ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2024-03-18 09:52:31

ᠵᠣᠬᠢᠶᠠᠭ᠍ᠴᠢ᠄ ᠼᠠᠢ ᠳ᠋ᠦᠩ ᠮᠧᠶ ᠣᠩᠱᠢᠭ᠍ᠰᠠᠨ ᠣᠳᠠᠭ᠎ᠠ᠄ 3

ᠪᠤᠭᠤᠲᠤ ᠬᠣᠲᠠ᠎ᠶ᠋ᠢᠨ ᠭᠦᠶᠡᠩ ᠱᠢᠶᠠᠨ᠎ᠤ ᠱᠢᠶᠠ ᠱ᠌ᠢ ᠬᠤᠤ ᠪᠠᠯᠭᠠᠰᠤᠨ᠎ᠤ ᠨᠠᠷᠢᠨ ᠲᠤᠪᠤ ᠲᠣᠰᠭᠣᠨ᠎ᠤ ᠵᠡᠭᠦᠨ ᠡᠮᠦᠨ᠎ᠡ 10 ᠺᠢᠯᠣᠮᠧᠲ᠋ᠷ ᠣᠷᠴᠢᠮ᠎ᠤᠨ ᠠᠭᠤᠯᠠᠨ ᠭᠤᠤ᠎ᠳᠤ᠂ ᠨᠢᠭᠡᠨ ᠡᠪᠡᠰᠦ ᠮᠣᠳᠣᠨ᠎ᠳᠦ ᠬᠦᠷᠢᠶᠡᠯᠡᠭ᠌ᠳᠡᠭ᠌ᠰᠡᠨ ᠭᠤᠤᠯ᠎ᠤᠨ ᠭᠤᠤ᠎ᠲᠠᠶ ᠣᠢᠷᠠᠯᠴᠠᠭ᠎ᠠ ᠵᠢᠵᠢᠭ ᠠᠭᠤᠯᠠᠨ ᠲᠣᠰᠭᠣᠨ ᠪᠠᠢᠳᠠᠭ᠃ ᠦᠵᠡᠬᠦ᠌᠎ᠳᠦ ᠶᠠᠯᠢᠮ ᠥᠬᠡᠶ ᠡᠨᠡ ᠬᠦ᠌ ᠵᠢᠵᠢᠭ ᠲᠣᠰᠭᠣᠨ ᠪᠣᠯ ᠶᠠᠫᠣᠨ᠎ᠢ ᠡᠰᠡᠷᠭᠦᠴᠡᠬᠦ᠌ ᠳᠠᠢᠨ᠎ᠤ ᠦᠶ᠎ᠠ᠎ᠳᠤ ᠨᠠᠶ᠋ᠮᠠᠳᠤᠭᠠᠷ ᠵᠠᠮ᠎ᠤᠨ ᠴᠡᠷᠢᠭ ᠤ᠋ᠨ ᠳᠠᠯᠠᠨ ᠬᠠᠷ᠎ᠠ ᠠᠭᠤᠯᠠᠨ᠎ᠤ ᠫᠠᠷᠲ᠋ᠢᠽᠠᠨ ᠠᠩᠭᠢ᠎ᠳᠤ ᠲᠣᠪᠣᠢᠮ᠎ᠠ ᠬᠤᠪᠢ ᠨᠡᠮᠡᠷᠢ ᠦᠵᠡᠭᠦᠯᠦᠭ᠌ᠰᠡᠨ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ — ᠯᠢ ᠡᠯ ᠭᠸᠦ ᠪᠤᠯᠤᠨ᠎ᠠ᠃ ᠭᠦᠶᠡᠩ ᠱᠢᠶᠠᠨ᠎ᠤ ᠨᠠᠮ᠎ᠤᠨ ᠬᠤᠷᠢᠶ᠎ᠠ ᠵᠢᠨ ᠤᠬᠠᠭᠤᠯᠬᠤ ᠬᠡᠯᠲᠡᠰ᠎ᠦᠨ ᠨᠥᠬᠥᠷ ᠰᠤᠷᠪᠤᠯᠵᠢᠯᠠᠭ᠍ᠴᠢ᠎ᠳᠤ᠂ ᠨᠠᠶ᠋ᠮᠠᠳᠤᠭᠠᠷ ᠵᠠᠮ᠎ᠤᠨ ᠴᠡᠷᠢᠭ᠎ᠦᠨ ᠪᠠᠢᠯᠳᠤᠭᠠᠨ᠎ᠤ ᠭᠠᠵᠠᠷ᠎ᠤᠨ ᠡᠮᠨᠡᠯᠭᠡ᠎ᠶ᠋ᠢᠨ ᠬᠣᠷᠢᠶ᠎ᠠ ᠵᠢᠨ ᠬᠠᠭᠤᠴᠢᠨ ᠪᠠᠭᠤᠷᠢ ᠡᠨᠳᠡ ᠪᠠᠢᠨ᠎ᠠ ᠬᠡᠵᠠᠢ᠃

ᠲᠡᠦᠬᠡᠨ ᠮᠠᠲ᠋ᠧᠷᠢᠶᠠᠯ᠎ᠤᠨ ᠲᠡᠮᠳᠡᠭ᠌ᠯᠡᠯ᠎ᠢ ᠦᠨᠳᠦᠰᠦᠯᠡᠪᠡᠯ᠂ ᠯᠢ ᠡᠯ ᠭᠧᠤ ᠲᠣᠰᠭᠣᠨ ᠪᠣᠯ ᠴᠢᠩ ᠤᠯᠤᠰ᠎ᠤᠨ ᠰᠡᠭᠦᠯᠴᠢ᠎ᠶ᠋ᠢᠨ ᠦᠶ᠎ᠡ᠎ᠳᠦ ᠪᠠᠢᠭᠤᠯᠤᠭ᠍ᠲᠠᠭᠰᠠᠨ ᠶᠤᠮ᠂ ᠬᠠᠮᠤᠭ᠎ᠤᠨ ᠡᠷᠲᠡ ᠳ᠋ᠡᠬᠡᠨ ᠯᠢ ᠡᠯ ᠭᠡᠳᠡᠭ ᠱᠠᠨ ᠰᠢ᠎ᠶ᠋ᠢᠨ ᠨᠢᠬᠡ ᠬᠥᠮᠦᠨ ᠤᠷᠢᠳ᠎ᠢᠶᠡᠷ ᠡᠨᠳᠡ ᠢᠷᠡᠭᠰᠠᠨ ᠪᠠᠢᠵᠠᠢ᠃ ᠭᠠᠴᠢᠭ ᠡᠴᠠ ᠵᠠᠢᠯᠠᠬᠤ᠂ ᠠᠶᠤᠯ ᠡᠴᠠ ᠵᠠᠢᠯᠠᠬᠤ ᠬᠦᠮᠤᠰ ᠵᠠᠯᠭᠠᠭ᠎ᠠ ᠪᠠᠷ ᠬᠦᠷᠴᠤ ᠢᠷᠠᠬᠦ᠎ᠶᠢ ᠲᠠᠭᠠᠯᠲᠤᠨ᠂ ᠲᠤᠰ ᠲᠣᠰᠭᠣᠨ᠎ᠤ ᠬᠥᠮᠦᠨ ᠠᠮᠠ ᠠᠭᠠᠵᠢᠮ᠎ᠢᠶᠠᠷ 20 ᠭᠠᠷᠤᠶ ᠡᠷᠦᠬᠡ᠂ 100 ᠭᠠᠷᠤᠶ ᠬᠥᠮᠦᠨ ᠪᠣᠯᠪᠠ᠃

1937 ᠣᠨ᠎ᠤ 7 ᠰᠠᠷ᠎ᠠ᠎ᠶ᠋ᠢᠨ 《ᠯᠦ᠍ ᠭᠧᠤ ᠴᠢᠶᠣᠤ ᠬᠦᠬᠦᠷᠬᠡ᠎ᠶ᠋ᠢᠨ ᠬᠡᠷᠡᠭ ᠬᠤᠪᠢᠰᠤᠯ》 ᠤ᠋ᠨ ᠳᠠᠷᠠᠭ᠎ᠠ᠂ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ ᠶᠠᠫᠣᠨ ᠴᠡᠷᠢᠭ ᠤᠳᠠᠯ ᠦᠭᠡᠢ ᠤᠮᠠᠷᠠᠲᠤ ᠣᠷᠣᠨ᠎ᠳᠤ ᠭᠦᠨᠵᠡᠭᠡᠢᠷᠡᠨ ᠰᠦᠢᠶᠤᠸᠠᠨ᠎ᠤ ᠶᠡᠬᠡᠩᠬᠢ ᠬᠡᠰᠡᠭ᠎ᠢ ᠡᠵᠡᠯᠡᠵᠠᠢ᠃ ᠯᠢ ᠡᠯ ᠭᠸᠦ ᠵᠢᠨ ᠪᠠᠢᠭ᠎ᠠ ᠲᠠᠯᠠᠨ ᠬᠠᠷ᠎ᠠ ᠠᠭᠤᠯᠠᠨ᠎ᠦ ᠣᠷᠣᠨ ᠨᠢ ᠣᠨᠴᠠᠭᠠᠢ ᠭᠠᠵᠠᠷ ᠵᠦᠢ᠎ᠶ᠋ᠢᠨ ᠣᠷᠴᠢᠨ ᠲᠣᠭᠣᠷᠢᠨ ᠪᠣᠯᠤᠨ ᠶᠡᠬᠡ ᠬᠡᠮᠵᠢᠶᠡᠨ᠎ᠦ ᠪᠠᠯᠠᠷ ᠤᠢ᠎ᠪᠠᠷ ᠬᠠᠯᠬᠠᠪᠴᠢ ᠪᠣᠯᠭᠠᠭ᠍ᠰᠠᠨ᠎ᠠᠴᠠ ᠶᠠᠫᠣᠨ ᠴᠡᠷᠢᠭ ᠬᠠᠭᠤᠷᠮᠠᠭ ᠴᠡᠷᠢᠭ᠎ᠦᠨ ᠱᠦᠭᠦᠷᠳᠡᠯᠲᠡ ᠬᠢᠬᠦ᠌ ᠬᠠᠷᠠᠯᠲᠠ ᠪᠤᠯᠵᠦ ᠠᠷᠠᠳ ᠢᠷᠭᠡᠳ ᠲᠤᠢᠯ᠎ᠤᠨ ᠶᠠᠬᠡ ᠵᠣᠪᠠᠭᠤᠷᠢ ᠵᠦᠳᠡᠭᠦᠷᠢ᠎ᠲᠡᠶ ᠪᠠᠢᠵᠠᠢ᠃

1938 ᠣᠨ᠎ᠤ ᠨᠠᠮᠤᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭ᠍ᠰᠠᠨ ᠨᠠᠢ᠍ᠮᠠᠳᠤᠭᠠᠷ ᠵᠠᠮ᠎ᠤᠨ ᠴᠡᠷᠢᠭ᠎ᠦᠨ ᠲᠠᠯᠠᠨ ᠬᠠᠷ᠎ᠠ ᠠᠭᠤᠯᠠ᠎ᠶ᠋ᠢᠨ ᠫᠠᠷᠲ᠋ᠢᠽᠠᠨ ᠰᠠᠯᠪᠤᠷᠢ ᠠᠩᠬᠢ ᠱᠠᠨ ᠰᠢ᠎ᠶ᠋ᠢᠨ ᠬᠣᠢᠲᠤ ᠬᠡᠰᠡᠭ᠎ᠡᠴᠡ ᠮᠣᠷᠳᠠᠭ᠍ᠰᠠᠨ᠎ᠤ ᠲᠠᠷᠠᠭ᠎ᠠ᠂ ᠶᠠᠫᠣᠨ ᠴᠡᠷᠢᠭ ᠬᠠᠭᠤᠷᠮᠠᠭ ᠴᠡᠷᠢᠭ᠎ᠦᠨ ᠳᠠᠪᠬᠤᠷ ᠳᠠᠪᠬᠤᠷ ᠬᠠᠷᠰᠢ ᠰᠠᠭᠠᠳ᠎ᠢ ᠳᠠᠪᠠᠵᠤ᠂ ᠨᠢᠭᠡ ᠵᠠᠮ ᠠᠶᠠᠯᠠᠨ ᠪᠠᠢᠯᠳᠤᠵᠤ ᠲᠠᠯᠠᠨ ᠬᠠᠷ᠎ᠠ ᠠᠭᠤᠯᠠᠨ᠎ᠳᠤ ᠬᠦᠷᠪᠡ᠃ ᠯᠢ ᠡᠯ ᠭᠸᠦ ᠵᠢᠨ ᠪᠠᠢᠭ᠎ᠠ ᠭᠠᠵᠠᠷ ᠤᠷᠤᠨ ᠨᠢ ᠠᠭᠤᠯᠠ ᠦᠨᠳᠦᠷ ᠭᠤᠤ ᠭᠦᠨ᠂ ᠭᠠᠵᠠᠷ᠎ᠤᠨ ᠪᠠᠢᠴᠠ ᠨᠢ ᠨᠢᠭᠤᠴᠠ᠂ ᠲᠠᠭᠠᠷᠢᠵᠦ᠍ ᠪᠣᠯᠬᠤ ᠤᠬᠤᠷᠢᠵᠤ ᠪᠣᠯᠬᠤ ᠰᠠᠬᠢᠵᠤ ᠪᠣᠯᠬᠤ ᠨᠥᠬᠥᠴᠡᠯ ᠨᠡᠯᠢᠶᠡᠳ ᠰᠠᠢ᠌ᠨ ᠪᠣᠯᠬᠣᠷ ᠮᠠᠰᠢ ᠲᠦᠷᠭᠡᠨ᠎ᠢᠶᠡᠷ ᠯᠢ ᠵᠢᠩ ᠴᠢᠤᠸᠠᠨ᠂ ᠫᠸᠩ ᠳ᠋ᠸ ᠳ᠋ᠠ᠂ ᠴᠧᠨ ᠭᠠᠩ᠎ᠨᠠᠷ᠎ᠤᠨ ᠳᠠᠭᠠᠭᠤᠯᠤᠭ᠍ᠰᠠᠨ ᠨᠠᠢ᠍ᠮᠠᠳᠤᠭᠠᠷ ᠵᠠᠮ᠎ᠤᠨ ᠴᠡᠷᠢᠭ᠎ᠦᠨ ᠫᠠᠷᠲ᠋ᠢᠽᠠᠨ ᠠᠩᠬᠢ᠎ᠶ᠋ᠢᠨ ᠤᠳᠤᠷᠢᠳᠭᠤ ᠪᠠᠢᠭᠤᠯᠭ᠎ᠠ ᠵᠢᠴᠢ ᠠᠷᠤ ᠲᠠᠯ᠎ᠠ᠎ᠶ᠋ᠢᠨ ᠦᠢᠯᠡᠴᠢᠯᠡᠭᠡᠨ᠎ᠦ ᠰᠠᠯᠠᠭ᠎ᠠ ᠮᠥᠴᠢᠷ᠎ᠦᠨ ᠰᠠᠭᠤᠭ᠎ᠠ ᠭᠠᠵᠠᠷ ᠪᠣᠯᠤᠭ᠍ᠰᠠᠨ ᠪᠠᠢᠨ᠎ᠠ᠃

1938 ᠣᠨ᠎ᠤ 9 ᠰᠠᠷ᠎ᠠ᠎ᠳᠤ ᠨᠠᠢ᠍ᠮᠠᠳᠤᠭᠠᠷ ᠵᠠᠮ᠎ᠤᠨ ᠴᠡᠷᠢᠭ᠎ᠦᠨ ᠳᠠᠯᠠᠨ ᠬᠠᠷ᠎ᠠ ᠠᠭᠤᠯᠠ᠎ᠶ᠋ᠢᠨ ᠰᠠᠯᠪᠤᠷᠢ ᠠᠩᠭᠢ ᠰᠦᠢᠶᠤᠸᠠᠨ᠎ᠤ ᠪᠠᠷᠠᠭᠤᠨ ᠬᠡᠰᠡᠭ᠎ᠲᠦ ᠳᠠᠭᠠᠷᠢᠨ ᠣᠷᠣᠵᠤ᠂ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ ᠶᠠᠫᠣᠨ ᠴᠡᠷᠢᠭ᠎ᠲᠡᠶ ᠾᠧᠦ ᠶᠣᠣ ᠽᠢ᠂ ᠲᠤᠤ ᠰᠧ ᠬᠤᠤ᠂ ᠱ᠌ᠢ ᠭᠤᠸᠠᠶ ᠭᠧᠤ ᠳ᠋ᠦ ᠱᠢᠷᠦᠭᠦᠨ ᠪᠠᠢᠯᠳᠤᠭᠠᠨ ᠬᠢᠵᠦ ᠬᠡᠰᠡᠭ ᠳᠠᠷᠤᠭ᠎ᠠ ᠪᠠᠢᠯᠳᠤᠭ᠍ᠴᠢ ᠱᠢᠷᠬᠠᠲᠤᠪᠠ᠃ ᠢᠩᠭᠢᠭᠡᠳ ᠨᠠᠢ᠍ᠮᠠᠳᠤᠭᠠᠷ ᠵᠠᠮ᠎ᠤᠨ ᠴᠡᠷᠢᠭ᠎ᠦᠨ ᠲᠠᠯᠠᠨ ᠬᠠᠷ᠎ᠠ ᠠᠭᠤᠯᠠ᠎ᠶ᠋ᠢᠨ ᠰᠠᠯᠪᠤᠷᠢ ᠠᠩᠬᠢ ᠲᠣᠰᠭᠣᠨ᠎ᠤ ᠠᠷᠠᠳ᠎ᠤᠨ ᠣᠷᠣᠨ ᠰᠠᠭᠤᠴᠠ᠎ᠶ᠋ᠢ ᠲᠠᠲᠠᠪᠤᠷᠢᠯᠠᠨ ᠬᠡᠷᠡᠭ᠌ᠯᠡᠵᠦ᠍᠂ ᠲᠦᠷ ᠴᠠᠭ᠎ᠤᠨ ᠪᠠᠢᠯᠳᠤᠭᠠᠨ᠎ᠦ ᠭᠠᠵᠠᠷ᠎ᠤᠨ ᠡᠮᠨᠡᠯᠭᠡ᠎ᠶ᠋ᠢᠨ ᠬᠣᠷᠢᠶ᠎ᠠ ᠪᠠᠢᠭᠤᠯᠵᠤ᠂ ᠱᠢᠷᠬᠠᠲᠤᠭ᠍ᠰᠠᠳ᠎ᠢ ᠴᠠᠭ ᠲᠤᠬᠠᠢ᠎ᠳᠤᠨᠢ ᠠᠪᠤᠷᠠᠨ ᠵᠠᠰᠠᠵᠠᠢ᠃ ᠡᠮᠨᠡᠯᠭᠡ᠎ᠵᠢᠨ ᠬᠤᠷᠢᠶ᠎ᠠ ᠳ᠋ᠤ ᠨᠡᠢ᠌ᠲᠡ 10 ᠭᠠᠷᠤᠶ ᠡᠮᠴᠢ ᠰᠤᠪᠢᠯᠠᠭ᠍ᠴᠢ᠎ᠲᠠᠶ᠂ ᠡᠭᠦᠨ᠎ᠦ᠎ᠳᠣᠲᠣᠷ᠎ᠠ ᠪᠠᠰᠠ ᠬᠡᠳᠦᠨ ᠡᠮᠡᠭ᠌ᠲᠡᠶ ᠰᠤᠪᠢᠯᠠᠭ᠍ᠴᠢ ᠪᠤᠢ᠃ 1939 ᠣᠨ᠎ᠤ ᠵᠤᠨ ᠳᠠᠢᠰᠤᠨ᠎ᠤ ᠪᠠᠢᠳᠠᠯ᠎ᠤᠨ ᠬᠤᠪᠢᠷᠠᠯᠲᠠ ᠪᠣᠯᠤᠨ ᠪᠠᠢᠯᠳᠤᠭᠠᠨ᠎ᠤ ᠬᠡᠷᠡᠭ᠌ᠴᠡᠭᠡ᠎ᠡᠴᠡ ᠪᠤᠯᠵᠤ᠂ ᠡᠮᠨᠡᠯᠭᠡ᠎ᠶ᠋ᠢᠨ ᠬᠣᠷᠢᠶ᠎ᠠ ᠨᠢ ᠰᠠᠯᠪᠤᠷᠢ ᠠᠩᠬᠢ᠎ᠶ᠋ᠢᠨ ᠰᠧᠯᠢᠩᠪᠦ᠋᠎ᠲᠡᠶ ᠬᠠᠮᠲᠤ ᠤᠬᠤᠷᠢᠨ ᠭᠠᠷᠪᠠ᠃

ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠤᠳᠤᠷᠢᠳᠤᠯᠭ᠎ᠠ ᠳᠣᠣᠷ᠎ᠠ᠂ ᠲᠣᠰᠭᠣᠨ ᠨᠢ ᠣᠬᠣᠷᠬᠠᠨ ᠬᠤᠭᠤᠴᠠᠭᠠᠨ᠎ᠳᠤ 《ᠪᠠᠲᠤᠯᠠᠨ ᠬᠠᠮᠠᠭᠠᠯᠠᠯᠲᠠ ᠵᠢᠨ ᠲᠠᠢᠴᠢᠯᠠᠯᠲᠠ ᠵᠢᠨ ᠵᠥᠪᠯᠡᠯ》 ᠢ᠋ ᠪᠠᠢᠭᠤᠯᠵᠤ᠂ ᠵᠢᠶᠠ ᠡᠯ ᠴᠢᠦ᠂ ᠵᠠᠩ ᠦ᠋ ᠮᠢᠩ᠂ ᠴᠠᠩ ᠬᠣᠩ ᠱᠢᠶᠤᠤ ᠵᠡᠷᠭᠡ ᠲᠣᠰᠭᠣᠨ᠎ᠤ ᠠᠷᠠᠳ ᠢᠳᠡᠪᠬᠢᠲᠡᠢ ᠣᠷᠣᠯᠴᠠᠭ᠍ᠰᠠᠨ ᠪᠥᠭᠡᠳ ᠴᠢᠬᠤᠯᠠ ᠪᠦᠷᠢᠯᠳᠦᠬᠦᠨ ᠪᠣᠯᠵᠠᠢ᠃ ᠭᠦᠶᠡᠩ ᠱᠢᠶᠠᠨ᠎ᠤ ᠲᠤᠬᠠᠢ᠎ᠶ᠋ᠢᠨ ᠭᠠᠵᠠᠷ᠎ᠤᠨ ᠰᠣᠶᠣᠯ ᠲᠡᠦᠬᠡ᠎ᠶ᠋ᠢᠨ ᠮᠠᠲ᠋ᠧᠷᠢᠶᠠᠯ᠎ᠤᠨ ᠲᠡᠮᠳᠡᠭ᠌ᠯᠡᠯ᠎ᠢ ᠦᠨᠳᠦᠰᠦᠯᠡᠪᠡᠯ᠂ ᠨᠠᠢ᠍ᠮᠠᠳᠤᠭᠠᠷ ᠵᠠᠮ᠎ᠤᠨ ᠴᠡᠷᠢᠭ ᠯᠢ ᠡᠯ ᠭᠸᠤ ᠲᠣᠰᠭᠣᠨ᠎ᠳᠤ ᠰᠠᠭᠤᠭ᠍ᠰᠠᠨ ᠲᠦᠷᠪᠡ ᠳᠠᠪᠤᠨ ᠵᠢᠯ᠎ᠦᠨ ᠬᠤᠭᠤᠴᠠᠭᠠᠨ᠎ᠳᠤ ᠪᠦᠬᠦ᠌ ᠲᠣᠰᠭᠣᠨ᠎ᠢᠶᠠᠷ᠎ᠢᠶᠠᠨ ᠨᠠᠢ᠍ᠮᠠᠳᠤᠭᠠᠷ ᠵᠠᠮ᠎ᠤᠨ ᠴᠡᠷᠢᠭ᠎ᠲᠦ ᠨᠡᠢ᠌ᠳᠡ 100 ᠭᠠᠷᠤᠢ ᠳ᠋ᠠᠨ ᠠᠮᠤ ᠪᠤᠳᠠᠭ᠎ᠠ ᠪᠡᠯᠡᠳᠭᠡᠨ ᠦᠭᠴᠤ᠂ 250 ᠭᠠᠷᠤᠢ ᠵᠠᠬ᠎ᠠ ᠠᠷᠠᠰᠤᠨ ᠬᠤᠪᠴᠠᠰᠤ᠂ 400 ᠭᠠᠷᠤᠢ ᠠᠷᠠᠰᠤᠨ ᠮᠠᠯᠠᠭᠠᠢ᠂ 400 ᠭᠠᠷᠤᠢ ᠱᠠᠬᠠᠢ ᠣᠢᠮᠣᠰᠤ ᠤᠶᠤᠨ ᠦᠭᠴᠤ᠂ ᠴᠡᠷᠢᠭ᠎ᠦᠨ ᠠᠮᠤ ᠬᠦᠨᠠᠰᠤ᠂ ᠮᠡᠳᠡᠭᠡ ᠴᠢᠮᠡᠬᠡ ᠬᠦᠷᠭᠡᠭ᠌ᠰᠡᠨ ᠨᠢ ᠨᠡᠩ ᠴᠤ᠌ ᠲᠣᠭᠠᠯᠠᠰᠢ ᠦᠭᠡᠢ ᠤᠯᠠᠨ ᠪᠠᠢᠵᠠᠢ᠃

ᠶᠠᠫᠣᠨ᠎ᠢ ᠡᠰᠡᠷᠭᠦᠴᠡᠬᠦ᠌ ᠲᠠᠢ᠌ᠨ᠎ᠦ ᠬᠤᠭᠤᠴᠠᠭᠠᠨ᠎ᠳᠠᠬᠢ ᠬᠡᠳᠦᠨ ᠵᠢᠯ᠎ᠳᠦ᠂ ᠶᠠᠫᠣᠨ ᠴᠡᠷᠢᠭ ᠬᠠᠭᠤᠷᠮᠠᠭ ᠴᠡᠷᠢᠭ ᠯᠢ ᠡᠯ ᠭᠧᠤ ᠲᠣᠰᠭᠣᠨ᠎ᠳᠤ ᠢᠷᠡᠵᠦ᠍ ᠬᠡᠳᠦᠨ ᠠᠷᠪᠠᠨ ᠤᠳᠠᠭ᠎ᠠ 《ᠱᠦᠭᠦᠷᠳᠡᠯᠲᠡ》 ᠬᠢᠵᠦ᠍᠂ ᠠᠯᠠᠵᠤ ᠬᠢᠲᠤᠨ ᠪᠤᠯᠢᠶᠠᠨ ᠳᠡᠭᠡᠷᠡᠮᠳᠡᠭᠰᠠᠨ ᠡᠴᠠ ᠠᠷᠠᠳ ᠤᠯᠠᠨ ᠲᠠᠷᠴᠢᠯᠠᠭᠠᠯ᠎ᠢ ᠬᠠᠨᠲᠠᠯ᠎ᠠ ᠠᠮᠰᠠᠪᠠ᠃

ᠪᠦᠬᠦ᠌ ᠤᠯᠤᠰ ᠴᠢᠯᠥᠭᠡᠯᠡᠭ᠌ᠳᠡᠭ᠌ᠰᠡᠨ᠎ᠦ ᠳᠠᠷᠠᠭ᠎ᠠ᠂ ᠯᠢ ᠡᠯ ᠭᠧᠦ ᠲᠣᠰᠭᠣᠨ᠎ᠤ ᠠᠷᠠᠳ ᠨᠠᠮ᠎ᠤᠨ ᠤᠷᠢᠶᠠᠯᠠᠭ᠎ᠠ᠎ᠶ᠋ᠢ ᠢᠳᠡᠪᠬᠢᠲᠡᠢ ᠴᠤᠤᠷᠢᠶᠠᠲᠤᠨ ᠲᠠᠭᠠᠵᠤ᠂ ᠬᠠᠪᠰᠤᠷᠤᠯᠴᠠᠬᠤ ᠳᠤᠭᠤᠢᠯᠠᠩ᠂ ᠦᠢᠯᠡᠳᠪᠦᠷᠢᠯᠡᠯ᠎ᠦᠨ ᠬᠤᠷᠱᠢᠶ᠎ᠠ᠎ᠶ᠋ᠢ ᠵᠣᠬᠢᠶᠠᠨ ᠪᠠᠢᠭᠤᠯᠵᠤ᠂ ᠲᠠᠷᠢᠶᠠᠯᠠᠩ ᠦᠢᠯᠡᠳᠪᠦᠷᠢᠯᠡᠯ ᠨᠢ ᠵᠢᠯ ᠳᠠᠷᠠᠭᠠᠯᠠᠨ ᠡᠯᠪᠡᠭ ᠬᠤᠷᠢᠶᠠᠯᠲᠠ ᠣᠯᠵᠤ᠂ ᠠᠮᠢᠳᠤᠷᠠᠯ᠎ᠤᠨ ᠲᠦᠪᠰᠢᠨ ᠨᠢ ᠳᠡᠭᠡᠭ᠌ᠰᠢᠯᠡᠵᠠᠢ᠃

1978 ᠣᠨ᠎ᠳᠤ᠂ ᠵᠢᠨᠢᠩ ᠡᠴᠡ ᠭᠦᠶᠡᠩ᠎ᠬᠦᠷᠬᠦ ᠵᠠᠰᠠᠮᠠᠯ ᠵᠠᠮ (311 ᠮᠤᠵᠢ᠎ᠶ᠋ᠢᠨ ᠵᠠᠮ) ᠢ᠋ ᠬᠠᠪᠢᠳᠠᠭ᠍ᠰᠠᠨ ᠡᠯ ᠳ᠋ᠤᠤ ᠸᠠ᠎ᠳᠤ ᠱᠢᠨ᠎ᠡ ᠲᠣᠰᠭᠣᠨ ᠪᠠᠢᠭᠤᠯᠵᠤ᠂ ᠯᠢ ᠡᠯ ᠭᠧᠤ ᠲᠣᠰᠭᠣᠨ᠎ᠤ ᠠᠷᠠᠳ᠎ᠢ ᠨᠡᠭᠦᠯᠭᠡᠵᠠᠢ᠃ 1982 ᠣᠨ᠎ᠳᠤ᠂ ᠪᠤᠭᠤᠲᠤ ᠬᠤᠳᠠ᠎ᠶ᠋ᠢᠨ ᠵᠠᠰᠠᠭ᠎ᠤᠨ ᠣᠷᠳᠣᠨ᠎ᠠᠴᠠ ᠯᠢ ᠡᠯ ᠭᠸᠦ ᠵᠢᠨ ᠪᠠᠢᠭ᠎ᠠ ᠨᠠᠷᠢᠨ ᠲᠤᠪᠤ ᠵᠢᠴᠢ ᠤᠢ᠍ᠢᠷ᠎ᠠ ᠬᠠᠪᠢ᠎ᠶ᠋ᠢᠨ ᠭᠤᠸᠠᠨ ᠳ᠋ᠢ ᠶᠡᠬᠡ ᠪᠠᠷᠢᠭᠠᠳᠠ᠎ᠶ᠋ᠢ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ ᠪᠣᠯᠭᠠᠬᠤ᠎ᠶ᠋ᠢ ᠵᠥᠪᠱᠢᠶᠡᠷᠡᠵᠦ᠍᠂ ᠡᠨᠳᠡᠬᠢ ᠤᠯᠠᠨ ᠲᠦᠮᠡᠨ ᠣᠨᠴᠠᠭᠠᠢ ᠬᠠᠷᠠᠭᠠᠯᠵᠠᠯ ᠬᠦᠷᠳᠡᠵᠦ᠍᠂ ᠲᠣᠰᠭᠣᠨ᠎ᠤ ᠠᠷᠠᠳ᠎ᠤᠨ ᠦᠢᠯᠡᠳᠪᠦᠷᠢᠯᠡᠯ ᠠᠮᠢᠳᠤᠷᠠᠯ᠎ᠤᠨ ᠲᠦᠪᠱᠢᠨ ᠳ᠋ᠦ ᠢᠯᠡᠳᠲᠡ ᠬᠤᠪᠢᠷᠠᠯᠲᠠ ᠭᠠᠷᠴᠠᠢ᠃

2011 ᠣᠨ᠎ᠳᠤ᠂ ᠥᠪᠡᠷᠲᠡᠭᠡᠨ ᠵᠠᠰᠠᠬᠤ ᠣᠷᠣᠨ᠂ ᠪᠤᠭᠤᠲᠤ ᠬᠣᠲᠠ ᠪᠣᠯᠤᠨ ᠭᠦᠶᠡᠩ ᠱᠢᠶᠠᠨ᠎ᠤ ᠡᠷᠲᠠ ᠴᠢᠯᠤᠬᠡᠯᠡᠭᠳᠡᠭᠰᠠᠨ ᠤᠷᠤᠨ ᠤ᠋ ᠪᠦᠲᠦᠬᠡᠨ ᠪᠠᠢᠭᠤᠯᠤᠯᠲᠠ᠎ᠶᠢ ᠠᠬᠢᠭᠤᠯᠬᠤ ᠵᠥᠪᠯᠡᠯ᠎ᠦᠨ ᠢᠳᠡᠪᠬᠢᠲᠡᠶ ᠵᠣᠬᠢᠴᠠᠭᠤᠯᠭ᠎ᠠ ᠳᠤᠤᠷ᠎ᠠ᠂ ᠡᠯ᠎ᠡ ᠱᠠᠲᠤᠨ᠎ᠤ ᠵᠠᠰᠠᠭ᠎ᠤᠨ ᠣᠷᠳᠣᠨ ᠡᠯ ᠳ᠋ᠤᠤ ᠸᠠ ᠲᠣᠰᠭᠣᠨ᠎ᠳᠤ 90 ᠭᠠᠷᠤᠶ ᠲᠦᠮᠡᠨ ᠲᠥᠭᠥᠷᠢᠭ᠎ᠦᠨ ᠪᠡᠯᠡ ᠮᠥᠩᠭᠥ᠌ ᠣᠷᠣᠭᠤᠯᠵᠤ᠂ 200 ᠮᠦ᠍ ᠤᠰᠤᠯᠠᠯᠲᠠ᠎ᠶ᠋ᠢᠨ ᠲᠠᠷᠢᠶᠠᠨ ᠭᠠᠵᠠᠷ ᠲᠠᠢ ᠪᠤᠯᠭᠠᠵᠦ᠂ 200 ᠮᠦ᠍ ᠭᠠᠵᠠᠷ ᠱᠢᠷᠣᠶ᠎ᠶ᠋ᠢ ᠲᠡᠭ᠌ᠰᠢᠯᠡᠪᠡ᠃ ᠡᠭᠦᠨ᠎ᠦ ᠬᠠᠮᠲᠤ᠂ ᠡᠯ ᠳ᠋ᠤᠤ᠎ᠸᠠ ᠲᠣᠰᠭᠣᠨ᠎ᠤ ᠪᠠᠢᠭ᠎ᠠ ᠨᠠᠷᠢᠨ ᠲᠤᠪᠤ ᠲᠣᠰᠭᠣᠨ᠎ᠤ ᠠᠷᠠᠳ᠎ᠤᠨ ᠵᠥᠪᠯᠡᠯ ᠪᠠᠰᠠ ᠲᠣᠰᠭᠣᠨ᠎ᠤ ᠠᠷᠠᠳ᠎ᠢ ᠬᠠᠪᠰᠤᠷᠤᠨ ᠭᠡᠷ ᠪᠦᠯᠢ᠎ᠶ᠋ᠢᠨ ᠲᠡᠵᠢᠭᠡᠪᠦᠷᠢ᠎ᠶ᠋ᠢᠨ ᠦᠢᠯᠡᠰ᠎ᠢ ᠬᠥᠭ᠌ᠵᠢᠭᠦᠯᠵᠦ᠍᠂ ᠠᠷᠭ᠎ᠠ ᠪᠦᠬᠦᠨ᠎ᠢ ᠰᠦᠪᠡᠭ᠌ᠴᠢᠯᠡᠵᠦ᠍ ᠪᠠᠢᠭᠠᠳ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ᠎ᠤ ᠠᠷᠠᠳ ᠲᠦᠮᠡᠨ᠎ᠦ ᠦᠢᠯᠡᠳᠪᠦᠷᠢᠯᠡᠯ ᠠᠮᠢᠳᠤᠷᠠᠯ᠎ᠤᠨ ᠨᠥᠬᠥᠴᠡᠯ᠎ᠢ ᠰᠠᠢᠵᠢᠷᠠᠭᠤᠯᠵᠠᠢ᠃

ᠡᠳᠦᠭᠡ᠂ ᠲᠤᠬᠠᠢ᠎ᠶ᠋ᠢᠨ ᠭᠠᠵᠠᠷ᠎ᠤᠨ ᠬᠢᠨ ᠠᠵᠠ ᠲᠣᠬᠢᠶᠠᠯ᠎ᠢ ᠠᠮᠵᠢᠵᠤ᠂ 720 ᠲᠦᠮᠡᠨ ᠲᠥᠭᠥᠷᠢᠭ᠎ᠦᠨ ᠪᠡᠯᠡ ᠣᠷᠣᠭᠤᠯᠵᠤ ᠬᠤᠪᠢᠰᠭᠠᠯ᠎ᠤᠨ ᠳᠤᠷᠠᠰᠭᠠᠯ᠎ᠤᠨ ᠣᠷᠳᠣᠨ᠎ᠢ ᠲᠥᠯᠥᠪᠵᠢᠭᠦᠯᠦᠨ ᠪᠦᠳᠦᠭᠡᠨ ᠪᠠᠢᠭᠤᠯᠵᠤ᠂ ᠯᠢ ᠡᠯ ᠭᠸᠤ ᠵᠢᠨ ᠪᠠᠢᠯᠳᠤᠭᠠᠨ᠎ᠤ ᠭᠠᠵᠠᠷ᠎ᠤᠨ ᠡᠮᠨᠡᠯᠭᠡ᠎ᠶ᠋ᠢᠨ ᠬᠣᠷᠢᠶ᠎ᠠ ᠵᠡᠷᠭᠡ ᠬᠤᠪᠢᠰᠭᠠᠯ᠎ᠤᠨ ᠡᠬᠢ ᠪᠠᠶᠠᠯᠢᠭ᠎ᠢ ᠨᠡᠢᠳᠭᠡᠵᠦ᠍᠂ LED ᠳᠡᠯᠭᠡᠴᠡ᠂ ᠦᠰᠦᠭ ᠪᠢᠴᠢᠭ᠂ ᠭᠡᠷᠡᠯ ᠵᠢᠷᠤᠭ᠎ᠤᠨ ᠪᠣᠷᠣ ᠮᠠᠲ᠋ᠧᠷᠢᠶᠠᠯ᠂ ᠭᠤᠷᠪᠠᠨ ᠬᠡᠮᠵᠢᠯᠳᠦ ᠺᠠᠷᠲ᠋ᠣᠨ ᠵᠢᠷᠤᠭ᠂ ᠳᠡᠯᠭᠡᠨ ᠦᠵᠡᠭᠦᠯᠬᠡ ᠵᠡᠷᠭᠡ ᠠᠷᠭ᠎ᠠ ᠬᠡᠯᠪᠡᠷᠢ᠎ᠶ᠋ᠢ ᠬᠡᠷᠡᠭ᠌ᠯᠡᠵᠦ᠍᠂ ᠲᠤᠬᠠᠢ᠎ᠶ᠋ᠢᠨ ᠭᠠᠵᠠᠷ᠎ᠤᠨ ᠶᠠᠫᠣᠨ᠎ᠢ ᠡᠰᠡᠷᠭᠦᠴᠡᠬᠦ᠌ ᠳᠠᠢ᠌ᠨ᠎ᠦ ᠲᠡᠦᠬᠡ᠎ᠶ᠋ᠢ ᠨᠢᠳᠤᠨ᠎ᠳᠦ ᠦᠵᠡᠭᠳᠡᠮ᠎ᠡ ᠰᠡᠳᠭᠢᠯ᠎ᠳᠦ ᠰᠠᠭᠤᠬᠳᠠᠮ᠎ᠠ ᠭᠠᠷ᠎ᠲᠦ ᠪᠠᠷᠢᠬᠳᠠᠮ᠎ᠠ ᠰᠠᠢᠲᠤᠷ ᠶᠠᠷᠢᠵᠤ᠂ ᠬᠤᠪᠢᠰᠭᠠᠯ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠤᠨ ᠤᠯᠠᠮᠵᠢᠯᠠᠪᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面