ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2024-04-10 11:49:43

ᠵᠣᠬᠢᠶᠠᠭ᠍ᠴᠢ᠄ ᠼᠠᠢ ᠳ᠋ᠦᠩ ᠮᠸᠢ ᠣᠩᠱᠢᠭ᠍ᠰᠠᠨ ᠣᠳᠠᠭ᠎ᠠ᠄ 3

ᠣᠢᠯᠣᠨ ᠲᠠᠪᠠᠯᠭᠠᠯᠠᠬᠣ ᠬᠠᠲᠣᠨ ᠭᠣᠣᠯ ᠪᠤᠭᠤ ᠵᠢᠨ ᠬᠣᠲᠠ ᠪᠡᠷ ᠲᠠᠬᠢᠷᠯᠠᠨ ᠦᠩᠭᠡᠷᠡᠨ᠎ᠡ — ᠬᠠᠲᠣᠨ ᠭᠣᠣᠯ ᠤ᠋ᠨ ᠰᠣᠶᠣᠯ ᠤ᠋ᠨ ᠳᠤᠬᠠᠢ ᠰᠢᠷᠢᠰ ᠮᠡᠳᠡᠭᠡᠯᠡᠯ (ᠬᠣᠶᠠᠷ)

ᠬᠠᠩᠰᠢ ᠵᠢᠨ ᠠᠮᠠᠷᠠᠯᠲᠠ ᠳ᠋ᠤ ᠪᠤᠭᠤᠲᠤ ᠬᠣᠲᠠ ᠵᠢᠨ ᠬᠠᠳᠤᠨ ᠭᠣᠣᠯ ᠤ᠋ᠨ ᠦᠵᠡᠮᠵᠢ ᠵᠢᠨ ᠣᠷᠣᠨ ᠳ᠋ᠦ ᠬᠦᠮᠦᠨ ᠬᠠᠷ᠎ᠠ ᠴᠤᠪᠤᠷᠠᠯᠳᠤᠨ ᠬᠦᠰᠭᠡ ᠲᠡᠷᠭᠡ ᠵᠦᠷᠢᠯᠲᠦᠨ᠎ᠡ ᠃ ᠤᠯᠠᠨ ᠬᠦᠮᠦᠨ ᠤ᠋ ᠡᠢᠰᠢ ᠵᠣᠷᠢᠵᠦ ᠢᠷᠡᠭᠰᠡᠨ ᠣᠴᠢᠷ ᠰᠢᠯᠲᠠᠭᠠᠨ ᠨᠢ ᠬᠠᠳᠤᠨ ᠭᠣᠣᠯ ᠤ᠋ᠨ ᠰᠦᠷᠯᠢᠭ ᠰᠠᠢᠬᠠᠨ ᠢ᠋ ᠰᠣᠨᠢᠷᠬᠠᠵᠦ ᠂ ᠬᠠᠳᠤᠨ ᠭᠣᠣᠯ ᠤ᠋ᠨ ᠰᠣᠶᠣᠯ ᠢ᠋ ᠮᠡᠳᠡᠷᠡᠬᠦ ᠵᠢᠨ ᠲᠦᠯᠦᠬᠡ ᠶᠤᠮᠰᠠᠨ᠃

ᠲᠦᠮᠡᠨ ᠭᠠᠵᠠᠷ ᠳᠣᠯᠭᠢᠶᠠᠯᠠᠨ ᠤᠷᠤᠰᠣᠬᠰᠠᠨ ᠬᠠᠲᠤᠨ ᠭᠣᠸ᠋ᠯ ᠥᠪᠥᠷ ᠮᠣᠩᠭᠣᠯ ᠤ᠋ᠨ ᠥᠨᠳᠥᠷᠯᠢᠭ ᠲᠦ᠍ ᠶᠠᠭ ᠯᠠ ᠨᠣᠮᠣ ᠲᠡᠯᠢᠵᠦ ᠪᠦᠷᠬᠦᠳ ᠨᠠᠮᠨᠠᠬᠰᠠᠨ ᠮᠡᠲᠦ ᠬᠢᠲᠡᠳ ᠦᠰᠦᠭ ᠤ᠋ᠨ《几》 ᠬᠡᠯᠪᠡᠷᠢ ᠲᠠᠢ ᠶᠡᠬᠡ ᠲᠣᠬᠣᠢ ᠵᠢ ᠪᠦᠷᠢᠯᠲᠦᠬᠦᠯᠵᠡᠢ᠃ ᠬᠠᠲᠤᠨ ᠭᠣᠸ᠋ᠯ ᠢ᠋ ᠪᠠᠷᠠᠲᠠᠵᠦ ᠪᠠᠢᠭᠤᠯᠤᠭ᠍ᠰᠠᠨ ᠪᠤᠭᠤᠲᠤ ᠬᠣᠲᠠ ᠪᠣᠯ ᠳᠠᠷᠤᠶ ᠡᠨᠡ ᠬᠦ᠌ ᠶᠡᠬᠡ ᠲᠣᠬᠣᠢ ᠵᠢᠨ ᠲᠡᠭᠡᠷ᠎ᠡ ᠲᠠᠯ᠎ᠠ ᠳ᠋ᠤ ᠪᠠᠢᠷᠢᠯᠠᠲᠠᠬ ᠃

ᠤᠷᠢᠬᠠᠨ ᠰᠠᠯᠬᠢ ᠢᠯᠪᠢᠬᠦᠶ᠎ᠡ ᠬᠠᠲᠤᠨ ᠭᠣᠣᠯ ᠤ᠋ᠨ ᠦᠵᠡᠮᠵᠢ ᠭᠣᠴᠣ ᠰᠦᠷᠯᠢᠭ ᠁ ᠲᠡᠯᠭᠡᠷᠡᠬᠦ ᠲᠦᠷᠪᠡᠨ ᠰᠠᠷ᠎ᠠ ᠵᠢᠨ ᠪᠤᠭᠤᠲᠤ ᠬᠣᠲᠠ ᠴᠦ᠍ ᠦᠯᠡᠮᠵᠢ ᠵᠢᠨ ᠰᠠᠢᠬᠠᠨ ᠶ᠋ᠢᠡᠷ ᠶ᠋ᠢᠡᠨ ᠬᠦᠮᠦᠰ ᠤ᠋ᠨ ᠬᠠᠷᠠᠭ᠎ᠠ ᠵᠢ ᠪᠣᠯᠢᠶᠠᠨ᠎ᠠ᠃

ᠬᠠᠲᠣᠨ ᠭᠣᠣᠯ ᠳ᠋ᠤ ᠤᠮᠳᠠᠯᠠᠭᠳᠠᠭᠰᠠᠨ ᠡᠷᠳᠡᠨ ᠤ᠋ ᠬᠣᠲᠠ

ᠳᠠᠯᠠᠨ ᠬᠠᠷ᠎ᠠ ᠠᠭᠤᠯᠠ ᠵᠢᠨ ᠡᠮᠦᠨ᠎ᠡ ᠬᠣᠷᠮᠣᠶ ᠳ᠋ᠡᠬᠢ ᠠᠱᠠᠨ ᠤ᠋ ᠪᠠᠭᠤᠷᠢ ᠡᠴᠡ ᠠᠯᠣᠰ ᠢ᠋ ᠪᠠᠷᠠᠯᠠᠬᠣ ᠳ᠋ᠦ ᠂ ᠬᠠᠲᠤᠨ ᠭᠣᠸ᠋ᠯ ᠶᠠᠭ ᠯᠠ ᠲᠡᠯᠭᠡᠭᠰᠡᠨ ᠬᠠᠲᠠᠬ ᠮᠡᠲᠦ ᠪᠣᠭᠣᠲᠣ ᠬᠣᠲᠠ ᠵᠢᠨ ᠡᠮᠦᠨᠡᠬᠦᠷ ᠮᠤᠷᠤᠯᠵᠠᠨ ᠵᠡᠭᠦᠨᠰᠢ ᠤᠷᠤᠰᠣᠨ᠎ᠠ ᠃ ᠠᠯᠢ ᠡᠷᠲᠡ ᠬᠠᠲᠤᠨ ᠭᠣᠸ᠋ᠯ ᠠᠭᠤᠯᠠ ᠵᠢᠨ ᠬᠣᠷᠮᠣᠶ ᠪᠡᠷ ᠳᠠᠪᠠᠯᠭᠠᠯᠠᠨ ᠤᠷᠤᠰᠴᠤ᠌᠂ ᠬᠡᠷᠡᠯ ᠰᠠᠴᠤᠷᠠᠩᠭᠤᠶ ᠪᠠᠯᠠᠷ ᠡᠷᠲᠡᠨ ᠤ᠋ ᠰᠣᠶᠣᠯ ᠢ᠋ ᠬᠦᠪᠦᠷᠡᠬᠦᠯᠦᠭᠰᠡᠨ ᠶᠣᠮ᠃ ᠶᠠᠩ ᠱᠤᠤ ᠵᠢᠨ ᠰᠣᠶᠣᠯ ᠤ᠋ᠨ ᠥᠩᠭᠡᠲᠦ ᠸᠠᠭᠠᠷ ᠤ᠋ᠨ ᠨᠢᠳᠦ ᠬᠢᠯᠠᠰᠣᠮ᠎ᠠ ᠭᠡᠷᠡᠯᠲᠦ ᠲᠣᠶᠠᠭ᠎ᠠ ᠳ᠋ᠦ ᠠᠱᠠᠨ ᠤ᠋ ᠰᠣᠶᠣᠯ ᠤ᠋ᠨ ᠪᠠᠬᠴᠠ ᠵᠤᠷᠪᠤᠰ ᠭᠡᠷᠡᠯ ᠪᠠᠬᠲᠠᠵᠦ ᠪᠠᠢᠬᠣ ᠵᠢ ᠮᠡᠷᠳᠡᠵᠦ ᠦᠯᠦ ᠪᠣᠯᠣᠨ᠎ᠠ ᠃ ᠶᠠᠬ ᠡᠢᠮᠦ ᠡᠴᠡ ᠬᠠᠭᠤᠴᠢ ᠰᠤᠳᠤᠯᠤᠯ ᠤ᠋ᠨ ᠡᠷᠳᠡᠮᠲᠡᠨ ᠰᠦ᠍ ᠪᠢᠩ ᠴᠢ ᠠᠪᠤᠭᠠᠶ ᠬᠠᠲᠤᠨ ᠭᠣᠣᠯ ᠬᠠᠯᠬᠢᠯᠠᠨ ᠣᠷᠣᠰᠴᠣ᠂ ᠠᠱᠠᠨ ᠤ᠋ ᠪᠣᠯᠪᠠᠰᠤᠨ ᠤ᠋ ᠬᠠᠯᠠᠭᠣᠨ ᠦᠯᠦᠭᠡᠢ ᠪᠣᠯᠣᠬᠰᠠᠨ ᠳᠠᠯᠠᠨ ᠬᠠᠷ᠎ᠠ ᠠᠭᠤᠯᠠ ᠵᠢᠨ ᠡᠨᠡ ᠬᠦ᠌ ᠨᠡᠷ᠎ᠡ ᠦᠭᠡᠢ ᠥᠨᠳᠥᠷᠯᠢᠭ ᠭᠠᠵᠠᠷ ᠢ᠋ 《ᠪᠤᠭᠤᠲᠤ ᠵᠢᠨ ᠲᠡᠨᠵᠢ》 ᠭᠡᠵᠦ᠍ ᠨᠡᠷᠡᠯᠡᠭ᠌ᠰᠡᠨ ᠪᠢᠯᠡ᠃

ᠨᠡᠢᠲᠡ ᠵᠢᠨ ᠣᠨ ᠲᠣᠭᠠᠯᠠᠯ ᠡᠴᠡ ᠡᠮᠦᠨ᠎ᠡ 307 ᠣᠨ ᠳ᠋ᠤ ᠵᠣᠣ ᠤᠯᠤᠰ ᠤ᠋ᠨ ᠡᠦ ᠯᠢᠩ ᠸᠠᠩ《ᠬᠤ᠌ ᠵᠢᠨ ᠬᠤᠪᠴᠠᠰᠤ ᠡᠮᠦᠰᠦᠨ ᠬᠠᠷᠪᠤᠵᠤ ᠨᠠᠮᠨᠠᠬᠤ》 ᠵᠢ ᠬᠡᠷᠡᠭ᠌ᠵᠢᠭᠦᠯᠵᠦ᠍ ᠂ ᠤᠮᠠᠷᠠᠰᠢ ᠯᠢᠨ ᠬᠤ᠌᠂ ᠯᠸᠦ ᠹᠠᠨ ᠢ᠋ ᠡᠪᠳᠡᠭᠰᠡᠨ ᠤ᠋ ᠳᠠᠷᠠᠭ᠎ᠠ ᠂ 《ᠳ᠋ᠠᠢ ᠭᠠᠵᠠᠷ ᠡᠴᠡ ᠡᠬᠢᠯᠡᠨ ᠮᠤᠨᠢ ᠠᠭᠤᠯᠠ ᠵᠢ ᠦᠩᠭᠡᠷᠡᠵᠦ ᠭᠣᠣ ᠴᠢᠣᠸᠠᠢ ᠳ᠋ᠤ ᠬᠦᠷᠲᠡᠯ᠎ᠡ》 ᠤᠷᠲᠤ ᠴᠠᠭᠠᠨ ᠬᠡᠷᠡᠮ ᠪᠠᠢᠭᠣᠯᠵᠦ ᠂ ᠢᠷᠭᠡᠳ ᠢ᠋ ᠨᠡᠬᠦᠯᠭᠡᠨ ᠠᠲᠠᠷ ᠬᠠᠭᠠᠯᠪᠤᠷᠢᠯᠠᠵᠤ᠂ ᠪᠤᠭᠤᠲᠤ ᠳ᠋ᠤ ᠵᠢᠦᠶᠤᠸᠠᠨ ᠬᠣᠲᠠ ᠵᠢ ᠪᠠᠢᠭᠤᠯᠵᠠᠶ᠃ ᠴᠢᠨ ᠱ᠌ᠢ ᠬᠤᠸᠠᠩ ᠵᠢᠷᠭᠤᠭᠠᠨ ᠤᠯᠤᠰ ᠢ᠋ ᠨᠢᠭᠡᠳᠭᠡᠭ᠌ᠰᠡᠨ ᠤ᠋ ᠳᠠᠷᠠᠭ᠎ᠠ ᠂ ᠪᠦᠬᠦ᠌ ᠤᠯᠤᠰ ᠲᠦ᠍ ᠵᠢᠶᠦ᠋ᠨ ᠱᠢᠶᠠᠨ ᠤ᠋ ᠳᠦᠷᠢᠮ ᠢ᠋ ᠬᠡᠷᠡᠭ᠌ᠵᠢᠭᠦᠯᠦᠨ᠂ 36 ᠵᠢᠶᠦ᠋ᠨ ᠪᠣᠯᠭᠠᠨ ᠬᠤᠪᠢᠶᠠᠵᠤ ᠂ ᠪᠤᠭᠤᠲᠤ ᠵᠢ ᠵᠢᠤᠶᠤᠸᠠᠨ ᠵᠢᠶᠦ᠋ᠨ ᠳ᠋ᠤ ᠬᠠᠷᠢᠶᠠᠯᠠᠭᠤᠯᠪᠠ ᠃ ᠡᠨᠡ ᠪᠣᠯ ᠪᠤᠭᠤᠲᠤ ᠵᠢᠨ ᠲᠡᠦᠬᠡᠨ ᠳᠡᠭᠡᠷ᠎ᠡ ᠬᠠᠮᠤᠭ ᠤ᠋ᠨ ᠡᠷᠲᠡ ᠮᠡᠨᠳᠦᠯᠡᠭ᠌ᠰᠡᠨ ᠭᠠᠵᠠᠷ ᠤ᠋ᠨ ᠨᠡᠷᠡᠢᠲᠦᠯ ᠪᠠᠢᠵᠦ ᠂ ᠬᠠᠨ ᠤᠯᠤᠰ ᠤ᠋ᠨ ᠡᠬᠢᠨ ᠤ᠋ ᠦᠶ᠎ᠡ ᠳ᠋ᠤ ᠮᠥᠨ ᠡᠨᠡ ᠬᠦ᠌ ᠨᠡᠷᠡᠢᠳᠦᠯ ᠢ᠋ ᠨᠢ ᠣᠯᠠᠮᠵᠢᠯᠠᠨ ᠬᠡᠷᠡᠭᠯᠡᠪᠡ᠃

ᠵᠢᠤᠶᠤᠸᠠᠨ ᠵᠢᠶᠦ᠋ᠨ ᠤ᠋ ᠮᠠ ᡂᠢ ᠵᠢᠨ ᠡᠷᠲᠡᠨ ᠤ᠋ ᠬᠣᠲᠠ ᠨᠢ ᠡᠮᠦᠨᠡᠰᠢ ᠬᠠᠲᠤᠨ ᠭᠣᠣᠯ ᠢ᠋ ᠬᠠᠪᠢᠳᠠᠵᠤ᠂ ᠤᠮᠠᠷᠠᠰᠢ ᠮᠤᠨᠢ ᠠᠭᠤᠯᠠ ᠵᠢ ᠲᠦᠰᠢᠨ᠂ ᠬᠥᠨᠳᠡᠯᠡᠨ ᠭᠣᠣᠯ ᠤ᠋ᠨ ᠬᠥᠨᠳᠡᠶ ᠵᠢ ᠡᠷᠬᠡᠱᠢᠶᠡᠵᠦ᠍ ᠪᠠᠢᠪᠠ᠃ ᠲᠡᠦᠬᠡᠨ ᠲᠡᠭᠡᠷ᠎ᠡ ᠡᠨᠡ ᠬᠦ᠌ ᠡᠷᠲᠡᠨ ᠤ᠋ ᠬᠣᠲᠠ ᠳ᠋ᠤ ᠮᠠᠰᠢ ᠣᠯᠠᠨ ᠨᠡᠷ᠎ᠡ ᠲᠥᠷᠥ ᠲᠡᠶ ᠬᠥᠮᠦᠨ ᠢᠯᠡᠷᠡᠨ ᠭᠠᠷᠣᠬᠰᠠᠨ ᠪᠢᠯᠡ ᠃ ᠪᠠᠢᠯᠳᠤᠭᠠᠨᠲᠤ ᠤᠯᠤᠰ ᠤ᠋ᠨ ᠵᠣᠣ ᠡᠦ ᠯᠢᠩ ᠸᠠᠩ ᠡᠨᠳᠡ ᠥᠭᠡᠷᠡᠴᠢᠯᠡᠯᠲᠡ ᠬᠢᠵᠦ᠍᠂《ᠬᠣ᠌ ᠵᠢᠨ ᠬᠤᠪᠴᠠᠰᠤ ᠡᠮᠦᠰᠤᠨ ᠬᠠᠷᠪᠤᠵᠤ ᠨᠠᠮᠨᠠᠬᠤ ᠵᠢ ᠰᠤᠷᠴᠤ᠌》᠂ ᠵᠣᠣ ᠤᠯᠤᠰ ᠢ᠋ ᠨᠢᠭᠡ ᠦᠶ᠎ᠡ ᠪᠠᠢᠯᠳᠤᠭᠠᠨᠲᠤ ᠤᠯᠤᠰ ᠤ᠋ᠨ ᠰᠡᠭᠦᠯᠴᠢ ᠵᠢᠨ ᠦᠶ᠎ᠡ ᠵᠢᠨ ᠬᠦᠴᠦᠷᠬᠡᠭ ᠤᠯᠤᠰ ᠪᠣᠯᠭᠠᠵᠠᠶ ᠃ ᠴᠢᠨ ᠤᠯᠤᠰ ᠤ᠋ᠨ ᠵᠠᠩᠵᠣᠨ ᠮᠸᠩ ᠲᠢᠶᠠᠨ ᠪᠣᠯᠤᠨ ᠬᠦᠩᠽᠢ ᠹᠦ ᠰᠦ᠍ ᠡᠨᠲᠡ ᠤᠯᠠᠨ ᠵᠢᠯ ᠴᠡᠷᠢᠭ ᠰᠠᠭᠤᠯᠭᠠᠨ ᠬᠢᠯᠢ ᠬᠢᠵᠠᠭᠠᠷ ᠶ᠋ᠢᠡᠨ ᠬᠠᠮᠠᠭᠠᠯᠠᠪᠠ᠃ ᠸᠠᠩ ᠵᠣᠣ ᠵᠢᠶᠦ᠋ᠨ ᠴᠠᠨ ᠢᠦᠶ ᠲᠡᠶ ᠤᠷᠣᠬᠴᠠᠬᠣ ᠦᠶ᠎ᠡ ᠳ᠋ᠦ ᠠᠰᠣᠷᠣ ᠰᠦᠷᠯᠢᠭ ᠪᠠᠭᠣᠬᠣ ᠣᠷᠳᠣᠨ ᠢ᠋ ᠮᠦᠨ ᠡᠨᠳᠡ ᠪᠠᠢᠭᠤᠯᠣᠬᠰᠠᠨ ᠠᠵᠣᠭᠣ᠃

ᠣᠲᠣᠲᠠᠢ ᠲᠡᠭᠷᠢ ᠣᠷᠴᠢᠵᠦ ᠤᠨ ᠵᠢᠯ ᠣᠯᠠᠷᠢᠬᠰᠠᠭᠠᠷ᠃ ᠡᠳᠦᠭᠡ ᠵᠢᠦᠶᠤᠸᠠᠨ ᠤ᠋ ᠮᠠ ᡂᠢ ᠵᠢᠨ ᠡᠷᠲᠡᠨ ᠤ᠋ ᠬᠤᠳᠠ ᠨᠢ ᠪᠣᠭᠣᠷᠣᠯ ᠲᠡᠦᠭᠡ ᠵᠢᠨ ᠣᠷᠣᠰᠬᠠᠯ ᠳ᠋ᠦ ᠠᠭᠠᠵᠢᠮ ᠶ᠋ᠢᠡᠷ ᠮᠠᠷᠲᠠᠬᠲᠠᠵᠦ ᠂ ᠰᠦᠷ ᠵᠢᠪᠬᠤᠯᠠᠩᠲᠤ ᠠᠭᠠᠳ ᠣᠶᠠᠷᠠᠭᠣᠨ ᠭᠣᠨᠢᠬᠲᠣ ᠦᠯᠢᠭᠡᠷ ᠶᠠᠪᠤᠳᠠᠯ ᠤ᠋ᠤᠨ ᠨᠢ ᠦᠩᠭᠡᠷᠡᠭᠰᠡᠨ ᠴᠠᠬ ᠤ᠋ᠨ ᠠᠩᠭᠠᠯ ᠬᠠᠷᠠᠩᠭᠣᠢ ᠳ᠋ᠦ ᠠᠭᠣᠰᠣᠨ ᠠᠷᠢᠯᠵᠦ᠂ ᠦᠯᠢᠶᠡᠬᠦ ᠰᠠᠯᠬᠢᠨ ᠤ᠋ ᠠᠶ᠎ᠠ ᠪᠡᠷ ᠰᠠᠷᠨᠢᠵᠠᠢ ᠁

ᠵᠤᠤ ᠦ᠋ ᠯᠢᠩ ᠸᠠᠩ ᠵᠢᠤᠶᠤᠸᠠᠨ ᠬᠤᠳᠠ ᠵᠢ ᠠᠩᠬ᠎ᠠ ᠪᠠᠢᠭᠤᠯᠤᠭ᠍ᠰᠠᠨ ᠡᠴᠡ ᠴᠢᠨ ᠱ᠌ᠢ ᠬᠤᠸᠠᠩ ᠵᠢᠤᠶᠤᠸᠠᠨ ᠵᠢᠶᠦ᠋ᠨ ᠢ᠋ ᠪᠠᠢᠭᠤᠯᠬᠣ ᠬᠦᠷᠲᠡᠯ᠎ᠡ᠂ ᠳᠠᠬᠢᠭᠠᠳ ᠤᠮᠠᠷᠠᠲᠤ ᠸᠧᠢ ᠤᠯᠤᠰ ᠤ᠋ᠨ ᠦᠶ᠎ᠡ ᠳ᠋ᠦ ᠪᠤᠭᠤᠲᠤ ᠵᠢᠨ ᠬᠢᠯᠢ ᠳ᠋ᠦ ᠴᠡᠷᠢᠭ ᠤ᠋ᠨ ᠶᠠᠪᠤᠳᠠᠯ ᠤ᠋ᠨ ᠴᠢᠬᠤᠯᠠ ᠪᠠᠯᠭᠠᠰᠤ ᠪᠣᠯᠬᠣ ᠬᠤᠸᠠᠢ ᠱᠦᠸᠸ ᠵᠢ ᠪᠠᠢᠭᠣᠯᠬᠣ ᠬᠦᠷᠲᠡᠯ᠎ᠡ ᠂ ᠬᠢᠯᠢ ᠬᠢᠵᠠᠭᠠᠷ ᠣᠷᠣᠨ ᠤ᠋ ᠴᠠᠢᠵᠠ ᠪᠡᠬᠢᠯᠡᠯᠲᠡ ᠪᠣᠯ ᠪᠤᠭᠤᠲᠤ ᠵᠢᠨ ᠬᠠᠮᠤᠭ᠎ᠤᠨ ᠠᠩᠬᠠᠨ ᠤ᠋ ᠨᠡᠷ᠎ᠡ ᠵᠢᠨ ᠬᠠᠭᠤᠳᠠᠰᠤ ᠪᠣᠯᠬᠣ ᠶᠣᠮ᠃

ᠴᠢᠩ ᠤᠯᠤᠰ ᠤ᠋ᠨ ᠡᠩᠬᠡ ᠠᠮᠤᠭᠤᠯᠠᠩ ᠬᠠᠭᠠᠨ ᠭᠠᠯᠳᠠᠨ ᠢ᠋ ᠲᠦᠪᠱᠢᠳᠭᠡᠭ᠌ᠰᠡᠨ ᠤ᠋ ᠳᠠᠷᠠᠭ᠎ᠠ ᠡᠨᠲᠡ ᠨᠡᠬᠦᠲᠡᠯ ᠢᠷᠭᠡᠳ ᠶᠡᠬᠡ ᠬᠡᠮᠵᠢᠶ᠎ᠡ ᠪᠡᠷ ᠲᠦᠷᠢᠨ ᠢᠷᠡᠵᠦ ᠂ ᠲᠩᠷᠢ ᠲᠡᠳᠬᠦᠭ᠌ᠴᠢ ᠵᠢᠨ ᠬᠣᠶᠠᠳᠤᠭᠠᠷ ᠣᠨ (1737 ᠣᠨ) ᠳ᠋ᠦ ᠪᠤᠭᠤᠲᠤ ᠲᠣᠰᠭᠣᠨ ᠪᠤᠶ ᠪᠣᠯᠪᠠ ᠃

ᠴᠢᠩ ᠤᠯᠤᠰ ᠤ᠋ᠨ ᠰᠠᠢᠱᠢᠶᠠᠯ ᠢᠷᠥᠭᠡᠯᠲᠦ᠍ ᠵᠢᠨ ᠠᠷᠪᠠᠨ ᠳᠥᠷᠪᠡᠳᠦᠭᠡᠷ ᠣᠨ(1809 ᠣᠨ) ᠳ᠋ᠦ ᠪᠤᠭᠤᠲᠤ ᠲᠣᠰᠭᠣᠨ ᠢ᠋ ᠪᠤᠭᠤᠲᠤ ᠪᠠᠯᠭᠠᠰᠤ ᠪᠣᠯᠭᠠᠨ ᠥᠭᠡᠷᠡᠴᠢᠯᠡᠵᠦ᠍᠂ ᠴᠠᠭ᠍ᠳᠠᠨ ᠪᠠᠢᠴᠠᠭᠠᠭ᠍ᠴᠢ ᠲᠤᠬᠢᠷᠠᠭᠤᠯᠪᠠ; ᠴᠢᠩ ᠤᠯᠤᠰ ᠤ᠋ᠨ ᠲᠥᠷᠥ᠍ ᠭᠡᠷᠡᠯᠲᠦ᠍ ᠵᠢᠨ ᠭᠤᠴᠢᠳᠤᠭᠠᠷ ᠣᠨ(1850 ᠣᠨ) ᠳ᠋ᠦ ᠬᠠᠲᠤᠨ ᠭᠣᠣᠯ ᠤ᠋ᠨ ᠠᠯᠪᠠᠨ ᠤ᠋ ᠣᠯᠣᠮ ᠢ᠋ ᠪᠤᠭᠤᠲᠤ ᠵᠢᠨ ᠡᠮᠦᠨ᠎ᠡ ᠨᠠᠭᠣᠷᠲᠣ ᠳ᠋ᠦ ᠱᠢᠯᠵᠢᠭᠦᠯᠪᠡ; ᠴᠢᠩ ᠤᠯᠤᠰ ᠤ᠋ᠨ ᠪᠦᠷᠢᠨᠲᠦ ᠵᠠᠰᠠᠭ᠍ᠴᠢ ᠵᠢᠨ ᠠᠷᠪᠠᠨ ᠬᠣᠶᠠᠳᠤᠭᠠᠷ ᠣᠨ(1873 ᠣᠨ)ᠳ᠋ᠤ ᠪᠤᠭᠤᠲᠤ ᠬᠣᠲᠠ ᠵᠢ ᠪᠠᠢᠭᠤᠯᠵᠤ ᠳᠠᠭᠤᠰᠭᠠᠪᠠ ᠃

ᠡᠷᠲᠡᠨ ᠤ᠋ ᠪᠤᠭᠤᠲᠤ ᠪᠣᠯ ᠬᠠᠲᠤᠨ ᠭᠣᠣᠯ ᠢ᠋ ᠬᠠᠪᠢᠳᠠᠭ᠍ᠰᠠᠨ ᠤᠰᠤᠨ ᠲᠡᠭᠡᠭᠡᠪᠦᠷᠢ ᠵᠢᠨ ᠭᠠᠷᠠᠮ ᠪᠠᠢᠵᠤ᠂ ᠭᠠᠨᠰᠦ ᠂ ᠨᠢᠩᠱᠢᠶᠠ᠂ ᠱᠠᠨ ᠰᠢ ᠡᠴᠡ ᠬᠦᠷᠦᠯᠴᠡᠨ ᠢᠷᠡᠭ᠌ᠰᠡᠨ ᠬᠤᠳᠠᠯᠳᠤᠭᠠᠨ ᠤ᠋ ᠣᠩᠭᠣᠴᠠ ᠪᠦᠷ ᠡᠨᠳᠡ ᠵᠣᠭ᠍ᠰᠣᠲᠠᠬ᠃ ᠡᠢᠮᠦ᠍ ᠡᠴᠡ ᠵᠠᠷᠢᠮ ᠬᠥᠮᠦᠨ ᠪᠠᠰᠠ《ᠪᠤᠭᠤᠲᠤ》 ᠭᠡᠲᠡᠭ ᠪᠣᠯ ᠬᠢᠲᠠᠳ ᠬᠡᠯᠡᠨ ᠤ᠋ 《ᠪᠥᠸᠧ ᠳᠧᠦ》 ᠭᠡᠬᠦ᠌ ᠬᠣᠶᠠᠷ ᠥᠰᠥᠭ ᠤ᠋ᠨ ᠠᠪᠢᠶᠠᠨ ᠤ᠋ ᠣᠨᠲᠣᠣᠰᠢᠯ ᠪᠣᠯᠤᠨ᠎ᠠ ᠭᠡᠮᠡᠨ ᠦᠵᠡᠵᠦ ᠪᠤᠢ ᠃

ᠬᠦᠨᠳᠡᠯᠡᠨ ᠭᠤᠤᠯ ᠡᠴᠡ ᠣᠯᠪᠠᠭᠠᠯᠠᠬᠰᠠᠨ ᠣᠶᠠᠩᠭ᠎ᠠ ᠰᠢᠯᠦᠭ ᠤ᠋ᠨ ᠣᠷᠣᠮᠵᠢ

《ᠬᠣᠷ᠎ᠠ ᠣᠰᠣ ᠡᠯᠪᠡᠭ ᠦᠶ᠎ᠡ ᠳ᠋ᠦ ᠬᠥᠨᠳᠡᠯᠡᠨ ᠭᠣᠣᠯ ᠪᠣᠯ ᠨᠢᠭᠡᠨ ᠣᠷᠣᠰᠬᠠᠯ ᠭᠣᠣᠯ᠂ ᠬᠣᠷ᠎ᠠ ᠣᠰᠣ ᠬᠣᠮᠰᠠ ᠦᠶ᠎ᠡ ᠳ᠋ᠤ ᠪᠣᠯ ᠲᠦᠷᠭᠡᠨ ᠵᠠᠮ ᠪᠠᠢᠬᠰᠠᠨ ᠶᠣᠮ᠂ ᠡᠷᠲᠡᠨ ᠤ᠋ ᠦᠶ᠎ᠡ ᠳ᠋ᠤ ᠲᠡᠭᠦᠨ ᠢ᠋ ᠪᠠᠰᠠ ᠬᠣ᠌ ᠶᠠᠨ ᠤ᠋ ᠬᠦᠨᠳᠡᠢ ᠭᠡᠵᠦ᠍ ᠨᠡᠷᠡᠯᠡᠳᠡᠭ》ᠭᠡᠵᠦ᠍ ᠬᠦᠨᠳᠡᠯᠡᠨ ᠭᠣᠣᠯ ᠬᠠᠮᠢᠶᠠᠷᠤᠯᠲᠠ ᠵᠢᠨ ᠭᠠᠵᠠᠷ ᠤ᠋ᠨ ᠠᠵᠢᠯᠳᠠᠨ ᠲᠠᠨᠢᠯᠴᠠᠭᠤᠯᠣᠨ᠎ᠠ᠃

ᠬᠥᠨᠳᠡᠯᠡᠨ ᠭᠣᠣᠯ ᠣᠮᠠᠷᠠᠰᠢ ᠮᠤᠨᠢ ᠠᠭᠤᠯᠠ ᠡᠴᠡ ᠡᠬᠢ ᠠᠪᠣᠨ ᠣᠷᠣᠰᠴᠣ ᠡᠮᠦᠨᠡᠰᠢ ᠬᠠᠲᠤᠨ ᠭᠣᠸ᠋ᠯ ᠳ᠋ᠤ ᠴᠢᠳᠬᠣᠯᠠᠲᠠᠬ᠃ ᠬᠦᠨᠲᠡᠯᠡᠨ ᠭᠣᠣᠯ ᠪᠣᠯ ᠪᠤᠭᠤᠲᠤ ᠬᠣᠲᠠ ᠵᠢᠨ ᠬᠢᠯᠢ ᠲᠣᠲᠣᠷᠠᠬᠢ ᠬᠠᠲᠤᠨ ᠭᠣᠸ᠋ᠯ ᠤ᠋ᠨ ᠬᠠᠮᠣᠬ ᠤ᠋ᠨ ᠣᠷᠲᠣ ᠴᠢᠳᠭᠤᠯᠠᠩ ᠪᠣᠯᠬᠤ ᠪᠥᠭᠡᠳ ᠪᠠᠰᠠ ᠬᠥᠨᠳᠡᠯᠡᠨ ᠲᠣᠭᠣᠷᠢᠭ ᠤ᠋ᠨ ᠡᠵᠢ ᠭᠣᠸ᠋ᠯ ᠪᠠᠢᠵᠤ ᠂ ᠡᠷᠲᠡᠨ ᠤ᠋ ᠦᠶ᠎ᠡ ᠳ᠋ᠤ 《ᠱ᠌ᠢ ᠮᠸᠨ ᠱᠦᠶ》᠂《ᠬᠣ᠌ ᠶᠠᠨ ᠤ᠋ ᠬᠦᠨᠳᠡᠢ》 ᠭᠡᠵᠦ᠍ ᠨᠡᠷᠡᠢᠳᠦᠭ᠌ᠳᠡᠵᠦ᠍ ᠪᠠᠢᠵᠠᠢ᠃ ᠬᠥᠨᠳᠡᠯᠡᠨ ᠭᠣᠣᠯ ᠪᠣᠯ ᠭᠠᠵᠠᠷ ᠣᠷᠣᠨ ᠤ᠋ ᠬᠥᠭ᠌ᠵᠢᠯᠲᠡ ᠵᠢᠨ ᠲᠡᠦᠬᠡᠨ ᠳᠡᠭᠡᠷ᠎ᠡ᠂ ᠮᠤᠨᠢ ᠠᠭᠤᠯᠠ ᠵᠢᠨ ᠡᠮᠦᠨ᠎ᠡ ᠤᠮᠠᠷ᠎ᠠ ᠣᠷᠣᠰᠢᠬᠣ ᠦᠨᠳᠦᠰᠦᠲᠡᠨ ᠨᠤᠭᠦᠳ ᠤ᠋ᠨ ᠤᠯᠤᠰ ᠲᠦᠷᠦ᠍᠂ ᠠᠵᠤ ᠠᠬᠤᠶ ᠂ ᠴᠡᠷᠢᠭ ᠤ᠋ᠨ ᠶᠠᠪᠤᠳᠠᠯ ᠪᠠ ᠰᠣᠶᠣᠯ ᠤ᠋ᠨ ᠰᠣᠯᠢᠯᠴᠠᠭᠠᠨ ᠤ᠋ ᠵᠠᠮ ᠪᠣᠯᠬᠣ ᠪᠦᠭᠡᠳ ᠪᠠᠰᠠ ᠴᠤ᠌ ᠵᠦᠩᠶᠤᠸᠠᠨ ᠣᠷᠣᠨ ᠬᠢᠭᠡᠳ ᠪᠣᠭᠣᠮᠲᠠ ᠵᠢᠨ ᠠᠷᠣ ᠵᠢ ᠬᠣᠯᠪᠣᠵᠦ᠂ ᠠᠽᠢᠶ᠎ᠠ ᠧᠦ᠋ᠷᠣᠫᠠ ᠵᠢ ᠨᠡᠪᠲᠡᠷᠡᠭᠦᠯᠦᠭ᠌ᠰᠡᠨ ᠡᠷᠲᠡᠨ ᠤ᠋ ᠴᠠᠢ ᠵᠢᠨ ᠵᠠᠮ ᠪᠣᠯᠬᠣ ᠶᠣᠮ᠃ ᠡᠢᠨ ᠬᠦ᠌ ᠦᠨᠢ ᠣᠲᠠᠭᠠᠨ ᠲᠡᠦᠬᠡ ᠣᠯᠪᠠᠭ᠎ᠠ ᠨᠢ ᠬᠦᠨᠲᠡᠯᠡᠨ ᠭᠣᠣᠯ ᠳ᠋ᠤ ᠦᠪ ᠰᠣᠶᠣᠯ ᠤ᠋ᠨ ᠦᠩᠲᠦ ᠬᠦᠷᠦᠰᠦ ᠬᠠᠩᠭᠠᠬᠰᠠᠨ ᠪᠠᠢᠨ᠎ᠠ ᠃

ᠬᠥᠨᠳᠡᠯᠡᠨ ᠭᠣᠣᠯ ᠨᠢ ᠪᠣᠭᠣᠲᠣ ᠵᠢᠨ ᠦᠩᠭᠡᠷᠡᠭᠰᠡᠨ ᠪᠠ ᠡᠲᠦᠭᠡ ᠵᠢ ᠬᠣᠯᠪᠣᠬᠰᠠᠨ ᠶ᠋ᠢᠡᠷ ᠪᠠᠷᠠᠬᠣ ᠦᠭᠡᠢ ᠪᠤᠭᠤᠲᠤ ᠵᠢᠨ ᠠᠵᠤ ᠦᠢᠯᠡᠳᠪᠦᠷᠢ ᠵᠢᠨ ᠬᠤᠳᠠ ᠪᠣᠯᠵᠦ ᠬᠥᠭ᠌ᠵᠢᠨ ᠮᠠᠨᠳᠤᠬᠰᠠᠨ ᠦᠩᠭᠡᠷᠡᠯᠲᠡ ᠵᠢ ᠭᠡᠷᠡᠴᠢᠯᠡᠪᠡ᠃ ᠡᠯᠡᠰᠦ ᠲᠣᠭᠣᠰᠣ ᠪᠣᠵᠢᠬᠢᠨᠠᠵᠦ ᠪᠠᠢᠬᠰᠠᠨ ᠡᠴᠡ ᠠᠵᠤ ᠦᠢᠯᠡᠳᠪᠦᠷᠢ ᠵᠢᠨ ᠴᠢᠬᠤᠯᠠ ᠪᠠᠯᠭᠠᠰᠤ ᠪᠣᠯᠬᠣ ᠬᠦᠷᠲᠡᠯ᠎ᠡ᠂ ᠠᠬᠢᠭᠠᠳ ᠣᠳᠣᠬᠢᠴᠢᠯᠠᠭ᠍ᠰᠠᠨ ᠬᠤᠳᠠ ᠵᠢᠨ ᠲᠣᠭᠣᠷᠢᠭ ᠪᠣᠯᠵᠦ ᠬᠦᠭᠵᠢᠭᠰᠡᠨ ᠬᠦᠷᠲᠡᠯ᠎ᠡ᠂ ᠬᠦᠨᠲᠡᠯᠡᠨ ᠭᠣᠣᠯ ᠢ᠋ ᠰᠤᠨᠳᠠᠯᠠᠭ᠍ᠰᠠᠨ ᠲᠦᠷᠪᠡᠨ ᠶᠡᠬᠡ ᠬᠥᠭᠥᠷᠭᠡ ᠨᠢ ᠪᠦᠬᠦᠢᠯᠡ ᠬᠤᠳᠠ ᠵᠢᠨ ᠲᠣᠭᠣᠷᠢᠭ ᠢ᠋ ᠨᠢᠭᠡ ᠴᠣᠭ᠍ᠴᠠ ᠪᠣᠯᠭᠠᠨ ᠪᠡᠬᠢᠯᠡᠨ ᠬᠣᠯᠪᠣᠬᠰᠠᠨ ᠶᠣᠮ᠃ ᠮᠢᠩᠭᠠᠨ ᠣᠨ ᠮᠣᠷᠣᠯᠵᠠᠨ ᠣᠷᠣᠰᠣᠬᠰᠠᠨ ᠬᠦᠨᠲᠡᠯᠡᠨ ᠭᠣᠣᠯ ᠣᠳᠣᠬᠢᠴᠢᠯᠠᠭ᠍ᠰᠠᠨ ᠠᠵᠤ ᠦᠢᠯᠡᠳᠪᠦᠷᠢ ᠵᠢᠨ ᠲᠣᠭᠣᠷᠢᠭ ᠢ᠋ ᠦᠯᠦᠭᠡᠢᠲᠡᠵᠦ ᠦᠰᠭᠡᠭᠰᠡᠨ ᠪᠦᠭᠡᠳ ᠦᠷᠨᠢᠨ ᠪᠣᠰᠣᠬᠰᠠᠨ ᠱᠢᠨ᠎ᠡ ᠬᠤᠳᠠ ᠵᠢᠨ ᠲᠣᠭᠣᠷᠢᠭ ᠨᠢ ᠪᠠᠰᠠ ᠬᠥᠨᠳᠡᠯᠡᠨ ᠭᠣᠣᠯ ᠢ᠋ ᠲᠣᠪ ᠲᠣᠭᠣᠢ ᠰᠠᠬᠢᠨ ᠪᠠᠷᠠᠯᠠᠬᠰᠠᠭᠠᠷ ᠃

《ᠥᠩᠭᠡᠷᠡᠭ᠌ᠰᠡᠨ ᠳ᠋ᠤ ᠬᠥᠮᠦᠰ ᠨᠣᠭᠣ ᠭᠠᠵᠠᠷ ᠤ᠋ᠨ ᠬᠠᠮᠠᠭᠠᠯᠠᠯᠲᠠ ᠵᠢ ᠣᠢᠰᠢᠶᠠᠬᠣ ᠥᠬᠡᠶ ᠪᠠᠢᠵᠠᠢ ᠃ ᠤᠯᠤᠰ ᠡᠴᠡ ᠲᠠᠷᠢᠶᠠᠯᠠᠬᠤ ᠵᠢ ᠵᠣᠭ᠍ᠰᠣᠭᠠᠵᠤ ᠨᠣᠭᠣ ᠭᠠᠵᠠᠷ ᠢ᠋ ᠰᠡᠷᠭᠦᠭᠡᠬᠦ᠌ ᠲᠦᠷᠦᠯ ᠵᠦᠢᠯ ᠢ᠋ ᠬᠡᠷᠡᠭ᠌ᠵᠢᠭᠦᠯᠬᠦ᠌ ᠵᠢ ᠳᠠᠭᠠᠯᠳᠤᠨ ᠨᠣᠭᠣ ᠭᠠᠵᠠᠷ ᠤ᠋ᠨ ᠪᠠᠢᠭᠠᠯᠢ ᠵᠢᠨ ᠠᠮᠢ ᠠᠬᠤᠶ ᠢᠯᠡᠳᠲᠡ ᠰᠠᠢᠵᠢᠷᠠᠵᠤ ᠂ ᠡᠨᠳᠡᠬᠢ ᠨᠢ ᠨᠢᠭᠡᠨᠲᠡ ᠵᠢᠯ ᠪᠦᠷᠢ ᠵᠢᠨ ᠨᠡᠭᠦᠳᠡᠯ ᠤ᠋ᠨ ᠱᠢᠪᠠᠭᠤᠳ ᠤ᠋ᠨ ᠴᠢᠬᠤᠯᠠ ᠥᠷᠲᠡᠭᠡ ᠪᠣᠯᠵᠣ ᠂ 2 ᠰᠠᠷ᠎ᠠ ᠵᠢᠨ ᠰᠡᠭᠦᠯᠴᠢ ᠪᠡᠷ ᠲᠦᠮᠡ ᠱᠢᠬᠠᠮ ᠬᠤᠨ ᠭᠠᠯᠠᠭᠤ ᠂ ᠯᠠᠮᠠ ᠭᠠᠯᠠᠭᠣ ᠵᠡᠷᠭᠡ ᠭᠠᠯᠠᠬᠤ ᠰᠢᠪᠠᠭᠤᠳ ᠡᠨᠳᠡ ᠢᠷᠡᠵᠦ ᠠᠮᠠᠷᠠᠬᠣ ᠪᠣᠯᠤᠭᠰᠠᠨ ᠶᠤᠮ》 ᠬᠡᠵᠤ ᠪᠤᠭᠤᠲᠤ ᠬᠤᠳᠠ ᠵᠢᠨ ᠵᠢᠤᠶᠤᠸᠠᠨ ᠲᠣᠭᠣᠷᠢᠭ ᠤ᠋ᠨ ᠬᠠᠳᠤᠨ ᠭᠣᠣᠯ ᠤ᠋ᠨ ᠨᠤᠭᠤ ᠭᠠᠵᠠᠷ ᠤ᠋ᠨ ᠬᠠᠮᠢᠶᠠᠷᠤᠯᠲᠠ ᠬᠠᠮᠠᠭᠠᠯᠠᠯᠲᠠ ᠵᠢᠨ ᠲᠥᠪ ᠤ᠋ᠨ ᠡᠷᠬᠢᠯᠡᠭ᠌ᠴᠢ ᠵᠠᠩ ᠱᠤᠤ ᠮᠢᠨ ᠬᠡᠯᠡᠨ᠎ᠠ᠃ ᠲᠡᠬᠦᠨ ᠤ᠋ ᠬᠡᠯᠡᠬᠦ ᠪᠡᠷ ᠂ ᠵᠢᠤᠶᠤᠸᠠᠨ ᠲᠣᠭᠣᠷᠢᠭ ᠵᠢᠡᠷ ᠤᠷᠤᠰᠤᠨ ᠥᠩᠭᠡᠷᠡᠬᠦ᠌ ᠬᠠᠲᠣᠨ ᠭᠣᠣᠯ ᠤ᠋ᠨ ᠡᠨᠡ ᠬᠦ᠌ 35 ᠺᠢᠯᠦᠮᠸᠲᠷ ᠤ᠋ᠨ ᠭᠡᠰᠡᠭ ᠤ᠋ᠨ ᠤᠷᠴᠢᠨ ᠨᠦᠬᠦᠴᠡᠯ ᠵᠢᠯ ᠪᠦᠷᠢ ᠰᠢᠨᠡᠲᠦᠨ ᠬᠣᠪᠢᠷᠠᠵᠦ ᠂ ᠤᠯᠠᠮ ᠡᠴᠡ ᠤᠯᠠᠮ ᠭᠤᠶᠤ ᠪᠤᠯᠵᠤ ᠪᠠᠢᠨ᠎ᠠ ᠃

《ᠡᠨᠡ ᠴᠢᠨᠢ ᠶᠦᠨᠨᠠᠨ ᠤ᠋ ᠺᠦᠨᠮᠢᠩ ᠤ᠋ᠨ ᠳ᠋ᠢᠶᠠᠨ ᡂᠢ ᠨᠠᠭᠤᠷ ᠪᠢᠰᠢ᠂ ᠬᠠᠷᠢᠨ ᠥᠪᠥᠷ ᠮᠣᠩᠭᠣᠯ ᠤ᠋ᠨ ᠪᠤᠭᠤᠲᠤ ᠬᠣᠲᠠ ᠵᠢᠨ ᠨᠠᠨ ᠬᠠᠢ ᠨᠣᠭᠣ ᠭᠠᠵᠠᠷ ᠮᠥᠨ᠂ ᠤᠯᠠᠭᠠᠨ ᠬᠣᠱᠢᠭᠤᠲᠤ ᠴᠠᠬᠤᠯᠠᠶ ᠣᠷᠢᠲᠠᠭᠣᠷ ᠬᠣᠢᠭᠣᠷ ᠳᠠᠭᠠᠵᠤ ᠨᠢᠰᠬᠦ ᠨᠢ ᠦᠨᠡᠬᠡᠷ ᠭᠣᠶᠣ ᠰᠠᠨᠠᠬᠲᠠᠨ᠎ᠠ》 ᠬᠡᠵᠤ ᠪᠤᠭᠤᠲᠤ ᠬᠣᠲᠠ ᠵᠢᠨ ᠬᠡᠷᠡᠯ ᠵᠢᠷᠤᠭ ᠤ᠋ᠨ ᠪᠠᠬᠠᠲᠠᠨ ᠷᠧᠨ ᠵᠢᠶᠦ᠋ᠨ ᠭᠡᠷᠡᠯ ᠵᠢᠷᠣᠬ ᠤ᠋ᠨ ᠮᠠᠰᠢᠨ ᠤ᠋ ᠬᠢᠯᠠᠰᠬᠢᠨ ᠠᠰᠠᠬᠣ ᠬᠣᠷᠣᠮ ᠳ᠋ᠦ ᠡᠨᠡ ᠬᠦ᠌ ᠰᠦᠷᠯᠢᠭ ᠰᠠᠢᠬᠠᠨ ᠦᠵᠡᠮᠵᠢ ᠵᠢ ᠰᠡᠬᠦᠲᠡᠷᠯᠡᠨ ᠲᠡᠮᠲᠡᠭᠯᠡᠵᠦ ᠠᠮᠵᠢᠬᠰᠠᠨ ᠪᠠᠢᠯ᠎ᠠ᠃ ᠬᠠᠪᠤᠷ ᠤ᠋ᠨ ᠣᠷᠢᠨ ᠰᠠᠭᠠᠲᠠᠵᠦ ᠬᠠᠮᠣᠬ ᠪᠣᠲᠠᠰ ᠳᠡᠯᠭᠡᠷᠡᠬᠦ ᠵᠢᠨ ᠦᠶ᠎ᠡ ᠪᠡᠷ ᠪᠤᠭᠤᠲᠤ ᠬᠤᠳᠠ ᠵᠢᠨ ᠨᠠᠨ ᠬᠠᠢ ᠨᠤᠭᠤ ᠭᠠᠵᠠᠷ ᠤ᠋ᠨ ᠦᠵᠡᠮᠵᠢ ᠵᠢᠨ ᠣᠷᠣᠨ ᠨᠢ ᠤᠯᠠᠭᠠᠨ ᠬᠣᠱᠢᠭᠤᠲᠤ ᠴᠠᠬᠤᠯᠠᠢ ᠪᠠᠨ ᠤᠭ᠍ᠲᠤᠨ ᠠᠪᠤᠳᠠᠭ ᠂ ᠠᠯᠣᠰ ᠬᠣᠯᠠ ᠵᠢᠨ ᠱᠢᠪᠧᠷᠢᠶ᠎ᠠ ᠡᠴᠡ ᠡᠮᠦᠨᠡᠲᠦ ᠣᠷᠣᠨ ᠲᠡᠢᠰᠢ ᠠᠶᠠᠯᠠᠬᠤ ᠡᠳᠡᠭᠡᠷ ᠬᠦᠭᠡᠷᠦᠬᠦᠨ ᠠᠮᠢᠲᠠᠳ ᠪᠤᠭᠤᠲᠤ ᠳ᠋ᠦ ᠠᠮᠣᠰᠬᠢᠵᠦ ᠠᠯᠵᠢᠶᠠᠯ ᠵᠦᠳᠡᠷᠡᠯ ᠶ᠋ᠢᠡᠨ ᠲᠠᠢᠯᠬᠤ ᠶᠤᠮ ᠃

ᠪᠤᠭᠤᠲᠤ ᠬᠤᠳᠠ ᠶ᠋ᠢᠨ ᠳ᠋ᠦ᠋ᠩ ᠾᠧ ᠲᠤᠭᠤᠷᠢᠭ ᠤ᠋ᠨ ᠨᠠᠨ ᠬᠠᠢ ᠨᠤᠭᠤ ᠭᠠᠵᠠᠷ ᠤ᠋ᠨ ᠦᠵᠡᠮᠵᠢ ᠶ᠋ᠢᠨ ᠣᠷᠣᠨ ᠪᠣᠯ ᠬᠠᠲᠤᠨ ᠭᠣᠣᠯ ᠤ᠋ᠨ ᠪᠤᠭᠤᠲᠤ ᠳ᠋ᠠᠬᠢ ᠬᠣᠶᠠᠳᠤᠭᠠᠷ ᠲᠤᠬᠤᠢ ᠪᠣᠯᠣᠨ᠎ᠠ᠂ ᠬᠠᠲᠤᠨ ᠭᠣᠣᠯ ᠤ᠋ᠨ ᠭᠤᠯᠳᠤᠷᠢᠯ ᠤ᠋ᠨ ᠵᠠᠮ ᠠᠶᠠᠨᠳᠠᠭᠠᠨ ᠡᠮᠦᠨᠡᠰᠢ ᠰᠢᠯᠵᠢᠭᠰᠡᠨ ᠤ᠋ ᠳᠠᠷᠠᠭ᠎ᠠ ᠂ ᠨᠠᠭᠤᠷ ᠪᠠ ᠭᠣᠣᠯ ᠤ᠋ᠨ ᠲᠠᠩ ᠤ᠋ᠨ ᠨᠤᠭᠤ ᠭᠠᠵᠠᠷ ᠪᠣᠶ ᠪᠣᠯᠵᠠᠢ ᠃ ᠡᠨᠡ ᠬᠦ᠌ ᠨᠤᠭᠤ ᠭᠠᠵᠠᠷ ᠨᠢ ᠤᠯᠤᠰ ᠤ᠋ᠨ 4A ᠲᠠᠰ ᠤ᠋ᠨ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ ᠪᠣᠯᠬᠤ ᠪᠥᠭᠡᠳ ᠮᠠᠨ ᠤ᠋ ᠤᠯᠤᠰ ᠤ᠋ᠨ ᠬᠠᠮᠤᠭ ᠤ᠋ᠨ ᠥᠨᠳᠥᠷ ᠥᠷᠭᠡᠷᠢᠭ ᠤ᠋ᠨ ᠬᠠᠲᠤᠨ ᠭᠣᠣᠯ ᠤ᠋ᠨ ᠨᠤᠭᠤ ᠭᠠᠵᠠᠷ ᠪᠠᠢᠵᠤ᠂ ᠣᠲᠣ᠌ ᠨᠢᠭᠡᠨᠲᠡ ᠪᠤᠭᠤᠲᠤ ᠬᠣᠲᠠ ᠶ᠋ᠢᠨ ᠬᠣᠲᠠ ᠶ᠋ᠢᠨ ᠲᠣᠭᠣᠷᠢᠭ᠋ ᠲᠠᠬᠢ ᠲᠦᠮᠡᠨ ᠮᠦ᠍ ᠵᠢᠨ ᠲᠠᠯᠠᠪᠠᠢ ᠪᠦᠬᠦᠢ ᠨᠠᠭᠤᠷ ᠴᠥᠭᠥᠷᠥᠮ ᠪᠣᠯᠵᠠᠢ᠃

ᠬᠠᠲᠤᠨ ᠭᠣᠣᠯ ᠨᠢ ᠬᠦᠪᠡᠬᠡ ᠳᠠᠭᠠᠤ ᠠᠮᠢᠳᠤᠷᠠᠵᠤ ᠪᠠᠢᠭ᠎ᠠ 270 ᠭᠠᠷᠤᠢ ᠲᠦᠮᠡᠨ ᠪᠤᠭᠤᠲᠤ ᠶ᠋ᠢᠨ ᠬᠥᠮᠥᠨ ᠳ᠋ᠦ ᠠᠪᠴᠤ ᠬᠡᠯᠡᠪᠡᠯ᠂ ᠲᠦᠷᠦᠬᠦᠯᠵᠦ ᠦᠰᠬᠡᠭᠰᠡᠨ ᠡᠬᠡ ᠨᠤᠲᠤᠭ᠂ ᠦᠶ᠎ᠠ ᠤᠯᠠᠷᠢᠨ ᠤᠷᠤᠰᠢᠨ ᠲᠤᠭᠳᠠᠨᠢᠬᠤ ᠡᠵᠢ ᠭᠤᠤᠯ ᠨᠢ ᠪᠤᠯᠬᠤ ᠶᠤᠮ ᠃ ᠡᠳᠦᠭᠡ ᠬᠠᠳᠤᠨ ᠭᠣᠣᠯ ᠢ᠋ᠶ᠋ᠡᠨ ᠲᠦᠰᠢᠵᠦ ᠰᠠᠭᠤᠭᠰᠠᠨ ᠪᠤᠭᠤᠲᠤ᠎ᠬᠤᠳᠠ ᠨᠢ 《ᠲᠠᠯ᠎ᠠ ᠨᠤᠲᠤᠭ ᠤ᠋ᠨ ᠪᠣᠯᠣᠳ ᠬᠤᠳᠠ》᠂ 《ᠬᠣᠪᠣᠷ ᠰᠢᠷᠣᠢ ᠶ᠋ᠢᠨ ᠬᠤᠳᠠ》᠂ 《ᠳᠡᠯᠡᠬᠡᠢ ᠶ᠋ᠢᠨ ᠪᠣᠬᠢᠷᠲᠤᠯ ᠦᠭᠡᠢ ᠴᠠᠬᠢᠭᠤᠷ ᠤ᠋ᠨ ᠬᠤᠳᠠ》 ᠵᠡᠷᠭᠡ ᠨᠡᠷ᠎ᠡ ᠶ᠋ᠢᠨ ᠬᠠᠭᠤᠳᠠᠰᠤ ᠪᠡᠷ ᠤᠯᠠᠨ᠎ᠠ ᠳᠠᠭᠤᠷᠢᠰᠤᠨ ᠭᠢᠯᠠᠯᠵᠠᠵᠤ ᠪᠠᠢᠨ᠎ᠠ᠃

ᠬᠠᠳᠤᠨ ᠭᠤᠤᠯ ᠡᠴᠡ ᠰᠢᠮ᠎ᠠ ᠠᠪᠤᠭᠰᠠᠨ ᠰᠤᠶᠤᠯ ᠵᠢᠭᠤᠯᠴᠢᠯᠠᠯ ᠤ᠋ᠨ ᠠᠵᠤ ᠦᠢᠯᠡᠰ

ᠬᠠᠳᠤᠨ ᠭᠣᠣᠯ ᠪᠤᠭᠤᠲᠤ ᠪᠡᠷ ᠤᠷᠤᠰᠤᠨ ᠥᠩᠭᠡᠷᠡᠵᠦ ᠬᠠᠷ᠎ᠠ ᠤᠰᠤ ᠭᠣᠣᠯ ᠢ᠋ ᠪᠦᠳᠦᠭᠡᠵᠡᠢ᠃ ᠬᠠᠷ᠎ᠠ ᠤᠰᠤ ᠭᠣᠣᠯ ᠤ᠋ᠨ ᠨᠤᠭᠤ ᠭᠠᠵᠠᠷ ᠤ᠋ᠨ ᠴᠡᠴᠡᠷᠯᠢᠭ ᠲᠦ᠍ ᠬᠦᠷᠬᠦ ᠳ᠋ᠦ ᠂ ᠬᠠᠪᠤᠷ ᠤ᠋ᠨ ᠨᠠᠷᠠᠨ ᠤ᠋ ᠰᠢᠵᠢᠷ ᠲᠤᠶᠠᠭᠠᠨ ᠳ᠋ᠤ ᠦᠨᠢ ᠡᠷᠳᠡᠨ ᠤ᠋ ᠲᠡᠥᠬᠡ ᠬᠦᠤᠷᠨᠢᠵᠤ ᠡᠬᠦᠷᠢᠳᠡ ᠪᠠᠭᠤᠷᠠᠰᠢ ᠦᠬᠡᠢ ᠠᠮᠢᠵᠢᠷᠠᠯ ᠤ᠋ᠨ ᠬᠦᠴᠦᠨ ᠵᠢᠡᠷ ᠪᠢᠯᠬᠠᠨ᠎ᠠ ᠃ ᠬᠠᠷ᠎ᠠ ᠤᠰᠤ ᠭᠣᠣᠯ ᠤ᠋ᠨ ᠨᠤᠭᠤ ᠭᠠᠵᠠᠷ ᠤ᠋ᠨ ᠴᠡᠴᠡᠷᠯᠢᠭ ᠤ᠋ᠨ ᠦᠷᠦᠴᠡᠨ ᠳ᠋ᠦ ᠪᠠᠢᠷᠢᠯᠠᠳᠠᠭ ᠪᠤᠭᠤᠲᠤ ᠶ᠋ᠢᠨ ᠬᠠᠳᠤᠨ ᠭᠣᠣᠯ ᠤ᠋ᠨ ᠤᠯᠤᠰ ᠤ᠋ᠨ ᠰᠣᠶᠣᠯ ᠤ᠋ᠨ ᠴᠡᠴᠡᠷᠯᠢᠭ ᠶᠠᠭ ᠡᠨᠡ ᠬᠦ᠌ ᠪᠠᠢᠭᠠᠯᠢ ᠵᠢᠨ ᠦᠵᠡᠮᠵᠢ᠎ᠬᠢᠭᠡᠳ ᠬᠣᠲᠠ ᠶ᠋ᠢᠨ ᠦᠵᠡᠮᠵᠢ ᠵᠢ ᠠᠭᠤᠰᠬᠠᠭᠰᠠᠨ ᠶᠤᠮ ᠃

ᠬᠡ ᠳᠠᠳᠠᠭᠰᠠᠨ ᠴᠢᠯᠠᠭᠤᠨ ᠬᠡᠷᠡᠮ᠂ ᠰᠢᠪᠠᠷ ᠪᠠᠢᠰᠢᠩ ᠂ ᠡᠷᠲᠡᠨ ᠤ᠋ ᠤᠰᠤᠨ ᠬᠦᠷᠳᠦᠳᠤ ᠵᠢᠭᠠᠰᠤᠨ ᠣᠩᠭᠣᠴᠠ ᠂ ᠦᠨᠳᠦᠷ ᠲᠦ᠍ ᠡᠯᠭᠦᠭᠳᠡᠭᠰᠡᠨ ᠬᠠᠳᠤᠨ ᠭᠣᠣᠯ ᠤ᠋ᠨ ᠮᠥᠷᠭᠥ ᠵᠢᠭᠠᠰᠤ ᠁ ᠰᠢᠷᠣᠢᠨ ᠴᠠᠢᠵᠠ ᠮᠡᠳᠦ ᠶ᠋ᠢᠨ ᠪᠠᠷᠢᠯᠭ᠎ᠠ ᠶ᠋ᠢᠨ ᠦᠨᠴᠦᠭ ᠪᠤᠯᠤᠩ ᠬᠦᠷᠳᠡᠯ᠎ᠠ ᠲᠠᠷᠢᠶᠠᠯᠠᠬᠤ ᠰᠣᠶᠣᠯ ᠪᠣᠯᠣᠨ ᠨᠡᠭᠦᠳᠡᠯ ᠮᠠᠯᠵᠢᠯ ᠤ᠋ᠨ ᠰᠣᠶᠣᠯ ᠤ᠋ᠨ ᠠᠭᠤᠰᠤᠯᠴᠠᠯ ᠤ᠋ᠨ ᠲᠡᠦᠬᠡ ᠵᠢ ᠢᠯᠡᠷᠡᠭᠦᠯᠵᠦ ᠂ ᠬᠥᠮᠥᠰ ᠲᠦ᠍ ᠡᠷᠲᠡᠨ ᠤ᠋ ᠬᠠᠳᠤᠨ ᠭᠣᠣᠯ ᠤ᠋ᠨ ᠦᠯᠢᠭᠡᠷ ᠢ᠋ ᠶᠠᠷᠢᠵᠤ ᠪᠠᠢᠭ᠎ᠠ ᠮᠡᠲᠦ ᠰᠠᠨᠠᠭᠳᠠᠭᠤᠯᠤᠨ᠎ᠠ ᠃ ᠬᠠᠲᠤᠨ ᠭᠣᠣᠯ ᠤ᠋ᠨ ᠬᠥᠪᠡᠭᠡᠨ ᠳ᠋ᠡᠬᠢ ᠵᠢᠦᠶᠤᠸᠠᠨ ᠲᠣᠭᠣᠷᠢᠭ᠋ ᠤ᠋ᠨ ᠬᠣᠷᠢᠨᠭᠡᠷ ᠪᠠᠯᠭᠠᠰᠤ ᠵᠢᠨ ᠰᠢᠨ ᠾᠧ ᠲᠣᠰᠬᠣᠨ ᠳ᠋ᠤ ᠪᠠᠢᠭ᠎ᠠ ᠡᠨᠡ ᠬᠦ᠌ ᠬᠠᠲᠤᠨ ᠭᠣᠣᠯ ᠤ᠋ᠨ ᠰᠣᠶᠣᠯ ᠤ᠋ᠨ ᠬᠦᠷᠢᠶᠡᠯᠡᠩ ᠨᠢ ᠥᠪᠡᠷᠮᠢᠴᠡ ᠪᠠᠷᠢᠯᠭ᠎ᠠ ᠶ᠋ᠢᠨ ᠬᠡᠪ ᠨᠠᠮᠪᠠ ᠪᠡᠷ ᠢ᠋ᠶ᠋ᠠᠨ ᠬᠠᠲᠤᠨ ᠭᠣᠣᠯ ᠤ᠋ᠨ ᠦᠵᠡᠮᠵᠢ ᠶ᠋ᠢᠨ ᠶᠡᠬᠡ ᠵᠠᠮ ᠳᠡᠭᠡᠷᠡᠬᠢ ᠦᠵᠡᠰᠬᠦᠯᠡᠩᠲᠦ ᠰᠠᠢᠬᠠᠨ ᠦᠵᠡᠮᠵᠢ ᠪᠣᠯᠵᠠᠢ᠃

ᠬᠠᠳᠤᠨ ᠭᠣᠣᠯ ᠪᠤᠭᠤᠲᠤ ᠶ᠋ᠢᠨ ᠦᠪᠦᠷ ᠢ᠋ᠶ᠋ᠡᠷ᠎ᠮᠤᠷᠤᠯᠵᠠᠨ ᠳᠠᠬᠢᠷᠯᠠᠵᠦ ᠦᠩᠭᠡᠷᠡᠬᠦ᠎ᠳᠡᠭᠡᠨ ᠶᠡᠬᠡ ᠬᠡᠪᠴᠢᠶᠡᠨ ᠤ᠋ ᠨᠤᠭᠤ ᠭᠠᠵᠠᠷ ᠢ᠋ ᠪᠦᠷᠢᠯᠳᠤᠬᠦᠯᠵᠤ ᠂ ᠪᠤᠭᠤᠲᠤ ᠳ᠋ᠦ ᠴᠢᠬᠤᠯᠠ ᠰᠣᠶᠣᠯ ᠵᠢᠭᠤᠯᠴᠢᠯᠠᠯ ᠪᠠ ᠠᠮᠢ ᠠᠬᠤᠢ ᠶ᠋ᠢᠨ ᠡᠬᠢ ᠪᠠᠶᠠᠯᠢᠭ᠋ ᠢ᠋ ᠪᠦᠳᠦᠬᠡᠵᠤ ᠥᠭᠴᠡᠢ ᠃ ᠪᠤᠭᠤᠳᠤ ᠬᠤᠳᠠ ᠬᠠᠳᠤᠨ ᠭᠤᠤᠯ ᠢ᠋ᠶ᠋ᠡᠨ ᠲᠦᠰᠢᠵᠦ ᠠᠮᠢ ᠠᠮᠢᠵᠢᠷᠠᠯ ᠢ᠋ᠶ᠋ᠡᠷ ᠪᠢᠯᠬᠠᠨ ᠨᠡᠩ ᠦᠵᠡᠮᠵᠢ ᠳᠡᠬᠦᠯᠳᠡᠷ ᠪᠤᠯᠪᠠ ᠃

ᠪᠤᠭᠤᠲᠤ ᠬᠣᠲᠠ ᠬᠠᠲᠤᠨ ᠭᠣᠣᠯ ᠤ᠋ᠨ ᠤᠰᠤᠨ ᠤ᠋ ᠡᠬᠢ ᠪᠠᠶᠠᠯᠢᠭ ᠲᠦ᠍ ᠲᠦᠰᠢᠭᠯᠡᠨ 120 ᠭᠠᠷᠤᠢ ᠲᠡᠭᠰᠢ ᠳᠥᠷᠪᠡᠯᠵᠢᠨ ᠺᠢᠯᠣᠮᠧᠲᠷ ᠳᠠᠯᠠᠪᠠᠢ ᠪᠦᠬᠦᠢ ᠪᠤᠭᠤᠲᠤ ᠬᠣᠲᠠ ᠶ᠋ᠢᠨ ᠬᠠᠲᠤᠨ ᠭᠣᠣᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠢ᠋ ᠪᠠᠢᠭᠤᠯᠤᠭᠰᠠᠨ ᠶᠤᠮ ᠃ ᠡᠨᠡ ᠨᠢ ᠮᠥᠨ ᠴᠦ᠍ ᠬᠠᠲᠤᠨ ᠭᠣᠣᠯ ᠳᠠᠭᠠᠤ ᠶ᠋ᠢᠨ ᠥᠨᠳᠥᠷ ᠥᠷᠭᠡᠷᠢᠭ ᠤ᠋ᠨ ᠬᠦᠢᠲᠡᠨ ᠭᠠᠩ ᠬᠠᠭᠤᠷᠠᠢ ᠭᠠᠵᠠᠷ ᠣᠷᠣᠨ ᠤ᠋ ᠲᠣᠮᠣ᠌ ᠬᠡᠯᠪᠡᠷᠢ ᠶ᠋ᠢᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠪᠠᠢᠵᠤ ᠂ ᠵᠣᠣ ᠵᠢᠶᠦ᠋ᠨ ᠠᠷᠠᠯ ᠂ ᠬᠠᠷ᠎ᠠ ᠤᠰᠤ ᠭᠤᠤᠯ᠂ ᠨᠠᠨ ᠬᠠᠢ ᠨᠠᠭᠤᠷ ᠂ ᠭᠦᠩ ᠵᠦᠩ ᠬᠠᠢ ᠪᠣᠯᠣᠨ ᠴᠡᠯᠡᠭᠡᠷ ᠲᠠᠯ᠎ᠠ ᠵᠡᠷᠭᠡ 5 ᠬᠡᠰᠡᠭ ᠢ᠋ᠶ᠋ᠠᠷ ᠪᠦᠷᠢᠯᠳᠦᠵᠦ ᠂ ᠲᠣᠰ ᠲᠣᠰ 《ᠭᠤᠤᠯ ᠤ᠋ᠨ ᠲᠠᠩ》᠂ 《ᠭᠤᠤᠯ》᠂ 《ᠴᠡᠴᠡᠷᠯᠢᠭ》᠂ 《ᠨᠠᠮᠤᠭ》᠂ 《ᠠᠷᠠᠯ》 ᠢ᠋ᠶ᠋ᠠᠷ ᠣᠨᠴᠠᠯᠢᠭ᠋ ᠪᠤᠯᠭᠠᠭᠰᠠᠨ ᠭᠣᠣᠯ ᠰᠡᠳᠦᠪᠲᠦ ᠪᠦᠲᠦᠭᠡᠨ ᠪᠠᠢᠭᠤᠯᠤᠯᠲᠠ ᠪᠣᠯᠤᠨ᠎ᠠ ᠃

ᠬᠦᠬᠡ ᠲᠡᠭᠷᠢ ᠴᠡᠯᠡᠢᠨ ᠬᠦᠳᠡᠬᠡ ᠲᠠᠯ᠎ᠠ ᠨᠡᠯᠤᠢᠵᠤ᠂ ᠠᠶᠠᠰ ᠤ᠋ᠨ ᠰᠠᠯᠬᠢᠨ ᠦᠯᠢᠶᠡᠬᠦᠶ᠎ᠠ ᠠᠳᠤᠭᠤ ᠮᠠᠯ ᠢᠷᠡᠯᠵᠡᠨ᠎ᠠ ᠁ ᠮᠢᠩᠭᠠᠨ ᠵᠢᠯ ᠤᠯᠠᠮᠵᠢᠯᠠᠭᠳᠠᠭᠰᠠᠨ《ᠴᠢᠯᠧ ᠶ᠋ᠢᠨ ᠳᠠᠭᠤᠯᠠᠯ》 ᠪᠤᠯ ᠡᠨᠡ ᠬᠦ᠌ ᠡᠪᠡᠰᠦ ᠪᠡᠯᠴᠢᠭᠡᠷ ᠰᠠᠢᠲᠠᠢ ᠂ ᠦᠩ ᠰᠢᠮᠡᠯᠢᠭ ᠰᠠᠢᠬᠠᠨ ᠨᠤᠲᠤᠭ ᠤ᠋ᠨ ᠵᠢᠷᠤᠭᠯᠠᠯ ᠪᠤᠯᠬᠤ ᠶᠤᠮ ᠃ ᠴᠡᠯᠡᠭᠡᠷ ᠲᠠᠯ᠎ᠠ ᠶ᠋ᠢᠨ ᠥᠷᠥᠴᠡᠨ ᠳ᠋ᠦ ᠬᠥᠬᠡᠬᠣᠲᠠ ᠪᠤᠭᠤᠲᠤ ᠣᠷᠳᠣᠰ ᠲᠦᠰᠢᠯᠴᠡᠨ ᠤᠷᠤᠰᠢᠵᠦ ᠂ ᠮᠤᠨᠢ ᠠᠭᠤᠯᠠ ᠬᠠᠲᠤᠨ ᠭᠣᠣᠯ ᠢ᠋ᠶ᠋ᠡᠨ ᠰᠠᠬᠢᠨ ᠪᠠᠷᠠᠯᠠᠨ᠎ᠠ᠃ ᠶᠡᠬᠡ ᠡᠷᠳᠡᠨ ᠡᠴᠡ ᠲᠦᠮᠡᠳ ᠪᠠᠷᠠᠭᠤᠨ ᠬᠣᠰᠢᠭᠤᠨ ᠤ᠋ ᠡᠨᠡ ᠬᠦ᠌ ᠭᠠᠢᠬᠠᠮᠰᠢᠭ᠍ᠲᠤ ᠨᠤᠲᠤᠭ ᠳᠡᠪᠢᠰᠬᠡᠷ ᠳᠡᠭᠡᠷ᠎ᠡ ᠲᠤᠭ᠎ᠠ ᠲᠤᠮᠰᠢ ᠦᠬᠡᠢ ᠤᠯᠠᠨ ᠦᠯᠢᠭᠡᠷ ᠳᠤᠮᠤᠭ ᠲᠡᠦᠬᠡ ᠪᠤᠯᠤᠨ ᠪᠢᠴᠢᠭᠳᠡᠵᠡᠢ᠃

ᠣᠲᠣ ᠡᠴᠡ ᠬᠡᠳᠦᠨ ᠮᠢᠩᠭᠠᠨ ᠵᠢᠯ ᠤ᠋ᠨ ᠡᠮᠦᠨᠡᠬᠢ ᠰᠢᠨ᠎ᠡ ᠴᠢᠯᠠᠭᠤᠨ ᠵᠡᠪᠰᠡᠭ ᠤ᠋ᠨ ᠴᠠᠭ ᠦᠶ᠎ᠡ ᠡᠴᠡ ᠣᠷᠴᠢᠨ ᠦᠶ᠎ᠡ ᠶ᠋ᠢᠨ ᠱᠠᠨ ᠰᠢ ᠱᠠᠨᠰᠢ ᠾᠧᠪᠧᠢ ᠵᠢᠨ ᠨᠡᠭᠦᠳᠡᠯᠴᠢᠨ ᠠᠷᠠᠳ ᠪᠠᠷᠠᠭᠤᠨᠰᠢ ᠨᠡᠬᠦᠳᠡᠯᠯᠡᠬᠦ ᠬᠦᠷᠲᠡᠯ᠎ᠡ ᠂ ᠡᠯ ᠷᠧᠨ ᠲᠠᠢ ᠵᠦᠴᠦᠭᠡ ᠡᠴᠡ ᠵᠠᠩ ᠦᠶ᠋ᠯᠡ ᠶ᠋ᠢᠨ ᠰᠣᠶᠣᠯ ᠬᠦᠷᠲᠡᠯ᠎ᠡ ᠂ ᠴᠡᠯᠡᠭᠡᠷ ᠲᠠᠯ᠎ᠠ ᠶ᠋ᠢᠨ ᠮᠦᠽᠧᠢ ᠨᠢ ᠡᠷᠲᠡᠨ ᠡᠳᠦᠭᠡ ᠵᠢ ᠪᠠᠭᠲᠠᠭᠠᠵᠤ᠂ ᠬᠣᠵᠢᠮ ᠤ᠋ᠨ ᠬᠥᠮᠥᠰ ᠲᠦ᠍ ᠴᠡᠯᠡᠭᠡᠷ ᠲᠠᠯ᠎ᠠ ᠶ᠋ᠢᠨ ᠬᠡᠳᠦᠨ ᠮᠢᠩᠭᠠᠨ ᠵᠢᠯ ᠤ᠋ᠨ ᠭᠠᠢᠬᠠᠮᠰᠢᠭ᠍ᠲᠤ ᠣᠨ ᠰᠠᠷ᠎ᠠ ᠪᠣᠯᠣᠨ ᠬᠠᠲᠤᠨ ᠭᠣᠣᠯ ᠤ᠋ᠨ ᠬᠦᠪᠡᠬᠡᠨ ᠳ᠋ᠡᠬᠢ ᠡᠷᠲᠡᠨ ᠤ᠋ ᠥᠯᠢᠭᠡᠷ ᠤ᠋ᠳ ᠢ᠋ ᠬᠦᠤᠷᠨᠢᠵᠤ᠂ ᠪᠠᠰᠠ ᠡᠨᠡ ᠬᠦ᠌ ᠨᠤᠲᠤᠭ ᠤ᠋ᠨ ᠬᠥᠮᠥᠨ ᠠᠷᠠᠳ ᠤ᠋ᠨ ᠬᠡᠷᠡᠭ ᠬᠤᠪᠢᠰᠤᠯ ᠤ᠋ᠨ ᠬᠤᠪᠢᠷᠠᠯᠲᠠ ᠵᠢ ᠭᠡᠷᠡᠴᠢᠯᠡᠨ᠎ᠠ᠃

ᠡᠯᠪᠡᠭ ᠪᠠᠶᠠᠯᠢᠭ᠋ ᠰᠣᠶᠣᠯ ᠵᠢᠭᠤᠯᠴᠢᠯᠠᠯ ᠤ᠋ᠨ ᠡᠬᠢ ᠪᠠᠶᠠᠯᠢᠭ᠋ ᠨᠢ ᠬᠥᠮᠥᠰ ᠲᠦ᠍ ᠣᠷᠣᠨ ᠵᠠᠢ᠎ᠬᠢᠬᠡᠳ ᠴᠠᠭ ᠦᠶ᠎ᠠ ᠵᠢ ᠠᠯᠤᠰᠯᠠᠭᠤᠯᠤᠨ ᠡᠷᠳᠡᠨ ᠡᠳᠦᠬᠡ ᠶ᠋ᠢᠨ ᠤᠯᠠᠨ ᠵᠦᠢᠯ ᠢ᠋ ᠣᠢᠯᠠᠭᠠᠭᠤᠯᠳᠠᠭ ᠃ ᠬᠠᠲᠤᠨ ᠭᠣᠣᠯ ᠤ᠋ᠨ ᠰᠠᠪᠠ ᠭᠠᠵᠠᠷ ᠤ᠋ᠨ ᠠᠮᠢ ᠠᠬᠤᠢ ᠶ᠋ᠢᠨ ᠬᠠᠮᠠᠭᠠᠯᠠᠯᠲᠠ ᠪᠠ ᠴᠢᠨᠠᠷ ᠰᠠᠢᠲᠠᠢ ᠬᠥᠭᠵᠢᠯᠲᠡ ᠶ᠋ᠢᠨ ᠤᠯᠤᠰ ᠤ᠋ᠨ ᠪᠠᠢᠯᠳᠤᠬᠤ ᠪᠣᠳᠣᠯᠭ᠎ᠠ ᠶ᠋ᠢᠨ ᠬᠡᠷᠡᠭᠵᠢᠭᠦᠯᠦᠭᠳᠡᠬᠦ ᠵᠢ ᠳᠠᠭᠠᠯᠳᠤᠨ᠂ ᠬᠠᠲᠤᠨ ᠭᠣᠣᠯ ᠤ᠋ᠨ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠂ ᠬᠠᠷ᠎ᠠ ᠤᠰᠤ ᠭᠣᠣᠯ ᠤ᠋ᠨ ᠠᠮᠢ ᠠᠬᠤᠢ ᠶ᠋ᠢᠨ ᠰᠣᠶᠣᠯ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ᠂ ᠬᠠᠲᠤᠨ ᠭᠣᠣᠯ ᠤ᠋ᠨ ᠳᠠᠭᠤᠯᠠᠯ ᠰᠣᠶᠣᠯ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ᠂ ᠨᠠᠨ ᠬᠠᠢ ᠨᠤᠭᠤ ᠭᠠᠵᠠᠷ ᠤ᠋ᠨ ᠰᠣᠶᠣᠯ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ ᠵᠡᠷᠭᠡ ᠨᠢᠭᠡ ᠪᠦᠯᠦᠭ ᠴᠢᠬᠤᠯᠠ ᠶᠡᠬᠡ ᠲᠥᠷᠥᠯ ᠵᠦᠢᠯ ᠢ᠋ ᠪᠠᠢᠭᠤᠯᠤᠨ ᠠᠰᠢᠭ᠍ᠯᠠᠯᠲᠠ ᠳ᠋ᠦ ᠣᠷᠣᠭᠤᠯᠵᠤ᠂ ᠪᠤᠭᠤᠲᠤ ᠶ᠋ᠢᠨ ᠬᠣᠲᠠ ᠶ᠋ᠢᠨ ᠠᠷᠠᠳ ᠪᠠ ᠬᠤᠯᠠ ᠤᠢᠷ᠎ᠠ ᠵᠢᠨ ᠵᠢᠭᠤᠯᠴᠢᠯᠠᠭ᠍ᠰᠠᠳ ᠤ᠋ᠨ ᠵᠤᠷᠢᠯᠳᠠᠳᠦ ᠭᠠᠵᠠᠷ ᠪᠤᠯᠵᠤ ᠂ ᠰᠣᠶᠣᠯ ᠵᠢᠭᠤᠯᠴᠢᠯᠠᠯ ᠤ᠋ᠨ ᠡᠬᠢ ᠪᠠᠶᠠᠯᠢᠭ᠋ ᠤ᠋ᠨ ᠲᠠᠲᠠᠬᠤ ᠬᠦᠴᠦᠨ ᠢ᠋ ᠭᠦᠢᠴᠡᠳ ᠪᠠᠳᠠᠷᠠᠭᠤᠯᠪᠠ᠃

ᠲᠦᠷᠦᠭᠦᠬᠡᠨ ᠪᠤᠭᠤᠲᠤ ᠬᠣᠲᠠ《ᠬᠠᠲᠤᠨ ᠭᠣᠣᠯ ᠤ᠋ᠨ ᠰᠥᠩ ᠬᠠᠯᠢᠶ᠎ᠠ ᠵᠢ ᠰᠣᠨᠢᠷᠬᠠᠬᠤ ᠭᠠᠷᠠᠭ》 ᠤ᠋ᠨ ᠠᠵᠢᠯᠯᠠᠭ᠎ᠠ ᠵᠢ ᠲᠥᠰᠥᠪᠯᠡᠨ ᠦᠷᠨᠢᠬᠦᠯᠵᠤ᠂ ᠬᠠᠲᠤᠨ ᠭᠣᠣᠯ ᠳᠠᠭᠠᠤ ᠶ᠋ᠢᠨ ᠬᠣᠲᠠ ᠨᠤᠭᠤᠳ ᠤ᠋ᠨ ᠳᠤᠳᠤᠷ᠎ᠠ ᠤᠨᠴᠠᠭᠠᠢ ᠨᠢᠬᠡ ᠵᠢ ᠡᠬᠦᠳᠪᠡ᠃ ᠡᠭᠦᠨ ᠳ᠋ᠦ ᠪᠥᠬᠥ ᠠᠷᠠᠳ ᠤ᠋ᠨ《ᠰᠦᠯᠵᠢᠶᠡᠨ ᠲᠠᠬᠡᠷ᠎ᠠ ᠡᠴᠡ ᠰᠥᠩ ᠬᠠᠯᠢᠶ᠎ᠠ ᠰᠤᠨᠢᠷᠬᠠᠬᠤ》 ᠰᠢᠭᠤᠳ ᠨᠡᠪᠲᠡᠷᠡᠭᠦᠯᠭᠡ᠂ ᠭᠡᠷᠡᠯ ᠵᠢᠷᠤᠭ ᠠᠪᠬᠤ᠂ ᠰᠦᠮ᠎ᠡ ᠶ᠋ᠢᠨ ᠴᠤᠭᠯᠠᠭᠠᠨ ᠢ᠋ᠶ᠋ᠠᠷ ᠲᠣᠭᠣᠷᠢᠬᠤ᠂ ᠬᠠᠭᠤᠴᠢᠨ ᠴᠠᠢ ᠶ᠋ᠢᠨ ᠮᠤᠬᠤᠯᠠᠭ ᠵᠢᠡᠷ ᠲᠤᠭᠤᠷᠢᠨ ᠬᠠᠲᠤᠨ ᠭᠣᠣᠯ ᠤ᠋ᠨ ᠰᠣᠨᠢᠷᠬᠠᠯᠲᠠᠢ ᠦᠯᠢᠬᠡᠷ ᠲᠡᠥᠬᠡ ᠵᠢ ᠰᠣᠨᠣᠰᠬᠤ᠂ ᠬᠠᠲᠤᠨ ᠭᠣᠣᠯ ᠵᠢᠡᠷ ᠵᠤᠭᠠᠴᠠᠨ ᠰᠦᠯᠵᠢᠶᠡᠨ ᠨᠡᠢᠳᠡᠯᠡᠯ ᠭᠠᠷᠭᠠᠬᠤ ᠵᠡᠷᠭᠡ 31 ᠵᠦᠢᠯ ᠤ᠋ᠨ ᠠᠵᠢᠯᠯᠠᠭ᠎ᠠ ᠵᠢ ᠪᠠᠭᠲᠠᠭᠠᠵᠤ᠂ ᠭᠣᠢᠳᠠ ᠰᠠᠢᠬᠠᠨ ᠶᠠᠪᠤᠭᠳᠠᠵᠠᠢ᠃ ᠡᠷᠲᠡᠨ ᠤ᠋ ᠮᠠᠶᠢᠭ ᠤ᠋ᠨ ᠦᠵᠡᠮᠵᠢ ᠰᠤᠨᠢᠷᠬᠠᠬᠤ ᠲᠡᠷᠭᠡ ᠂ ᠬᠠᠲᠤᠨ ᠭᠣᠣᠯ ᠤ᠋ᠨ ᠵᠢᠷᠭᠠᠬᠤ ᠨᠠᠷᠠᠠ᠂ ᠬᠠᠳᠤᠨ ᠭᠤᠤᠯ ᠤ᠋ᠨ ᠬᠦᠬᠦᠷᠭᠡ᠂ ᠲᠡᠮᠡᠭᠡ ᠤᠨᠤᠬᠤ ᠵᠡᠷᠬᠡ ᠨᠢ ᠵᠠᠯᠠᠭᠤᠴᠤᠳ ᠤ᠋ᠨ ᠲᠠᠭᠠᠰᠢᠶᠠᠯ ᠢ᠋ ᠬᠦᠷᠳᠡᠵᠤ ᠂ ᠠᠷᠠᠳ ᠤ᠋ᠨ ᠬᠥᠭᠵᠢᠮ ᠤ᠋ᠨ ᠲᠣᠭᠯᠠᠯᠲᠠ ᠂ ᠷᠣᠺ ᠬᠠᠮᠳᠤᠯᠢᠭ᠂ ᠤᠯᠤᠰ ᠤ᠋ᠨ ᠬᠡᠪ ᠨᠠᠮᠪᠠ ᠶ᠋ᠢᠨ ᠪᠥᠵᠢᠭ᠂ ᠬᠡᠦᠬᠡᠯᠳᠡᠢ ᠵᠦᠴᠦᠭᠡ ᠶ᠋ᠢᠨ ᠲᠤᠭᠯᠠᠯᠳᠠ ᠵᠡᠷᠭᠡ ᠡᠯ᠎ᠡ ᠲᠥᠷᠥᠯ ᠤ᠋ᠨ ᠲᠣᠭᠯᠠᠯᠲᠠ ᠡᠭᠡᠯᠵᠢᠯᠡᠨ ᠶᠠᠪᠤᠭᠳᠠᠵᠦ ᠂ ᠵᠢᠭᠤᠯᠴᠢᠯᠠᠭᠰᠠᠳ ᠬᠠᠳᠤᠨ ᠭᠤᠤᠯ ᠤ᠋ᠨ ᠰᠥᠩ ᠬᠠᠯᠢᠶ᠎ᠠ ᠵᠢ ᠰᠣᠨᠢᠷᠬᠠᠬᠤ ᠡᠴᠡ ᠭᠠᠳᠠᠨ᠎ᠠ ᠪᠠᠰᠠ ᠬᠠᠲᠤᠨ ᠭᠣᠣᠯ ᠤ᠋ᠨ ᠰᠣᠶᠣᠯ ᠤ᠋ᠨ ᠥᠪᠡᠷᠮᠢᠴᠡ ᠲᠠᠲᠠᠬᠤ ᠬᠦᠴᠦᠨ ᠢ᠋ ᠣᠢᠯᠠᠭᠠᠭᠰᠠᠨ ᠪᠢᠯᠡ᠃

ᠪᠤᠭᠤᠳᠤ ᠬᠤᠳᠠ ᠬᠠᠲᠤᠨ ᠭᠣᠣᠯ ᠤ᠋ᠨ ᠰᠣᠶᠣᠯ ᠤ᠋ᠨ ᠨᠥᠯᠥᠭᠡᠯᠡᠬᠦ ᠦᠢᠯᠡᠳᠦᠯ ᠢ᠋ ᠭᠦᠢᠴᠡᠳ ᠠᠰᠢᠭ᠍ᠯᠠᠨ ᠤᠷᠤᠨ ᠨᠤᠳᠤᠭ ᠤ᠋ᠨ ᠣᠨᠴᠠᠯᠢᠭ᠋ ᠪᠦᠬᠦᠢ ᠬᠠᠲᠤᠨ ᠭᠣᠣᠯ ᠤ᠋ᠨ ᠰᠣᠶᠣᠯ ᠵᠢᠭᠤᠯᠴᠢᠯᠠᠯ ᠤ᠋ᠨ ᠪᠦᠰᠡ ᠵᠢ ᠴᠣᠭᠴᠠᠯᠠᠨ《ᠬᠠᠲᠤᠨ ᠭᠣᠣᠯ ᠤ᠋ᠨ ᠥᠯᠢᠭᠡᠷ ᠢ᠋ ᠰᠠᠢᠲᠤᠷ ᠶᠠᠷᠢᠵᠤ》᠂ ᠬᠠᠲᠤᠨ ᠭᠣᠣᠯ ᠤ᠋ᠨ 《ᠶᠡᠬᠡ ᠲᠤᠬᠤᠢ》 ᠶ᠋ᠢᠨ ᠤᠢᠷ᠎ᠠ ᠵᠡᠷᠭᠡᠯᠡᠳᠡᠭᠡ ᠬᠣᠲᠠ ᠲᠠᠢ ᠬᠠᠮᠲᠤ ᠪᠡᠷ ᠰᠢᠨ᠎ᠡ ᠴᠠᠭ ᠦᠶ᠎ᠡ ᠶ᠋ᠢᠨ《ᠬᠠᠲᠤᠨ ᠭᠣᠣᠯ ᠤ᠋ᠨ ᠨᠠᠢᠷᠠᠯ ᠳᠠᠭᠤᠤ》ᠶ᠋ᠢ ᠬᠠᠩᠬᠢᠨᠠᠳᠠᠯ᠎ᠠ ᠳᠠᠭᠤᠯᠠᠵᠠᠭᠠᠨ᠎ᠠ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面