2024-05-12 11:51:51
— ᠤᠷᠳᠤ ᠴᠠᠭᠠᠨ ᠬᠡᠷᠡᠮ᠎ᠦᠨ ᠰᠣᠶᠣᠯ᠎ᠤᠨ ᠲᠤᠬᠠᠢ ᠱᠢᠷᠢᠰ ᠮᠡᠳᠡᠭᠡᠯᠡᠯ (ᠨᠢᠭᠡ)
ᠵᠤᠨ᠎ᠤ ᠠᠭᠤᠷ ᠦᠢᠷᠠᠳᠤᠨ ᠲᠦᠮᠡᠨ ᠪᠣᠳᠠᠰ ᠴᠡᠯᠭᠡᠷᠡᠨ ᠨᠣᠭᠣᠭᠠᠷᠠᠬᠰᠠᠨ ᠴᠸ᠋ ᠱᠢᠭᠤᠢᠲᠤ ᠳᠤᠭᠤᠷᠢᠭ ᠤ᠋ᠨ ᠬᠤ᠌ ᠵᠢᠨ ᠬᠤᠪᠴᠠᠰᠤ ᠡᠮᠤᠰᠴᠤ ᠬᠦᠯᠦᠭ ᠳᠡᠬᠡᠷ᠎ᠡ ᠡᠴᠡ ᠨᠠᠮᠨᠠᠬᠤ ᠠᠭᠤᠳᠠᠮ ᠲᠠᠯᠠᠪᠠᠢ — ᠤᠷᠠᠳ᠎ᠤᠨ ᠡᠮᠦᠨᠡᠲᠦ ᠬᠣᠱᠢᠭᠤᠨ᠎ᠤ ᠪᠠᠭ᠎ᠠ ᠱᠢᠭᠡᠲᠡᠢ — ᠤᠷᠠᠳ᠎ᠤᠨ ᠬᠣᠢᠲᠤ ᠬᠣᠱᠢᠭᠤᠨ᠎ᠤ ᠲᠠᠪᠠᠭᠠᠲᠤ ᠭᠤᠤ᠎ᠶ᠋ᠢᠨ ᠤᠷᠳᠤ ᠴᠠᠭᠠᠨ ᠬᠡᠷᠡᠮ ᠳᠠᠭᠠᠤ ᠮᠦᠨ ᠬᠦ᠌ ᠨᠡᠯᠢᠶᠡᠳ ᠰᠡᠷᠢᠭᠦᠨ ᠪᠠᠢᠯ᠎ᠠ᠃
2000 ᠭᠠᠷᠤᠶ ᠵᠢᠯ᠎ᠦᠨ ᠳᠡᠷᠳᠡᠬᠡ ᠪᠤᠰᠬᠠᠬᠳᠠᠬᠰᠠᠨ ᠤᠷᠳᠤ ᠴᠠᠭᠠᠨ ᠬᠡᠷᠡᠮ᠎ᠤᠨ ᠲᠤᠤᠷ᠎ᠠ ᠵᠤᠬᠰᠤᠵᠦ ᠲᠡᠳᠡᠭᠡᠷ ᠠᠳᠠᠯᠢ ᠪᠤᠰᠤ ᠦᠨᠳᠦᠰᠦᠲᠡᠨ ᠤᠬᠰᠠᠭ᠎ᠠ᠂ ᠤᠷᠳᠤ ᠴᠠᠭᠠᠨ ᠬᠡᠷᠡᠮ᠎ᠢ ᠠᠯᠤᠰᠯᠠᠨ ᠬᠠᠷᠢᠯᠴᠠᠨ ᠠᠵᠢᠭ᠍ᠯᠠᠵᠤ᠂ ᠬᠢᠨᠠᠨ ᠰᠢᠨᠵᠢᠵᠥ᠂ ᠰᠡᠷᠭᠡᠢᠯᠡᠵᠦ᠍ ᠪᠠᠢᠬᠰᠠᠨ ᠲᠤᠬᠠᠶ᠎ᠶ᠋ᠢᠨ ᠤᠨ ᠵᠢᠯ ᠤ᠋ᠳ ᠡᠷᠬᠢᠴᠡᠬᠦᠯᠦᠭᠳᠡᠨᠡ; ᠡᠷᠬᠢᠨ ᠬᠠᠷᠠᠬᠤᠶ᠎ᠠ᠂ ᠤᠷᠳᠤ ᠴᠠᠭᠠᠨ ᠬᠡᠷᠡᠮ ᠨᠢ ᠡᠴᠦᠰ᠎ᠲᠡᠬᠡᠨ ᠠᠭᠤᠰᠤᠯᠴᠠᠯ ᠤ᠋ᠨ ᠬᠦᠴᠦᠨ᠎ᠢ ᠬᠣᠷᠢᠭ᠍ᠯᠠᠵᠤ ᠴᠢᠳᠠᠭ᠍ᠰᠠᠨ ᠦᠭᠡᠢ ᠪᠠᠢᠵᠥ᠂ ᠳᠣᠲᠣᠨᠣ ᠶᠠᠪᠤᠯᠴᠠᠭ᠍ᠰᠠᠨ ᠳᠠᠭᠤᠯᠠᠯ ᠡᠬᠡ ᠤᠯᠤᠰ᠎ᠤᠨ ᠤᠮᠠᠷᠠᠲᠤ ᠳ᠋ᠤ ᠲᠠᠭᠤᠷᠢᠰᠤᠨ᠎ᠠ᠃
ᠪᠣᠭᠣᠮᠲᠠ᠎ᠶ᠋ᠢᠨ ᠭᠠᠳᠠᠨ᠎ᠠ ᠪᠢᠴᠢᠭᠯᠡᠭᠳᠡᠭᠰᠡᠨ ᠰᠢᠭᠤᠢ᠎ᠳᠤ ᠳᠤᠭᠤᠷᠢᠭ ᠲᠡᠬᠢ 《ᠬᠠᠮᠤᠭ》
63 ᠵᠢᠯ᠎ᠦᠨ ᠡᠮᠦᠨᠡᠬᠢ ᠵᠤᠨ᠂ ᠲᠡᠦᠬᠡ ᠵᠢᠨ ᠰᠤᠳᠤᠯᠭᠠᠳᠠᠨ ᠵᠢᠶᠠᠨ ᠪᠥᠸᠧ ᠽᠠᠨ᠂ ᠹᠠᠨ ᠸᠸᠨ ᠯᠠᠨ᠂ ᠯᠢᠦᠢ ᠵᠧᠨ ᠢᠦᠢᠨᠡᠷ ᠤᠯᠠᠭᠠᠨᠬᠦᠦ᠍ᠶ᠋ᠢᠨ ᠤᠷᠢᠯᠭ᠎ᠠ ᠪᠠᠷ ᠥᠪᠥᠷ ᠮᠣᠩᠭᠣᠯ᠎ᠳᠤ ᠠᠢᠯᠴᠢᠯᠠᠪᠠ᠃ ᠡᠨᠡ ᠤᠳᠠᠭᠠᠨ᠎ᠤ ᠠᠢᠯᠴᠢᠯᠠᠯᠲᠠ᠎ᠶ᠋ᠢᠨ ᠲᠠᠷᠠᠭ᠎ᠠ ᠵᠢᠶᠠᠨ ᠪᠥᠸᠧ ᠽᠠᠨ ᠠᠪᠤᠭᠠᠢ ᠦᠵᠡᠵᠦ᠍ ᠰᠣᠨᠣᠰᠤᠭ᠍ᠰᠠᠨ᠎ᠢᠶᠠᠨ ᠪᠢᠷ ᠪᠡᠬᠡᠰ᠎ᠢᠶᠡᠷ᠎ᠢᠶᠡᠨ ᠢᠯᠡᠳᠭᠡᠵᠦ᠍᠂ 《ᠥᠪᠥᠷ ᠮᠣᠩᠭᠣᠯ ᠳ᠋ᠤ ᠬᠠᠭᠤᠴᠢᠨ ᠤ᠋ ᠪᠠᠭᠤᠷᠢ ᠵᠢ ᠬᠠᠢᠬᠤᠢ》 ᠭᠡᠬᠦ᠌ ᠦᠶ᠎ᠡ ᠤᠯᠠᠮᠵᠢᠯᠠᠭ᠍ᠳᠠᠭ᠍ᠰᠠᠨ ᠪᠦᠳᠦᠬᠡᠯ᠎ᠢᠶᠠᠨ ᠦᠯᠡᠳᠡᠭᠡᠵᠡᠢ᠃ ᠲᠡᠭᠦᠨ᠎ᠦ ᠳᠣᠲᠣᠷᠠᠬᠢ ᠠᠯᠳᠠᠷᠲᠤ ᠵᠣᠬᠢᠶᠠᠯ 《ᠬᠠᠮᠤᠭ᠎ᠤᠨ ᠡᠷᠲᠡᠨ᠎ᠦ ᠤᠷᠳᠤ ᠴᠠᠭᠠᠨ ᠬᠡᠷᠡᠮ》 ᠨᠢ ᠳᠠᠷᠤᠢ ᠪᠤᠭᠤᠲᠤ ᠬᠤᠲᠠ᠎ᠶ᠋ᠢᠨ ᠱᠢᠭᠤᠢᠲᠤ ᠲᠣᠭᠣᠷᠢᠭ᠎ᠤᠨ ᠪᠠᠢᠯᠳᠤᠭᠠᠨᠲᠤ ᠤᠯᠤᠰ᠎ᠤᠨ ᠦᠶ᠎ᠠ ᠵᠢᠨ ᠵᠤᠤ ᠤᠯᠤᠰ ᠤ᠋ᠨ ᠬᠤᠢᠳᠤ ᠤᠷᠳᠤ ᠴᠠᠭᠠᠨ ᠬᠡᠷᠡᠮ᠎ᠦᠨ ᠦᠯᠡᠳᠡᠭ᠌ᠳᠡᠯ᠎ᠢ ᠵᠢᠷᠤᠭ᠍ᠯᠠᠭ᠍ᠰᠠᠨ ᠪᠠᠢᠨ᠎ᠠ᠃
ᠵᠢᠶᠠᠨ ᠪᠥᠸᠧ ᠽᠠᠨ ᠠᠪᠤᠭᠠᠢ᠎ᠶ᠋ᠢᠨ ᠠᠶᠠᠨ ᠤ᠋ ᠮᠥᠷ ᠲᠠᠭᠠᠤ S211 ᠮᠤᠵᠢ᠎ᠶ᠋ᠢᠨ ᠵᠠᠮ᠎ᠢᠶᠠᠷ 10 ᠭᠠᠷᠤᠢ ᠺᠢᠯᠣᠮᠧᠲ᠋ᠷ ᠶᠠᠪᠤᠪᠠᠯ ᠵᠤᠤ ᠤᠯᠤᠰ ᠤ᠋ᠨ ᠬᠤᠢᠳᠤ ᠤᠷᠲᠤ ᠴᠠᠭᠠᠨ ᠬᠡᠷᠡᠮ ᠬᠠᠷᠠᠭᠠᠨ᠎ᠳᠦ ᠳᠤᠳᠤᠷᠠᠨ᠎ᠠ᠃
ᠪᠤᠭᠤᠲᠤ᠎ᠶ᠋ᠢᠨ ᠣᠷᠣᠨ ᠨᠤᠲᠤᠭ᠎ᠤᠨ ᠲᠡᠦᠬᠡ ᠰᠣᠶᠣᠯ᠎ᠤᠨ ᠰᠤᠳᠤᠯᠭᠠᠨ᠎ᠤ ᠡᠷᠳᠡᠮᠲᠡᠨ᠂ ᠣᠷᠳᠣ ᠴᠠᠭᠠᠨ ᠬᠡᠷᠡᠮ᠎ᠦᠨ ᠰᠣᠶᠣᠯ᠎ᠤᠨ ᠰᠤᠳᠤᠯᠭᠠᠨ᠎ᠤ ᠲᠤᠰᠭᠠᠶ ᠮᠡᠷᠭᠡᠵᠢᠯᠲᠡᠨ ᠹᠠᠩ᠎ᠶ᠋ᠢᠨ ᠯᠢᠶᠠᠩ᠎ᠤᠨ ᠲᠠᠨᠢᠯᠴᠠᠭᠤᠯᠤᠭ᠍ᠰᠠᠨ᠎ᠢᠶᠠᠷ᠂ ᠵᠣᠣ ᠤᠯᠤᠰ ᠤ᠋ᠨ ᠬᠤᠢᠳᠤ ᠣᠷᠳᠣ ᠴᠠᠭᠠᠨ ᠬᠡᠷᠡᠮ᠎ᠦᠨ ᠱᠢᠭᠤᠢᠲᠤ ᠲᠤᠭᠤᠷᠢᠬ᠎ᠤᠨ ᠬᠡᠰᠡᠭ᠎ᠦᠨ ᠪᠥᠬᠥ᠌ ᠣᠷᠳᠣᠨ᠎ᠢ 20 ᠭᠠᠷᠤᠶ ᠺᠢᠯᠣᠮᠧᠲ᠋ᠷ ᠪᠠᠢᠵᠤ᠂ ᠮᠤᠨᠢ ᠠᠭᠤᠯᠠ᠎ᠶ᠋ᠢᠨ ᠨᠢᠷᠤᠭᠤ ᠪᠠ ᠠᠭᠤᠯᠠᠨ ᠭᠤᠤ᠎ᠳᠤ ᠪᠤᠰᠬᠠᠬᠳᠠᠵᠥ᠂ ᠵᠣᠣ ᠤᠯᠤᠰ ᠤ᠋ᠨ ᠬᠤᠢᠳᠤ ᠣᠷᠳᠣ ᠴᠠᠭᠠᠨ ᠬᠡᠷᠡᠮ᠎ᠦᠨ ᠪᠥᠬᠥ᠌ ᠱᠤᠭᠤᠮ᠎ᠳᠤ ᠬᠠᠳᠠᠭᠠᠯᠠᠭ᠍ᠳᠠᠵᠤ ᠪᠠᠢᠭ᠎ᠠ ᠬᠠᠮᠤᠭ᠎ᠤᠨ ᠰᠠᠢᠨ ᠣᠷᠳᠣ ᠴᠠᠭᠠᠨ ᠬᠡᠷᠡᠮ᠎ᠦᠨ ᠦᠯᠡᠳᠡᠭ᠌ᠳᠡᠯ ᠪᠣᠯᠤᠨ᠎ᠠ᠃
ᠳᠡᠥᠬᠡᠨ ᠳᠡᠮᠳᠡᠭᠯᠡᠯ ᠡᠴᠡ ᠦᠵᠡᠪᠡᠯ᠂ ᠵᠤᠤ ᠤᠯᠤᠰ ᠤ᠋ᠨ ᠬᠤᠢᠳᠤ ᠤᠷᠳᠤ ᠴᠠᠭᠠᠨ ᠬᠡᠷᠡᠮ ᠢ᠋ ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 326 ᠣᠨ — ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 298 ᠣᠨ᠎ᠳᠤ ᠪᠠᠢᠭᠤᠯᠵᠠᠶ᠃ ᠵᠡᠭᠦᠨ᠎ᠡᠴᠡ ᠾᠧᠪᠧᠶ ᠮᠤᠵᠢ᠎ᠶ᠋ᠢᠨ ᠬᠣᠢᠲᠤ ᠬᠡᠰᠡᠭ᠎ᠡᠴᠡ ᠪᠠᠷᠠᠭᠤᠨᠰᠢ ᠤᠯᠠᠭᠠᠨᠴᠠᠪ ᠬᠣᠲᠠ᠂ ᠬᠥᠬᠡᠬᠣᠲᠠ᠂ ᠪᠤᠭᠤᠲᠤ ᠬᠣᠲᠠ᠂ ᠪᠠᠶᠠᠨᠨᠠᠭᠤᠷ ᠬᠣᠲᠠ᠎ᠪᠠᠷ ᠥᠩᠭᠡᠷᠡᠵᠦ᠍᠂ ᠪᠥᠬᠥ᠌ ᠣᠷᠳᠣᠨ᠎ᠢ ᠪᠠᠷᠤᠭ 500 ᠺᠢᠯᠣᠮᠧᠲ᠋ᠷ ᠪᠠᠢᠳᠠᠬ᠃ ᠬᠡᠷᠡᠮ᠎ᠢ ᠲᠤᠬᠠᠶ᠎ᠶ᠋ᠢᠨ ᠭᠠᠵᠠᠷ ᠣᠷᠣᠨ᠎ᠤ ᠪᠠᠢᠳᠠᠯ᠎ᠳᠤᠨᠢ ᠲᠣᠬᠢᠷᠠᠭᠤᠯᠤᠨ ᠪᠤᠰᠬᠠᠵᠥ᠂ ᠱᠢᠷᠣᠶ᠎ᠪᠠᠷ ᠬᠠᠩᠳᠠᠬᠤ ᠪᠤᠶᠤ ᠴᠢᠯᠠᠭᠤ᠎ᠪᠠᠷ ᠵᠡᠷᠭᠡᠯᠡᠵᠦ᠍᠂ ᠳᠠᠭᠠᠤ᠎ᠳᠤᠨᠢ ᠬᠠᠯᠬᠠᠪᠴᠢ ᠬᠣᠲᠠ᠎ᠶ᠋ᠢᠨ ᠪᠠᠭᠤᠷᠢ ᠲᠠᠷᠬᠠᠵᠤ ᠪᠤᠶ᠃
ᠹᠠᠩ ᠵᠢᠨ ᠯᠢᠶᠠᠩ ᠰᠤᠷᠪᠤᠯᠵᠢᠯᠠᠭ᠍ᠴᠢ᠎ᠳᠤ᠄ 《ᠵᠤᠤ ᠤᠯᠤᠰ ᠤ᠋ᠨ ᠬᠤᠢᠳᠤ ᠤᠷᠳᠤ ᠴᠠᠭᠠᠨ ᠬᠡᠷᠡᠮ ᠪᠣᠯ ᠵᠤᠤ ᠤᠯᠤᠰ ᠤ᠋ᠨ ᠡᠦ ᠯᠢᠩ ᠸᠠᠩ ᠤ᠋ᠨ ᠬ᠍ᠤ ᠵᠢᠨ ᠬᠤᠪᠴᠠᠰᠤ ᠡᠮᠦᠰᠴᠦ᠍ ᠬᠦᠯᠦᠭ ᠳᠡᠬᠡᠷ᠎ᠡ ᠡᠴᠡ ᠨᠠᠮᠨᠠᠵᠦ ᠵᠣᠷᠢᠭ᠍ᠲᠠᠢ᠎ᠪᠠᠷ ᠥᠭᠡᠷᠡᠴᠢᠯᠡᠯᠲᠡ ᠬᠢᠭᠰᠡᠨ ᠲᠡᠦᠬᠡ᠎ᠶ᠋ᠢᠨ ᠭᠡᠷᠡᠴᠢ ᠪᠣᠯᠤᠨ᠎ᠠ᠂ ᠪᠠᠰᠠ ᠴᠤ᠌ ᠳᠤᠮᠳᠠᠳᠤ᠎ᠶ᠋ᠢᠨ ᠡᠬᠡ ᠭᠠᠵᠠᠷ᠎ᠤᠨ ᠬᠠᠮᠤᠭ᠎ᠤᠨ ᠥᠨᠢ ᠤᠳᠠᠭᠠᠨ ᠲᠡᠦᠬᠡ᠎ᠶ᠋ᠢᠨ ᠪᠣᠳᠠᠲᠤ ᠪᠣᠳᠠᠰ᠎ᠤᠨ ᠦᠯᠡᠳᠡᠭ᠌ᠳᠡᠯ᠎ᠦᠨ ᠨᠢᠭᠡ ᠪᠣᠯᠤᠨ᠎ᠠ᠂ ᠳᠤᠮᠳᠠᠳᠤ ᠣᠷᠣᠨ᠎ᠤ ᠦᠨᠳᠦᠰᠦᠲᠡᠨ ᠪᠣᠯᠤᠨ ᠤᠮᠠᠷᠠᠲᠤ᠎ᠶ᠋ᠢᠨ ᠦᠨᠳᠦᠰᠦᠲᠡᠨ᠎ᠦ ᠬᠣᠭᠣᠷᠣᠨᠳᠣᠬᠢ ᠨᠢᠭᠡ ᠤᠳᠠᠭ᠎ᠠ᠎ᠶ᠋ᠢᠨ ᠰᠣᠯᠢᠯᠴᠠᠭ᠎ᠠ ᠠᠭᠤᠰᠤᠯᠴᠠᠯ᠎ᠤᠨ ᠠᠭᠤᠤ ᠶᠡᠬᠡ ᠬᠤᠷᠱᠢᠯ ᠮᠦᠨ᠂ ᠡᠨᠡ ᠪᠣᠯ ᠵᠤᠤ ᠤᠯᠤᠰ ᠤ᠋ᠨ ᠬᠤᠢᠳᠤ ᠤᠷᠳᠤ ᠴᠠᠭᠠᠨ ᠬᠡᠷᠡᠮ᠎ᠦᠨ ᠬᠠᠮᠤᠭ᠎ᠤᠨ ᠶᠡᠬᠡ ᠬᠢᠯᠠᠰ ᠴᠡᠭ ᠪᠣᠯᠤᠨ᠎ᠠ》 ᠬᠡᠪᠡ᠃
2023 ᠣᠨ᠎ᠳᠤ ᠱᠢᠭᠤᠢᠲᠤ ᠳᠤᠭᠤᠷᠢᠭ 《ᠵᠣᠣ ᠤᠯᠤᠰ ᠤ᠋ᠨ ᠬᠤᠢᠳᠤ ᠣᠷᠳᠣ ᠴᠠᠭᠠᠨ ᠬᠡᠷᠡᠮ》 ᠤ᠋ᠨ ᠲᠣᠭᠣᠷᠢᠨ᠎ᠳᠤ ᠨᠢᠭᠡᠨ ᠶᠡᠬᠡ ᠶᠠᠪᠤᠳᠠᠯ ᠬᠢᠪᠠ᠃ ᠲᠡᠳᠡᠨ᠎ᠦ ᠴᠢᠷᠮᠠᠢᠯᠭ᠎ᠠ ᠳᠤᠤᠷ᠎ᠠ ᠳᠤᠮᠳᠠᠳᠤ ᠤᠯᠤᠰ᠎ᠤᠨ ᠲᠡᠦᠬᠡᠨ ᠳᠡᠭᠡᠷᠡᠬᠢ ᠬᠠᠮᠤᠭ᠎ᠤᠨ ᠡᠷᠲᠡᠨ᠎ᠦ ᠣᠷᠳᠣ ᠴᠠᠭᠠᠨ ᠬᠡᠷᠡᠮ — ᠱᠢᠭᠤᠢᠲᠤ ᠳᠤᠭᠤᠷᠢᠭ ᠤ᠋ᠨ ᠵᠤᠤ ᠤᠯᠤᠰ ᠤ᠋ᠨ ᠬᠤᠢᠳᠤ ᠣᠷᠳᠣ ᠴᠠᠭᠠᠨ ᠬᠡᠷᠡᠮ᠎ᠦᠨ ᠬᠠᠮᠠᠭᠠᠯᠠᠯᠲᠠ᠎ᠶ᠋ᠢᠨ ᠲᠥᠷᠥᠯ ᠵᠦᠶ᠋ᠯ᠎ᠢ ᠤᠯᠤᠰ᠎ᠤᠨ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠎ᠦᠨ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ᠎ᠤ ᠰᠣᠶᠣᠯ᠎ᠢ ᠬᠠᠮᠠᠭᠠᠯᠠᠵᠦ ᠤᠯᠠᠮᠵᠢᠯᠠᠨ ᠠᠱᠢᠭ᠍ᠯᠠᠬᠤ ᠢᠨᠵᠧᠨᠧᠷᠢᠩ᠎ᠦᠨ ᠲᠥᠷᠥᠯ ᠵᠦᠶ᠋ᠯ᠎ᠦᠨ ᠬᠥᠮᠥᠷᠭᠡ᠎ᠳᠦ ᠠᠮᠵᠢᠯᠲᠠ᠎ᠲᠠᠶ ᠣᠷᠣᠭᠤᠯᠪᠠ᠃ 2023 ᠣᠨ᠎ᠤ 5 ᠰᠠᠷ᠎ᠠ᠎ᠳᠤ ᠲᠥᠷᠥᠯ ᠵᠦᠶ᠋ᠯ᠎ᠨᠢ 2000 ᠲᠦᠮᠡᠨ ᠲᠥᠭᠥᠷᠢᠭ᠎ᠦᠨ ᠲᠤᠰᠭᠠᠶ ᠵᠦᠶ᠋ᠯ᠎ᠦᠨ ᠵᠠᠷᠤᠳᠠᠯ ᠭᠥᠷᠳᠡᠪᠡ᠃
ᠠᠭᠤᠯᠠ ᠳᠠᠪᠠᠭ᠎ᠠ ᠳᠠᠪᠠᠨ ᠬᠦᠨᠳᠡᠯᠢᠰᠴᠤ ᠵᠡᠭᠦᠨ ᠪᠠᠷᠠᠭᠤᠨᠰᠢ ᠦᠵᠦᠬᠦᠷ ᠨᠢ ᠬᠠᠷᠠᠬᠳᠠᠬᠤ ᠥᠬᠡᠶ ᠦᠷᠬᠦᠯᠵᠢᠯᠡᠨ᠎ᠠ
ᠱᠢᠭᠤᠢᠲᠤ ᠳᠤᠭᠤᠷᠢᠭ᠎ᠠᠴᠠ ᠪᠠᠷᠠᠭᠤᠨ ᠬᠣᠢᠰᠢ 100 ᠭᠠᠷᠤᠢ ᠺᠢᠯᠣᠮᠧᠲ᠋ᠷ ᠶᠠᠪᠤᠪᠠᠯ ᠳᠠᠷᠤᠢ ᠪᠠᠶᠠᠨᠨᠠᠭᠤᠷ ᠬᠤᠲᠠ᠎ᠶ᠋ᠢᠨ ᠤᠷᠠᠳ᠎ᠤᠨ ᠡᠮᠦᠨᠡᠲᠦ ᠬᠣᠱᠢᠭᠤᠨ᠎ᠤ ᠪᠠᠭ᠎ᠠ ᠱᠢᠭᠡᠲᠡᠢᠳᠤ ᠬᠦᠷᠳᠡᠭ᠃ ᠪᠠᠭ᠎ᠠ ᠰᠢᠬᠡᠲᠠᠢ ᠳ᠋ᠡᠬᠢ ᠴᠢᠨ ᠤᠯᠤᠰ᠎ᠤᠨ ᠤᠷᠳᠤ ᠴᠠᠭᠠᠨ ᠬᠡᠷᠡᠮ ᠨᠢ ᠮᠤᠨᠢ ᠠᠭᠤᠯᠠ᠎ᠶ᠋ᠢᠨ ᠭᠦᠨ᠎ᠳᠦ ᠪᠠᠢᠷᠢᠯᠠᠵᠤ᠂ ᠬᠥᠮᠦᠨ ᠠᠮᠢᠳᠠᠨ ᠴᠥᠭᠡᠨ ᠪᠠᠢᠳᠠᠭ᠃ ᠬᠡᠷᠪᠡ ᠲᠤᠬᠠᠢ᠎ᠶ᠋ᠢᠨ ᠭᠠᠵᠠᠷ᠎ᠤᠨ ᠬᠣᠨᠢᠴᠢᠨ ᠬᠠᠨ ᠭᠸᠨ ᠵᠦ᠍ ᠵᠢᠨ ᠵᠠᠮᠴᠢᠯᠠᠯ ᠦᠬᠡᠢ ᠪᠠᠢᠬᠰᠠᠨ ᠪᠣᠯ ᠰᠤᠷᠪᠤᠯᠵᠢᠯᠠᠭ᠍ᠴᠢ ᠨᠠᠷ ᠤᠷᠳᠤ ᠴᠠᠭᠠᠨ ᠬᠡᠷᠡᠮ᠎ᠦᠨ ᠦᠨᠡᠨ ᠲᠦᠷᠢ᠎ᠶ᠋ᠢ ᠣᠯᠵᠤ ᠬᠠᠷᠠᠬᠤᠶ᠎ᠠ ᠪᠡᠷᠬᠡ ᠶᠤᠮ᠃
ᠡᠨᠡ ᠬᠡᠰᠡᠭ ᠣᠷᠳᠣ ᠴᠠᠭᠠᠨ ᠬᠡᠷᠡᠮ᠎ᠢ ᠮᠤᠨᠢ ᠠᠭᠤᠯᠠ᠎ᠶ᠋ᠢᠨ ᠥᠷᠥᠴᠡᠨ᠎ᠳᠡᠬᠢ ᠱ᠌ᠢ᠎ᠲᠡᠶ ᠱᠠᠨ᠎ᠤ ᠡᠮᠡᠬᠡᠯ ᠠᠭᠤᠯᠠ᠎ᠶ᠋ᠢᠨ ᠠᠷᠤ ᠪᠡᠯ᠎ᠤᠨ ᠳᠤᠮᠳᠠ ᠪᠠᠢᠭᠤᠯᠵᠤ᠂ ᠶᠠᠭ ᠯᠠ ᠨᠢᠭᠡ ᠠᠪᠤᠷᠭᠤ ᠯᠤᠤ ᠮᠡᠲᠦ ᠪᠡᠷ ᠠᠭᠤᠯᠠ᠎ᠶ᠋ᠢᠨ ᠪᠠᠢᠴᠠ᠎ᠶ᠋ᠢ᠎ᠲᠠᠭᠠᠨ ᠪᠠᠢᠷᠢᠰᠢᠵᠦ᠂ ᠣᠳᠣᠬᠠᠨ᠎ᠤ ᠬᠠᠮᠤᠭ᠎ᠤᠨ ᠪᠦᠷᠢᠨ ᠪᠦᠲᠦᠨ ᠬᠠᠳᠠᠭᠠᠯᠠᠭ᠍ᠳᠠᠵᠤ ᠪᠠᠢᠭ᠎ᠠ ᠨᠢᠭᠡ ᠬᠡᠰᠡᠭ ᠴᠢᠨ ᠤᠯᠤᠰ ᠬᠠᠨ ᠤᠯᠤᠰ᠎ᠤᠨ ᠣᠷᠳᠣ ᠴᠠᠭᠠᠨ ᠬᠡᠷᠡᠮ ᠪᠣᠯᠤᠨ᠎ᠠ᠃
ᠴᠢᠨ ᠤᠯᠤᠰ᠎ᠤᠨ ᠤᠷᠳᠤ ᠴᠠᠭᠠᠨ ᠬᠡᠷᠡᠮ᠎ᠢ ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 214 ᠣᠨ᠎ᠳᠤ ᠡᠬᠢᠯᠡᠵᠥ ᠪᠠᠢᠭᠤᠯᠪᠠ᠃ ᠤᠷᠠᠳ᠎ᠤᠨ ᠡᠮᠦᠨᠡᠲᠦ ᠬᠣᠱᠢᠭᠤᠨ᠎ᠤ ᠮᠦᠽᠧᠶ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ᠎ᠦᠨ ᠡᠷᠬᠢᠯᠡᠭ᠌ᠴᠢ ᠵᠢᠶᠠᠨ ᠴᠢᠶᠠᠩ᠎ᠤᠨ ᠲᠠᠨᠢᠯᠴᠠᠭᠤᠯᠤᠭ᠍ᠰᠠᠨ᠎ᠢᠶᠠᠷ᠂ ᠤᠷᠠᠳ᠎ᠤᠨ ᠡᠮᠦᠨᠡᠲᠦ ᠬᠣᠱᠢᠭᠤᠨ᠎ᠤ ᠬᠠᠷᠢᠶᠠᠨ ᠳ᠋ᠡᠬᠢ ᠴᠢᠨ ᠤᠯᠤᠰ᠎ᠤᠨ ᠣᠷᠳᠣ ᠴᠠᠭᠠᠨ ᠬᠡᠷᠡᠮ᠎ᠢ ᠴᠥᠮ ᠴᠢᠯᠠᠭᠤ᠎ᠪᠠᠷ ᠪᠠᠷᠢᠵᠤ᠂ ᠥᠨᠳᠥᠷ ᠨᠢ 5 ᠡᠴᠡ 6 ᠮᠧᠲ᠋ᠷ (ᠬᠠᠮᠤᠭ ᠥᠨᠳᠥᠷ ᠨᠢ 10 ᠮᠧᠲ᠋ᠷ)᠂ ᠰᠠᠭᠤᠷᠢ ᠵᠢᠨ ᠥᠷᠭᠡᠨ ᠨᠢ 4 ᠡᠴᠡ 5 ᠮᠧᠲ᠋ᠷ᠂ ᠣᠷᠣᠶ᠎ᠶ᠋ᠢᠨ ᠥᠷᠭᠡᠨ ᠨᠢ 2.5 ᠡᠴᠡ 3 ᠮᠧᠲ᠋ᠷ ᠪᠠᠢᠵᠦ᠂ ᠣᠷᠳᠣ ᠴᠠᠭᠠᠨ ᠬᠡᠷᠡᠮ᠎ᠢ ᠴᠢᠯᠠᠭᠤ ᠵᠡᠷᠭᠡᠯᠡᠵᠦ᠍ ᠰᠣᠯᠪᠢᠴᠠᠭᠤᠯᠤᠨ ᠪᠠᠷᠢᠬᠰᠠᠨ ᠪᠠᠢᠨ᠎ᠠ᠃ ᠡᠨᠳᠡᠬᠢ ᠤᠷᠳᠤ ᠴᠠᠭᠠᠨ ᠬᠡᠷᠡᠮ ᠨᠢ ᠵᠡᠭᠦᠨᠰᠢ ᠪᠠᠷᠠᠭᠤᠨᠰᠢ ᠴᠢᠭ᠌ᠯᠡᠯ᠎ᠲᠡᠶ᠂ 300 — 500 ᠮᠧᠲ᠋ᠷ ᠠᠯᠤᠰᠯᠠᠬᠤ ᠪᠦᠷᠢ ᠤᠷᠳᠤ ᠴᠠᠭᠠᠨ ᠬᠡᠷᠡᠮ᠎ᠦᠨ ᠳᠣᠲᠣᠷ᠎ᠠ ᠨᠢᠭᠡ ᠴᠣᠨᠵᠢ ᠪᠤᠰᠭᠠᠵᠥ᠂ ᠪᠥᠬᠥ᠌ ᠣᠷᠳᠣ ᠨᠢ ᠪᠠᠷᠤᠭ 79 ᠺᠢᠯᠣᠮᠧᠲ᠋ᠷ ᠪᠠᠢᠨ᠎ᠠ᠃
ᠲᠡᠦᠬᠡ ᠰᠤᠳᠤᠷ᠎ᠲᠤ ᠲᠡᠮᠳᠡᠭ᠌ᠯᠡᠭ᠌ᠰᠡᠨ᠎ᠢᠶᠡᠷ᠂ ᠡᠨᠡ ᠬᠡᠰᠡᠭ ᠤᠷᠳᠤ ᠴᠠᠭᠠᠨ ᠬᠡᠷᠡᠮ᠎ᠢ ᠪᠠᠷᠠᠭᠤᠨ ᠬᠠᠨ ᠤᠯᠤᠰ ᠬᠦᠷᠲᠡᠯ᠎ᠡ ᠬᠡᠷᠡᠭ᠌ᠯᠡᠵᠦ᠍᠂ ᠬᠠᠨ ᠡᠦ ᠳ᠋ᠢ ᠬᠠᠭᠠᠨ᠎ᠤ ᠦᠶ᠎ᠡ᠎ᠳᠦ ᠤᠷᠳᠤ ᠴᠠᠭᠠᠨ ᠬᠡᠷᠡᠮ᠎ᠢ ᠪᠡᠬᠢᠯᠡᠵᠦ᠍ ᠪᠠᠢᠵᠠᠶ᠃ ᠳᠤᠮᠳᠠᠳᠤ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠰᠤᠳᠤᠯᠭᠠᠨ᠎ᠤ ᠭᠠᠵᠠᠷ᠎ᠤᠨ ᠤᠤᠯ᠎ᠤᠨ ᠳᠠᠷᠤᠭ᠎ᠠ᠂ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠲᠣᠪᠴᠢᠶᠠᠨ᠎ᠤ ᠡᠷᠲᠡᠨ᠎ᠦ ᠪᠠᠷᠢᠯᠭ᠎ᠠ᠎ᠶ᠋ᠢᠨ ᠲᠤᠰᠭᠠᠢ ᠮᠡᠷᠭᠡᠵᠢᠯᠲᠡᠨ᠎ᠦ ᠳᠤᠭᠤᠢᠯᠠᠩ᠎ᠤᠨ ᠳᠠᠷᠤᠭ᠎ᠠ ᠯᠦᠸᠧ ᠵᠧ ᠸᠸᠨ ᠤᠷᠠᠳ᠎ᠤᠨ ᠡᠮᠦᠨᠡᠲᠦ ᠬᠣᠱᠢᠭᠤᠨ᠎ᠤ ᠰᠢᠬᠡᠳᠡᠢ ᠵᠢᠨ ᠬᠡᠰᠡᠭ ᠳᠡᠬᠢ ᠴᠢᠨ ᠬᠠᠨ ᠤᠯᠤᠰ ᠤ᠋ᠨ ᠤᠷᠳᠤ ᠴᠠᠭᠠᠨ ᠬᠡᠷᠡᠮ᠎ᠢ ᠦᠨᠡᠯᠡᠬᠦ ᠳ᠋ᠡᠬᠡᠨ᠄ 《 ᠲᠤᠰ ᠤᠷᠳᠤ ᠴᠠᠭᠠᠨ ᠬᠡᠷᠡᠮ᠎ᠢ ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 214 ᠣᠨ᠎ᠳᠤ ᠴᠢᠨ ᠱ᠌ᠢ ᠬᠤᠸᠠᠩ ᠶᠡᠬᠡ ᠵᠠᠩᠵᠤᠨ ᠮᠸᠩ ᠲᠢᠶᠠᠨ ᠢ᠋ ᠲᠣᠮᠢᠯᠠᠨ ᠪᠠᠢᠭᠤᠯᠤᠭ᠍ᠰᠠᠨ ᠪᠥᠭᠡᠳ ᠮᠠᠨ᠎ᠤ ᠤᠯᠤᠰ᠎ᠤᠨ ᠤᠳᠤ ᠪᠣᠯᠲᠠᠯ᠎ᠠ ᠬᠠᠳᠠᠭᠠᠯᠠᠭ᠍ᠳᠠᠵᠤ ᠪᠠᠢᠭ᠎ᠠ ᠴᠢᠨ ᠤᠯᠤᠰ᠎ᠤᠨ ᠤᠷᠳᠤ ᠴᠠᠭᠠᠨ ᠬᠡᠷᠡᠮ᠎ᠦᠨ ᠳᠣᠲᠣᠷᠠᠬᠢ ᠬᠠᠮᠤᠭ᠎ᠤᠨ ᠪᠦᠷᠢᠨ ᠪᠦᠲᠦᠨ ᠨᠢᠭᠡ ᠬᠡᠰᠡᠭ ᠪᠣᠯᠤᠨ᠎ᠠ》 ᠬᠡᠪᠡ᠃
2006 ᠣᠨ᠎ᠳᠤ ᠰᠢᠬᠡᠳᠡᠢ ᠵᠢᠨ ᠬᠡᠰᠡᠭ᠎ᠦᠨ ᠴᠢᠨ ᠬᠠᠨ ᠤᠯᠤᠰ ᠤ᠋ᠨ ᠤᠷᠳᠤ ᠴᠠᠭᠠᠨ ᠬᠡᠷᠡᠮ᠎ᠢ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ᠎ᠠᠴᠠ ᠤᠯᠤᠰ᠎ᠤᠨ ᠳᠥᠷᠪᠡᠳᠦᠭᠡᠷ ᠪᠦᠯᠦᠭ᠎ᠦᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠪᠡᠷ ᠨᠡᠢᠲᠡᠯᠡᠪᠡ᠃
ᠰᠢᠬᠡᠳᠡᠢ ᠵᠢᠨ ᠬᠡᠰᠡᠭ ᠲᠡᠬᠢ ᠴᠢᠨ ᠤᠯᠤᠰ᠎ᠤᠨ ᠤᠷᠳᠤ ᠴᠠᠭᠠᠨ ᠬᠡᠷᠡᠮ᠎ᠦᠨ ᠳᠣᠣᠷ᠎ᠠ ᠰᠠᠭᠤᠷᠢᠰᠢᠵᠥ ᠪᠠᠢᠭ᠎ᠠ ᠬᠠᠨ ᠭᠸᠨ ᠵᠦ᠍ ᠪᠣᠯ ᠦᠢ ᠤᠯᠠᠨ ᠤᠷᠳᠤ ᠴᠠᠭᠠᠨ ᠬᠡᠷᠡᠮ᠎ᠢ ᠰᠠᠬᠢᠨ ᠬᠠᠮᠠᠭᠠᠯᠠᠭ᠍ᠴᠢᠳ᠎ᠤᠨ ᠳᠣᠲᠣᠷᠠᠬᠢ ᠨᠢᠭᠡ ᠨᠢ ᠪᠣᠯᠤᠨ᠎ᠠ᠃ ᠡᠨᠡ ᠵᠢᠯ 62 ᠨᠠᠰᠤᠲᠠᠢ ᠬᠠᠨ ᠭᠸᠨ ᠵᠦ᠍ ᠭᠣᠣᠯᠳᠠᠭᠤ ᠮᠠᠯ ᠬᠠᠷᠢᠭᠤᠯᠵᠤ ᠠᠮᠢᠳᠤᠷᠠᠳᠠᠭ᠃ ᠲᠡᠷᠡ ᠪᠠᠭ᠎ᠠ᠎ᠠᠴᠠ᠎ᠪᠠᠨ ᠤᠷᠲᠤ ᠴᠠᠭᠠᠨ ᠬᠡᠷᠡᠮ᠎ᠢᠶᠡᠷ ᠬᠠᠨᠢ ᠪᠣᠯᠭᠠᠵᠤ᠂ ᠦᠷᠭᠦᠯᠵᠢ ᠬᠣᠨᠢ᠎ᠪᠠᠨ ᠬᠠᠷᠢᠭᠤᠯᠵᠥ ᠤᠷᠲᠤ ᠴᠠᠭᠠᠨ ᠬᠡᠷᠡᠮ᠎ᠢ ᠲᠣᠭᠣᠷᠢᠨ ᠡᠷᠭᠢᠳᠡᠭ᠃ ᠶᠠᠳᠠᠷᠠᠪᠠᠯ ᠬᠣᠲᠠ᠎ᠶ᠋ᠢᠨ ᠬᠡᠷᠡᠮ ᠳᠡᠭᠡᠷ᠎ᠡ ᠬᠡᠪᠳᠡᠵᠥ ᠠᠮᠠᠷᠠᠭᠠᠳ ᠠᠪᠤᠨ᠎ᠠ; ᠪᠤᠬᠢᠨᠢᠳᠤᠪᠠᠯ ᠤᠷᠲᠤ ᠴᠠᠭᠠᠨ ᠬᠡᠷᠡᠮ ᠥᠭᠡᠳᠡ ᠬᠠᠨᠳᠤᠵᠤ ᠬᠡᠳᠦᠨ ᠪᠠᠳᠠᠭ ᠳᠠᠭᠤᠯᠠᠴᠢᠬᠠᠨ᠎ᠠ᠃ ᠤᠷᠲᠤ ᠴᠠᠭᠠᠨ ᠬᠡᠷᠡᠮ ᠨᠢ ᠳᠡᠬᠦᠨ ᠤ᠋ ᠳᠠᠭᠤ ᠦᠭᠡᠢ ᠨᠠᠢᠵᠠ ᠪᠣᠯᠵᠤ᠂ ᠵᠠᠷᠢᠮ ᠬᠥᠮᠦᠨ ᠤᠷᠲᠤ ᠴᠠᠭᠠᠨ ᠬᠡᠷᠡᠮ ᠳᠡᠭᠡᠷᠡᠬᠢ ᠴᠢᠯᠠᠭᠤ᠎ᠶ᠋ᠢ ᠨᠤᠷᠠᠭᠠᠬᠤ ᠬᠡᠪᠡᠯ ᠲᠡᠷᠡ ᠡᠷᠡᠰ ᠬᠣᠷᠢᠭ᠍ᠯᠠᠳᠠᠭ ᠪᠠᠢᠪᠠ᠃
《ᠤᠷᠳᠤ ᠴᠠᠭᠠᠨ ᠬᠡᠷᠡᠮ ᠮᠢᠨᠤ ᠦᠰᠴᠤ ᠪᠤᠢᠵᠢᠬᠰᠠᠨᠢ ᠪᠦᠷ ᠬᠠᠷᠠᠬᠰᠠᠨ ᠶᠤᠮ᠂ ᠪᠢ ᠤᠷᠳᠤ ᠴᠠᠭᠠᠨ ᠬᠡᠷᠡᠮ᠎ᠢ ᠨᠠᠰᠤ ᠪᠠᠷ᠎ᠢᠶᠠᠨ ᠰᠠᠬᠢᠨ ᠬᠠᠮᠠᠭᠠᠯᠠᠨ᠎ᠠ》 ᠬᠡᠬᠦ ᠲᠡᠬᠦᠨ᠎ᠤ ᠡᠭᠡᠯ ᠪᠣᠷᠣᠭ᠍ᠵᠢᠭᠤᠨ ᠦᠭᠡ ᠨᠢ ᠤᠷᠲᠤ ᠴᠠᠭᠠᠨ ᠬᠡᠷᠡᠮ᠎ᠦᠨ ᠲᠦᠭ ᠲᠦᠮᠡᠨ ᠬᠠᠮᠠᠭᠠᠯᠠᠭ᠍ᠴᠢ᠎ᠶ᠋ᠢᠨ ᠰᠡᠳᠭᠢᠯ᠎ᠦᠨ ᠳᠠᠭᠤᠨ᠎ᠢ ᠲᠥᠯᠥᠭᠡᠯᠡᠵᠦ᠍ ᠪᠠᠢᠯ᠎ᠠ᠃
ᠥᠨᠳᠥᠷ ᠭᠠᠵᠠᠷ ᠪᠡᠬᠢᠯᠡᠯᠲᠡ ᠪᠤᠰᠬᠠᠵᠦ ᠬᠣᠲᠠ ᠤᠰᠤ ᠪᠠᠨ ᠰᠠᠬᠢᠨ᠎ᠠ
ᠰᠢᠬᠡᠳᠡᠢ᠎ᠡᠴᠡ ᠮᠣᠷᠳᠠᠵᠤ ᠪᠠᠷᠠᠭᠤᠨ ᠬᠣᠢᠰᠢ ᠪᠠᠨ 100 ᠭᠠᠷᠤᠢ ᠺᠢᠯᠤᠮᠸᠲᠷ ᠠᠶᠠᠯᠠᠪᠠᠯ ᠪᠦᠬᠦ᠌ ᠤᠯᠤᠰ᠎ᠤᠨ ᠭᠣᠣᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ — ᠳᠠᠪᠠᠭ᠎ᠠ᠎ᠳᠤ ᠡᠷᠲᠡᠨ᠎ᠦ ᠬᠤᠳᠠ (ᠭᠤᠤ ᠴᠢᠤᠸᠠᠢ ᠰᠠᠢ) ᠵᠢᠨ ᠪᠠᠭᠤᠷᠢ ᠨᠢᠳᠦᠨ ᠡᠮᠦᠨ᠎ᠡ ᠬᠠᠷᠠᠭ᠍ᠳᠠᠨ᠎ᠠ᠃
ᠡᠷᠲᠡᠨ᠎ᠦ ᠬᠣᠲᠠ ᠨᠢ ᠬᠣᠶᠠᠷ ᠬᠣᠲᠠ᠎ᠶ᠋ᠢᠨ ᠪᠠᠭᠤᠷᠢ᠎ᠪᠠᠷ ᠪᠦᠷᠢᠯᠳᠦᠵᠦ᠍᠂ ᠬᠡᠷᠡᠮ ᠨᠢ ᠢᠯᠡᠷᠬᠡᠶ ᠰᠡᠭᠦᠯ᠎ᠳᠤ᠎ᠨᠢ ᠵᠠᠰᠠᠵᠦ ᠪᠡᠬᠢᠯᠡᠭ᠌ᠰᠡᠨ ᠣᠷᠣᠮ᠎ᠲᠠᠶ᠃ ᠬᠣᠲᠠ᠎ᠶ᠋ᠢᠨ ᠪᠠᠭᠤᠷᠢ᠎ᠶ᠋ᠢᠨ ᠡᠭᠦᠳᠡᠨ ᠳᠡᠭᠡᠷ᠎ᠡ ᠨᠢ 《ᠭᠤᠤ ᠴᠢᠦᠸᠠᠶ ᠰᠠᠶ᠎ᠶ᠋ᠢᠨ ᠣᠷᠳᠣ ᠴᠠᠭᠠᠨ ᠬᠡᠷᠡᠮ᠎ᠦᠨ ᠪᠠᠭᠤᠷᠢ》 ᠭᠡᠰᠡᠨ ᠫᠠᠢᠰᠠ᠎ᠲᠠᠶ ᠪᠠᠢᠵᠦ᠂ ᠳᠡᠭᠡᠷ᠎ᠡ ᠨᠢ 《 ᠭᠤᠤ ᠴᠢᠦᠸᠠᠶ ᠰᠠᠶ (ᠲᠠᠪᠠᠭᠠᠲᠤ ᠡᠷᠲᠡᠨ᠎ᠦ ᠬᠣᠲᠠ) 2001 ᠣᠨ᠎ᠳᠤ ᠲᠠᠪᠤᠳᠤᠭᠠᠷ ᠪᠦᠯᠦᠭ᠎ᠦᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠨᠢᠭᠡᠴᠢ᠎ᠳᠦ ᠵᠢᠬᠰᠠᠭᠠᠬᠳᠠᠵᠥ᠂ ᠤᠷᠠᠳ᠎ᠤᠨ ᠬᠣᠢᠲᠤ ᠬᠣᠱᠢᠭᠤᠨ᠎ᠤ ᠬᠥᠬᠡ ᠥᠨᠳᠥᠷ ᠪᠠᠯᠭᠠᠰᠤᠨ᠎ᠤ ᠳᠠᠪᠠᠭ᠎ᠠ᠎ᠳᠤ ᠭᠤᠤ᠎ᠳᠤ ᠪᠠᠢᠷᠢᠯᠠᠵᠤ ᠪᠣᠶ᠃ ᠡᠷᠲᠡᠨ᠎ᠦ ᠬᠣᠲᠠ ᠨᠢ ᠡᠮᠦᠨᠡᠲᠦ ᠤᠮᠠᠷᠠᠲᠤ ᠬᠣᠶᠠᠷ ᠵᠢᠵᠢᠭ ᠬᠣᠲᠠ᠎ᠪᠠᠷ ᠪᠦᠷᠢᠯᠳᠦᠵᠡᠶ᠂ ᠤᠮᠠᠷᠠᠲᠤ ᠬᠣᠲᠠ ᠨᠢ ᠳᠥᠷᠪᠡᠯᠵᠢᠨ ᠬᠡᠯᠪᠡᠷᠢᠲᠡᠶ᠂ ᠡᠮᠦᠨᠡᠰᠢ ᠤᠮᠠᠷᠠᠰᠢ ᠥᠷᠭᠡᠨ ᠨᠢ 36.8 ᠮᠧᠲ᠋ᠷ᠂ ᠵᠡᠭᠦᠨᠰᠢ ᠪᠠᠷᠠᠭᠤᠨᠰᠢ ᠥᠷᠭᠡᠨ ᠨᠢ 35.2 ᠮᠧᠲ᠋ᠷ ᠪᠠᠢᠵᠤ᠂ ᠬᠡᠷᠡᠮ᠎ᠢ ᠨᠢ ᠨᠡᠯᠢᠶᠡᠳ ᠲᠣᠮᠣ ᠭᠤᠯᠳᠤᠷᠢᠯ ᠴᠢᠯᠠᠭᠤ᠎ᠪᠠᠷ ᠪᠠᠷᠢᠵᠤ᠂ ᠬᠡᠷᠡᠮ᠎ᠦᠨ ᠬᠥᠨᠳᠡᠶ ᠳᠣᠲᠣᠷ᠎ᠠ ᠨᠢ ᠵᠢᠵᠢᠭ ᠴᠢᠯᠠᠭᠤ᠎ᠪᠠᠷ ᠳᠡᠪᠢᠰᠴᠤ ᠲᠣᠭ᠍ᠲᠠᠪᠤᠷᠢᠲᠠᠶ ᠪᠤᠯᠭᠠᠪᠠ᠃ ᠬᠣᠲᠠ᠎ᠶ᠋ᠢᠨ ᠵᠡᠭᠦᠨ ᠬᠣᠢᠲᠤ ᠥᠨᠴᠥᠭᠲᠦ ᠬᠣᠲᠠ ᠵᠢᠨ ᠭᠡᠷᠡᠮ ᠳᠡᠭᠡᠷ᠎ᠡ ᠭᠠᠷᠬᠤ ᠱᠠᠲᠤᠯᠢᠭ ᠵᠠᠮ᠎ᠲᠠᠶ᠃ ᠡᠮᠦᠨ᠎ᠠ ᠬᠣᠲᠠ ᠨᠢ ᠣᠷᠳᠣ ᠳᠥᠷᠪᠡᠯᠵᠢᠨ ᠬᠡᠯᠪᠡᠷᠢᠲᠡᠶ᠂ ᠬᠣᠢᠲᠤ ᠬᠡᠷᠡᠮ ᠨᠢ ᠬᠣᠢᠲᠤ ᠬᠣᠲᠠ᠎ᠶ᠋ᠢᠨ ᠡᠮᠦᠨ᠎ᠡ ᠬᠡᠷᠡᠮ᠎ᠢ ᠬᠠᠮᠲᠤ᠎ᠪᠠᠷ ᠬᠡᠷᠡᠭ᠌ᠯᠡᠵᠦ᠍᠂ ᠵᠡᠭᠦᠨᠰᠢ ᠪᠠᠷᠠᠭᠤᠨᠰᠢ ᠲᠣᠰ ᠲᠣᠰ ᠨᠢᠭᠡ ᠬᠡᠰᠡᠭ ᠣᠷᠳᠣ ᠪᠠᠢᠭᠤᠯᠪᠠ᠃ ᠵᠡᠭᠦᠨᠰᠢ ᠪᠠᠷᠠᠭᠤᠨᠰᠢ᠎ᠶ᠋ᠢᠨ ᠣᠷᠳᠣ ᠨᠢ 64 ᠮᠧᠲ᠋ᠷ᠂ ᠡᠮᠦᠨᠡᠰᠢ ᠤᠮᠠᠷᠠᠰᠢ᠎ᠪᠠᠨ ᠥᠷᠭᠡᠨ ᠨᠢ 48 ᠮᠧᠲ᠋ᠷ᠃ ᠡᠭᠦᠳᠡᠨ ᠪᠠᠭᠤᠷᠢ ᠨᠢ ᠵᠡᠭᠦᠨ ᠬᠡᠷᠡᠮ᠎ᠦᠨ ᠡᠮᠦᠨ᠎ᠡ ᠲᠠᠯ᠎ᠠ᠎ᠳᠤ ᠪᠠᠢᠨ᠎ᠠ᠃ ᠡᠮᠦᠨᠡᠲᠦ ᠤᠮᠠᠷᠠᠲᠤ ᠬᠣᠶᠠᠷ ᠪᠠᠭ᠎ᠠ ᠬᠣᠲᠠ᠎ᠶ᠋ᠢᠨ ᠪᠠᠷᠢᠯᠭ᠎ᠠ᠎ᠶ᠋ᠢᠨ ᠬᠡᠪ ᠨᠠᠮᠪᠠ ᠨᠢ ᠢᠯᠡᠷᠬᠡᠶ ᠠᠳᠠᠯᠢ ᠪᠤᠰᠤ᠂ ᠡᠨᠡ ᠨᠢ ᠠᠳᠠᠯᠢ ᠴᠠᠭ ᠦᠶ᠎ᠡ᠎ᠳᠦ ᠨᠢᠭᠡ ᠯᠡ ᠤᠳᠠᠭ᠎ᠠ ᠪᠠᠷᠢᠭ᠍ᠰᠠᠨ ᠪᠢᠰᠢ ᠭᠡᠳᠡᠭ᠎ᠢ ᠬᠠᠷᠠᠭᠤᠯᠵᠤ ᠪᠠᠢᠨ᠎ᠠ᠃
ᠵᠠᠷᠢᠮ ᠲᠤᠰᠭᠠᠶ ᠮᠡᠷᠭᠡᠵᠢᠯᠲᠡᠨ᠎ᠦ ᠦᠵᠡᠬᠦ᠌᠎ᠪᠡᠷ᠂ ᠤᠮᠠᠷᠠᠲᠤ ᠬᠣᠲᠠ᠎ᠶ᠋ᠢ ᠪᠠᠢᠯᠳᠤᠭᠠᠨᠲᠤ ᠤᠯᠤᠰ᠎ᠤᠨ ᠦᠶ᠎ᠡ᠎ᠳᠦ ᠪᠠᠢᠭᠤᠯᠵᠤ᠂ ᠡᠮᠦᠨᠡᠲᠦ ᠬᠣᠲᠠ᠎ᠶ᠋ᠢ ᠬᠠᠨ ᠤᠯᠤᠰ᠎ᠤᠨ ᠦᠶ᠎ᠡ᠎ᠳᠦ ᠥᠷᠭᠡᠳᠭᠡᠨ ᠪᠠᠢᠭᠤᠯᠵᠠᠶ᠃ ᠬᠠᠨ ᠤᠯᠤᠰ᠎ᠤᠨ ᠦᠶ᠎ᠡ᠎ᠶ᠋ᠢᠨ ᠲᠡᠮᠦᠷ ᠬᠤᠶᠠᠭ ᠪᠠ ᠰᠤᠮᠤᠨ ᠦᠵᠦᠭᠦᠷ᠂ ᠦᠨᠡᠰᠦᠨ ᠦᠩᠬᠡᠳᠤ ᠸᠠᠭᠠᠷ ᠪᠠ ᠡᠯᠡᠰᠦ ᠬᠠᠪᠴᠢᠭᠤᠯᠤᠭ᠍ᠰᠠᠨ ᠬᠠᠷ᠎ᠠ ᠸᠠᠭᠠᠷ᠎ᠤᠨ ᠢᠯᠲᠠᠰᠤ᠎ᠶ᠋ᠢ ᠭᠠᠵᠠᠷ᠎ᠤᠨ ᠭᠠᠳᠠᠷᠭᠤ᠎ᠠᠴᠠ ᠣᠯᠵᠤ ᠢᠯᠡᠷᠡᠬᠦᠯᠵᠥ ᠦᠩᠬᠡᠷᠡᠪᠡ᠃ 2006 ᠣᠨ᠎ᠳᠤ ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭᠠᠭᠤᠯᠢ᠎ᠶ᠋ᠢᠨ ᠤᠮᠠᠷᠠᠲᠤ᠎ᠶ᠋ᠢᠨ ᠦᠨᠳᠦᠰᠦᠲᠡᠨ᠎ᠦ ᠬᠠᠭᠤᠴᠢ ᠰᠤᠳᠤᠯᠤᠯ᠎ᠤᠨ ᠰᠤᠳᠤᠯᠬᠤ ᠭᠠᠵᠠᠷ ᠵᠡᠷᠭᠡ ᠤᠯᠤᠰ᠎ᠤᠨ ᠳᠣᠲᠣᠭᠠᠳᠤ᠎ᠶ᠋ᠢᠨ ᠲᠡᠦᠬᠡ᠎ᠶ᠋ᠢᠨ ᠬᠠᠭᠤᠴᠢ ᠰᠤᠳᠤᠯᠤᠯ᠎ᠤᠨ ᠡᠷᠳᠡᠮᠲᠡᠳ᠎ᠦᠨ ᠨᠤᠲᠠᠯᠠᠯᠲᠠ ᠪᠠᠷ ᠭᠤᠤ ᠴᠢᠦᠸᠠᠶ ᠰᠠᠢ᠎ᠶ᠋ᠢᠨ ᠪᠠᠭᠤᠷᠢ᠎ᠪᠠᠷ ᠲᠣᠭ᠍ᠲᠠᠭᠠᠪᠠ᠃ 2014 ᠣᠨ᠎ᠳᠤ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠲᠣᠪᠴᠢᠶ᠎ᠠ ᠲᠦᠷᠦᠯ ᠵᠦᠢᠯ ᠲᠣᠭ᠍ᠲᠠᠭᠠᠨ 245 ᠲᠦᠮᠡᠨ ᠲᠥᠭᠥᠷᠢᠭ᠎ᠦᠨ ᠪᠡᠯᠡ ᠣᠷᠣᠭᠤᠯᠵᠤ ᠰᠡᠷᠭᠦᠭᠡᠨ ᠬᠠᠮᠠᠭᠠᠯᠠᠵᠤ᠂ ᠲᠤᠬᠠᠢ ᠵᠢᠨ ᠵᠢᠯᠳ᠋ᠡᠬᠡᠨ ᠪᠠᠷᠢᠯᠭ᠎ᠠ᠎ᠶ᠋ᠢ ᠪᠦᠬᠦᠨ᠎ᠢ ᠳᠠᠭᠤᠰᠭᠠᠪᠠ᠃
ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭᠠᠭᠤᠯᠢ᠎ᠶ᠋ᠢᠨ ᠤᠮᠠᠷᠠᠲᠤ᠎ᠶ᠋ᠢᠨ ᠦᠨᠳᠦᠰᠦᠲᠡᠨ᠎ᠦ ᠬᠠᠭᠤᠴᠢ ᠰᠤᠳᠤᠯᠤᠯ᠎ᠤᠨ ᠰᠤᠳᠤᠯᠬᠤ ᠭᠠᠵᠠᠷ ᠪᠣᠯᠤᠨ ᠤᠷᠠᠳ᠎ᠤᠨ ᠬᠣᠢᠲᠤ ᠬᠣᠱᠢᠭᠤᠨ᠎ᠤ ᠤᠬᠠᠭᠤᠯᠬᠤ ᠬᠡᠯᠲᠡᠰ᠎ᠦᠨ ᠨᠠᠢᠷᠠᠭᠤᠯᠤᠨ ᠵᠣᠬᠢᠶᠠᠭ᠍ᠰᠠᠨ 《ᠤᠷᠠᠳ᠎ᠤᠨ ᠬᠣᠢᠲᠤ ᠬᠣᠱᠢᠭᠤᠨ᠎ᠤ ᠲᠡᠦᠬᠡ ᠰᠣᠶᠣᠯ᠎ᠤᠨ ᠦᠯᠡᠳᠡᠭ᠌ᠳᠡᠯ᠎ᠦᠨ ᠲᠤᠬᠠᠢ ᠪᠠᠢᠴᠠᠭᠠᠯᠲᠠ᠎ᠶ᠋ᠢᠨ ᠮᠡᠳᠡᠭᠦᠯᠦᠯᠲᠡ》 ᠳ᠋ᠤ ᠢᠯᠡᠷᠡᠭᠦᠯᠦᠭ᠌ᠰᠡᠨ᠎ᠢᠶᠡᠷ᠄ ᠭᠤᠤ ᠴᠢᠤᠸᠠᠢ ᠰᠠᠢ ᠪᠣᠯ ᠨᠡᠢᠲᠡ᠎ᠶ᠋ᠢᠨ ᠣᠨ ᠲᠣᠭᠠᠯᠠᠯ᠎ᠠᠴᠠ ᠡᠮᠦᠨ᠎ᠡ 300 ᠣᠨ᠎ᠳᠤ ᠵᠤᠤ ᠤᠯᠤᠰ ᠤ᠋ᠨ ᠡᠦ ᠯᠢᠩ ᠸᠠᠩ᠎ᠤᠨ ᠤᠳᠤ᠎ᠶ᠋ᠢᠨ ᠪᠠᠶᠠᠨᠨᠠᠭᠤᠷ᠎ᠤᠨ ᠬᠠᠷᠢᠶᠠᠨ ᠳᠣᠲᠣᠷ᠎ᠠ ᠪᠠᠢᠭᠤᠯᠤᠭ᠍ᠰᠠᠨ ᠠᠩᠬᠠᠳᠠᠭ᠍ᠴᠢ ᠴᠡᠷᠢᠭ᠎ᠦᠨ ᠶᠠᠪᠤᠳᠠᠯ᠎ᠤᠨ ᠪᠣᠭᠣᠮᠲᠠ ᠪᠠᠢᠵᠦ᠂ ᠮᠥᠨ ᠴᠦ᠍ ᠲᠡᠦᠬᠡᠨ᠎ᠡᠴᠡ ᠠᠪᠤᠭᠠᠳ ᠶᠡᠬᠡ ᠴᠡᠷᠢᠭ ᠰᠠᠬᠢᠨ ᠬᠠᠮᠠᠭᠠᠯᠠᠵᠤ ᠪᠠᠢᠭ᠍ᠰᠠᠨ ᠴᠡᠷᠢᠭ᠎ᠦᠨ ᠶᠠᠪᠤᠳᠠᠯ᠎ᠤᠨ ᠪᠣᠭᠣᠮᠲᠠ ᠪᠣᠯᠤᠨ᠎ᠠ᠃
ᠲᠠᠪᠠᠭᠠᠲᠤ ᠡᠷᠲᠡᠨ᠎ᠦ ᠬᠣᠲᠠ᠎ᠶ᠋ᠢᠨ ᠪᠠᠭᠤᠷᠢ᠎ᠶ᠋ᠢᠨ ᠬᠠᠵᠠᠭᠤ᠎ᠳᠤ ᠮᠠᠯᠴᠢᠨ ᠬᠦᠭᠵᠢᠯᠳᠤ ᠵᠢᠨ ᠬᠢ ᠪᠠᠢᠳᠠᠬ᠂ ᠬᠡᠷ᠎ᠤᠨ ᠡᠵᠡᠭᠳᠡᠢ ᠵᠢ ᠨᠢ ᠨᠠᠷᠠᠩᠭᠤᠤᠠ ᠭᠡᠳᠡᠭ᠃ ᠡᠨᠡ ᠠᠢᠯ᠎ᠤᠨ ᠬᠡᠳᠦᠨ ᠦᠶ᠎ᠡ᠎ᠶ᠋ᠢᠨ ᠬᠥᠮᠦᠰ ᠡᠨᠳᠡ 100 ᠭᠠᠷᠤᠶ ᠵᠢᠯ ᠰᠠᠬᠢᠨ ᠬᠠᠮᠠᠭᠠᠯᠠᠬᠰᠠᠨ ᠪᠠᠢᠵᠠᠢ᠃ ᠬᠥᠭ᠌ᠵᠢᠯᠲᠦ᠍ᠶ᠋ᠢᠨ ᠴᠡᠭᠡᠵᠢᠯᠡᠵᠦ᠍ ᠪᠠᠢᠬᠤ᠎ᠪᠠᠷ᠂ 20 ᠳ᠋ᠤᠭᠠᠷ ᠵᠠᠭᠤᠨ᠎ᠤ ᠳᠠᠯ᠎ᠠ ᠨᠠᠶᠠᠭᠠᠳ ᠣᠨ᠎ᠳᠤ ᠣᠢᠷ᠎ᠠ ᠬᠠᠪᠢ᠎ᠶ᠋ᠢᠨ ᠲᠣᠰᠭᠣᠨ᠎ᠤ ᠠᠷᠠᠳ ᠱᠢᠨ᠎ᠡ ᠬᠡᠷ ᠪᠠᠷᠢᠬᠤ ᠳ᠋ᠠᠭᠠᠨ ᠦᠷᠭᠦᠯᠵᠢ ᠡᠨᠳᠡ ᠴᠢᠯᠠᠭᠤ ᠠᠪᠬᠤ ᠪᠠᠷ ᠢᠷᠡᠳᠡᠭ ᠪᠠᠢᠪᠠ᠃ ᠳᠡᠷᠡ ᠬᠠᠷᠢᠨ ᠡᠢᠮᠦ᠍ ᠰᠠᠢᠨ ᠶᠠᠭᠤᠮ᠎ᠠ ᠢᠩᠭᠢᠵᠦ᠍ ᠡᠪᠳᠡᠭ᠌ᠳᠡᠵᠥ ᠪᠤᠯᠬᠤ ᠦᠬᠡᠢ ᠬᠡᠵᠥ ᠪᠤᠳᠤᠵᠥ᠂ ᠶᠤᠰᠤ ᠬᠡᠯᠡᠵᠦ ᠪᠠᠢᠭᠠᠳ ᠶᠠᠭᠤᠮ᠎ᠠ ᠠᠪᠬᠤ ᠪᠡᠷ ᠢᠷᠡᠭᠰᠡᠨ ᠬᠥᠮᠦᠰ᠎ᠢ ᠬᠥᠭᠡᠭᠡᠵᠦ᠍ ᠶᠠᠪᠤᠭᠤᠯᠳᠠᠭ ᠪᠠᠢᠯ᠎ᠠ᠃ ᠰᠡᠬᠦᠯ᠎ᠳᠤᠨᠢ ᠡᠷᠭᠢᠨ ᠲᠣᠭᠣᠷᠢᠨ᠎ᠤ ᠲᠣᠰᠭᠣᠨ᠎ᠤ ᠠᠷᠠᠳ ᠬᠡᠨ ᠴᠦ᠍ ᠭᠡᠳ ᠳᠤᠷ᠎ᠠ᠎ᠪᠠᠷ᠎ᠢᠶᠠᠨ ᠴᠢᠯᠠᠭᠤ ᠲᠠᠲᠠᠬᠤ᠎ᠪᠠᠷ ᠢᠷᠡᠬᠦ᠌ ᠦᠭᠡᠢ ᠪᠣᠯᠵᠠᠶ᠂ ᠤᠴᠢᠷ ᠨᠢ ᠲᠡᠳᠡ ᠪᠦᠷ ᠡᠨᠳᠡ ᠨᠢᠭᠡ 《ᠵᠥᠷᠢᠭᠦᠳ》 ᠬᠣᠲᠠ ᠰᠠᠬᠢᠬᠴᠢ ᠪᠠᠢᠨ᠎ᠠ ᠬᠡᠵᠥ ᠮᠡᠳᠡᠭᠰᠡᠨ᠎ᠤ ᠬᠢ ᠪᠠᠢᠯ᠎ᠠ᠃
ᠮᠠᠯᠴᠢᠨ ᠠᠢᠯ᠎ᠤᠨ ᠵᠢᠭᠤᠯᠴᠢᠯᠠᠯ ᠤ᠋ᠨ ᠬᠥᠭ᠌ᠵᠢᠯᠲᠡ᠎ᠶ᠋ᠢ ᠳᠠᠭᠠᠯᠳᠤᠨ ᠤᠷᠠᠳ᠎ᠤᠨ ᠬᠣᠢᠲᠤ ᠬᠣᠱᠢᠭᠤᠨ᠎ᠤ ᠵᠠᠰᠠᠭ᠎ᠤᠨ ᠣᠷᠳᠣᠨ ᠲᠤᠬᠠᠶ᠎ᠶ᠋ᠢᠨ ᠭᠠᠵᠠᠷ᠎ᠤᠨ ᠮᠠᠯᠴᠢᠳ᠎ᠢ ᠣᠲᠣ᠎ᠶ᠋ᠢᠨ ᠪᠠᠢᠭ᠎ᠠ ᠡᠬᠢ ᠪᠠᠶᠠᠯᠢᠭ᠎ᠢᠶᠠᠨ ᠠᠰᠢᠬᠯᠠᠨ ᠵᠢᠭᠤᠯᠴᠢᠯᠠᠯ᠎ᠤᠨ ᠦᠶ᠋ᠯᠡᠰ ᠬᠥᠭ᠌ᠵᠢᠭᠦᠯᠬᠦ᠌᠎ᠶ᠋ᠢ ᠵᠣᠷᠢᠭ᠍ᠵᠢᠭᠤᠯᠪᠠ᠃ 2007 ᠣᠨ᠎ᠳᠤ ᠬᠥᠭ᠌ᠵᠢᠯᠲᠦ᠍ᠶ᠋ᠢᠨ ᠬᠢᠨ ᠳᠠᠪᠠᠭᠠᠲᠤ ᠡᠷᠲᠡᠨ᠎ᠦ ᠬᠤᠲᠠ᠎ᠶ᠋ᠢᠨ ᠪᠠᠭᠤᠷᠢ᠎ᠶ᠋ᠢᠨ ᠲᠦᠷᠦᠯ ᠲᠡᠮᠲᠡᠭᠲᠦ ᠲᠦᠱᠢᠭ᠌ᠯᠡᠨ᠂ ᠠᠵᠢᠯᠴᠢ ᠬᠥᠳᠡᠯᠮᠦᠷᠢᠴᠢ ᠬᠣᠶᠠᠷ ᠭᠠᠷ ᠪᠣᠯᠤᠨ ᠠᠮᠢᠳᠤᠯᠢᠭ ᠲᠠᠷᠢᠬᠢ ᠲᠣᠯᠣᠭᠠᠢ᠎ᠪᠠᠷ᠎ᠢᠶᠠᠨ 《ᠮᠠᠯᠴᠢᠨ ᠠᠢᠯ ᠵᠢᠭᠤᠯᠴᠢᠯᠠᠯ》 ᠡᠵᠡᠩᠨᠡᠵᠦ᠍᠂ ᠠᠷᠠᠯᠵᠢᠶ᠎ᠠ ᠮᠠᠢᠮᠠᠢ ᠨᠢ ᠴᠦ᠍ ᠤᠯᠠᠮ ᠵᠢᠡᠷ ᠬᠦᠭᠵᠢᠶᠡᠨᠳᠡᠢ ᠪᠤᠯᠵᠠᠢ᠃
ᠦᠥᠷ ᠤ᠋ᠨ ᠳᠤᠶᠠᠭᠠᠨ ᠳ᠋ᠤ ᠳᠠᠪᠠᠭᠠᠲᠤ ᠡᠷᠲᠡᠨ᠎ᠦ ᠬᠣᠲᠠ ᠰᠦᠮᠡᠢᠨ ᠰᠦᠨᠳᠡᠷᠯᠡᠵᠦ᠍᠂ ᠬᠥᠮᠦᠰ᠎ᠲᠦ ᠮᠢᠩᠭᠠᠨ ᠵᠢᠯ᠎ᠤᠨ ᠡᠷᠲᠡᠨ᠎ᠦ ᠦᠯᠢᠭᠡᠷ᠎ᠢ ᠬᠦᠤᠷᠨᠢᠵᠥ ᠪᠠᠢᠭ᠎ᠠ ᠰᠢᠭ᠋ ᠬᠠᠷᠠᠭ᠍ᠳᠠᠨ᠎ᠠ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃