᠤᠭ᠍ᠰᠠᠨ ᠵᠢᠡᠷ ᠪᠠᠷᠠᠬᠤ ᠥᠬᠡᠶ ᠪᠠᠰᠠ ᠤᠰᠤ ᠵᠠᠰᠠᠬᠤ ᠠᠭᠤᠸ᠋ ᠶᠡᠬᠡ ᠵᠣᠷᠢᠭ ᠰᠠᠨᠠᠭ᠎ᠠ ᠶ᠋ᠢ ᠣᠯᠠᠮᠵᠢᠯᠠᠨ ᠨᠢᠭ᠍ᠲᠠᠷᠠᠭᠤᠯᠵᠤ ᠂ ᠬᠠᠲᠤᠨ ᠭᠣᠸ᠋ᠯ ᠤ᠋ᠨ ᠭᠡᠷᠡᠯ ᠰᠠᠴᠣᠷᠠᠩᠭᠣᠢ ᠰᠣᠶᠣᠯ ᠳ᠋ᠤ ᠱᠢᠨ᠎ᠡ ᠣᠶᠤᠨ ᠰᠠᠨᠠᠭᠠᠨ ᠤ᠋ ᠴᠥᠮ᠎ᠡ ᠨᠡᠮᠡᠷᠢᠯᠡᠵᠠᠢ ᠃
ᠠᠣᠭ᠎ᠠ ᠶᠡᠬᠡ ᠢᠨᠵᠧᠨᠧᠷᠢᠩ ᠢ᠋ ᠬᠡᠳᠦᠨ ᠦᠶ᠎ᠡ ᠵᠢᠨ ᠬᠥᠮᠦᠰ ᠤ᠋ᠨ ᠰᠢᠷᠭᠠᠭᠤ ᠬᠦᠲᠡᠯᠮᠦᠷᠢ᠂ ᠬᠡᠳᠦᠨ ᠠᠷᠪᠠᠨ ᠵᠢᠯ ᠤ᠋ᠨ ᠬᠠᠳᠠᠭᠤ ᠲᠡᠮᠡᠴᠡᠯ ᠶ᠋ᠢᠡᠷ ᠪᠦᠲᠦᠭᠡᠭᠰᠡᠨ ᠶᠤᠮ᠃ ᠰᠠᠨ ᠱᠧᠩ ᠬᠦᠩ ᠤ᠋ᠨ ᠤᠰᠤᠨ ᠠᠱᠢᠭ᠍ᠯᠠᠯᠲᠠ ᠵᠢᠨ ᠬᠦᠢᠰᠦ ᠪᠠᠷᠢᠯᠭ᠎ᠠ ᠪᠣᠯᠤᠨ ᠶᠡᠷᠦᠩᠬᠡᠢ ᠭᠣᠣᠯ ᠰᠤᠪᠠᠭ ᠤ᠋ᠨ ᠢᠨᠵᠧᠨᠧᠷᠢᠩ ᠳᠤ ᠬᠡᠳᠦᠨ ᠲᠦᠮᠡᠨ ᠬᠥᠮᠦᠨ ᠣᠷᠣᠯᠴᠠᠵᠦ᠂ ᠪᠦᠬᠦ᠌ ᠣᠷᠳᠣ ᠨᠢ 248 ᠺᠢᠯᠣᠮᠧᠲ᠋ᠷ ᠪᠣᠯᠬᠣ ᠭᠣᠣ ᠰᠣᠪᠠᠬ ᠮᠠᠯᠲᠠᠵᠦ᠂ 15 ᠲᠦᠮᠡᠨ ᠬᠥᠮᠦᠨ ᠡᠳᠦᠷ ᠰᠥᠨᠢ ᠦᠭᠡᠶ ᠶᠠᠭᠠᠷᠠᠯᠲᠠᠢ ᠠᠵᠢᠯᠯᠠᠵᠠᠢ᠃ ᠦᠷᠭᠡᠵᠢᠬᠦᠯᠦᠨ ᠮᠠᠯᠲᠠᠬᠰᠠᠨ ᠭᠣᠸ᠋ ᠰᠤᠪᠠᠬ ᠤ᠋ᠨ ᠪᠦᠲᠦᠭᠡᠨ ᠪᠠᠢᠭᠣᠯᠣᠯᠲᠠ ᠳ᠋ᠦ ᠴᠤᠬᠤᠮ ᠬᠡᠳᠦᠶ ᠬᠥᠮᠦᠨ ᠣᠷᠣᠯᠴᠠᠵᠤ᠂ ᠬᠡᠴᠢᠨᠡᠨ ᠬᠥᠯᠥᠰᠥ ᠬᠦᠲᠡᠯᠮᠦᠷᠢ ᠵᠠᠷᠣᠴᠠᠭᠣᠯᠣᠬᠰᠠᠨ ᠢ᠋ ᠨᠡᠩ ᠪᠦᠷᠢᠳᠭᠡᠬᠦ ᠵᠢᠨ ᠠᠷᠭ᠎ᠠ ᠥᠬᠡᠶ ᠪᠢᠯᠡ ᠃
1967 ᠣᠨ ᠤ᠋ ᠵᠤᠨ ᠂ 10 ᠵᠢᠯ ᠤ᠋ᠨ ᠬᠠᠲᠠᠭᠤᠵᠢᠯᠲᠠᠶ ᠪᠦᠳᠦᠭᠡᠨ ᠪᠠᠢᠭᠤᠯᠤᠯᠲᠠ ᠪᠠᠷ ᠳᠠᠮᠵᠢᠭᠠᠳ ᠰᠠᠨ ᠱᠧᠩ ᠬᠦᠩ ᠤ᠋ᠨ ᠤᠰᠤᠨ ᠠᠱᠢᠭ᠍ᠯᠠᠯᠲᠠ ᠵᠢᠨ ᠬᠦᠢᠰᠦ ᠪᠠᠷᠢᠯᠭ᠎ᠠ ᠂ ᠶᠡᠷᠦᠩᠬᠡᠶ ᠭᠣᠣᠯ ᠰᠤᠪᠠᠭ ᠤ᠋ᠨ ᠢᠨᠵᠸᠨ᠋ᠸᠷᠢᠩ ᠪᠣᠯᠣᠨ ᠤᠰᠤ ᠵᠠᠯᠠᠬᠤ ᠬᠦᠢᠰᠦ ᠢᠨᠵᠧᠨᠧᠷᠢᠩ ᠵᠡᠷᠭᠡ ᠶ᠋ᠢ ᠪᠠᠭ᠍ᠲᠠᠭᠠᠭ᠍ᠰᠠᠨ ᠤᠰᠤ ᠲᠠᠲᠠᠬᠤ ᠢᠨᠵᠧᠨᠧᠷᠢᠩ ᠤ᠋ᠨ ᠱᠢᠰᠲ᠋ᠧᠮ ᠤ᠋ᠨ ᠪᠦᠳᠦᠭᠡᠨ ᠪᠠᠢᠭᠤᠯᠤᠯᠲᠠ ᠵᠢᠨ ᠠᠵᠢᠯ ᠲᠠᠭᠣᠰᠴᠠᠢ᠃ ᠲᠤᠬᠠᠶ ᠵᠢᠨ ᠭᠠᠵᠠᠷ ᠤ᠋ᠨ ᠠᠷᠠᠳ ᠣᠯᠠᠨ ᠡᠬᠦᠨ ᠢ᠋ 《ᠬᠣᠶᠠᠳᠤᠭᠠᠷ ᠬᠠᠲᠤᠨ ᠭᠣᠣᠯ 》 ᠭᠡᠵᠦ᠍ ᠳᠠᠭᠤᠳᠠᠳᠠᠭ᠃ 《 ᠬᠣᠶᠠᠲᠤᠭᠠᠷ ᠬᠠᠲᠤᠨ ᠭᠣᠸ᠋ᠯ 》 ᠤ᠋ᠨ ᠢᠨᠵᠧᠨᠧᠷᠢᠩ ᠵᠢᠡᠷ ᠲᠥᠯᠥᠭᠡᠯᠡᠭᠦᠯᠦᠭ᠌ᠰᠡᠨ ᠪᠣᠷᠣᠲᠣᠬᠣᠶ ᠵᠢᠨ ᠤᠰᠤᠯᠠᠯᠲᠠ ᠵᠢᠨ ᠣᠷᠣᠨ ᠤ᠋ ᠪᠥᠲᠥᠭᠡᠨ ᠪᠠᠢᠭᠤᠯᠤᠯᠲᠠ ᠳ᠋ᠤ ᠦᠯᠡᠮᠵᠢ ᠣᠯᠠᠨ ᠮᠠᠭ᠍ᠲᠠᠨ ᠳᠠᠭᠤᠯᠠᠭᠤᠱᠢᠲᠠᠶ ᠪᠠᠭᠠᠲᠣᠳ ᠴᠣᠯᠭᠣᠷᠠᠨ ᠭᠠᠷᠴᠤ᠌ ᠂ ᠬᠦᠴᠢᠷ ᠡᠴᠡ ᠠᠶᠤᠬᠤ ᠥᠬᠡᠶ᠂ ᠭᠣᠶᠠᠴᠢ ᠥᠬᠡᠶ ᠵᠢᠳᠬᠦᠨ᠂ ᠡᠷᠡᠯᠬᠡᠭ᠌ᠯᠡᠨ ᠤᠷᠤᠭ᠍ᠰᠢᠯᠠᠵᠤ ᠦᠶ᠋ᠯᠡᠰ ᠪᠣᠰᠬᠠᠬᠣ ᠵᠣᠷᠢᠭ ᠰᠠᠨᠠᠭ᠎ᠠ ᠶ᠋ᠢ ᠬᠠᠷᠠᠭᠤᠯᠤᠭᠰᠠᠨ ᠪᠠᠢᠨ᠎ᠠ᠃
ᠲᠡᠦᠬᠡ ᠵᠢᠨ ᠲᠠᠭᠠᠮᠠᠬ ᠄ ᠬᠡᠷᠪᠡ ᠪᠣᠷᠣᠲᠣᠬᠣᠢ ᠵᠢᠨ ᠤᠰᠤᠯᠠᠯᠲᠠ ᠵᠢᠨ ᠣᠷᠣᠨ ᠪᠠᠢᠬᠰᠠᠨ ᠦᠭᠡᠢ ᠪᠣᠯ
ᠣᠷᠣᠰᠬᠠᠯ ᠰᠤᠪᠠᠭ ᠰᠦᠯᠵᠢᠯᠲᠦᠭᠰᠡᠨ ᠪᠣᠷᠣᠲᠣᠬᠣᠢ ᠵᠢᠨ ᠤᠰᠤᠯᠠᠯᠲᠠ ᠵᠢᠨ ᠣᠷᠣᠨ ᠵᠢᠡᠷ ᠠᠶᠠᠯᠠᠨ ᠵᠣᠭᠠᠯᠠᠬᠣ ᠳ᠋ᠤ ᠤᠢ ᠮᠣᠳᠣ ᠬᠥᠬᠡᠷᠡᠨ ᠂ ᠥᠩ ᠱᠢᠮᠡᠯᠢᠭ ᠲᠠᠷᠢᠶ᠎ᠠ ᠬᠠᠯᠢᠭᠣᠷᠠᠵᠤ᠂ ᠣᠰᠣᠨ ᠤ᠋ ᠰᠢᠪᠠᠭᠣᠳ ᠡᠷᠬᠢᠯᠲᠦᠨᠡ ᠃ ᠬᠠᠷᠠᠭ᠎ᠠ ᠪᠠᠶᠠᠰᠬᠠᠮ᠎ᠠ ᠡᠨᠡ ᠬᠦ᠌ ᠦᠵᠡᠮᠵᠢ ᠳ᠋ᠦ ᠰᠣᠬᠲᠣᠭᠣᠷᠠᠬᠣ ᠵᠢᠨ ᠣᠯᠠᠮ ᠶ᠋ᠢᠡᠷ ᠬᠡᠷᠪᠡ ᠪᠣᠷᠣᠲᠣᠬᠣᠢ ᠵᠢᠨ ᠤᠰᠤᠯᠠᠯᠲᠠ ᠵᠢᠨ ᠣᠷᠣᠨ ᠪᠠᠢᠬᠰᠠᠨ ᠦᠭᠡᠢ ᠪᠣᠯ ᠶᠠᠮᠠᠷ ᠪᠣᠯᠬᠣ ᠪᠣᠯ ᠭᠡᠰᠡᠨ ᠲᠠᠭᠠᠮᠠᠬ ᠡᠷᠬᠡ ᠦᠭᠡᠢ ᠣᠷᠭᠣᠬᠣ ᠶᠣᠮ᠃
ᠬᠡᠷᠪᠡ ᠪᠣᠷᠣᠲᠣᠬᠣᠢ ᠵᠢᠨ ᠤᠰᠤᠯᠠᠯᠲᠠ ᠵᠢᠨ ᠣᠷᠣᠨ ᠪᠠᠢᠬᠰᠠᠨ ᠦᠭᠡᠢ ᠪᠣᠯ ᠡᠨᠡ ᠬᠡᠰᠡᠭ ᠤ᠋ᠨ ᠬᠠᠲᠤᠨ ᠭᠣᠣᠯ ᠠᠮᠣᠭᠣᠯᠠᠩ ᠲᠠᠢᠪᠤᠩ ᠪᠠᠢᠵᠦ ᠴᠢᠳᠠᠬᠤ ᠦᠭᠡᠢ᠃ ᠬᠡᠷᠪᠡ ᠬᠠᠲᠤᠨ ᠭᠣᠣᠯ ᠤ᠋ᠨ ᠤᠰᠤᠯᠠᠯᠲᠠ ᠵᠢᠨ ᠣᠷᠣᠨ ᠪᠠᠢᠭ᠍ᠰᠠᠨ ᠦᠭᠡᠢ ᠪᠣᠯ ᠦᠨᠢᠷ ᠪᠠᠶᠠᠯᠢᠬ 《 ᠠᠷᠤ ᠭᠠᠵᠠᠷ ᠤ᠋ᠨ ᠠᠮᠤ ᠵᠢᠨ ᠰᠠᠩ 》 ᠢ᠋ ᠦᠬᠦᠯᠡᠵᠦ ᠲᠣᠷᠠᠳᠬᠣ ᠵᠢᠨ ᠠᠷᠭ᠎ᠠ ᠦᠭᠡᠢ᠃ ᠬᠡᠷᠪᠡ ᠪᠣᠷᠣᠲᠣᠬᠣᠢ ᠵᠢᠨ ᠤᠰᠤᠯᠠᠯᠲᠠ ᠵᠢᠨ ᠣᠷᠣᠨ ᠪᠠᠢᠬᠰᠠᠨ ᠦᠭᠡᠢ ᠪᠣᠯ ᠡᠯᠡᠰᠦᠨ ᠴᠦᠯ ᠤ᠋ᠨ ᠪᠠᠶᠠᠨ ᠪᠦᠷᠢᠳᠦ ᠭᠡᠵᠦ ᠡᠷᠢᠭᠡᠳ ᠣᠯᠲᠠᠬᠣ ᠦᠭᠡᠢ ᠶᠤᠮ ᠁
ᠲᠡᠦᠬᠡᠨ ᠳ᠋ᠦ ᠲᠦᠰᠦᠭᠡᠯᠡᠯ ᠲᠠᠭᠠᠮᠠᠬ ᠭᠡᠮᠠᠨ ᠠᠯᠠᠭ᠎ᠠ᠃ ᠬᠡᠳᠦᠨ ᠮᠢᠩᠭᠠᠨ ᠵᠢᠯ ᠤ᠋ᠨ ᠲᠤᠷᠰᠢ᠂ ᠪᠣᠷᠣᠲᠣᠬᠣᠢ ᠵᠢᠨ ᠠᠷᠠᠳ ᠲᠦᠮᠡᠨ ᠤᠰᠤᠨ ᠠᠱᠢᠭ᠍ᠯᠠᠯᠲᠠ ᠵᠢᠨ ᠨᠡᠭᠡᠭᠡᠨ ᠬᠦᠭᠵᠢᠬᠦᠯᠦᠯᠲᠡ ᠪᠠᠷ ᠳᠠᠮᠵᠢᠨ ᠦᠪᠡᠷ ᠤ᠋ᠨ ᠠᠷᠢᠭᠣᠨ ᠬᠥᠯᠥᠰᠥ᠍ ᠂ ᠤᠶᠤᠨ ᠤᠬᠠᠭᠠᠨ ᠵᠢᠡᠷ ᠵᠢᠡᠨ ᠲᠡᠦᠬᠡ ᠵᠢᠨ ᠭᠠᠢᠬᠠᠮᠱᠢᠭ ᠢ᠋ ᠡᠭᠦᠳᠴᠡᠢ᠃ ᠪᠣᠷᠣᠲᠣᠬᠣᠶ ᠣᠷᠣᠨ ᠤ᠋ 2000 ᠭᠠᠷᠤᠶ ᠵᠢᠯ ᠤ᠋ᠨ ᠬᠥᠭ᠌ᠵᠢᠯᠲᠡ ᠵᠢᠨ ᠲᠡᠦᠬᠡ ᠪᠣᠯ ᠬᠠᠯᠬᠢᠯᠠᠨ ᠣᠷᠣᠰᠬᠣ ᠬᠠᠲᠤᠨ ᠭᠣᠣᠯ ᠡᠴᠡ ᠰᠠᠯᠪᠣᠷᠢᠯᠠᠬᠰᠠᠨ ᠤᠰᠤᠨ ᠠᠱᠢᠭ᠍ᠯᠠᠯᠲᠠ ᠵᠢᠨ ᠨᠡᠭᠡᠭᠡᠨ ᠬᠥᠭ᠌ᠵᠢᠭᠦᠯᠦᠯᠲᠡ ᠵᠢᠨ ᠲᠡᠦᠬᠡ ᠪᠣᠯᠬᠤ ᠪᠥᠭᠡᠳ ᠪᠠᠰᠠ ᠴᠤ᠌ ᠤᠰᠤᠨ ᠠᠱᠢᠭ᠍ᠯᠠᠯᠲᠠ ᠵᠢᠨ ᠢᠨᠵᠧᠨᠧᠷᠢᠩ ᠤ᠋ᠨ ᠪᠦᠲᠦᠭᠡᠨ ᠪᠠᠢᠭᠤᠯᠤᠯᠲᠠᠶ᠋ᠢ ᠳᠠᠭᠠᠯᠳᠤᠨ ᠶᠠᠨᠲᠠᠰᠢ ᠦᠭᠡᠢ ᠦᠷᠭᠦᠯᠵᠢᠯᠡᠭ᠌ᠰᠡᠨ ᠰᠣᠶᠣᠯ ᠤ᠋ᠨ ᠲᠡᠦᠬᠡ ᠪᠣᠯᠬᠤ ᠶᠤᠮ ᠃
ᠥᠨᠥᠳᠦᠷ ᠪᠣᠷᠣᠲᠣᠬᠣᠢ ᠵᠢᠨ ᠤᠰᠤᠯᠠᠯᠲᠠ ᠵᠢᠨ ᠣᠷᠣᠨ ᠨᠢᠭᠡᠨᠲᠡ ᠮᠡᠳᠡᠭᠡ ᠵᠠᠩᠭᠢᠵᠢᠯᠲᠠ᠂ ᠤᠶᠤᠨᠵᠢᠯᠲᠠ ᠵᠢᠨ ᠵᠠᠮ ᠳ᠋ᠤ ᠤᠷᠤᠵᠤ᠂ ᠣᠳᠣᠬᠢᠴᠢᠯᠠᠯᠲᠠ ᠨᠢ ᠪᠣᠷᠣᠲᠣᠬᠣᠢ ᠵᠢᠨ ᠤᠰᠤᠯᠠᠯᠲᠠ ᠵᠢᠨ ᠣᠷᠣᠨ ᠤ᠋ ᠢᠷᠡᠭᠡᠳᠦᠢ ᠮᠦᠷᠲᠡᠭᠡᠨ ᠡᠬᠦᠷᠭᠡ ᠪᠣᠯᠣᠬᠰᠠᠨ ᠪᠠᠢᠨ᠎ᠠ᠃
ᠣᠨ ᠵᠢᠯ ᠤ᠋ᠨ ᠲᠡᠷᠲᠡᠭᠡ ᠡᠴᠡ ᠦᠷᠬᠡᠨ ᠭᠣᠣᠯ ᠦᠶᠡᠯᠵᠡᠨ ᠲᠣᠯᠬᠢᠶᠠᠯᠠᠨᠠ᠃ ᠬᠥᠮᠦᠨ ᠪᠠᠢᠭᠠᠯᠢ ᠡᠶ᠎ᠡ ᠵᠣᠬᠢᠴᠠᠩᠭᠤᠢᠪᠠᠷ ᠣᠷᠣᠱᠢᠬᠰᠠᠨ ᠦᠯᠢᠬᠡᠷ ᠵᠢᠱ᠌ᠢᠢᠡ ᠪᠣᠯᠤᠭ᠍ᠰᠠᠨ ᠤ᠋ ᠬᠤᠪᠢ ᠳ᠋ᠤ ᠪᠣᠷᠣᠲᠣᠬᠣᠢ ᠵᠢᠨ ᠤᠰᠤᠯᠠᠯᠲᠠ ᠵᠢᠨ ᠣᠷᠣᠨ ᠤ᠋ ᠢᠷᠡᠭᠡᠳᠦᠢ ᠳ᠋ᠤ ᠡᠷᠬᠦᠭᠰᠡᠨ ᠬᠣᠪᠣᠷ ᠨᠠᠨᠳᠢᠨ ᠡᠳ᠋ ᠬᠦᠷᠦᠩᠭᠡ ᠵᠢᠨ ᠲᠤᠳᠤᠷ᠎ᠠ ᠡᠳ᠋ ᠦᠯᠦᠭ ᠤ᠋ᠨ ᠪᠠ ᠤᠶᠤᠨ ᠰᠠᠨᠠᠭᠠᠨ ᠤ᠋ ᠬᠦᠷᠦᠩᠭᠡ ᠭᠡᠵᠦ ᠪᠢᠰᠢᠬᠦᠢ ᠣᠯᠠᠨ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃