ᠰᠣᠶᠣᠯ ᠤᠷᠠᠯᠢᠭ > ᠤᠮᠠᠷᠠᠲᠤ ᠬᠢᠯᠢ᠎ᠶ᠋ᠢᠨ ᠰᠣᠶᠣᠯ᠎ᠢ᠋ ᠬᠥᠭᠵᠢᠭᠦᠯᠦᠨ

2024-04-14 11:47:57

ᠵᠣᠬᠢᠶᠠᠭ᠍ᠴᠢ᠄ ᠮᠤᠣ ᠺᠠᠢ ᠶᠠᠨ ᠣᠩᠱᠢᠭ᠍ᠰᠠᠨ ᠣᠳᠠᠭ᠎ᠠ᠄ 3

— ᠬᠠᠲᠣᠨ ᠭᠣᠣᠯ ᠤ᠋ᠨ ᠰᠣᠶᠣᠯ ᠤ᠋ᠨ ᠲᠤᠬᠠᠢ ᠰᠢᠷᠢᠰ ᠮᠡᠳᠡᠭᠡᠯᠡᠯ (ᠭᠣᠷᠪᠠ)

ᠲᠦᠮᠡᠨ ᠪᠣᠳᠠᠰ ᠲᠦᠯᠵᠢᠨ ᠠᠮᠢᠯᠠᠬᠣ ᠣᠷᠢᠬᠠᠨ ᠬᠠᠪᠣᠷ ᠵᠡᠭᠦᠨᠭᠠᠷ ᠤ᠋ᠨ ᠬᠠᠲᠤᠨ ᠭᠣᠸ᠋ᠯ ᠤ᠋ᠨ ᠶᠡᠬᠡ ᠬᠠᠪᠴᠢᠯ ᠤ᠋ᠨ ᠦᠵᠡᠮᠵᠢ ᠵᠢᠨ ᠲᠠᠢᠰᠠᠨ ᠲᠡᠭᠡᠷ᠎ᠡ ᠡᠴᠡ ᠠᠯᠤᠰ ᠢ᠋ ᠪᠠᠷᠠᠯᠠᠬᠣᠶ᠎ᠠ᠂ ᠠᠭᠣᠯᠠ ᠨᠢᠷᠣᠭᠣᠳ ᠦᠷᠬᠦᠯᠵᠢᠯᠡᠨ ᠵᠠᠯᠭᠠᠯᠲᠣᠵᠦ᠂ ᠣᠰᠣ ᠭᠣᠣᠯ ᠬᠠᠯᠬᠢᠯᠠᠨ ᠲᠣᠯᠬᠢᠶᠠᠯᠠᠨ᠎ᠠ᠃

ᠲᠡᠭᠡᠲᠡᠯ᠎ᠡ ᠬᠠᠮᠢᠭ᠎ᠠ ᠨᠢᠭᠡ ᠵᠦᠭ ᠡᠴᠡ 《ᠬᠠᠲᠤᠨ ᠭᠣᠸ᠋ᠯ ᠬᠠᠮᠢᠭ᠎ᠠ ᠡᠴᠡ ᠮᠣᠷᠣᠯᠵᠠᠨ ᠣᠷᠣᠰᠬᠣ ᠪᠣᠢ᠂ ᠬᠠᠯᠬᠢᠯᠠᠬᠣ ᠣᠰᠣᠨ ᠳ᠋ᠣᠨᠢ ᠬᠡᠴᠢᠨᠡᠨ ᠣᠩᠭᠣᠴᠠ ᠬᠠᠷᠠᠬᠲᠠᠨ᠎ᠠ ᠪᠣᠢ ᠁》 ᠭᠡᠬᠦ ᠬᠠᠩᠬᠢᠨᠠᠮ᠎ᠠ ᠢᠷᠠᠭᠣᠬᠠᠨ ᠲᠠᠭᠣᠣ ᠴᠢᠬᠢᠨ ᠳ᠋ᠦ ᠠᠶᠠᠳᠠᠢ ᠰᠣᠨᠣᠰᠲᠠᠨ᠎ᠠ᠃ ᠬᠠᠲᠤᠨ ᠭᠣᠸ᠋ᠯ ᠤ᠋ᠨ ᠬᠥᠪᠡᠭᠡᠨ ᠳ᠋ᠦ ᠠᠮᠠ ᠲᠠᠮᠵᠢᠨ ᠣᠯᠠᠮᠵᠢᠯᠠᠨ ᠲᠠᠭᠣᠯᠠᠬᠲᠠᠬᠰᠠᠨ 《ᠬᠠᠲᠤᠨ ᠭᠣᠸ᠋ᠯ》 ᠭᠡᠬᠦ ᠮᠠᠩᠬᠠᠨ ᠠᠶᠠᠯᠭᠣ ᠵᠢ ᠴᠢ ᠹᠦ᠋ ᠯᠢᠨ ᠬᠠᠮᠤᠭ ᠡᠴᠡ ᠲᠠᠭᠤᠯᠠᠬᠤ ᠲᠤᠷᠠᠳᠠᠢ᠃ ᠴᠢ ᠹᠦ᠋ ᠯᠢᠨ ᠪᠣᠯ ᠵᠡᠭᠦᠨᠭᠠᠷ ᠬᠣᠱᠢᠭᠤᠨ ᠤ᠋ ᠮᠠᠩᠬᠠᠨ ᠠᠶᠠᠯᠭᠤ ᠵᠢᠨ ᠤᠯᠤᠰ ᠤ᠋ᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ ᠶᠣᠮ᠃ ᠲᠡᠷᠡ ᠪᠡᠷ ᠬᠠᠷᠠᠬᠠᠨ ᠪᠠᠭ᠎ᠠ ᠡᠴᠡ ᠪᠠᠨ ᠬᠠᠲᠤᠨ ᠭᠣᠸ᠋ᠯ ᠤ᠋ᠨ ᠬᠥᠪᠡᠭᠡᠨ ᠳ᠋ᠤ ᠦᠰᠴᠦ ᠲᠣᠷᠨᠢᠨ᠂ ᠬᠠᠲᠤᠨ ᠭᠣᠸ᠋ᠯ ᠬᠢᠭᠡᠳ ᠲᠡᠭᠦᠨ ᠤ᠋ ᠰᠠᠯᠪᠤᠷᠢ ᠴᠢᠳᠬᠣᠯᠠᠩ ᠤ᠋ᠨ ᠭᠣᠸ᠋ ᠭᠠᠩᠭ᠎ᠠ᠎ᠶ᠋ᠢ ᠪᠠᠷᠠᠳᠠᠯ᠎ᠠ ᠶᠠᠪᠤᠭ᠍ᠰᠠᠨ ᠪᠢᠯᠡ᠃

ᠡᠷᠲᠡᠨ ᠡᠴᠡ ᠡᠳᠦᠭᠡ ᠬᠦᠷᠲᠡᠯ᠎ᠡ᠂ ᠣᠭᠠᠯᠵᠠᠯᠠᠨ ᠣᠷᠣᠰᠬᠣ ᠬᠠᠲᠤᠨ ᠭᠣᠸ᠋ᠯ ᠣᠷᠳᠣᠰ ᠤ᠋ᠨ ᠥᠨᠳᠥᠷᠯᠢᠭ ᠤ᠋ᠨ ᠬᠥᠮᠦᠨ ᠪᠠ ᠪᠣᠳᠠᠰ ᠢ᠋ ᠣᠮᠲᠠᠯᠠᠨ ᠲᠡᠳᠬᠦᠭᠰᠡᠭᠡᠷ ᠢᠷᠡᠵᠡᠢ᠃ ᠲᠡᠭᠡᠬᠦ ᠳ᠋ᠡᠭᠡᠨ ᠥᠨᠳᠥᠷᠯᠢᠭ ᠤ᠋ᠨ ᠦᠷᠦᠴᠡᠨ ᠳ᠋ᠦ ᠣᠲᠠᠰᠣ ᠮᠡᠲᠦ ᠰᠦᠯᠵᠢᠯᠲᠦᠭᠰᠡᠨ ᠭᠤᠤ ᠭᠠᠩᠭ᠎ᠠ ᠲᠠᠮᠵᠢᠵᠦ᠂ ᠦ᠋ ᠳ᠋ᠢᠩ ᠾᠸ ᠭᠣᠣᠯ᠂ ᠬᠤᠸᠠᠩ ᠹᠦ᠋ ᠴᠤᠸᠠᠨ᠂ ᠤᠯᠠᠭᠠᠨᠮᠥᠢ᠍ᠷᠡᠨ᠂ 《ᠦᠶᠡᠷ ᠤ᠋ᠨ ᠣᠰᠣᠨ ᠤ᠋ ᠠᠷᠪᠠᠨ ᠬᠦᠨᠳᠡᠢ》 ᠵᠡᠷᠭᠡ ᠨᠢ ᠪᠠᠰᠠ ᠬᠠᠳᠤᠨ ᠭᠣᠣᠯ ᠢ᠋ ᠬᠠᠷᠠᠮ ᠦᠭᠡᠢ ᠲᠡᠵᠢᠭᠡᠵᠦ᠂ ᠬᠠᠲᠣᠨ ᠭᠣᠣᠯ ᠬᠢᠭᠡᠳ ᠬᠠᠳᠤᠨ ᠭᠣᠣᠯ ᠤ᠋ᠨ ᠰᠣᠶᠣᠯ ᠢ᠋ ᠲᠠᠢᠯᠪᠤᠷᠢᠯᠠᠵᠤ ᠪᠠᠢᠳᠠᠭ᠃

ᠬᠡᠭᠡᠷ᠎ᠡ ᠵᠢᠨ ᠰᠠᠯᠬᠢᠨ ᠤ᠋ ᠠᠶᠠᠰ ᠶ᠋ᠢᠡᠷ ᠬᠡᠴᠢᠨᠡᠨ ᠵᠢᠯ ᠢ᠋ ᠲᠣᠭᠣᠯᠪᠠ

ᠦ᠋ ᠳ᠋ᠢᠩ ᠾᠸ ᠭᠣᠸ᠋ᠯ ᠪᠣᠯ ᠬᠠᠲᠤᠨ ᠭᠣᠸ᠋ᠯ ᠤ᠋ᠨ 13 ᠵᠤᠷᠪᠤᠰ ᠨᠢᠭᠡᠳᠦᠭᠡᠷ ᠳᠡᠰ ᠤ᠋ᠨ ᠰᠠᠯᠪᠣᠷᠢ ᠴᠢᠳᠭᠤᠯᠠᠩ ᠤ᠋ᠨ ᠨᠢᠭᠡ ᠪᠠᠢᠵᠦ᠂ ᠣᠷᠳᠣᠰ ᠬᠣᠲᠠ ᠵᠢᠨ ᠬᠠᠷᠢᠶᠠᠨ ᠳ᠋ᠡᠬᠢ ᠬᠡᠰᠡᠭ ᠢ᠋ ᠰᠢᠷᠠᠠᠣᠰᠣᠨ ᠭᠣᠸ᠋ᠯ ᠬᠡᠮᠡᠳᠡᠭ᠃ ᠭᠣᠣᠯ ᠤ᠋ᠨ ᠪᠥᠬᠥ᠌ ᠣᠷᠳᠣ ᠨᠢ 100 ᠺᠢᠯᠣᠮᠧᠲ᠋ᠷ᠂ ᠰᠠᠪᠠ ᠭᠠᠵᠠᠷ ᠤ᠋ᠨ ᠲᠠᠯᠠᠪᠠᠶ ᠨᠢ 1.01 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ ᠪᠣᠢ᠃ 2023 ᠣᠨ ᠳ᠋ᠤ ᠰᠢᠷᠠᠠᠤᠰᠤᠨ ᠭᠣᠣᠯ ᠤᠯᠤᠰ ᠤ᠋ᠨ ᠬᠣᠶᠠᠳᠤᠭᠠᠷ ᠪᠦᠯᠦᠭ ᠤ᠋ᠨ ᠦᠵᠡᠰᠭᠦᠯᠡᠩᠲᠦ ᠰᠠᠢᠬᠠᠨ ᠭᠣᠸ᠋ᠯ ᠮᠥᠷᠡᠨ ᠨᠠᠭᠤᠷ ᠴᠥᠭᠥᠷᠥᠮ ᠤ᠋ᠨ ᠱᠢᠯᠢᠳᠡᠭ ᠵᠢᠱ᠌ᠢᠶ᠎ᠡ ᠵᠢᠨ ᠨᠡᠷᠡᠰ ᠲᠦ᠍ ᠠᠮᠵᠢᠯᠲᠠ ᠲᠠᠶ ᠪᠠᠷ ᠰᠣᠩᠭᠣᠭ᠍ᠳᠠᠪᠠ᠃

ᠰᠢᠷᠠᠠᠤᠰᠤᠨ ᠭᠣᠣᠯ ᠤ᠋ᠨ ᠦᠵᠡᠰᠬᠦᠯᠡᠩ ᠨᠢ ᠶᠠᠭᠣ ᠪᠤᠶ?

ᠦᠦᠱᠢᠨ ᠬᠣᠱᠢᠭᠤᠨ ᠤ᠋ ᠰᠢᠷᠠᠠᠤᠰᠤᠨ ᠭᠣᠣᠯ ᠤ᠋ᠨ ᠰᠠᠪᠠ ᠭᠠᠵᠠᠷ ᠢ᠋ ᠶᠡᠷᠦᠩᠬᠡᠢᠯᠡᠨ ᠵᠠᠰᠠᠬᠣ ᠪᠠ ᠬᠥᠭ᠌ᠵᠢᠯᠲᠡ ᠵᠢᠨ ᠲᠥᠪ ᠤ᠋ᠨ ᠳᠡᠳ᠋ ᠡᠷᠬᠢᠯᠡᠭ᠌ᠴᠢ ᠪᠦᠷᠬᠦᠳ᠄《2017 ᠣᠨ ᠤ᠋ ᠬᠢ ᠲᠡᠶ ᠬᠠᠷᠢᠴᠠᠭᠤᠯᠪᠠᠯ᠂ 2023 ᠣᠨ ᠳ᠋ᠦ ᠬᠢᠯᠢ ᠪᠡᠷ ᠦᠩᠭᠡᠷᠡᠭᠰᠡᠨ ᠣᠭ᠍ᠲᠣᠯᠤᠭᠠᠰᠤ ᠵᠢᠨ ᠤᠰᠤᠨ ᠤ᠋ ᠴᠢᠨᠠᠷ ᠨᠢⅢ ᠲᠦᠷᠦᠯ ᠪᠠᠢᠬᠰᠠᠨ ᠡᠴᠡ ᠪᠠᠨⅡᠲᠦᠷᠦᠯ ᠪᠣᠯᠤᠨ ᠰᠠᠢᠵᠢᠷᠠᠵᠤ᠂ ᠱᠢᠪᠲᠦᠷᠲᠦ ᠠᠽᠣᠲ᠂ ᠳᠡᠭᠡᠳᠦ ᠮᠠᠩᠭᠠᠨ ᠬᠦᠴᠢᠯ ᠤ᠋ᠨ ᠳᠠᠪᠤᠰᠤᠨ ᠤ᠋ ᠢᠯᠡᠳᠭᠡᠭ᠌ᠴᠢ ᠵᠢᠨ ᠥᠳᠭᠡᠴᠡ ᠨᠢ ᠲᠤᠰᠪᠦᠷᠢ 56.5% ᠪᠠ 25.6% ᠪᠡᠷ ᠪᠠᠭᠤᠷᠠᠵᠠᠢ᠃ ᠪᠠᠢᠭᠠᠯᠢ ᠵᠢᠨ ᠡᠷᠭᠢ ᠱᠤᠭᠤᠮ ᠲᠠᠭᠠᠣ ᠦᠨᠳᠦᠰᠦᠨ ᠳ᠋ᠡᠭᠡᠨ ᠣᠷᠣᠰᠬᠠᠯ ᠤ᠋ᠨ ᠤᠬ ᠳᠦᠷᠰᠦ ᠪᠠᠨ ᠬᠠᠲᠠᠭᠠᠯᠠᠵᠦ᠂ ᠭᠣᠸ᠋ᠯ ᠤ᠋ᠨ ᠠᠮᠠ ᠳ᠋ᠡᠬᠢ ᠤᠰᠤᠨ ᠱᠢᠨᠵᠢᠯᠡᠭᠡᠨ ᠤ᠋ ᠥᠷᠲᠡᠭᠡ ᠵᠢᠨ ᠣᠭ᠍ᠲᠣᠯᠤᠭᠠᠰᠤ ᠵᠢᠨ ᠠᠮᠢ ᠠᠬᠤᠶ ᠵᠢᠨ ᠰᠠᠭᠤᠷᠢ ᠤᠷᠤᠰᠭᠠᠯ ᠨᠢ ᠬᠠᠷᠠᠯᠲᠠ ᠵᠢᠨ ᠱᠠᠭᠠᠷᠲᠠᠯᠭ᠎ᠠ ᠵᠢ ᠪᠡᠶᠡᠯᠡᠬᠦᠯᠵᠦ᠂ ᠶᠠᠯᠦ᠍ ᠵᠢᠭᠠᠰᠤ ᠵᠡᠷᠭᠡ ᠨᠤᠲᠤᠭ ᠤ᠋ᠨ ᠵᠢᠭᠠᠰᠤᠨ ᠤ᠋ ᠲᠥᠷᠥᠯ ᠵᠦᠢᠯ ᠨᠡᠯᠢᠶᠡᠳ ᠤᠯᠠᠰᠢᠷᠠᠵᠠᠢ᠃ ᠢᠯᠠᠩᠭᠤᠶ᠎ᠠ ᠬᠠᠪᠤᠷ ᠤ᠋ᠨ ᠣᠷᠢᠨ ᠪᠣᠯᠪᠠᠯ ᠨᠡᠭᠦᠳᠡᠯ ᠤ᠋ᠨ ᠱᠢᠪᠠᠭᠤᠳ ᠤ᠋ᠨ ᠲᠥᠷᠥᠯ ᠵᠦᠶ᠋ᠯ ᠪᠠ ᠲᠣᠭ᠎ᠠ ᠬᠡᠮᠵᠢᠶ᠎ᠡ ᠨᠡᠮᠡᠭ᠌ᠳᠡᠵᠦ᠍᠂ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠵᠢᠨ ᠱᠢᠪᠠᠭᠤᠨ ᠤ᠋ ᠲᠥᠷᠥᠯ ᠪᠣᠯᠬᠣ ᠴᠠᠬᠤᠯᠠᠶ᠂ ᠤᠯᠤᠰ ᠤ᠋ᠨ ᠬᠣᠶᠠᠳᠤᠭᠠᠷ ᠳᠡᠰ ᠤ᠋ᠨ ᠬᠠᠮᠠᠭᠠᠯᠠᠯᠲᠠ ᠵᠢᠨ ᠱᠢᠪᠠᠭᠤᠨ ᠤ᠋ ᠲᠥᠷᠥᠯ ᠪᠣᠯᠬᠣ ᠰᠢᠷ᠎ᠠ ᠰᠢᠪᠠᠭᠣ ᠪᠠ ᠤᠯᠠᠭᠠᠨ ᠬᠥᠯᠲᠦ ᠱᠣᠩᠬᠣᠷ ᠰᠢᠷᠠᠠᠤᠰᠤᠨ ᠭᠣᠸ᠋ᠯ ᠳ᠋ᠤ ᠳᠠᠬᠢᠨ ᠢᠯᠡᠷᠡᠭᠰᠡᠨ》 ᠭᠡᠵᠦ ᠬᠡᠯᠡᠨ᠎ᠡ᠃

《ᠦ᠋ ᠳ᠋ᠢᠩ ᠾᠸ ᠵᠢᠨ ᠬᠥᠪᠡᠭᠡᠨ ᠳ᠋ᠦ ᠬᠠᠶᠠᠬᠲᠠᠬᠰᠠᠨ ᠬᠣᠪᠠᠬᠠᠢ ᠶᠠᠰᠣ ᠬᠦᠭᠡᠷᠦᠬᠦᠢ᠂ ᠦᠵᠡᠰᠬᠦᠯᠡᠩᠲᠦ ᠨᠢᠭᠡᠨ ᠤ᠋ ᠵᠡᠬᠦᠲᠦᠯᠡᠵᠦ ᠮᠦᠷᠦᠭᠡᠲᠦᠭᠰᠡᠨ ᠬᠠᠨᠢ ᠪᠣᠯᠠᠢ》 ᠭᠡᠵᠦ ᠰᠢᠯᠦᠭᠯᠡᠭᠰᠡᠨ ᠲᠠᠩ ᠤᠯᠤᠰ ᠤ᠋ᠨ ᠱᠢᠯᠦᠭ᠌ᠴᠢ ᠴᠧᠨ ᠲᠤᠤ ᠵᠢᠨ 《ᠯᠦᠩᠰᠢ ᠳ᠋ᠦ ᠠᠶᠠᠯᠠᠬᠰᠠᠨ》 ᠰᠢᠯᠦᠭ ᠲᠦ᠍ ᠲᠣᠷᠠᠲᠣᠬᠰᠠᠨ ᠦ᠋ ᠳ᠋ᠢᠩ ᠾᠸ ᠭᠣᠣᠯ ᠲᠠᠭᠠᠣ ᠬᠦᠮᠦᠨ ᠲᠦᠷᠦᠯᠬᠢᠲᠡᠨ ᠤ᠋ ᠣᠯᠠ ᠮᠦᠷ ᠢ᠋ ᠣᠳᠣ ᠡᠴᠡ ᠪᠠᠷᠤᠭ 10 — 5 ᠲᠦᠮᠡᠨ ᠵᠢᠯ ᠤ᠋ᠨ ᠡᠮᠦᠨ᠎ᠡ ᠬᠦᠷᠲᠡᠯ᠎ᠡ ᠦᠭᠰᠦᠭᠦᠯᠤᠨ ᠮᠥᠷᠳᠡᠵᠦ᠍ ᠪᠣᠯᠤᠨ᠎ᠠ᠃

ᠲᠡᠰᠬᠢᠮ᠎ᠡ ᠬᠦᠢᠲᠡᠨ ᠡᠪᠦᠯ ᠤ᠋ᠨ ᠤᠯᠠᠷᠢᠯ ᠳ᠋ᠤ ᠴᠤ᠌ ᠭᠡᠰᠡᠨ᠂ ᠦᠨᠢ ᠡᠷᠲᠡᠨ ᠤ᠋ ᠰᠢᠷᠠᠠᠣᠰᠣᠨ ᠭᠣᠣᠯ ᠮᠥᠨ ᠬᠦᠯᠲᠡᠬᠦ ᠦᠭᠡᠢ ᠪᠡᠷ ᠬᠠᠷᠠᠵᠠᠯᠠᠨ ᠣᠷᠣᠰᠴᠣ ᠪᠠᠢᠲᠠᠬ ᠭᠠᠢᠬᠠᠮᠰᠢᠬ ᠲᠠᠢ ᠠᠵᠢ᠃

ᠪᠠᠯᠠᠷ ᠡᠷᠲᠡᠨ ᠤ᠋ 《ᠪᠣᠷᠣᠲᠣᠬᠣᠶ ᠵᠢᠨ ᠬᠥᠮᠦᠨ》 ᠪᠣᠯ ᠰᠢᠷᠠᠠᠣᠰᠣᠨ ᠭᠣᠣᠯ ᠤ᠋ᠨ ᠬᠥᠪᠡᠭᠡᠨ ᠡᠴᠡ ᠣᠯᠪᠠᠭᠠᠯᠠᠨ ᠮᠠᠨᠲᠣᠵᠦ᠂ ᠬᠣᠯᠠ ᠣᠢᠷ᠎ᠠ ᠳ᠋ᠤ ᠠᠯᠳᠠᠷᠱᠢᠭ᠍ᠰᠠᠨ ᠰᠢᠷᠠᠠᠣᠰᠣᠨ ᠰᠣᠶᠣᠯ (《ᠪᠣᠷᠣᠲᠣᠬᠣᠶ ᠵᠢᠨ ᠰᠣᠶᠣᠯ》) ᠢ᠋ ᠡᠭᠦᠳᠦᠨ ᠪᠦᠲᠦᠭᠡᠭ᠌ᠰᠡᠨ ᠪᠢᠯᠡ᠃ ᠳᠤᠮᠳᠠᠳᠤ ᠤᠯᠤᠰ ᠤ᠋ᠨ ᠬᠢᠯᠢ ᠳᠣᠲᠣᠷ᠎ᠠ ᠡᠴᠡ ᠢᠯᠡᠷᠡᠭᠦᠯᠦᠭ᠌ᠰᠡᠨ ᠠᠩᠬᠠᠨ ᠤ᠋ ᠪᠦᠯᠦᠭ ᠨᠠᠢᠳᠠᠪᠤᠷᠢᠲᠠᠶ ᠭᠠᠵᠠᠷ ᠤ᠋ᠨ ᠳᠠᠪᠬᠤᠷᠭ᠎ᠠ ᠵᠢᠨ ᠰᠤᠳᠤᠯᠤᠯ ᠪᠠ ᠣᠨ ᠲᠣᠭᠠᠯᠠᠯ ᠤ᠋ᠨ ᠰᠤᠳᠤᠯᠤᠯ ᠤ᠋ᠨ ᠦᠨᠳᠦᠰᠦᠯᠡᠯ ᠲᠡᠶ ᠬᠠᠭᠤᠴᠢᠨ ᠴᠢᠯᠠᠭᠤᠨ ᠵᠡᠪᠰᠡᠭ ᠤ᠋ᠨ ᠦᠶ᠎ᠡ ᠵᠢᠨ ᠡᠷᠲᠡᠨ ᠤ᠋ ᠬᠥᠮᠦᠨ ᠲᠥᠷᠥᠯᠬᠢᠲᠡᠨ ᠤ᠋ ᠦᠯᠡᠳᠡᠭ᠌ᠳᠡᠯ ᠪᠣᠯ ᠳᠠᠷᠤᠶ ᠰᠢᠷᠠᠠᠣᠰᠣ ᠵᠢᠨ ᠪᠠᠭᠤᠷᠢ ᠪᠣᠯᠬᠣ ᠶᠣᠮ᠃ ᠲᠡᠭᠦᠨ ᠤ᠋ ᠢᠯᠡᠷᠡᠭᠦᠯᠦᠯᠲᠡ ᠨᠢ ᠳᠤᠮᠳᠠᠳᠤ ᠤᠯᠤᠰ ᠴᠢᠨᠠᠭ᠍ᠰᠢᠯᠠᠨ ᠠᠽᠢᠶ᠎ᠠ ᠲᠢᠪ ᠲᠡᠬᠢ ᠡᠷᠲᠡᠨ ᠤ᠋ ᠬᠥᠮᠦᠨ ᠲᠥᠷᠥᠯᠬᠢᠲᠡᠨ ᠤ᠋ ᠰᠤᠳᠤᠯᠭᠠᠨ ᠤ᠋ ᠬᠥᠱᠢᠭᠡ ᠶ᠋ᠢ ᠰᠡᠬᠦᠵᠦ᠂ ᠡᠳᠦᠭᠡ ᠪᠣᠯᠲᠠᠯ᠎ᠠ ᠣᠯᠵᠦ ᠮᠡᠳᠡᠭᠰᠡᠨ ᠦᠪᠦᠷ ᠮᠣᠩᠭᠣᠯ ᠣᠷᠣᠨ ᠤ᠋ ᠬᠠᠮᠤᠭ ᠎ᠤᠨ ᠡᠷᠲᠡᠨ ᠤ᠋ ᠬᠥᠮᠦᠨ ᠲᠥᠷᠥᠯᠬᠢᠲᠡᠨ ᠤ᠋ ᠠᠵᠢᠯᠯᠠᠭᠠᠨ ᠤ᠋ ᠤᠯᠠ ᠮᠥᠷ ᠪᠣᠯᠬᠣ ᠶᠣᠮ᠃

2021 ᠣᠨ ᠳ᠋ᠤ᠂ ᠰᠢᠷᠠᠠᠣᠰᠣᠨ ᠤ᠋ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭ ᠤ᠋ᠨ ᠪᠥᠲᠥᠭᠡᠨ ᠪᠠᠢᠭᠤᠯᠤᠯᠲᠠ ᠵᠢ ᠲᠡᠮᠵᠢᠬᠦ ᠵᠢᠨ ᠲᠦᠯᠦᠭᠡ᠂ ᠰᠢᠷᠠᠠᠣᠰᠣᠨ ᠤ᠋ ᠰᠣᠶᠣᠯ ᠤ᠋ᠨ ᠪᠠᠭᠤᠷᠢ ᠵᠢᠨ ᠬᠠᠭᠤᠴᠢ ᠰᠤᠳᠤᠯᠭᠠᠨ ᠤ᠋ ᠠᠵᠢᠯ ᠢ᠋ ᠲᠠᠬᠢᠨ ᠰᠢᠨ᠎ᠡ ᠪᠡᠷ ᠡᠬᠢᠯᠡᠬᠦᠯᠵᠦ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠸ᠋ᠬᠡ ᠵᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ ᠤ᠋ᠨ ᠰᠤᠳᠤᠯᠭᠠᠨ ᠤ᠋ ᠬᠦᠷᠢᠶᠡᠯᠡᠩ᠂ ᠳᠤᠮᠳᠠᠳᠤ ᠤᠯᠤᠰ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠡᠷᠲᠡᠨ ᠤ᠋ ᠰᠡᠭᠡᠷᠲᠡᠨ ᠠᠮᠢᠲᠠᠨ ᠬᠢᠭᠡᠳ ᠡᠷᠲᠡᠨ ᠤ᠋ ᠬᠥᠮᠦᠨ ᠲᠥᠷᠥᠯᠬᠢᠲᠡᠨ ᠤ᠋ ᠰᠤᠳᠤᠯᠭᠠᠨ ᠤ᠋ ᠭᠠᠵᠠᠷ ᠵᠡᠷᠭᠡ ᠨᠢᠭᠡᠴᠢ ᠬᠠᠮᠲᠤᠷᠠᠨ ᠲᠣᠰ ᠠᠵᠢᠯ ᠢ᠋ ᠥᠷᠨᠢᠭᠦᠯᠪᠡ᠃ ᠮᠦᠨ ᠵᠢᠯ ᠤ᠋ᠨ 9 ᠰᠠᠷ᠎ᠠ ᠡᠴᠡ 11 ᠰᠠᠷ᠎ᠠ ᠪᠣᠯᠲᠠᠯ᠎ᠠ᠂ ᠳᠤᠮᠳᠠᠳᠤ ᠤᠯᠤᠰ ᠤ᠋ᠨ ᠬᠠᠭᠤᠴᠢ ᠰᠤᠳᠤᠯᠤᠯ ᠤ᠋ᠨ ᠨᠡᠢᠭᠡᠮᠯᠢᠭ ᠤ᠋ᠨ ᠬᠠᠭᠤᠴᠢᠨ ᠴᠢᠯᠠᠭᠤᠨ ᠵᠡᠪᠰᠡᠭ ᠤ᠋ᠨ ᠲᠤᠰᠭᠠᠢ ᠮᠡᠷᠭᠡᠵᠢᠯ ᠤ᠋ᠨ ᠵᠥᠪᠯᠡᠯ ᠤ᠋ᠨ ᠳᠡᠳ᠋ ᠨᠠᠷᠢᠨ ᠪᠢᠴᠢᠭ ᠤ᠋ᠨ ᠳᠠᠷᠤᠭ᠎ᠠ ᠴᠧᠨ ᠹᠦ᠋ ᠶᠢᠤ ᠪᠦᠯᠬᠦᠮ ᠳᠠᠭᠠᠭᠤᠯᠤᠨ ᠰᠢᠷᠠᠠᠣᠰᠣᠨ ᠣᠷᠣᠨ ᠳ᠋ᠤ ᠢᠷᠡᠵᠦ ᠱᠢᠨᠵᠢᠯᠡᠨ ᠪᠠᠢᠴᠠᠭᠠᠵᠤ ᠨᠡᠭᠡᠭᠡᠨ ᠮᠠᠯᠲᠠᠬᠤ ᠠᠵᠢᠯ ᠥᠷᠨᠢᠭᠦᠯᠵᠦ᠍᠂ ᠨᠢᠭᠡ ᠪᠦᠯᠦᠭ ᠬᠠᠭᠤᠴᠢᠨ ᠴᠢᠯᠠᠭᠤᠨ ᠵᠡᠪᠰᠡᠭ᠂ ᠶᠠᠰᠤᠨ ᠵᠡᠪᠰᠡᠭ ᠪᠣᠯᠤᠨ ᠡᠷᠲᠡᠨ ᠤ᠋ ᠰᠡᠭᠡᠷᠲᠡᠨ ᠤ᠋ ᠴᠢᠯᠠᠭᠤᠵᠢᠮᠠᠯ ᠢ᠋ ᠢᠯᠡᠷᠡᠭᠦᠯᠪᠡ᠃ ᠴᠧᠨ ᠹᠦ᠋ ᠶᠢᠤ ᠬᠡᠯᠡᠬᠦ᠌᠎ᠳᠡᠭᠡᠨ᠂ ᠲᠣᠰ ᠤᠳᠠᠭᠠᠨ ᠤ᠋ ᠬᠠᠭᠤᠴᠢ ᠰᠤᠳᠤᠯᠤᠯ ᠪᠣᠯ ᠰᠢᠷᠠᠠᠣᠰᠣᠨ ᠤ᠋ ᠰᠣᠶᠣᠯ ᠤ᠋ᠨ ᠪᠠᠭᠤᠷᠢ ᠵᠢᠨ ᠬᠠᠭᠤᠴᠢ ᠰᠤᠳᠤᠯᠤᠯ ᠤ᠋ᠨ ᠠᠵᠢᠯ ᠤ᠋ᠨ ᠰᠢᠨ᠎ᠡ ᠡᠬᠢᠯᠡᠯᠲᠡ ᠪᠣᠯᠬᠤ ᠪᠥᠭᠡᠳ ᠱᠢᠨ᠎ᠡ ᠠᠬᠢᠴᠠ ᠲᠠᠶ ᠪᠣᠯᠵᠦ᠂ 1923 ᠣᠨ ᠳ᠋ᠤ ᠹᠷᠠᠨᠼᠢ ᠵᠢᠨ ᠡᠷᠳᠡᠮᠲᠡᠳ ᠤ᠋ᠨ ᠢᠯᠡᠷᠡᠭᠦᠯᠦᠭ᠌ᠰᠡᠨ ᠬᠠᠭᠤᠴᠢᠨ ᠴᠢᠯᠠᠭᠤᠨ ᠵᠡᠪᠰᠡᠭ ᠤ᠋ᠨ ᠣᠣᠯ ᠪᠠᠢᠷᠢ ᠶ᠋ᠢ ᠳᠠᠬᠢᠨ ᠱᠢᠨ᠎ᠡ ᠪᠡᠷ ᠨᠤᠲᠠᠯᠠᠵᠤ᠂ ᠬᠠᠭᠤᠴᠢᠨ ᠴᠢᠯᠠᠭᠤᠨ ᠵᠡᠪᠰᠡᠭ ᠤ᠋ᠨ ᠬᠠᠭᠤᠴᠢ ᠰᠤᠳᠤᠯᠤᠯ ᠤ᠋ᠨ ᠡᠲᠡᠭᠡᠳ ᠢ᠋ ᠣᠷᠳᠣ ᠬᠤᠭᠤᠴᠠᠭ᠎ᠠ ᠪᠠᠷ ᠡᠷᠡᠭᠡᠯᠵᠡᠭᠡ ᠮᠠᠲᠠᠬ ᠲᠦᠷᠦᠬᠦᠯᠵᠦ ᠪᠠᠢᠬᠰᠠᠨ ᠡᠷᠳᠡᠮ ᠱᠢᠨᠵᠢᠯᠡᠭᠡᠨ ᠤ᠋ ᠠᠰᠠᠭᠤᠳᠠᠯ ᠢ᠋ ᠱᠢᠶ᠋ᠳᠪᠦᠷᠢᠯᠡᠭ᠌ᠰᠡᠨ ᠪᠠᠢᠨ᠎ᠠ ᠭᠡᠵᠡᠶ᠃

2023 ᠣᠨ ᠤ᠋ 8 ᠰᠠᠷ᠎ᠠ ᠶ᠋ᠢᠨ 14 ᠤ᠋ ᠡᠳᠦᠷ᠂ 《ᠪᠣᠷᠣᠳᠣᠬᠣᠢ ᠬᠥᠮᠥᠨ》 ᠢ᠋ ᠢᠯᠡᠷᠡᠭᠦᠯᠦᠭᠰᠡᠨ 100 ᠵᠢᠯ ᠤ᠋ᠨ ᠣᠶ ᠶ᠋ᠢᠨ ᠣᠯᠠᠨ ᠤᠯᠤᠰ ᠤ᠋ᠨ ᠶᠠᠷᠢᠶᠠᠨ ᠤ᠋ ᠲᠠᠪᠴᠠᠩ ᠦᠦᠰᠢᠨ ᠬᠣᠰᠢᠭᠤᠨ ᠳ᠋ᠦ ᠡᠬᠢᠯᠡᠪᠡ᠃ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠨᠠᠷᠠᠲᠤ ᠲᠤᠰᠬᠠᠢ ᠮᠡᠷᠭᠡᠵᠢᠯᠲᠡᠨ ᠡᠷᠳᠡᠮᠲᠡᠨ ᠨᠠᠷ ᠣᠷᠳᠣᠰ ᠲᠦ᠍ ᠴᠤᠭᠯᠠᠷᠠᠵᠤ᠂ ᠰᠣᠶᠣᠯ ᠤ᠋ᠨ ᠥᠪ ᠢ᠋ ᠬᠠᠮᠠᠭᠠᠯᠠᠵᠤ ᠤᠯᠠᠮᠵᠢᠯᠠᠨ ᠵᠠᠯᠭᠠᠮᠵᠢᠯᠠᠬᠤ ᠲᠤᠬᠠᠢ ᠬᠠᠮᠲᠤ ᠪᠡᠷ ᠰᠤᠳᠤᠯᠤᠨ ᠶᠠᠷᠢᠯᠴᠠᠵᠤ᠂ 《ᠪᠣᠷᠣᠳᠣᠬᠣᠢ ᠶ᠋ᠢᠨ ᠰᠣᠶᠣᠯ》 ᠤ᠋ᠨ ᠳᠡᠯᠡᠬᠡᠢ ᠳ᠋ᠡᠬᠢ ᠨᠦᠯᠦᠭᠡ ᠪᠠ ᠠᠯᠳᠠᠷᠰᠢᠯ ᠢ᠋ ᠤᠯᠠᠮ ᠲᠠᠬᠡᠭᠰᠢᠯᠡᠬᠦᠯᠦᠨ᠂ ᠰᠢᠷᠠᠠᠤᠰᠤᠨ ᠤ᠋ ᠪᠠᠭᠤᠷᠢ ᠶ᠋ᠢᠨ ᠬᠠᠭᠤᠴᠢ ᠰᠤᠳᠤᠯᠤᠯ ᠤ᠋ᠨ ᠬᠦᠭᠵᠢᠯᠳᠡ ᠵᠢ ᠠᠬᠢᠭᠤᠯᠵᠠᠢ᠃

ᠨᠢᠭᠡ ᠨᠤᠲᠤᠭ ᠤ᠋ᠨ ᠭᠠᠵᠠᠷ ᠤᠰᠤ ᠨᠢᠭᠡ ᠵᠦᠢᠯ ᠤ᠋ᠨ ᠰᠣᠶᠣᠯ ᠢ᠋ ᠬᠦᠪᠤᠷᠡᠬᠦᠯᠳᠡᠭ ᠶᠤᠮ᠂ ᠣᠨ ᠴᠠᠭ ᠤ᠋ᠨ ᠤᠷᠲᠦ ᠳ᠋ᠦ ᠣᠷᠳᠣᠰ ᠤ᠋ᠨ ᠥᠨᠳᠥᠷᠯᠢᠭ ᠲᠦ᠍ ᠭᠦᠨ ᠵᠤᠵᠠᠭᠠᠨ ᠰᠣᠶᠣᠯ ᠤ᠋ᠨ ᠦᠪ ᠪᠠ ᠡᠯᠪᠡᠭ ᠪᠠᠶᠠᠯᠢᠭ᠋ ᠡᠷᠲᠡᠨ ᠤ᠋ ᠦᠯᠡᠳᠡᠭᠳᠡᠯ ᠨᠢ ᠭᠡᠷᠡᠯ ᠰᠠᠴᠤᠷᠠᠩᠭᠤᠢ ᠰᠢᠷᠠᠠᠤᠰᠤᠨ ᠤ᠋ ᠰᠣᠶᠣᠯ᠂ ᠵᠢᠷᠦᠬᠡ ᠶ᠋ᠢᠨ ᠭᠤᠤᠯ ᠤ᠋ᠨ ᠰᠣᠶᠣᠯ ᠪᠠ ᠣᠷᠳᠣᠰ ᠤ᠋ᠨ ᠬᠦᠷᠡᠯ ᠪᠠᠭᠠᠵᠢ ᠶ᠋ᠢᠨ ᠰᠣᠶᠣᠯ ᠢ᠋ ᠪᠦᠷᠢᠯᠳᠦᠬᠦᠯᠵᠦ᠂ ᠪᠠᠢᠯᠳᠤᠭᠠᠨᠲᠤ ᠤᠯᠤᠰ ᠤ᠋ᠨ ᠤᠷᠳᠤ ᠴᠠᠭᠠᠨ ᠬᠡᠷᠡᠮ᠂ ᠴᠢᠨ ᠤ᠋ ᠰᠢᠯᠤᠭᠤᠨ ᠵᠠᠮ᠂ ᠠᠷᠵᠠᠢ ᠶ᠋ᠢᠨ ᠠᠭᠤᠢ ᠵᠡᠷᠭᠡ ᠨᠢᠭᠡ ᠪᠦᠯᠦᠭ ᠲᠡᠦᠬᠡ ᠰᠣᠶᠣᠯ ᠤ᠋ᠨ ᠦᠯᠡᠳᠡᠭᠳᠡᠯ ᠢ᠋ ᠦᠪᠯᠡᠬᠦᠯᠵᠦ᠂ ᠣᠷᠳᠣᠰ ᠬᠤᠷᠢᠮ᠂ ᠮᠠᠩᠬᠠᠨ ᠠᠶᠠᠯᠭᠤ᠂ ᠭᠦᠷᠦ ᠳᠠᠭᠤᠤ ᠵᠡᠷᠭᠡ ᠤᠯᠤᠰ ᠤ᠋ᠨ ᠲᠡᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠬᠦᠪᠤᠷᠡᠬᠦᠯᠪᠡ᠃

ᠲᠡᠦᠬᠡ ᠶ᠋ᠢᠨ ᠬᠠᠭᠤᠴᠢ ᠪᠠᠭᠤᠷᠢ᠂ ᠰᠣᠶᠣᠯ ᠤ᠋ᠨ ᠡᠷᠳᠡᠡ ᠤ᠋ ᠦᠯᠡᠳᠡᠭᠳᠡᠯ᠂ ᠰᠣᠶᠣᠯ ᠢᠷᠭᠡᠨᠰᠢᠯ ᠤ᠋ᠨ ᠤᠳᠬ᠎ᠠ ᠠᠭᠤᠯᠤᠭᠳᠠᠬᠤᠨ᠂ ᠪᠣᠯᠪᠠᠰᠤᠨ ᠤ᠋ ᠢᠮ ᠲᠡᠮᠳᠡᠭ ᠲᠦ᠍ ᠤᠷᠢᠳᠤᠬᠢ ᠬᠥᠮᠥᠰ ᠤ᠋ᠨ ᠤᠢ ᠪᠢᠯᠢᠭ ᠪᠣᠯᠣᠨ ᠬᠠᠢᠷ᠎ᠠ ᠰᠡᠳᠬᠢᠯᠭᠡ ᠠᠭᠤᠰᠤᠨ ᠰᠢᠩᠭᠡᠵᠦ᠂ ᠣᠷᠳᠣᠰ ᠤ᠋ᠨ ᠥᠨᠳᠥᠷᠯᠢᠭ ᠲᠦ᠍ ᠦᠶ᠎ᠡ ᠤᠯᠠᠷᠢᠨ ᠣᠷᠣᠰᠢᠨ ᠲᠣᠭᠲᠠᠨᠢᠵᠤ ᠪᠠᠢᠭ᠎ᠠ ᠥᠨᠢ ᠤᠳᠠᠭᠠᠨ ᠲᠡᠦᠬᠡ ᠲᠠᠢ ᠭᠦᠨ ᠵᠤᠵᠠᠭᠠᠨ ᠰᠣᠶᠣᠯ ᠤ᠋ᠨ ᠦᠪ ᠢ᠋ ᠠᠴᠢᠶᠠᠯᠠᠵᠤ ᠢᠷᠠᠵᠠᠢ᠃

ᠬᠤᠳᠠ ᠬᠢᠭᠡᠳ ᠭᠤᠤᠯ ᠰᠤᠯᠪᠢᠴᠠᠨ ᠪᠠᠢᠷᠢᠯᠠᠵᠦ ᠵᠢᠷᠤᠭ ᠮᠡᠳᠦ ᠰᠠᠢᠬᠠᠨ ᠦᠵᠡᠮᠵᠢ ᠵᠢ ᠪᠦᠷᠢᠳᠦᠬᠦᠯᠪᠠ

《ᠤᠯᠠᠭᠠᠨᠮᠥ᠋ᠷᠡᠨ ᠬᠢᠶ᠎ᠠ ᠪᠠᠭ᠍ᠰᠢ ᠲᠣᠭᠣᠷᠢᠭ᠋᠂ ᠡᠵᠡᠨ ᠬᠣᠷᠣᠭ᠎ᠠ ᠬᠣᠰᠢᠭᠤ ᠪᠡᠷ ᠳᠡᠮᠵᠢᠨ ᠵᠡᠭᠦᠨ ᠡᠮᠦᠨᠡᠰᠢ ᠤᠷᠤᠰᠴᠤ᠂ ᠱᠠᠨᠰᠢ ᠶ᠋ᠢᠨ ᠹᠦ ᠬᠥ ᠰᠢᠶᠠᠨ ᠳ᠋ᠦ ᠣᠷᠣᠵᠤ᠂ ᠳᠣᠣᠷᠠᠳᠤ ᠤᠷᠤᠰᠬᠠᠯ ᠢ᠋ ᠨᠢ ᠺᠦ ᠶᠧ ᠾᠧ ᠭᠡᠮᠡᠨ ᠨᠡᠷᠡᠯᠡᠵᠦ᠂ ᠬᠠᠲᠤᠨ ᠭᠣᠣᠯ ᠤ᠋ᠨ ᠨᠢᠭᠡᠳᠦᠭᠡᠷ ᠳᠡᠰ ᠤ᠋ᠨ ᠰᠠᠯᠪᠤᠷᠢ ᠤᠷᠤᠰᠬᠠᠯ ᠳ᠋ᠦ ᠬᠠᠷᠢᠶᠠᠯᠠᠭᠳᠠᠨ᠎ᠠ》᠂《2011 ᠣᠨ ᠳ᠋ᠦ ᠤᠯᠠᠭᠠᠨᠮᠥ᠋ᠷᠡᠨ᠎ᠦ ᠳᠡᠭᠡᠳᠦ ᠤᠷᠤᠰᠬᠠᠯ ᠤ᠋ᠨ ᠬᠠᠭᠤᠴᠢ ᠰᠤᠳᠤᠯᠤᠯ ᠤ᠋ᠨ ᠪᠠᠢᠴᠠᠭᠠᠯᠲᠠ ᠳ᠋ᠦ 50 ᠭᠠᠷᠤᠢ ᠭᠠᠵᠠᠷ ᠡᠴᠡ ᠬᠠᠭᠤᠴᠢᠨ ᠴᠢᠯᠠᠭᠤᠨ ᠵᠡᠪᠰᠡᠭ ᠢ᠋ ᠢᠯᠡᠷᠡᠭᠦᠯᠵᠦ᠂ 1000 ᠭᠠᠷᠤᠢ ᠴᠢᠯᠠᠭᠤᠨ ᠪᠠᠭᠠᠵᠢ ᠤᠯᠳᠠᠵᠠᠢ᠃ ᠡᠳᠡᠭᠡᠷ ᠴᠢᠯᠠᠭᠤᠨ ᠪᠠᠭᠠᠵᠢ ᠶ᠋ᠢᠨ ᠲᠦᠷᠦᠯ ᠬᠡᠯᠪᠡᠷᠢ ᠲᠤᠩ ᠤᠯᠠᠨ ᠪᠠᠢᠵᠦ᠂ ᠤᠨᠴᠠᠭᠠᠢᠯᠠᠨ ᠬᠢᠴᠡ ᠤᠷᠠᠯᠠᠯ ᠤᠨᠴᠠ ᠰᠠᠢᠬᠠᠨ ᠱᠤᠷᠤᠯᠵᠢᠨ ᠪᠠᠭᠠᠵᠢ ᠪᠤᠯᠤᠨ ᠬᠤᠰᠤᠭᠤᠷ ᠵᠡᠷᠭᠡ ᠨᠢ ᠤᠯᠠᠭᠠᠨᠮᠥ᠋ᠷᠡᠨ᠎ᠦ ᠰᠠᠪᠠ ᠭᠠᠵᠠᠷ ᠪᠣᠯ ᠤᠯᠠᠭᠠᠨᠮᠥ᠋ᠷᠡᠨ ᠡᠷᠲᠡᠨ ᠤ᠋ ᠬᠥᠮᠥᠨ ᠲᠥᠷᠥᠯᠬᠢᠲᠡᠨ ᠤ᠋ ᠣᠷᠣᠰᠢᠨ ᠠᠮᠢᠳᠤᠷᠠᠵᠤ᠂ ᠦᠷᠡᠵᠢᠨ ᠲᠥᠯᠵᠢᠵᠦ᠂ ᠠᠩ ᠠᠩᠨᠠᠨ᠂ ᠴᠢᠯᠠᠭᠤᠨ ᠵᠡᠪᠰᠡᠭ ᠦᠢᠯᠡᠳᠬᠦ ᠭᠤᠤᠯ ᠣᠷᠣᠨ ᠪᠠᠢᠵᠤ᠂ ᠡᠨᠳᠡ ᠬᠥᠮᠥᠨ ᠠᠮᠠ ᠣᠯᠠᠨ᠂ ᠠᠮᠢᠳᠤᠷᠠᠯ ᠤ᠋ᠨ ᠬᠦᠷᠢᠶ᠎ᠡ ᠬᠡᠪᠴᠢᠶ᠎ᠡ ᠥᠷᠭᠡᠨ ᠪᠠᠢᠭᠰᠠᠨ ᠢ᠋ ᠬᠠᠷᠠᠭᠤᠯᠵᠦ ᠪᠠᠢᠨ᠎ᠠ》 ᠭᠡᠵᠦ ᠡᠵᠡᠨ ᠬᠣᠷᠣᠭ᠎ᠠ ᠬᠣᠰᠢᠭᠤᠨ ᠤ᠋ ᠰᠣᠶᠣᠯ ᠵᠢᠭᠤᠯᠴᠢᠯᠠᠯ ᠤ᠋ᠨ ᠲᠣᠪᠴᠢᠶᠠᠨ ᠤ᠋ ᠠᠵᠢᠯᠲᠠᠨ ᠲᠠᠨᠢᠯᠴᠠᠭᠤᠯᠤᠨ᠎ᠠ᠃

ᠬᠠᠪᠤᠷ ᠤ᠋ᠨ ᠲᠤᠮᠳᠠ ᠰᠠᠷ᠎ᠠ ᠥᠨᠳᠥᠷ ᠲᠦ᠍ ᠵᠤᠭᠰᠤᠨ ᠣᠷᠳᠣᠰ ᠬᠣᠲᠠ ᠶ᠋ᠢᠨ ᠬᠢᠶ᠎ᠠ ᠪᠠᠭ᠍ᠰᠢ ᠲᠣᠭᠣᠷᠢᠭ᠋ ᠢ᠋ ᠪᠠᠷᠠᠯᠠᠬᠤᠶ᠎ᠠ᠂ ᠬᠥᠬᠡ ᠲᠡᠭᠷᠢ ᠴᠠᠭᠠᠨ ᠡᠭᠦᠯᠡ᠂ ᠥᠨᠳᠥᠷ ᠠᠰᠠᠷ ᠠᠭᠤᠳᠠᠮ ᠲᠠᠯᠠᠪᠠᠶ ᠵᠢᠴᠢ ᠮᠦᠩᠬᠦᠨ ᠰᠢᠭᠢᠳᠭᠡᠬᠡᠷᠢ ᠮᠡᠳᠦ ᠤᠭᠠᠯᠵᠠ ᠭᠣᠣᠯ ᠨᠢ ᠤᠯᠳᠠᠬᠤᠶ᠎ᠠ ᠪᠠᠷᠭᠡ ᠰᠠᠢᠬᠠᠨ ᠦᠵᠡᠮᠵᠢ ᠵᠢ ᠪᠦᠷᠢᠳᠦᠬᠦᠯᠵᠠᠢ᠃ ᠪᠥᠬᠥ ᠤᠯᠤᠰ ᠤ᠋ᠨ ᠠᠩᠬᠠᠳᠠᠭ᠍ᠴᠢ ᠬᠣᠲᠠ ᠪᠡᠷ ᠠᠴᠢᠶᠠᠯᠠᠪᠤᠷᠢ ᠪᠣᠯᠭᠠᠭᠰᠠᠨ ᠤᠯᠤᠰ ᠤ᠋ᠨ 4A ᠲᠠᠰ ᠤ᠋ᠨ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ ᠪᠣᠯᠤᠭᠰᠠᠨ ᠤ᠋ ᠬᠤᠪᠢ ᠳ᠋ᠦ᠂ ᠬᠢᠶ᠎ᠠ ᠪᠠᠭ᠍ᠰᠢ ᠲᠣᠭᠣᠷᠢᠭ᠋ ᠤ᠋ᠨ 《ᠣᠶ ᠶ᠋ᠢᠨ ᠳᠤᠮᠳᠠᠬᠢ ᠬᠣᠲᠠ᠂ ᠴᠡᠴᠡᠷᠯᠢᠭ ᠤ᠋ᠨ ᠳᠣᠲᠣᠷᠠᠬᠢ ᠭᠡᠷ》 ᠨᠢ 《ᠦᠨᠴᠦᠭ ᠪᠤᠯᠤᠩ ᠬᠦᠷᠳᠡᠯ᠎ᠠ ᠲᠡᠬᠦᠰ ᠦᠵᠡᠮᠵᠢ ᠲᠠᠢ᠂ ᠣᠷᠣᠰᠢᠨ ᠰᠠᠭᠤᠷᠢᠰᠢᠵᠤ ᠦᠢᠯᠡᠰ ᠪᠣᠰᠬᠠᠬᠤ ᠳ᠋ᠦ ᠲᠣᠬᠢᠷᠠᠮᠵᠢᠲᠠᠢ ᠵᠢᠭᠤᠯᠴᠢᠯᠠᠬᠤ ᠳ᠋ᠦ ᠠᠶᠠᠳᠠᠢ》 ᠬᠣᠲᠠ ᠶ᠋ᠢᠨ ᠭᠤᠢᠳᠠ ᠵᠢᠷᠤᠭ ᠢ᠋ ᠲᠠᠯᠬᠡᠵᠠᠢ᠃

ᠤᠯᠠᠭᠠᠨᠮᠥ᠋ᠷᠡᠨ ᠪᠠᠢᠭᠰᠠᠨ ᠢ᠋ᠶ᠋ᠡᠷ ᠬᠢᠶ᠎ᠠ ᠪᠠᠭ᠍ᠰᠢ ᠲᠤᠭᠤᠷᠢᠭ ᠦᠵᠡᠮᠵᠢ ᠪᠦᠷᠢᠳᠦᠭᠰᠡᠨ ᠶᠤᠮ᠂ ᠬᠣᠲᠠ ᠪᠠᠨ ᠲᠣᠭᠣᠷᠢᠭ᠍ᠰᠠᠨ ᠤᠯᠠᠭᠠᠨᠮᠥ᠋ᠷᠡᠨ ᠤᠭ᠌ᠶᠤ ᠨᠤᠭᠤᠭᠠᠨ ᠢ᠋ᠶ᠋ᠡᠷ ᠮᠢᠷᠠᠯᠵᠠᠵᠦ᠂ ᠳᠡᠭᠦᠵᠢᠩ ᠬᠥᠭᠥᠷᠭᠡ ᠦᠨᠳᠦᠷ ᠲᠦ᠍ ᠰᠢᠷᠭᠤᠨ᠂ ᠲᠣᠭ ᠳᠠᠯᠪᠠᠭ᠎ᠠ ᠨᠠᠮᠢᠷᠠᠨ᠂ ᠲᠡᠷᠬᠡ ᠬᠦᠰᠬᠡ ᠰᠦᠯᠵᠢᠯᠳᠦᠭᠡᠳ ᠤᠨᠴᠠ ᠵᠢᠨ ᠭᠤᠶᠤᠮᠰᠤᠭ ᠬᠠᠷᠠᠭᠳᠠᠨ᠎ᠠ᠃ ᠬᠢᠶ᠎ᠠ ᠪᠠᠭ᠍ᠰᠢ ᠲᠤᠭᠤᠷᠢᠭ ᠤ᠋ᠨ᠎ᠬᠠᠮᠤᠭ ᠤ᠋ᠨ ᠶᠡᠬᠡ ᠬᠥᠭᠥᠷᠭᠡ ᠪᠤᠯ ᠤᠯᠠᠭᠠᠨᠮᠥ᠋ᠷᠡᠨ ᠬᠥᠭᠥᠷᠭᠡ ᠮᠦᠨ᠂ ᠲᠡᠷᠡ ᠨᠢ ᠬᠢᠶ᠎ᠠ ᠪᠠᠭ᠍ᠰᠢ ᠲᠣᠭᠣᠷᠢᠭ᠋ ᠤ᠋ᠨ ᠣᠷᠳᠣᠰ ᠶᠡᠬᠡ ᠵᠡᠭᠡᠯᠢ ᠪᠣᠯᠣᠨ ᠡᠵᠡᠨ ᠬᠣᠷᠣᠭ᠎ᠠ ᠬᠣᠰᠢᠭᠤᠨ ᠤ᠋ ᠠᠯᠳᠠᠨᠰᠢᠷᠡᠭᠡᠳᠤ ᠪᠠᠯᠭᠠᠰᠤ ᠵᠢ ᠬᠣᠯᠪᠣᠵᠤ᠂ ᠴᠠᠭᠠᠨ ᠥᠩᠭᠡᠲᠡᠢ ᠵᠢᠰᠢᠭᠦᠦ ᠭᠡᠭᠡᠰᠦ ᠮᠠᠶᠢᠭ᠋ ᠤ᠋ᠨ ᠵᠢᠷᠤᠭ ᠲᠥᠯᠥᠪᠯᠡᠭᠡ ᠨᠢ ᠢᠳᠡ ᠬᠦᠴᠦᠲᠡᠢ ᠪᠥᠭᠡᠳ ᠴᠠᠭ ᠤ᠋ᠨ ᠥᠩᠭᠡ ᠵᠢ ᠢᠯᠡᠷᠡᠬᠦᠯᠪᠡ᠃

ᠬᠣᠲᠠ ᠵᠢ ᠲᠣᠭᠣᠷᠢᠭ᠍ᠰᠠᠨ ᠤᠯᠠᠭᠠᠨᠮᠥ᠋ᠷᠡᠨ ᠦᠶᠡᠯᠵᠡᠨ ᠤᠷᠤᠰᠴᠤ᠂ ᠬᠢᠶ᠎ᠠ ᠪᠠᠭ᠍ᠰᠢ ᠲᠣᠭᠣᠷᠢᠭ᠋ ᠤ᠋ᠨ ᠲᠦᠪ ᠢ᠋ᠶ᠋ᠠᠷ ᠤᠷᠤᠰᠤᠨ ᠥᠩᠭᠡᠷᠡᠵᠦ᠂ ᠬᠣᠲᠠ ᠵᠢ ᠡᠮᠦᠨ᠎ᠠ ᠤᠮᠠᠷ᠎ᠠ ᠬᠣᠶᠠᠷ ᠬᠡᠰᠡᠭ ᠪᠣᠯᠭᠠᠨ ᠬᠤᠪᠢᠶᠠᠵᠤ᠂ ᠭᠣᠣᠯ ᠨᠢ ᠬᠣᠲᠠ ᠵᠢᠨ ᠲᠤᠮᠳᠠ ᠪᠠᠢᠬᠤ᠂ ᠬᠣᠲᠠ ᠨᠢ ᠭᠣᠣᠯ ᠤ᠋ᠨ ᠲᠠᠨᠵᠢᠨ ᠳᠡᠭᠡᠷ᠎ᠡ ᠪᠠᠢᠬᠤ ᠭᠤᠶᠤ ᠦᠵᠡᠮᠵᠢ ᠵᠢ ᠪᠦᠷᠢᠯᠳᠤᠬᠦᠯᠦᠭᠰᠡᠨ ᠪᠢᠯᠡ᠃

ᠤᠯᠠᠭᠠᠨᠮᠥ᠋ᠷᠡᠨ ᠬᠣᠲᠠ ᠶ᠋ᠢᠨ ᠲᠥᠪ ᠢ᠋ᠶ᠋ᠡᠷ ᠥᠩᠭᠡᠷᠡᠬᠦ ᠳ᠋ᠡᠭᠡᠨ ᠪᠠᠰᠠ ᠤᠰᠤ ᠬᠠᠳᠠᠭᠠᠯᠠᠵᠤ ᠨᠠᠭᠤᠷ ᠪᠣᠯᠵᠠᠢ᠃ ᠤᠯᠠᠭᠠᠨᠮᠥ᠋ᠷᠡᠨ ᠨᠠᠭᠤᠷ ᠬᠣᠶᠠᠷ ᠲᠡᠩᠭᠡᠯᠢᠭ᠂ ᠬᠣᠶᠠᠷ ᠪᠦᠰᠡ᠂ ᠭᠤᠷᠪᠠᠨ ᠲᠣᠭᠣᠷᠢᠭ᠋᠂ ᠵᠢᠷᠭᠤᠭᠠᠨ ᠵᠠᠩᠭᠢᠯᠠᠭ᠎ᠠ ᠶ᠋ᠢᠨ ᠴᠡᠭ ᠢ᠋ᠶ᠋ᠡᠷ ᠪᠦᠷᠢᠯᠳᠦᠵᠦ᠂ 《ᠣᠲᠣ᠌ ᠦᠶ᠎ᠡ ᠶ᠋ᠢᠨ ᠲᠠᠯ᠎ᠠ ᠨᠤᠲᠤᠭ ᠤ᠋ᠨ ᠬᠣᠲᠠ᠂ ᠡᠯᠡᠰᠦᠨ ᠴᠥᠯ ᠤ᠋ᠨ ᠰᠢᠨ᠎ᠡ ᠦᠵᠡᠮᠵᠢ》 ᠵᠢ ᠨᠡᠩ ᠳᠣᠪᠣᠶ᠋ᠢᠯᠭᠠᠪᠠ᠃ ᠬᠥᠮᠥᠰ ᠤ᠋ᠨ ᠠᠩᠬᠠᠷᠤᠯ ᠢ᠋ ᠬᠠᠮᠤᠭ ᠡᠴᠡ ᠢᠯᠡᠭᠦᠦ ᠲᠠᠲᠠᠳᠠᠭ ᠨᠢ ᠤᠯᠠᠭᠠᠨᠮᠦ᠋ᠷᠡᠨ ᠨᠠᠭᠤᠷ ᠤ᠋ᠨ ᠡᠷᠭᠢ ᠳᠠᠭᠠᠤ ᠵᠢᠷᠤᠭᠰᠠᠨ 18 ᠪᠦᠯᠦᠭ ᠲᠣᠮᠣ᠌ ᠬᠡᠯᠪᠡᠷᠢ ᠶ᠋ᠢᠨ ᠬᠠᠨᠠᠨ ᠵᠢᠷᠤᠭ ᠪᠣᠯᠣᠨ᠎ᠠ᠂ ᠪᠦᠬᠦ ᠣᠷᠳᠣ᠌ ᠨᠢ 3.8 ᠺᠢᠯᠣᠮᠧᠲᠷ ᠪᠠᠢᠵᠤ᠂ ᠬᠥᠮᠥᠨ ᠲᠥᠷᠥᠯᠬᠢᠲᠡᠨ ᠤ᠋ ᠲᠡᠦᠬᠡ ᠶ᠋ᠢᠨ ᠪᠣᠯᠪᠠᠰᠤᠨ ᠤ᠋ ᠰᠦᠷ ᠳᠠᠯᠠᠢᠴᠠᠲᠠᠢ ᠬᠥᠭᠵᠢᠯᠲᠡ ᠶ᠋ᠢᠨ ᠶᠠᠪᠤᠴᠠ ᠵᠢ ᠬᠠᠷᠠᠭᠤᠯᠤᠭᠰᠠᠨ ᠪᠠᠢᠳᠠᠭ᠃

ᠤᠯᠠᠭᠠᠨᠮᠥ᠋ᠷᠡᠨ ᠨᠠᠭᠤᠷ ᠨᠢ ᠪᠠᠰᠠ ᠬᠡᠷᠡᠯ ᠵᠢᠷᠤᠭ᠍ᠴᠢᠳ ᠤ᠋ᠨ ᠵᠢᠷᠤᠭ ᠠᠪᠬᠤ ᠰᠠᠨᠠᠭᠠᠨ᠎ᠤ ᠰᠠᠢᠬᠠᠨ ᠭᠠᠵᠠᠷ ᠪᠠᠢᠵᠤ᠂ ᠲᠡᠰᠢᠬᠤ ᠨᠠᠷᠠᠨ ᠤᠯᠠᠭᠠᠨᠮᠥ᠋ᠷᠡᠨ᠎ᠢ ᠬᠦᠷᠡᠩᠳᠡᠬᠦᠯᠦᠨ ᠰᠢᠷᠭᠠᠯᠳᠤᠭᠤᠯᠬᠤ ᠪᠦᠷᠢ ᠶᠠᠭ ᠯᠠ ᠬᠢᠶ᠎ᠠ ᠪᠠᠭ᠍ᠰᠢ ᠲᠤᠭᠤᠷᠢᠭ ᠢ᠋ ᠡᠯᠢᠬᠡᠨ ᠳ᠋ᠡᠭᠡᠨ ᠲᠡᠪᠡᠷᠢᠨ᠂ ᠤᠰᠤ ᠬᠣᠲᠠ ᠲᠦᠰᠢᠯᠴᠡᠭᠰᠡᠨ ᠬᠠᠷᠠᠭᠳᠠᠳᠠᠭ ᠶᠤᠮ᠃ ᠭᠠᠯᠪᠢᠷ ᠲᠦᠷᠬᠦ ᠰᠠᠢᠳᠠᠢ᠂ ᠥᠨᠳᠥᠷ ᠰᠦᠷᠯᠢᠭ ᠠᠰᠠᠷ ᠳᠠᠭᠳᠦ ᠨᠤᠭᠤᠳ ᠨᠢ ᠤᠯᠠᠭᠠᠨᠮᠥ᠋ᠷᠡᠨ ᠳ᠋ᠦ ᠰᠡᠬᠦᠳᠡᠷᠯᠡᠨ ᠲᠤᠰᠴᠤ᠂ ᠬᠠᠶᠠ ᠨᠠᠮᠵᠢᠭᠤᠬᠠᠨ ᠲᠦᠨᠭᠰᠤᠢᠵᠤ᠂ ᠬᠠᠶᠠ ᠠᠯᠢᠶᠠᠯᠠᠨ ᠲᠤᠭᠯᠠᠵᠤ᠂ ᠬᠦᠭᠡ ᠲᠡᠭᠷᠢ ᠵᠢ ᠲᠤᠯᠢᠳᠠᠨ᠂ ᠵᠢᠶᠠᠩᠨᠠᠨ ᠭᠠᠵᠠᠷ ᠤ᠋ᠨ ᠦᠵᠡᠮᠵᠢ ᠲᠠᠢ ᠮᠦᠴᠡᠭᠡᠷᠬᠡᠵᠤ᠂ ᠡᠷᠬᠡ ᠦᠬᠡᠢ ᠰᠡᠳᠬᠢᠯ ᠬᠦᠭᠰᠡᠬᠦᠯᠦᠨ᠎ᠠ᠃

ᠤᠯᠠᠭᠠᠨᠮᠥ᠋ᠷᠡᠨ ᠤ᠋ ᠰᠥᠨᠢ ᠶ᠋ᠢᠨ ᠦᠵᠡᠮᠵᠢ ᠦᠨᠡᠬᠡᠷ ᠰᠠᠢᠬᠠᠨ᠃ ᠤᠳᠤᠨ ᠮᠡᠴᠢᠳ ᠦᠩᠭᠡᠢᠵᠦ ᠢᠷᠡᠬᠦ ᠳ᠋ᠦ 230 ᠮᠧᠲᠷ ᠥᠨᠳᠥᠷ ᠤᠰᠤᠨ ᠬᠥᠰᠢᠭᠡ ᠲᠠᠢ᠎ᠳᠠᠭᠤᠤ ᠬᠥᠭᠵᠢᠮ ᠤ᠋ᠨ ᠣᠷᠭᠢᠯᠤᠮᠠᠯ ᠪᠤᠯᠠᠭ ᠦᠵᠡᠭᠰᠡᠨ ᠪᠦᠬᠦᠨ ᠤ᠋ ᠰᠡᠳᠬᠢᠯ ᠢ᠋ ᠳᠣᠭᠳᠣᠯᠤᠭᠤᠯᠤᠨ᠎ᠠ᠃

ᠤᠯᠠᠭᠠᠨᠮᠥ᠋ᠷᠡᠨ ᠨᠠᠭᠤᠷ ᠤ᠋ᠨ ᠬᠥᠪᠡᠭᠡᠨ ᠳ᠋ᠦ ᠳ᠋ᠧᠩ ᠤ᠋ᠨ ᠬᠡᠷᠡᠯ ᠰᠤᠯᠤᠩᠭᠠᠷᠠᠨ᠂ ᠬᠣᠶᠠᠷ ᠬᠥᠪᠡᠭᠡᠨ ᠤ᠋᠎ᠠᠰᠠᠷ᠂ ᠵᠠᠮ ᠬᠥᠭᠥᠷᠭᠡ ᠶ᠋ᠢᠨ ᠥᠩᠭᠡᠲᠦ ᠳ᠋ᠧᠩ ᠨᠠᠭᠤᠷ ᠤ᠋ᠨ ᠤᠰᠤᠨ ᠳ᠋ᠦ ᠲᠣᠩᠭᠣᠷᠠᠵᠤ᠂ ᠬᠥᠮᠥᠰ ᠲᠦ᠍ ᠳᠣᠮᠣᠭ ᠶᠠᠷᠢᠶᠠᠨ ᠳ᠋ᠠᠬᠢ 《ᠣᠳᠣᠨ ᠲᠡᠯᠡᠶ》 ᠵᠢ ᠣᠯᠵᠤ ᠬᠠᠷᠠᠭᠰᠠᠨ ᠶᠤᠮ ᠰᠢᠬ ᠰᠠᠨᠠᠭᠳᠠᠭᠤᠯᠵᠦ᠂ ᠮᠦᠷᠦᠭᠡᠳᠦᠯ ᠤ᠋ᠨ ᠰᠠᠢᠬᠠᠨ ᠤᠷᠤᠨ ᠡᠨᠳᠡ ᠯᠡ ᠪᠠᠢᠳᠠᠭ ᠮᠡᠳᠦ ᠲᠦᠷᠦᠭᠳᠡᠯ ᠦᠭᠬᠦᠨ᠎ᠠ᠃

ᠡᠷᠲᠡᠨ ᠡᠳᠦᠭᠡ ᠵᠢ ᠬᠠᠷᠢᠯᠴᠠᠨ ᠲᠤᠯᠢᠯᠠᠵᠤ ᠬᠡᠪ ᠳᠠᠭᠤᠷᠢᠶᠠᠯ ᠦᠵᠡᠭᠦᠯᠤᠨ ᠤᠷᠤᠭᠰᠢᠯᠠᠨ᠎ᠠ

《ᠤᠯᠠᠨ ᠵᠠᠭᠤᠨ ᠤ᠋ ᠰᠠᠯᠬᠢ ᠪᠣᠷᠣᠭᠠᠨ ᠳ᠋ᠤ ᠤᠷᠳᠤᠰ ᠬᠤᠳᠠ ᠶ᠋ᠢᠨ ᠬᠢᠯᠢ ᠳ᠋ᠡᠬᠢ ᠡᠮᠦᠨ᠎ᠡ ᠡᠴᠡ ᠤᠮᠠᠷᠠᠰᠢ ᠪᠡᠨ ᠵᠡᠷᠭᠡᠴᠡᠨ ᠤᠷᠤᠰᠬᠤ ᠠᠷᠪᠠᠨ ᠰᠠᠯᠪᠤᠷᠢ ᠤᠷᠤᠰᠬᠠᠯ ᠬᠥᠪᠴᠢ ᠶ᠋ᠢᠨ ᠡᠯᠡᠰᠦ ᠪᠡᠷ ᠳᠠᠮᠵᠢᠵᠤ᠂ ᠲᠠᠯᠠᠳ ᠤ᠋ᠨ ᠲᠤᠨᠤᠮᠠᠯ ᠲᠠᠯ᠎ᠠ ᠪᠡᠷ ᠦᠩᠭᠡᠷᠡᠨ᠂ ᠬᠠᠳᠤᠨ ᠭᠣᠣᠯ ᠤ᠋ᠨ ᠤᠷᠤᠰᠬᠠᠯ ᠲᠠᠢ ᠨᠡᠢᠯᠡᠵᠤ᠂ ᠰᠠᠪᠠ ᠭᠠᠵᠠᠷ ᠤ᠋ᠨ ᠶᠡᠷᠦᠩᠬᠡᠢ ᠲᠠᠯᠠᠪᠠᠢ ᠨᠢ 10767 ᠲᠡᠭ᠌ᠰᠢ ᠳᠥᠷᠪᠡᠯᠵᠢᠨ ᠺᠢᠯᠤᠮᠸᠲᠷ ᠲᠤ᠌ ᠬᠦᠷᠪᠡ᠃ ᠡᠨᠳᠡᠬᠢ ᠶ᠋ᠢ ᠪᠠᠰᠠ 〈ᠠᠷᠪᠠᠨ ᠶᠡᠬᠡ ᠬᠦᠨᠳᠡᠢ (ᠠᠭᠤᠯᠠᠨ ᠦᠶᠡᠷ ᠶ᠋ᠢᠡᠷ ᠭᠠᠷᠤᠭᠰᠠᠨ ᠭᠤᠤ ᠰᠤᠪᠠᠭ)〉 ᠭᠡᠳᠡᠭ》 ᠭᠡᠵᠦ ᠳᠠᠯᠠᠳ ᠬᠣᠱᠢᠭᠤᠨ ᠤ᠋ ᠤᠰᠤᠨ ᠠᠱᠢᠭ᠍ᠯᠠᠯᠲᠠ ᠶ᠋ᠢᠨ ᠲᠤᠪᠴᠢᠶ᠎ᠠ ᠶ᠋ᠢᠨ ᠤᠰᠤᠨ ᠤ᠋ ᠬᠠᠮᠠᠭᠠᠯᠠᠯᠲᠠ ᠶ᠋ᠢᠨ ᠲᠠᠰᠤᠭ ᠤ᠋ᠨ ᠡᠷᠬᠢᠯᠡᠭ᠌ᠴᠢ ᠸᠠᠩ ᠯᠢ ᠵᠢᠶᠦ᠋ᠨ ᠭᠠᠵᠠᠷ ᠤ᠋ᠨ ᠵᠢᠷᠤᠭ ᠢ᠋ ᠵᠢᠭᠠᠵᠤ ᠶᠠᠷᠢᠨ᠎ᠠ᠃

ᠸᠠ ᠶᠣᠣ ᠶ᠋ᠢᠨ ᠪᠠᠭᠤᠷᠢ ᠡᠨᠡ ᠬᠦ᠌ 《ᠠᠷᠪᠠᠨ ᠶᠡᠬᠡ ᠬᠦᠨᠳᠡᠢ》 ᠶ᠋ᠢᠨ ᠨᠢᠭᠡ ᠪᠣᠯᠬᠤ ᠬᠠᠨᠳᠠᠢ ᠶ᠋ᠢᠨ ᠭᠤᠤᠯ ᠤ᠋ᠨ ᠰᠠᠪᠠ ᠭᠠᠵᠠᠷ ᠤ᠋ᠨ ᠱᠠᠭᠵᠠᠮᠤᠨᠢ ᠪᠠᠯᠭᠠᠰᠤᠨ ᠤ᠋ ᠸᠠ ᠶᠣᠣ ᠲᠣᠰᠭᠣᠨ ᠳ᠋ᠤ ᠪᠠᠢᠷᠢᠯᠠᠵᠤ᠂ ᠣᠳᠣ ᠡᠴᠡ ᠪᠠᠷᠤᠭ 5500 ᠭᠠᠷᠤᠶ ᠵᠢᠯ ᠤ᠋ᠨ ᠡᠮᠦᠨᠡᠬᠢ ᠱᠢᠨ᠎ᠡ ᠴᠢᠯᠠᠭᠤᠨ ᠵᠡᠪᠰᠡᠭ ᠤ᠋ᠨ ᠦᠶ᠎ᠡ ᠶ᠋ᠢᠨ ᠶᠠᠩᠱᠤᠤ ᠶ᠋ᠢᠨ ᠰᠣᠶᠣᠯ ᠤ᠋ᠨ ᠰᠡᠭᠦᠯᠴᠢ ᠶ᠋ᠢᠨ ᠦᠶ᠎ᠡ ᠳ᠋ᠤ ᠬᠠᠷᠢᠶᠠᠯᠠᠭ᠍ᠳᠠᠵᠤ᠂ ᠴᠦᠨ ᠴᠢᠦ᠂ ᠪᠠᠢᠯᠳᠤᠭᠠᠨᠲᠤ ᠤᠯᠤᠰ ᠤ᠋ᠨ ᠦᠶ᠎ᠠ ᠶ᠋ᠢ ᠥᠩᠭᠡᠷᠡᠭᠦᠯᠤᠭᠡᠳ ᠬᠠᠨ ᠤᠯᠤᠰ ᠤ᠋ᠨ ᠦᠶ᠎ᠡ ᠬᠦᠷᠲᠡᠯ᠎ᠡ ᠦᠷᠭᠦᠯᠵᠢᠯᠡᠵᠠᠢ᠃

《ᠸᠠ ᠶᠤᠤ ᠶ᠋ᠢᠨ ᠪᠠᠭᠤᠷᠢ ᠨᠢ ᠲᠤᠰ ᠭᠠᠵᠠᠷ ᠤ᠋ᠨ ᠱᠢᠨ᠎ᠡ ᠴᠢᠯᠠᠭᠤᠨ ᠵᠡᠪᠰᠡᠭ ᠤ᠋ᠨ ᠰᠡᠭᠦᠯᠴᠢ ᠶ᠋ᠢᠨ ᠦᠶ᠎ᠡ ᠡᠴᠡ ᠬᠠᠨ ᠤᠯᠤᠰ ᠤ᠋ᠨ ᠦᠶ᠎ᠡ ᠬᠦᠷᠳᠡᠯᠡᠬᠢ ᠡᠷᠲᠡᠨ ᠤ᠋ ᠬᠥᠮᠦᠨ ᠲᠥᠷᠥᠯᠬᠢᠲᠡᠨ ᠤ᠋ ᠨᠡᠢᠭᠡᠮ ᠤ᠋ᠨ ᠵᠣᠬᠢᠶᠠᠨ ᠪᠠᠢᠭᠤᠯᠤᠯᠲᠠ᠂ ᠠᠵᠤ ᠠᠬᠤᠶ ᠶ᠋ᠢᠨ ᠬᠡᠯᠪᠡᠷᠢ᠂ ᠦᠢᠯᠡᠳᠪᠦᠷᠢᠯᠡᠯ ᠤ᠋ᠨ ᠬᠦᠴᠦᠨ ᠤ᠋ ᠬᠥᠭ᠌ᠵᠢᠯᠲᠡ ᠶ᠋ᠢᠨ ᠲᠦᠪᠱᠢᠨ᠂ ᠠᠮᠢᠳᠤᠷᠠᠯ ᠤ᠋ᠨ ᠵᠠᠩ ᠳᠠᠳᠭᠠᠯ ᠵᠡᠷᠭᠡ ᠶ᠋ᠢ ᠤᠢᠯᠠᠭᠠᠬᠤ ᠳ᠋ᠤ ᠶᠡᠬᠡ ᠬᠡᠮᠵᠢᠶᠡᠨ ᠤ᠋ ᠬᠣᠪᠣᠷ ᠨᠠᠨᠳᠢᠨ ᠮᠠᠲ᠋ᠧᠷᠢᠶᠠᠯ ᠬᠠᠩᠭᠠᠵᠤ᠂ ᠣᠷᠳᠣᠰ ᠣᠷᠣᠨ ᠤ᠋ ᠪᠠᠯᠠᠷ ᠡᠷᠲᠡᠨ ᠤ᠋ ᠲᠡᠦᠬᠡ ᠶ᠋ᠢᠨ ᠬᠦᠭᠵᠢᠯᠳᠡ ᠶ᠋ᠢᠨ ᠶᠠᠪᠤᠴᠠ ᠳ᠋ᠤ ᠲᠤᠢᠯ ᠤ᠋ᠨ ᠴᠢᠬᠤᠯᠠ ᠪᠠᠢᠷᠢ ᠰᠠᠭᠤᠷᠢ ᠶ᠋ᠢ ᠡᠵᠡᠯᠡᠵᠦ᠍ ᠪᠠᠢᠳᠠᠭ》 ᠭᠡᠵᠦ ᠳᠠᠯᠠᠳ ᠬᠣᠱᠢᠭᠤᠨ ᠤ᠋ ᠰᠣᠶᠣᠯ ᠪᠠ ᠵᠢᠭᠤᠯᠴᠢᠯᠠᠯ ᠤ᠋ᠨ ᠲᠤᠪᠴᠢᠶᠠᠨ ᠤ᠋ ᠳᠡᠳ᠋ ᠳᠠᠷᠤᠭ᠎ᠠ ᠶᠠᠩ ᠶᠢᠩ ᠴᠢᠦᠸᠠᠨ ᠬᠡᠯᠡᠨ᠎ᠠ᠃ ᠰᠢᠶᠠ ᠤᠯᠤᠰ᠂ ᠱᠠᠩ ᠤᠯᠤᠰ᠂ ᠵᠧᠦ ᠤᠯᠤᠰ ᠡᠴᠡ ᠶᠤᠸᠠᠨ ᠤᠯᠤᠰ᠂ ᠮᠢᠩ ᠤᠯᠤᠰ᠂ ᠴᠢᠩ ᠤᠯᠤᠰ ᠤ᠋ᠨ ᠦᠶ᠎ᠠ ᠬᠦᠷᠲᠡᠯ᠎ᠡ ᠬᠠᠳᠤᠨ ᠭᠣᠣᠯ ᠤ᠋ᠨ ᠡᠮᠦᠨ᠎ᠡ ᠡᠷᠬᠢ ᠪᠡᠷ ᠪᠠᠢᠷᠢᠯᠠᠬᠤ ᠳᠠᠯᠠᠳ ᠭᠡᠭᠴᠢ ᠶᠡᠷᠦ ᠨᠢ ᠠᠷᠠᠯᠵᠢᠶ᠎ᠠ ᠮᠠᠢᠮᠠᠢ᠎ᠬᠦᠭᠵᠢᠶᠡᠨ ᠲᠠᠢ᠂ ᠡᠳ᠋ ᠠᠭᠤᠷᠠᠰᠤᠨ ᠡᠯᠪᠡᠭ ᠪᠠᠶᠠᠯᠢᠭ ᠭᠠᠵᠠᠷ ᠪᠠᠢᠭᠰᠠᠨ ᠪᠦᠭᠡᠳ ᠨᠡᠭᠦᠳᠡᠯ ᠮᠠᠯᠵᠢᠯ᠎ᠤᠨ ᠰᠣᠶᠣᠯ᠂ ᠲᠠᠯ᠎ᠠ ᠨᠤᠲᠤᠭ ᠤ᠋ᠨ ᠰᠣᠶᠣᠯ᠂ ᠬᠠᠳᠤᠨ ᠭᠣᠣᠯ ᠤ᠋ᠨ ᠰᠣᠶᠣᠯ᠂ ᠲᠠᠷᠢᠶᠠᠯᠠᠬᠤ ᠰᠣᠶᠣᠯ ᠤ᠋ᠨ ᠠᠭᠤᠰᠤᠯᠴᠠᠬᠤ ᠭᠠᠵᠠᠷ ᠪᠣᠯᠤᠭ᠍ᠰᠠᠭᠠᠷ ᠢᠷᠡᠵᠠᠢ ᠭᠡᠵᠦ᠍ ᠲᠡᠷᠡ ᠲᠠᠨᠢᠯᠴᠠᠭᠤᠯᠪᠠ᠃

《ᠬᠠᠨ ᠤᠯᠤᠰ ᠤ᠋ᠨ ᠪᠢᠴᠢᠭ》 ᠲᠤ᠌ ᠲᠡᠮᠳᠡᠭ᠌ᠯᠡᠭ᠌ᠰᠡᠨ ᠵᠢᠡᠷ᠂ ᠪᠠᠷᠠᠭᠤᠨ ᠬᠠᠨ ᠤᠯᠤᠰ ᠪᠠ ᠵᠡᠭᠦᠨ ᠬᠠᠨ ᠤᠯᠤᠰ ᠤ᠋ᠨ ᠦᠶ᠎ᠡ ᠳ᠋ᠤ ᠰᠢ ᠾᠧ ᠵᠢᠶᠦ᠋ᠨ ᠳ᠋ᠤ ᠮᠧᠶ ᠵᠢᠶ ᠱᠢᠶᠠᠨ ᠭᠡᠰᠡᠨ ᠭᠠᠵᠠᠷ ᠪᠤᠢ᠃ ᠲᠤᠰᠬᠠᠢ ᠮᠡᠷᠭᠡᠵᠢᠯᠲᠡᠨ ᠤ᠋ ᠰᠢᠯᠭᠠᠨ ᠨᠤᠳᠠᠯᠠᠭᠰᠠᠨ ᠶ᠋ᠢᠡᠷ᠂ ᠲᠤᠬᠠᠢ ᠶ᠋ᠢᠨ ᠡᠷᠲᠡᠨ ᠤ᠋ ᠬᠣᠲᠠ ᠶ᠋ᠢᠨ ᠭᠠᠵᠠᠷ ᠵᠦᠶ ᠶ᠋ᠢᠨ ᠪᠠᠢᠷᠢᠯᠠᠯ ᠨᠢ ᠣᠲᠣ ᠶ᠋ᠢᠨ ᠵᠡᠭᠦᠨᠭᠠᠷ ᠬᠣᠱᠢᠭᠤᠨ ᠤ᠋ ᠱᠠᠭᠳᠠᠷ ᠪᠠᠯᠭᠠᠰᠤ ᠵᠢᠨ ᠨᠠᠷᠢᠨ ᠲᠣᠰᠭᠣᠨ ᠤ᠋ ᠠᠷᠤ ᠳ᠋ᠤ ᠪᠤᠢ ᠃

《ᠮᠧᠶ ᠵᠢᠶ》 ᠬᠤᠳᠠ ᠭᠡᠬᠦ ᠪᠡᠷ ᠨᠡᠷ᠎ᠡ ᠶ᠋ᠢ ᠨᠢ ᠰᠤᠨᠤᠰᠬᠤ ᠳᠠᠷᠤᠢ ᠳ᠋ᠤ ᠮᠠᠰᠢ ᠭᠣᠶᠣ ᠰᠠᠨᠠᠭᠳᠠᠨ᠎ᠠ! ᠥᠨᠥᠳᠦᠷ ᠤ᠋ᠨ ᠵᠡᠭᠦᠨᠭᠠᠷ ᠬᠣᠱᠢᠭᠤᠨ ᠤ᠋ ᠱᠠᠭᠳᠠᠷ ᠪᠠᠯᠭᠠᠰᠤ ᠵᠢᠨ ᠲᠥᠪ ᠤ᠋ᠨ ᠠᠭᠤᠳᠠᠮ ᠲᠠᠯᠠᠪᠠᠢ ᠨᠢ ᠳᠠᠷᠤᠢ 《ᠮᠧᠢ ᠵᠢᠶ》 ᠭᠡᠰᠡᠨ ᠨᠡᠷ᠎ᠠ ᠶ᠋ᠢ ᠤᠯᠠᠮᠵᠢᠯᠠᠨ ᠬᠡᠷᠡᠭ᠌ᠯᠡᠵᠡᠢ᠃

ᠲᠤᠬᠠᠶ ᠶ᠋ᠢᠨ ᠭᠠᠵᠠᠷ ᠤ᠋ᠨ ᠰᠣᠶᠣᠯ ᠪᠠ ᠵᠢᠭᠤᠯᠴᠢᠯᠠᠯ ᠤ᠋ᠨ ᠲᠣᠪᠴᠢᠶᠠᠨ ᠤ᠋ ᠠᠵᠢᠯᠲᠠᠨ ᠤ᠋ ᠲᠠᠨᠢᠯᠴᠠᠭᠤᠯᠤᠭ᠍ᠰᠠᠨ ᠵᠢᠡᠷ᠂ ᠨᠠᠷᠢᠨᠭᠤᠤᠯ ᠡᠮᠦᠨᠡᠰᠢ ᠪᠡᠨ ᠱᠠᠨ ᠰᠢ᠂ ᠱᠠᠨᠰᠢ ᠬᠤᠶᠠᠷ ᠮᠤᠵᠢ ᠶ᠋ᠢᠨ ᠬᠢᠯᠢ ᠪᠡᠷ ᠤᠷᠤᠰᠴᠤ᠂ ᠤᠮᠠᠷᠠᠰᠢ ᠪᠡᠨ ᠬᠥᠬᠡᠬᠣᠲᠠ ᠪᠤᠭᠤᠳᠤ ᠶ᠋ᠢᠨ ᠬᠢᠯᠢ ᠪᠡᠷ ᠤᠷᠤᠰᠴᠤ ᠪᠠᠢᠳᠠᠭ᠂ ᠲᠡᠦᠬᠡᠨ ᠳᠡᠭᠡᠷᠡᠬᠢ ᠲᠠᠯ᠎ᠠ ᠨᠤᠲᠤᠭ ᠤ᠋ᠨ ᠲᠣᠷᠭᠠᠨ ᠵᠠᠮ ᠡᠨᠡᠬᠦᠷ ᠥᠩᠭᠡᠷᠡᠵᠦ᠍᠂ ᠬᠠᠨ ᠤᠯᠤᠰ ᠤ᠋ᠨ ᠦᠶ᠎ᠡ ᠳ᠋ᠤ ᠡᠮᠦᠨᠡᠲᠦ ᠾᠦᠩᠨᠦ᠍᠎ᠶ᠋ᠢᠨ ᠨᠣᠶᠠᠷᠬᠠᠯ ᠤ᠋ᠨ ᠲᠥᠪ ᠪᠤᠯᠵᠤ ᠪᠠᠢᠭᠰᠠᠨ ᠶᠤᠮ᠃

《ᠮᠧᠶ ᠵᠢᠶ》 ᠡᠷᠲᠡᠨ ᠤ᠋ ᠬᠣᠲᠠ ᠨᠢ ᠣᠲᠣ ᠵᠠᠭᠤ ᠭᠠᠷᠤᠢᠬᠠᠨ ᠮᠧᠲ᠋ᠷ ᠤ᠋ᠨ ᠬᠠᠩᠳᠠᠭ᠍ᠰᠠᠨ ᠱᠢᠷᠣᠶ ᠶ᠋ᠢᠨ ᠬᠡᠷᠡᠮ᠎ᠤᠨ ᠣᠷᠣᠮ ᠲᠠᠳᠤᠢ ᠦᠯᠡᠳᠡᠵᠦ᠍᠂ ᠤᠸ᠋ᠯ ᠤ᠋ᠨ ᠬᠣᠲᠠ᠎ᠶ᠋ᠢᠨ ᠬᠡᠷᠡᠮ ᠨᠢ ᠭᠣᠸ᠋ ᠭᠠᠩᠭ᠎ᠠ᠎ᠬᠦᠨᠳᠡᠯᠢᠰᠦᠭᠰᠡᠨ ᠰᠢᠷᠠᠯᠵᠠᠳᠠᠢ ᠭᠤᠤᠯ ᠤ᠋ᠨ ᠰᠠᠪᠠ ᠭᠠᠵᠠᠷ ᠤ᠋ᠨ ᠬᠠᠪᠢ ᠪᠡᠷ ᠪᠠᠢᠷᠢᠯᠠᠵᠤ ᠪᠠᠢᠳᠠᠭ᠃

ᠵᠡᠭᠦᠨᠭᠠᠷ ᠬᠣᠱᠢᠭᠤᠨ ᠤ᠋ ᠤᠰᠤᠨ ᠠᠱᠢᠭ᠍ᠯᠠᠯᠲᠠ᠎ᠶ᠋ᠢᠨ ᠲᠤᠪᠴᠢᠶ᠎ᠠ ᠶ᠋ᠢᠨ ᠰᠢᠷᠠᠯᠵᠠᠳᠠᠢ ᠭᠤᠤᠯ ᠤ᠋ᠨ ᠵᠢᠵᠢᠭ ᠰᠠᠪᠠ ᠭᠠᠵᠠᠷ ᠤ᠋ᠨ ᠵᠠᠰᠠᠯᠲᠠ ᠶ᠋ᠢᠨ ᠲᠦᠷᠦᠯ ᠵᠦᠢᠯ ᠤ᠋ᠨ ᠬᠠᠷᠢᠭᠤᠴᠠᠯᠭᠠᠲᠠᠨ ᠳ᠋ᠦ᠋ ᠱᠢᠶᠠᠩ ᠬᠤᠸᠠ᠄《ᠪᠢᠳᠡ ᠭᠠᠵᠠᠷ ᠤ᠋ᠨ ᠲᠦᠷᠬᠦ ᠶ᠋ᠢᠨ ᠪᠠᠢᠳᠠᠯ ᠲᠠᠶ ᠨᠢ ᠤᠶᠠᠯᠳᠤᠭᠤᠯᠵᠤ᠂ ᠠᠭᠤᠯᠠᠨ ᠤᠷᠤᠢ ᠳ᠋ᠤ ᠴᠤᠭᠤᠨᠤᠭᠠᠢ ᠮᠠᠯᠲᠠᠨ ᠨᠠᠷᠠᠰᠤᠨ ᠮᠣᠳᠣ ᠲᠠᠷᠢᠵᠦ᠍᠂ ᠠᠭᠤᠯᠠ ᠶ᠋ᠢᠨ ᠪᠡᠯ ᠢ᠋ ᠳᠡᠭᠰᠢᠯᠡᠵᠦ ᠱᠠᠲᠤᠨ ᠲᠠᠷᠢᠶ᠎ᠠ ᠪᠤᠯᠭᠠᠨ ᠵᠢᠮᠢᠰ ᠤ᠋ᠨ ᠮᠣᠳᠣ ᠲᠠᠷᠢᠵᠦ᠍᠂ ᠭᠤᠤ ᠶ᠋ᠢᠨ ᠢᠷᠣᠭᠠᠷ ᠶ᠋ᠢᠡᠷ ᠭᠤᠤᠯ ᠢ᠋ ᠬᠠᠰᠢᠨ ᠨᠠᠷᠢᠰᠬᠠᠵᠤ ᠲᠠᠷᠢᠶ᠎ᠠ ᠭᠠᠷᠭᠠᠵᠤ᠂ ᠥᠪᠡᠷᠮᠢᠴᠡ ᠣᠨᠴᠠᠯᠢᠭ᠎ᠪᠦᠬᠦᠢ ᠵᠢᠵᠢᠭ ᠰᠠᠪᠠ ᠭᠠᠵᠠᠷ ᠤ᠋ᠨ ᠵᠠᠰᠠᠯᠲᠠ ᠶ᠋ᠢᠨ ᠵᠠᠭ᠍ᠪᠤᠷ ᠢ᠋ ᠡᠭᠦᠳᠴᠦ᠍᠂ ᠤᠷᠢᠳ ᠬᠤᠵᠢᠳ ᠨᠡᠢ᠌ᠳᠡ 221 ᠲᠦᠮᠡᠨ ᠮᠦ᠍ ᠶ᠋ᠢᠨ ᠤᠰᠤ ᠰᠢᠷᠤᠢ ᠵᠢᠨ ᠢᠳᠡᠭᠳᠡᠯ ᠢ᠋ ᠶᠡᠷᠦᠩᠬᠡᠢᠯᠡᠨ ᠵᠠᠰᠠᠵᠠᠢ》 ᠭᠡᠵᠦ᠍ ᠬᠡᠯᠡᠪᠡ ᠃

ᠪᠤᠷᠭᠠᠰᠤᠳᠠᠢ ᠶ᠋ᠢᠨ ᠪᠠᠷᠠᠭᠤᠨ ᠭᠤᠤᠯ ᠪᠣᠯ 《ᠠᠷᠪᠠᠨ ᠶᠡᠬᠡ ᠬᠦᠨᠳᠡᠢ》 ᠶ᠋ᠢᠨ ᠨᠢᠭᠡ ᠪᠠᠢᠵᠤ᠂ ᠮᠤᠷᠤᠢ ᠴᠠᠭᠠᠨ ᠭᠤᠤᠯ ᠨᠢ ᠪᠤᠷᠭᠠᠰᠤᠳᠠᠢ ᠶ᠋ᠢᠨ ᠪᠠᠷᠠᠭᠤᠨ ᠭᠤᠤᠯ ᠤ᠋ᠨ ᠨᠢᠭᠡᠨ 《ᠬᠢᠯᠭᠠᠰᠤᠨ ᠰᠤᠳᠠᠰᠤ》 ᠮᠥᠨ᠃ ᠨᠢᠳᠤᠨᠤᠨ ᠵᠤᠨ ᠨᠠᠮᠤᠷ ᠤ᠋ᠨ ᠤᠷᠤᠰᠭᠠᠯ ᠤᠰᠤᠨ ᠳ᠋ᠤ ᠢᠳᠡᠭᠳᠡᠭᠰᠡᠨ ᠶ᠋ᠢᠡᠷ ᠡᠨᠳᠡᠬᠢ ᠦᠶᠡᠷ ᠢ᠋ ᠰᠡᠷᠭᠡᠢᠯᠡᠬᠦ᠌ ᠬᠠᠰᠢᠯᠭ᠎ᠠ ᠪᠠᠷᠢᠯᠭ᠎ᠠ ᠶ᠋ᠢ ᠤᠳᠤ ᠶᠠᠭ ᠱᠠᠯᠠᠪᠳᠠᠨ ᠵᠠᠰᠠᠵᠤ ᠪᠤᠢ᠃ ᠭᠤᠤᠯ ᠲᠤᠳᠤᠷᠠᠬᠢ ᠪᠤᠷᠭᠠᠰᠤᠨ ᠪᠤᠯᠠᠭᠠᠷᠢ ᠶ᠋ᠢᠨ ᠱᠢᠪᠡᠭᠡ ᠨᠤᠭᠦᠳ ᠨᠢ ᠡᠯᠡᠰᠦ ᠶ᠋ᠢ ᠬᠠᠱᠢᠵᠤ ᠦᠶᠡᠷ ᠤ᠋ᠨ ᠤᠰᠤ ᠶ᠋ᠢ ᠤᠷᠤᠰᠭᠠᠵᠤ᠂ ᠤᠯᠠᠨ ᠭᠠᠵᠠᠷ ᠭᠠᠷᠭᠠᠭᠰᠠᠨ ᠰᠡᠷᠭᠡᠢᠯᠡᠯᠳᠡ ᠶ᠋ᠢᠨ ᠤᠰᠤ ᠬᠠᠳᠠᠭᠠᠯᠠᠬᠤ ᠨᠦᠭᠡ ᠨᠢ ᠭᠤᠤ ᠭᠠᠩᠭ᠎ᠠ ᠶ᠋ᠢᠨ ᠦᠷᠭᠡᠵᠢᠬᠦ ᠶ᠋ᠢ ᠬᠣᠷᠢᠭ᠍ᠯᠠᠨ᠎ᠠ; ᠠᠭᠤᠯᠠ ᠶ᠋ᠢᠨ ᠲᠠᠭ ᠲᠡᠬᠢ ᠬᠡᠰᠡᠭ ᠬᠡᠰᠡᠭ ᠴᠤᠭᠤᠨᠤᠭᠠᠢ ᠨᠤᠭᠤᠳ ᠨᠢ ᠨᠠᠷᠠᠰᠤᠨ ᠮᠤᠳᠤ ᠴᠢᠴᠠᠷᠭᠠᠨ᠎ᠠ ᠶ᠋ᠢᠨ ᠮᠤᠳᠤ ᠨᠠᠢᠯᠵᠠᠭᠤᠷ ᠬᠠᠷᠭᠠᠨ᠎ᠠ ᠵᠡᠷᠭᠡ ᠤᠷᠭᠤᠮᠠᠯ ᠤ᠋ᠨ ᠦᠨᠳᠦᠰᠦ ᠪᠡᠨ ᠬᠠᠳᠭᠤᠵᠤ ᠬᠥᠷᠥᠰᠥ ᠶ᠋ᠢ ᠪᠡᠬᠢᠯᠡᠵᠠᠢ᠃

ᠵᠦᠪᠬᠡᠨ ᠬᠡᠳᠦᠨ ᠠᠷᠪᠠᠨ ᠲᠡᠭ᠌ᠰᠢ ᠳᠥᠷᠪᠡᠯᠵᠢᠨ ᠺᠢᠯᠤᠮᠸᠲᠷ ᠤ᠋ᠨ ᠲᠠᠯᠠᠪᠠᠢ ᠪᠦᠬᠦᠢ ᠵᠢᠵᠢᠭ ᠰᠠᠪᠠ ᠭᠠᠵᠠᠷ ᠲᠤ᠌ ᠶᠠᠭᠤᠨ ᠳ᠋ᠤ 3000 ᠭᠠᠷᠤᠢ ᠲᠦᠮᠡᠨ ᠲᠥᠭᠥᠷᠢᠭ᠎ᠢ 《ᠦᠷᠡᠭᠡᠵᠦ》 ᠱᠢᠰᠲᠸᠮ ᠲᠠᠢ ᠵᠠᠰᠠᠯᠲᠠ ᠬᠢᠨ᠎ᠠ ᠪᠤᠢ? ᠭᠡᠬᠦ ᠪᠡᠷ᠂ ᠳᠠᠯᠠᠳ ᠬᠣᠱᠢᠭᠤᠨ ᠤ᠋ ᠤᠰᠤᠨ ᠠᠱᠢᠭ᠍ᠯᠠᠯᠲᠠ ᠶ᠋ᠢᠨ ᠲᠣᠪᠴᠢᠶ᠎ᠠ ᠶ᠋ᠢᠨ ᠤᠰᠤᠨ ᠤ᠋ ᠬᠠᠮᠠᠭᠠᠯᠠᠯᠲᠠ ᠶ᠋ᠢᠨ ᠲᠠᠰᠤᠭ ᠤ᠋ᠨ ᠡᠷᠬᠢᠯᠡᠭ᠌ᠴᠢ ᠸᠠᠩ ᠯᠢ ᠵᠢᠶᠦ᠋ᠨ᠄ 《ᠡᠨᠳᠡᠬᠢ ᠠᠭᠤᠯᠠᠨ ᠦᠶᠡᠷ ᠨᠢ ᠳᠣᠪᠣᠷᠬᠠᠭ ᠭᠣᠸ᠋ ᠵᠢᠯᠠᠭ᠎ᠠ᠎ᠶ᠋ᠢᠨ ᠣᠷᠣᠨ ᠶ᠋ᠢᠡᠷ ᠴᠢᠳᠬᠤᠯᠠᠨ ᠪᠠᠭᠤᠵᠤ᠂ ᠬᠥᠪᠴᠢ ᠶ᠋ᠢᠨ ᠡᠯᠡᠰᠦ ᠪᠡᠷ ᠳᠠᠮᠵᠢᠨ᠂ ᠭᠣᠸ᠋ᠯ ᠤ᠋ᠨ ᠰᠠᠢᠷᠭᠠᠯ ᠲᠠᠯ᠎ᠠ ᠭᠠᠵᠠᠷ ᠵᠢᠡᠷ ᠳᠠᠭᠠᠷᠢᠵᠤ᠂ ᠶᠡᠬᠡ ᠬᠡᠮᠵᠢᠶᠡᠨ ᠤ᠋ ᠡᠯᠡᠰᠦ ᠱᠢᠪᠠᠷ ᠢ᠋ ᠬᠠᠲᠤᠨ ᠭᠣᠸ᠋ᠯ᠎ᠳᠤ ᠤᠷᠤᠰᠬᠠᠨ ᠤᠷᠤᠭᠤᠯᠳᠠᠭ》 ᠭᠡᠵᠤ ᠬᠠᠷᠢᠭᠤᠯᠤᠨ᠎ᠠ᠃

2022 ᠣᠨ ᠳ᠋ᠤ ᠣᠷᠳᠣᠰ ᠬᠣᠲᠠ 《〈ᠠᠷᠪᠠᠨ ᠶᠡᠬᠡ ᠬᠦᠨᠳᠡᠢ〉 ᠵᠢ ᠶᠡᠷᠦᠩᠬᠡᠢᠯᠡᠨ ᠵᠠᠰᠠᠬᠤ 2022 ᠣᠨ ᠤ᠋ ᠬᠡᠷᠡᠭ᠌ᠵᠢᠭᠦᠯᠬᠦ᠌ ᠲᠥᠰᠦᠯ》 ᠢ᠋ ᠳᠠᠷᠤᠮᠠᠯᠯᠠᠨ ᠲᠠᠷᠬᠠᠭᠠᠵᠤ᠂ ᠰᠠᠪᠠ ᠭᠠᠵᠠᠷ ᠢ᠋ ᠵᠠᠰᠠᠬᠤ ᠪᠠ ᠡᠯᠡᠰᠦ ᠱᠢᠪᠠᠷ ᠤ᠋ᠨ ᠬᠡᠮᠵᠢᠶ᠎ᠡ ᠶ᠋ᠢ ᠪᠠᠭᠠᠰᠭᠠᠬᠤ᠂ 《ᠤᠰᠤᠨ ᠤ᠋ ᠬᠡᠮᠵᠢᠶ᠎ᠠ ᠪᠡᠷ ᠬᠤᠳᠠ ᠶ᠋ᠢᠨ ᠪᠦᠲᠦᠭᠡᠨ ᠪᠠᠢᠭᠤᠯᠤᠯᠳᠠ ᠪᠡᠨ ᠳᠤᠭᠳᠠᠭᠠᠬᠤ᠂ ᠤᠰᠤᠨ ᠤ᠋ ᠬᠡᠮᠵᠢᠶ᠎ᠠ ᠪᠡᠷ ᠭᠠᠵᠠᠷ ᠲᠠᠷᠢᠶ᠎ᠠ ᠪᠡᠨ ᠳᠤᠭᠳᠠᠭᠠᠬᠤ᠂ ᠤᠰᠤᠨ ᠤ᠋ ᠬᠡᠮᠵᠢᠶ᠎ᠠ ᠪᠡᠷ ᠬᠤᠳᠠ ᠶ᠋ᠢᠨ ᠬᠦᠮᠦᠨ ᠠᠮᠠ ᠶ᠋ᠢᠨ ᠳᠠᠭᠠᠭᠠᠴᠠ ᠶ᠋ᠢ ᠳᠤᠭᠳᠠᠭᠠᠬᠤ᠂ ᠤᠰᠤᠨ ᠤ᠋ ᠬᠡᠮᠵᠢᠶ᠎ᠠ ᠪᠡᠷ ᠦᠢᠯᠡᠳᠪᠤᠷᠢᠯᠡᠯ ᠶ᠋ᠢᠡᠨ ᠳᠤᠭᠳᠠᠭᠠᠬᠤ》 ᠪᠠ ᠤᠰᠤ ᠠᠷᠪᠢᠯᠠᠬᠤ ᠶ᠋ᠢ ᠠᠬᠢᠭᠤᠯᠬᠤ᠂ ᠤᠯᠤᠰ ᠤ᠋ᠨ ᠨᠤᠳᠤᠭ ᠳᠡᠪᠢᠰᠭᠡᠷ ᠢ᠋ ᠨᠣᠭᠣᠭᠠᠷᠠᠭᠤᠯᠬᠤ ᠪᠠ ᠴᠦᠯᠯᠡᠷᠭᠡᠭ᠌ᠵᠢᠯ ᠢ᠋ ᠰᠡᠷᠭᠡᠢᠯᠡᠨ ᠵᠠᠰᠠᠬᠤ᠂ ᠪᠣᠬᠢᠷᠲᠤᠯ ᠢ᠋ ᠰᠡᠷᠭᠡᠢᠯᠡᠨ ᠵᠠᠰᠠᠬᠤ ᠪᠠ ᠣᠷᠴᠢᠨ ᠲᠣᠭᠣᠷᠢᠨ ᠢ᠋ ᠴᠡᠭ᠌ᠴᠡᠯᠡᠨ ᠵᠠᠰᠠᠬᠤ᠂ ᠠᠮᠢ ᠠᠬᠤᠶ ᠶ᠋ᠢ ᠰᠡᠷᠭᠦᠭᠡᠬᠦ᠌ ᠪᠠ ᠠᠷᠠᠳ ᠲᠤ᠌ ᠠᠱᠢᠭ ᠬᠦᠷᠲᠡᠭᠡᠬᠦ᠌᠂ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠱᠢᠨ᠎ᠡ ᠶ᠋ᠢ ᠡᠭᠦᠳᠬᠦ᠌ ᠪᠠ ᠬᠢᠨᠠᠨ ᠬᠠᠮᠢᠶᠠᠷᠬᠤ ᠴᠢᠳᠠᠪᠤᠷᠢ ᠶ᠋ᠢ ᠳᠡᠭᠡᠭ᠌ᠰᠢᠯᠡᠭᠦᠯᠬᠦ᠌ ᠵᠢᠷᠭᠤᠭᠠᠨ ᠶᠡᠬᠡ ᠠᠵᠢᠯᠯᠠᠭ᠎ᠠ ᠶ᠋ᠢ ᠦᠷᠨᠢᠬᠦᠯᠵᠤ ᠡᠬᠢᠯᠡᠪᠡ᠃

ᠡᠨᠡ ᠵᠢᠯ ᠳᠠᠯᠠᠳ ᠬᠣᠱᠢᠭᠤᠨ ᠤ᠋ ᠬᠢᠨ ᠪᠤᠷᠭᠠᠰᠤᠳᠠᠢ ᠶ᠋ᠢᠨ ᠪᠠᠷᠠᠭᠤᠨ ᠭᠤᠤᠯ ᠢ᠋ ᠶᠡᠷᠦᠩᠬᠡᠢᠯᠡᠨ ᠵᠠᠰᠠᠬᠤ ᠶ᠋ᠢ ᠦᠷᠭᠦᠯᠵᠢᠯᠡᠨ ᠭᠣᠣᠯᠳᠠᠯᠭ᠎ᠠ ᠲᠠᠶ ᠠᠬᠢᠭᠤᠯᠵᠤ᠂ ᠳᠡᠭᠡᠳᠦ ᠤᠷᠤᠰᠭᠠᠯ ᠤ᠋ᠨ ᠳᠣᠪᠣᠷᠬᠠᠭ ᠣᠷᠣᠨ᠂ ᠳᠤᠮᠳᠠ ᠤᠷᠤᠰᠭᠠᠯ ᠤ᠋ᠨ ᠰᠠᠯᠬᠢ ᠡᠯᠡᠰᠦᠨ ᠤ᠋ ᠣᠷᠣᠨ ᠳ᠋ᠤ ᠠᠩᠬᠠᠷᠤᠯ ᠶ᠋ᠢᠡᠨ ᠲᠥᠪᠯᠡᠷᠡᠭᠦᠯᠵᠦ᠍᠂ 9 ᠵᠢᠵᠢᠭ ᠰᠠᠪᠠ ᠭᠠᠵᠠᠷ ᠤ᠋ᠨ ᠤᠷᠤᠨ ᠪᠤᠯᠭᠠᠨ ᠬᠤᠪᠢᠶᠠᠵᠤ᠂ 2 ᠠᠮᠢ ᠠᠬᠤᠢ ᠠᠷᠢᠭᠤᠨ ᠴᠡᠪᠡᠷ ᠵᠢᠵᠢᠭ ᠰᠠᠪᠠ ᠭᠠᠵᠠᠷ ᠤ᠋ᠨ ᠵᠢᠱ᠌ᠢᠢ᠎ᠡ ᠦᠵᠡᠭᠦᠯᠬᠦ᠌ ᠢᠨᠵᠧᠨᠧᠷᠢᠩ ᠪᠣᠯᠤᠨ 1 ᠬᠠᠲᠤᠨ ᠭᠣᠣᠯ ᠳᠠᠭᠠᠤ ᠶ᠋ᠢᠨ ᠠᠮᠢ ᠠᠬᠤᠢ᠎ᠶ᠋ᠢᠨ ᠬᠤᠩᠬᠢᠯ ᠢ᠋ ᠴᠤᠭᠴᠠᠯᠠᠨ᠂ 49.5 ᠲᠦᠮᠡᠨ ᠮᠦ᠍ ᠶ᠋ᠢᠨ ᠵᠢᠵᠢᠭ ᠰᠠᠪᠠ ᠭᠠᠵᠠᠷ ᠤ᠋ᠨ ᠶᠡᠷᠦᠩᠬᠡᠢᠯᠡᠭ᠌ᠰᠡᠨ ᠵᠠᠰᠠᠯᠲᠠ ᠬᠢᠬᠦ ᠪᠤᠯᠤᠨ᠎ᠠ᠃

《ᠠᠷᠪᠠᠨ ᠶᠡᠬᠡ ᠬᠦᠨᠳᠡᠢ》 ᠵᠢᠨ ᠰᠠᠪᠠ ᠭᠠᠵᠠᠷ ᠢ᠋ ᠶᠡᠷᠦᠩᠬᠡᠢᠯᠡᠨ ᠵᠠᠰᠠᠬᠤ ᠨᠢ ᠨᠢᠬᠡᠨᠳᠡ ᠪᠥᠬᠥ᠌ ᠤᠯᠤᠰ ᠤ᠋ᠨ ᠤᠰᠤ ᠰᠢᠷᠤᠢ ᠶ᠋ᠢᠨ ᠢᠳᠡᠭ᠌ᠳᠡᠯ ᠢ᠋ ᠵᠠᠰᠠᠬᠤ ᠬᠡᠪ ᠳᠠᠭᠤᠷᠢᠶᠠᠯ ᠪᠣᠯᠤᠭ᠍ᠰᠠᠨ ᠶᠤᠮ᠃

ᠨᠡᠯᠦᠭᠡᠷ ᠶᠡᠬᠡ ᠭᠣᠣᠯ ᠮᠥᠷᠡᠨ ᠲᠦᠮᠡᠨ ᠭᠠᠵᠠᠷ ᠮᠤᠷᠤᠯᠵᠠᠨ ᠤᠷᠤᠰᠴᠤ᠂ ᠲᠦᠭ ᠲᠦᠮᠡᠨ ᠭᠤᠤᠯ ᠭᠤᠷᠤᠬ᠎ᠠ ᠶ᠋ᠢ ᠬᠡᠭᠦᠳᠡᠭ ᠴᠡᠭᠡᠵᠢᠨ ᠳ᠋ᠡᠭᠡᠨ ᠪᠠᠭᠳᠠᠭᠠᠵᠤ ᠤᠯᠠᠨ ᠵᠦᠢᠯ ᠤ᠋ᠨ ᠰᠤᠶᠤᠯ ᠢ᠋ ᠤᠯᠠᠮᠵᠢᠯᠠᠨ ᠦᠷᠭᠦᠯᠵᠢᠯᠡᠭᠦᠯᠦᠨ᠎ᠠ᠃ ᠡᠬᠡ ᠤᠯᠤᠰ ᠤ᠋ᠨ ᠤᠮᠠᠷᠠᠲᠤ᠎ᠶ᠋ᠢᠨ ᠠᠮᠢ ᠠᠬᠤᠢ ᠶ᠋ᠢᠨ ᠠᠮᠤᠷ ᠲᠦᠪᠱᠢᠨ ᠤ᠋ ᠬᠠᠯᠬᠠᠪᠴᠢ ᠶ᠋ᠢ ᠪᠠᠳᠤ ᠴᠤᠭᠴᠠᠯᠠᠵᠤ᠂ ᠬᠠᠳᠤᠨ ᠭᠣᠣᠯ ᠤ᠋ᠨ ᠰᠣᠶᠣᠯ ᠳ᠋ᠤ ᠠᠭᠤᠯᠤᠭ᠍ᠳᠠᠬᠤ ᠴᠠᠭ ᠦᠶ᠎ᠡ ᠶ᠋ᠢᠨ ᠦᠨ᠎ᠡ ᠦᠷᠳᠡᠭ ᠢ᠋ ᠭᠦᠨᠵᠡᠭᠡᠢ ᠠᠭᠤᠳᠠᠯᠤᠨ᠂ 《ᠬᠠᠳᠤᠨ ᠭᠣᠣᠯ ᠤ᠋ᠨ ᠦᠯᠢᠭᠡᠷ》 ᠢ᠋ ᠰᠠᠢᠲᠤᠷ ᠶᠠᠷᠢᠵᠤ᠂ ᠤᠷᠳᠤᠰ ᠬᠤᠳᠠ ᠶᠠᠭ ᠬᠠᠳᠤᠨ ᠭᠣᠣᠯ ᠤ᠋ᠨ ᠰᠠᠪᠠ ᠭᠠᠵᠠᠷ ᠤ᠋ᠨ ᠠᠮᠢ ᠠᠬᠤᠢ᠎ᠶ᠋ᠢᠨ ᠬᠠᠮᠠᠭᠠᠯᠠᠯᠲᠠ ᠪᠠ ᠴᠢᠨᠠᠷ ᠰᠠᠢᠲᠠᠢ ᠬᠥᠭ᠌ᠵᠢᠯᠲᠡ ᠶ᠋ᠢᠨ ᠵᠠᠮ ᠵᠢᠡᠷ ᠲᠤᠮᠤ ᠠᠯᠬᠤᠮ ᠵᠢᠡᠷ ᠤᠷᠤᠭ᠍ᠰᠢᠯᠠᠨᠠᠮ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面