2024-04-18 09:08:04
— ᠬᠠᠲᠣᠨ ᠭᠣᠣᠯ ᠤ᠋ᠨ ᠰᠣᠶᠣᠯ ᠤ᠋ᠨ ᠰᠢᠷᠢᠰ ᠮᠡᠳᠡᠭᠡᠯᠡᠯ (ᠲᠦᠷᠪᠡ)
ᠲᠡᠯᠭᠡᠷᠡᠬᠦ ᠲᠦᠷᠪᠡᠨ ᠰᠠᠷ᠎ᠠ ᠳ᠋ᠦ ᠬᠠᠲᠣᠨ ᠭᠣᠣᠯ ᠭᠡᠰᠴᠦ ᠬᠠᠯᠢᠭᠤᠨ ᠭᠠᠯᠠᠭᠤ ᠪᠣᠴᠠᠵᠦ ᠢᠷᠡᠨ᠎ᠡ᠃ ᠬᠣᠯᠠ ᠡᠴᠡ ᠪᠠᠷᠠᠯᠠᠬᠤᠶ᠎ᠠ ᠬᠠᠲᠤᠨ ᠭᠣᠣᠯ ᠢ᠋ ᠬᠦᠨᠲᠡᠯᠢᠰᠦᠭᠰᠡᠨ ᠶᠡᠬᠡ ᠬᠥᠭᠥᠷᠭᠡ ᠨᠤᠭᠦᠳ ᠶᠠᠭ ᠯᠠ ᠠᠪᠤᠷᠭᠤ ᠯᠣᠣ ᠤᠰᠤᠨ ᠲᠡᠭᠡᠷ᠎ᠡ ᠬᠡᠪᠲᠡᠭᠰᠡᠨ ᠮᠡᠲᠦ ᠠᠲᠠᠪᠠᠰᠢ ᠰᠦᠷ ᠵᠢᠪᠬᠤᠭ᠎ᠠ ᠲᠠᠢ ᠬᠠᠷᠠᠬᠲᠠᠵᠦ᠂ ᠭᠠᠢᠬᠠᠰᠢ ᠠᠯᠳᠠᠭᠤᠯᠤᠨ᠎ᠠ᠃
ᠮᠣᠷᠣᠯᠵᠠᠨ ᠣᠷᠣᠰᠬᠣ ᠬᠠᠲᠣᠨ ᠭᠣᠣᠯ ᠤ᠋ᠨ ᠲᠡᠭᠡᠬᠦᠷ ᠵᠠᠮ ᠬᠦᠬᠦᠷᠭᠡ ᠵᠣᠷᠠᠢᠨ ᠰᠣᠨᠣᠯᠵᠠᠨᠠ᠃ ᠬᠠᠲᠤᠨ ᠭᠣᠸ᠋ᠯ ᠤ᠋ᠨ ᠥᠪᠥᠷ ᠮᠣᠩᠭᠣᠯ ᠳ᠋ᠠᠬᠢ ᠬᠡᠰᠡᠭ ᠤ᠋ᠨ ᠪᠥᠬᠥ᠌ ᠣᠷᠳᠣ ᠨᠢ 830 ᠺᠢᠯᠣᠮᠧᠲ᠋ᠷ ᠪᠠᠢᠵᠤ᠂ ᠦᠬᠠᠶ᠂ ᠠᠯᠠᠱᠠ᠂ ᠪᠠᠶᠠᠨᠨᠠᠭᠤᠷ᠂ ᠣᠷᠳᠣᠰ᠂ ᠪᠤᠭᠤᠲᠤ᠂ ᠬᠥᠬᠡᠬᠣᠲᠠ ᠵᠡᠷᠭᠡ 6 ᠠᠢᠮᠠᠭ ᠬᠣᠲᠠ ᠪᠠᠷ ᠤᠷᠤᠰᠤᠨ ᠥᠩᠭᠡᠷᠡᠳᠡᠭ᠃ ᠬᠡᠳᠦᠨ ᠮᠢᠩᠭᠠᠨ ᠵᠢᠯ ᠤ᠋ᠨ ᠲᠤᠷᠰᠢ ᠬᠥᠪᠦᠮᠡᠯ ᠬᠥᠭᠥᠷᠭᠡ᠂ ᠨᠢᠷᠤᠭᠤᠲᠤ ᠬᠥᠭᠥᠷᠭᠡ ᠡᠴᠡ ᠲᠠᠱᠢᠭᠤ ᠲᠠᠲᠠᠮᠠᠯ ᠬᠥᠭᠥᠷᠭᠡ ᠬᠦᠷᠲᠡᠯ᠎ᠡ᠂ ᠪᠣᠢᠲᠠ ᠪᠦᠭᠯᠡᠬᠦᠦ᠂ ᠬᠠᠷᠢᠯᠴᠠᠭ᠎ᠠ ᠶᠠᠪᠤᠯᠴᠠᠭ᠎ᠠ ᠳᠥᠭᠥᠮ ᠦᠭᠡᠢ ᠪᠠᠢᠭ᠍ᠰᠠᠨ ᠡᠴᠡ ᠲᠦᠷᠭᠡᠨ ᠨᠡᠪᠲᠡᠷᠡᠵᠦ᠍ ᠨᠢᠭ᠍ᠲᠠ ᠬᠣᠯᠪᠣᠯᠳᠤᠭᠰᠠᠨ ᠬᠦᠷᠲᠡᠯ᠎ᠡ᠂ ᠬᠠᠲᠤᠨ ᠭᠣᠣᠯ ᠲᠡᠭᠡᠬᠦᠷ ᠬᠦᠨᠲᠡᠯᠢᠰᠦᠨ ᠰᠡᠬᠦᠢᠭᠰᠡᠨ ᠠᠯᠢ ᠤᠯᠠᠨ ᠬᠦᠬᠦᠷᠭᠡ ᠨᠢ ᠨᠠᠭᠠᠰᠢ ᠴᠠᠭᠠᠰᠢ ᠠᠶᠠᠯᠠᠬᠣ ᠬᠦᠮᠦᠨ ᠬᠠᠷ᠎ᠠ᠂ ᠲᠡᠷᠭᠡ ᠬᠦᠰᠭᠡ ᠪᠣᠯᠣᠨ ᠡᠳ᠋ ᠪᠠᠷᠠᠭ᠎ᠠ ᠵᠢ ᠠᠴᠢᠶᠠᠯᠠᠨ ᠰᠣᠨᠣᠯᠵᠠᠵᠦ᠂ ᠬᠠᠲᠤᠨ ᠭᠣᠣᠯ ᠤ᠋ᠨ ᠡᠮᠦᠨ᠎ᠡ ᠣᠮᠠᠷ᠎ᠠ ᠳ᠋ᠤ ᠲᠩᠷᠢ ᠭᠠᠵᠠᠷ ᠢ᠋ ᠳᠣᠩᠰᠣᠯᠭᠠᠮ᠎ᠠ ᠯᠣᠲᠣ ᠶᠡᠬᠡ ᠬᠤᠪᠢᠷᠠᠯᠲᠠ ᠭᠠᠷᠭᠠᠬᠤ ᠵᠢᠨ ᠬᠠᠮᠲᠤ ᠥᠪᠥᠷ ᠮᠣᠩᠭᠣᠯ ᠤ᠋ᠨ ᠠᠵᠤ ᠠᠬᠤᠢ ᠨᠡᠢᠭᠡᠮ ᠤ᠋ᠨ ᠬᠥᠭ᠌ᠵᠢᠯᠲᠡ ᠵᠢ ᠭᠡᠷᠡᠴᠢᠯᠡᠭᠰᠡᠭᠡᠷ᠃
ᠪᠣᠭᠣᠷᠣᠯ ᠲᠡᠦᠬᠡ ᠵᠢᠨ ᠬᠠᠭᠣᠲᠠᠰᠣᠨ ᠳ᠋ᠡᠬᠢ ᠡᠷᠲᠡᠨ ᠤ᠋ ᠣᠯᠣᠮ
《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠢᠯᠠᠯᠭ᠎ᠠ·ᠵᠠᠰᠠᠮᠠᠯ ᠵᠠᠮ ᠤᠰᠤᠨ ᠵᠠᠮ ᠤ᠋ᠨ ᠲᠡᠭᠡᠭᠡᠪᠦᠷᠢ ᠵᠢᠨ ᠵᠠᠮ ᠬᠠᠷᠢᠯᠴᠠᠭᠠᠨ ᠤ᠋ ᠣᠢᠯᠠᠯᠭ᠎ᠠ》 ᠶ᠋ᠢ ᠣᠷᠪᠠᠭᠣᠯᠪᠠᠯ᠂ ᠬᠠᠲᠤᠨ ᠭᠣᠣᠯ ᠤ᠋ᠨ ᠤᠷᠤᠰᠤᠨ ᠥᠩᠭᠡᠷᠡᠬᠦ ᠪᠠᠶᠠᠨᠨᠠᠭᠤᠷ᠂ ᠪᠤᠭᠤᠲᠤ᠂ ᠣᠷᠳᠣᠰ ᠪᠣᠯᠤᠨ ᠬᠥᠬᠡᠬᠣᠲᠠ ᠵᠡᠷᠭᠡ ᠭᠠᠵᠠᠷ ᠤ᠋ᠨ ᠡᠷᠲᠡᠨ ᠤ᠋ ᠣᠯᠣᠮ ᠤᠨ ᠵᠢᠯ ᠤ᠋ᠨ ᠤᠲᠤᠭ᠎ᠠ ᠲᠣᠭᠣᠰᠣ ᠵᠢ ᠨᠡᠪᠲᠡᠯᠦᠨ ᠪᠦᠷᠦᠯᠵᠡᠨ ᠲᠣᠲᠣᠷᠠᠬᠣ ᠰᠢᠬ ᠪᠣᠯᠣᠨ᠎ᠠ ᠄ ᠵᠢᠶᠦ᠋ᠨ ᠽᠢ ᠣᠯᠣᠮ (ᠬᠥᠬᠡᠬᠣᠲᠠ ᠵᠢᠨ ᠲᠣᠭ᠍ᠲᠠᠬᠤ ᠱᠢᠶᠠᠨ ᠳ᠋ᠤ ᠪᠣᠢ)᠂ ᠢᠦᠶ ᠯᠢᠨ ᠡᠷᠳᠡᠨ ᠤ᠋ ᠣᠯᠣᠮ (ᠣᠷᠳᠣᠰ ᠬᠣᠲᠠ ᠵᠢᠨ ᠵᠡᠭᠦᠨᠭᠠᠷ ᠬᠣᠱᠢᠭᠤᠨ ᠳ᠋ᠤ ᠪᠣᠢ)᠂ ᠵᠢᠨ ᠵᠢᠨ ᠣᠯᠣᠮ (ᠣᠷᠳᠣᠰ ᠬᠣᠲᠠ ᠵᠢᠨ ᠬᠠᠩᠭᠢᠨ ᠬᠣᠱᠢᠭᠤᠨ ᠳ᠋ᠤ ᠪᠣᠢ)᠂ ᠭᠣᠸ᠋ ᠴᠢᠣᠸᠠᠢ ᠣᠯᠣᠮ (ᠪᠠᠶᠠᠨᠨᠠᠭᠤᠷ ᠬᠣᠲᠠ ᠵᠢᠨ ᠯᠢᠨ ᠾᠧ ᠲᠣᠭᠣᠷᠢᠭᠲᠤ ᠪᠣᠢ)᠂ ᠸᠸ ᠶᠧ ᠵᠧᠨ ᠣᠯᠣᠮ (ᠪᠠᠶᠠᠨᠨᠠᠭᠤᠷ ᠬᠣᠲᠠ ᠵᠢᠨ ᠤᠷᠠᠳ ᠤ᠋ᠨ ᠡᠮᠦᠨᠡᠲᠦ ᠬᠣᠱᠢᠭᠤᠨ ᠳ᠋ᠤ ᠪᠣᠢ) ᠁
ᠣᠯᠣᠮ ᠪᠣᠯᠭᠠᠨ ᠳ᠋ᠤ ᠴᠥᠮ ᠰᠠᠳᠬᠢᠯ ᠣᠶᠠᠷᠠᠮᠠ ᠭᠠᠢᠬᠠᠮᠰᠢᠬᠲᠣ ᠦᠯᠢᠭᠡᠷ ᠲᠡᠶ᠃ ᠵᠢᠶᠦᠢ᠍ᠨ ᠽᠢ ᠣᠯᠣᠮ ᠴᠤ᠌ ᠠᠲᠠᠯᠢᠬᠠᠨ ᠃ ᠯᠢ ᠳ᠋ᠤᠣ ᠶᠤᠸᠠᠨ ᠤ᠋ 《ᠤᠰᠤᠨ ᠰᠤᠳᠤᠷ ᠤ᠋ᠨ ᠲᠠᠢᠯᠪᠤᠷᠢ · ᠭᠣᠣᠯ ᠤ᠋ᠨ ᠤᠰᠤᠨ ᠤ᠋ ᠲᠠᠢᠯᠪᠤᠷᠢ》 ᠳ᠋ᠦ ᠲᠡᠮᠳᠡᠭ᠌ᠯᠡᠭ᠌ᠰᠡᠨ ᠢ᠋ ᠦᠨᠳᠦᠰᠦᠯᠡᠪᠡᠯ᠂ ᠬᠠᠨ ᠣᠯᠣᠰ ᠤ᠋ᠨ ᠬᠤᠸᠠᠨ ᠳ᠋ᠢ ᠬᠠᠭᠠᠨ ᠤ᠋ ᠦᠶ᠎ᠡ ᠳ᠋ᠤ ᠯᠦᠸᠸᠶᠠᠡᠭ ᠤ᠋ᠨ ᠨᠢᠭᠡᠨ ᠲᠣᠮᠣ ᠬᠤᠳᠠᠯᠳᠤᠭᠠᠴᠢᠨ ᠦᠯᠡᠮᠵᠢ ᠣᠯᠠᠨ ᠠᠯᠲᠠ ᠮᠥᠩᠭᠥ᠌ ᠡᠳ᠋ ᠡᠷᠳᠡᠨᠢᠰ ᠠᠪᠴᠤ᠌ ᠡᠨᠡᠬᠦᠷ ᠭᠣᠣᠯ ᠭᠠᠲᠤᠯᠬᠣ ᠪᠣᠯᠵᠠᠢ᠃ ᠭᠣᠣᠯ ᠭᠠᠲᠤᠯᠵᠦ ᠪᠠᠢᠭᠠᠳ ᠬᠤᠳᠠᠯᠳᠤᠭᠠᠴᠢᠨ ᠭᠡᠨᠡᠳᠲᠡ ᠲᠦᠰ ᠦᠬᠦᠯ ᠵᠢᠡᠷ ᠨᠠᠰᠤ ᠪᠠᠷᠠᠭ᠍ᠰᠠᠨ ᠳ᠋ᠤ ᠵᠢᠨ ᠴᠠᠩ ᠭᠡᠳᠡᠭ ᠬᠥᠮᠦᠨ ᠬᠣᠲᠠᠯᠲᠣᠭᠠᠴᠢᠨ ᠢ᠋ ᠰᠠᠢᠲᠤᠷ ᠣᠷᠣᠱᠢᠭᠤᠯᠵᠠᠶ᠃ ᠬᠣᠵᠢᠮ ᠨᠢ ᠬᠤᠳᠠᠯᠳᠤᠭᠠᠴᠢᠨ ᠤ᠋ ᠬᠦᠦ ᠨᠢ ᠮᠢᠩᠭᠠᠨ ᠭᠠᠵᠠᠷ ᠤ᠋ᠨ ᠬᠤᠯᠠ ᠡᠴᠡ ᠡᠴᠢᠭᠡ ᠪᠡᠨ ᠡᠷᠢᠵᠦ᠍ ᠢᠷᠡᠭᠡᠳ ᠣᠩᠭᠣᠨ ᠢ᠋ ᠨᠢ ᠨᠡᠭᠡᠭᠡᠬᠦ ᠳ᠋ᠦ ᠬᠡᠭᠦᠷ ᠴᠢᠨᠲᠠᠷ ᠪᠣᠯᠤᠨ ᠠᠯᠳᠠ ᠮᠥᠩᠭᠥ᠌ ᠡᠳ᠋ ᠡᠷᠳᠡᠨᠢᠰ ᠨᠢ ᠣᠣᠯ ᠬᠡᠪ ᠶ᠋ᠢᠡᠷ ᠶ᠋ᠢᠡᠨ ᠪᠠᠢᠬᠰᠠᠨ ᠭᠡᠨ᠎ᠡ᠃ ᠬᠣᠲᠠᠯᠲᠣᠭᠠᠴᠢᠨ ᠤ᠋ ᠬᠦᠦ ᠡᠬᠦᠨ ᠢ᠋ ᠦᠵᠡᠭᠡᠳ ᠠᠯᠳᠠ ᠮᠥᠩᠭᠥ ᠪᠠᠨ ᠵᠢᠨ ᠴᠠᠩ ᠳ᠋ᠤ ᠬᠦᠷᠭᠡᠭ᠌ᠰᠡᠨ ᠪᠣᠯᠪᠠᠴᠤ᠌ ᠵᠢᠨ ᠴᠠᠩ ᠣᠬᠲᠣ ᠬᠦᠯᠢᠶᠡᠨ ᠠᠪᠤᠭ᠍ᠰᠠᠨ ᠦᠭᠡᠢ᠃ ᠬᠤᠸᠠᠨ ᠳ᠋ᠢ ᠬᠠᠭᠠᠨ ᠡᠬᠦᠨ ᠢ᠋ ᠰᠣᠨᠣᠰᠤᠭ᠍ᠰᠠᠨ ᠤ᠋ ᠳᠠᠷᠠᠭ᠎ᠠ ᠵᠢᠨ ᠴᠠᠩ ᠢ᠋ ᠡᠷᠬᠢᠮ ᠳᠡᠭᠡᠳᠦ ᠵᠠᠩ ᠮᠣᠷᠠᠯ ᠲᠠᠶ ᠴᠢᠭᠡᠴᠢ ᠡᠷᠳᠡᠮᠲᠡᠨ ᠭᠡᠵᠦ᠍ ᠮᠠᠭ᠍ᠲᠠᠵᠠᠶ᠃ ᠲᠡᠬᠦᠨ ᠡᠴᠡ ᠬᠣᠢᠰᠢ᠂ ᠬᠥᠮᠦᠰ ᠡᠨᠡ ᠬᠦ᠌ ᠣᠯᠣᠮ ᠢ᠋ 《ᠵᠢᠶᠦᠢ᠍ᠨ ᠽᠢ ᠣᠯᠣᠮ》 ᠭᠡᠵᠦ᠍ ᠨᠡᠷᠡᠯᠡᠬᠦ ᠪᠣᠯᠣᠬᠰᠠᠨ ᠠᠵᠢ᠃
ᠮᠢᠩ ᠤᠯᠤᠰ ᠤ᠋ᠨ ᠰᠡᠭᠦᠯᠴᠢ ᠡᠴᠡ ᠴᠢᠩ ᠤᠯᠤᠰ ᠬᠦᠷᠲᠡᠯ᠎ᠡ᠂ 《ᠪᠠᠷᠠᠭᠤᠨ ᠪᠣᠭᠣᠮᠲᠠ ᠪᠡᠷ ᠤᠷᠤᠬᠰᠠᠨ》 ᠱᠠᠨ ᠰᠢ ᠪᠤᠯᠤᠨ ᠱᠠᠨᠰᠢ ᠵᠢᠨ ᠶᠠᠳᠠᠭᠤ ᠲᠠᠷᠢᠶᠠᠴᠢᠳ ᠲᠣᠭ᠍ᠲᠠᠬᠤ ᠱᠢᠶᠠᠨ ᠤ᠋ ᠭᠣᠣᠯ ᠤ᠋ᠨ ᠠᠮᠠ ᠳ᠋ᠦ ᠬᠥᠭ᠌ᠵᠢᠯ ᠴᠡᠴᠡᠭ᠌ᠯᠡᠯ ᠢ᠋ ᠠᠪᠴᠢᠷᠠᠵᠤ ᠥᠭ᠌ᠴᠡᠢ᠃ ᠡᠬᠦᠨ ᠢ᠋ ᠲᠠᠭᠠᠯᠲᠣᠨ 《ᠵᠢᠶᠦ᠋ᠨ ᠽᠢ》 ᠣᠯᠣᠮ ᠨᠢ ᠴᠦ᠍ ᠠᠭᠠᠵᠢᠮ ᠵᠢᠡᠷ ᠳᠠᠩ ᠭᠠᠭ᠍ᠴᠠ ᠣᠯᠣᠮ ᠡᠴᠡ ᠪᠠᠨ ᠬᠥᠭ᠌ᠵᠢᠵᠦ ᠭᠣᠣᠯ ᠤ᠋ᠨ ᠠᠮᠠ ᠵᠢᠨ ᠡᠷᠲᠡᠨ ᠤ᠋ ᠪᠠᠯᠭᠠᠰᠤ ᠪᠣᠯᠵᠤ᠂ ᠠᠵᠤ ᠠᠬᠤᠶ ᠠᠷᠠᠯᠵᠢᠶ᠎ᠠ ᠬᠣᠲᠠᠯᠲᠣᠭᠠ᠂ ᠲᠠᠸᠠᠷ ᠤ᠋ᠨ ᠰᠣᠯᠢᠯᠴᠠᠭ᠎ᠠ ᠵᠢᠨ ᠲᠥᠪᠯᠡᠷᠡᠭᠦᠯᠦᠨ ᠲᠠᠷᠬᠠᠭᠠᠬᠤ ᠲᠥᠪ ᠪᠣᠯᠤᠭ᠍ᠰᠠᠨ ᠶᠤᠮ᠃ ᠬᠣᠵᠢᠮ ᠨᠢ ᠬᠠᠲᠤᠨ ᠭᠤᠤᠯ ᠤ᠋ᠨ ᠭᠤᠯᠳᠤᠷᠢᠯ ᠥᠭᠡᠷᠡᠴᠢᠯᠡᠭ᠌ᠳᠡᠭᠰᠡᠨ ᠡᠴᠡ ᠭᠣᠣᠯ ᠤ᠋ᠨ ᠠᠮᠠ ᠪᠠᠯᠭᠠᠰᠤᠨ ᠤ᠋ ᠭᠠᠷᠠᠮ ᠨᠢ ᠤᠰᠤᠨ ᠳ᠋ᠤ ᠠᠪᠲᠠᠵᠤ᠂ ᠣᠯᠣᠮ ᠨᠢ ᠪᠤᠭᠤᠲᠤ ᠵᠢᠨ ᠨᠠᠨ ᠬᠠᠢ ᠽᠢ ᠳ᠋ᠤ ᠱᠢᠯᠵᠢᠨ᠂ ᠪᠤᠭᠤᠲᠤ ᠬᠣᠲᠠ ᠵᠢᠨ ᠤᠰᠤᠨ ᠲᠡᠭᠡᠭᠡᠪᠦᠷᠢ ᠵᠢᠨ ᠭᠠᠷᠠᠮ ᠤ᠋ᠨ ᠬᠥᠭ᠌ᠵᠢᠨ ᠴᠡᠴᠡᠭ᠌ᠯᠡᠬᠦ᠌ ᠳ᠋ᠤ ᠰᠠᠭᠤᠷᠢ ᠲᠠᠯᠪᠢᠵᠤ ᠥᠭ᠌ᠴᠡᠢ᠃ 1923 ᠣᠨ ᠳ᠋ᠤ ᠪᠡᠭᠡᠵᠢᠩ ᠡᠴᠡ ᠴᠢᠭᠤᠯᠤᠯᠲᠤ ᠬᠠᠭᠠᠯᠭ᠎ᠠ ᠬᠦᠷᠬᠦ᠌ ᠳᠡᠮᠤᠷ ᠵᠠᠮ ᠬᠦᠢᠰᠦᠢ ᠡᠴᠡ ᠪᠤᠭᠤᠲᠦ ᠬᠦᠷᠲᠡᠯ᠎ᠡ ᠨᠡᠪᠲᠡᠷᠡᠵᠦ᠂ ᠪᠤᠭᠤᠲᠤ ᠬᠣᠲᠠ ᠥᠪᠥᠷ ᠮᠣᠩᠭᠣᠯ ᠪᠣᠯᠤᠨ ᠪᠠᠷᠠᠭᠤᠨ ᠬᠣᠢᠲᠤ ᠣᠷᠣᠨ ᠤ᠋ ᠤᠰᠤᠨ ᠵᠠᠮ᠂ ᠬᠠᠭᠤᠷᠠᠢ ᠵᠠᠮ᠂ ᠳᠡᠮᠤᠷ ᠵᠠᠮ ᠤ᠋ᠨ ᠵᠠᠮ ᠲᠡᠭᠡᠭᠡᠪᠦᠷᠢ ᠵᠢᠨ ᠬᠦᠢᠰᠦ ᠪᠤᠯᠵᠤ᠂ ᠤᠰᠤᠨ ᠲᠡᠭᠡᠭᠡᠪᠦᠷᠢ᠂ ᠬᠠᠭᠤᠷᠠᠢ ᠵᠠᠮ ᠪᠣᠯᠤᠨ ᠳᠡᠮᠤᠷ ᠵᠠᠮ ᠬᠠᠷᠢᠯᠴᠠᠨ ᠨᠥᠬᠥᠴᠡᠯᠳᠦᠵᠦ᠍᠂ ᠨᠢᠭᠡᠨ ᠦᠶ᠎ᠡ ᠶᠡᠬᠡᠲᠡ ᠬᠥᠭ᠌ᠵᠢᠨ ᠴᠡᠴᠡᠭ᠌ᠯᠡᠵᠡᠢ᠃ ᠬᠠᠭᠤᠴᠢᠨ ᠪᠤᠭᠤᠲᠤ ᠬᠣᠲᠠ ᠨᠢ ᠤᠤᠯ ᠡᠴᠡ ᠪᠠᠨ 《ᠤᠰᠤ ᠬᠠᠭᠣᠷᠠᠢ ᠵᠢᠨ ᠭᠠᠷᠠᠮ》 ᠭᠡᠬᠦ᠌ ᠨᠡᠷᠡᠢᠳᠦᠯ ᠲᠡᠶ ᠪᠢᠯᠡ᠃ ᠬᠠᠲᠤᠨ ᠭᠣᠣᠯ ᠤ᠋ᠨ ᠣᠷᠣᠰᠬᠠᠯ ᠢ᠋ ᠲᠠᠭᠠᠵᠦ ᠣᠷᠣᠭᠣᠲᠠᠨ ᠲᠡᠭᠡᠭᠡᠪᠦᠷᠢᠯᠡᠵᠦ ᠢᠷᠡᠭᠰᠡᠨ ᠡᠳ᠋ ᠪᠠᠷᠠᠭ᠎ᠠ ᠳ᠋ᠤ ᠳ᠋ᠸᠩᠺᠸᠦ᠍ᠡᠴᠡ ᠪᠤᠭᠤᠲᠤ ᠬᠦᠷᠲᠡᠯ᠎ᠡ ᠵᠦᠭᠡᠭᠡᠪᠦᠷᠢᠯᠡᠬᠦ ᠵᠢᠷᠠᠲᠠᠶ ᠵᠢᠨ ᠳᠠᠪᠤᠰᠤ᠂ ᠦᠶᠤᠸᠠᠨ ᠡᠴᠡ ᠪᠤᠭᠤᠲᠤ ᠬᠦᠷᠲᠡᠯ᠎ᠡ ᠵᠦᠭᠡᠭᠡᠪᠦᠷᠢᠯᠡᠬᠦ ᠠᠮᠤ ᠪᠤᠳᠠᠭ᠎ᠠ᠂ ᠪᠠᠢᠭᠠᠯᠢ ᠵᠢᠨ ᠬᠤᠵᠢᠷ᠂ ᠭᠣᠣᠯ ᠤ᠋ᠨ ᠠᠮᠠ ᠪᠠᠯᠭᠠᠰᠤ ᠡᠴᠡ ᠪᠤᠭᠤᠲᠤ ᠬᠦᠷᠲᠡᠯ᠎ᠡ ᠵᠦᠭᠡᠭᠡᠪᠦᠷᠢᠯᠡᠬᠦ ᠠᠮᠤ ᠪᠤᠳᠠᠭ᠎ᠠ᠂ ᠳᠠᠪᠤᠰᠤ᠂ ᠬᠤᠵᠢᠷ᠂ ᠭᠠᠨᠰᠦ ᠡᠴᠡ ᠪᠤᠭᠤᠲᠤ ᠬᠦᠷᠲᠡᠯ᠎ᠡ ᠵᠦᠭᠡᠭᠡᠪᠦᠷᠢᠯᠡᠬᠦ ᠠᠷᠠᠰᠤ ᠨᠣᠣᠰᠣ ᠵᠡᠷᠭᠡ ᠪᠠᠢᠵᠤ᠂ ᠣᠷᠣᠰᠬᠠᠯ ᠢ᠋ ᠦᠭᠰᠦᠨ ᠲᠡᠭᠡᠭᠡᠪᠦᠷᠢᠯᠡᠵᠦ ᠪᠠᠢᠬᠰᠠᠨ ᠡᠳ᠋ ᠪᠠᠷᠠᠭ᠎ᠠ ᠳ᠋ᠤ ᠭᠣᠣᠯᠳᠠᠭᠤ ᠲᠡᠮᠦᠷᠯᠢᠭ ᠪᠠᠭᠠᠵᠢ᠂ ᠪᠦᠳᠦᠭᠦᠯᠢᠭ ᠱᠠᠭᠠᠵᠠᠩ᠂ ᠮᠣᠳᠣᠨ ᠮᠠᠲ᠋ᠧᠷᠢᠶᠠᠯ᠂ ᠪᠥᠰ ᠪᠠᠷᠠᠭ᠎ᠠ᠂ ᠱᠢᠬᠢᠷ᠂ ᠴᠠᠶ᠂ ᠳᠠᠯᠠᠶ ᠵᠢᠨ ᠢᠳᠡᠭᠡᠨ᠂ ᠴᠢᠯᠠᠭᠤᠨ ᠲᠣᠰᠣ ᠵᠡᠷᠭᠡ ᠦᠢᠯᠡᠳᠪᠦᠷᠢᠯᠡᠯ ᠠᠮᠢᠳᠤᠷᠠᠯ ᠤ᠋ᠨ ᠬᠡᠷᠡᠭ᠌ᠰᠡᠯ ᠤ᠋ᠳ ᠪᠠᠢᠵᠠᠢ ᠃
ᠶᠠᠫᠣᠨ ᠢ᠋ ᠡᠰᠡᠷᠭᠦᠴᠡᠬᠦ᠌ ᠳᠠᠢᠨ ᠡᠬᠢᠯᠡᠭᠰᠡᠨ ᠤ᠋ ᠳᠠᠷᠠᠭ᠎ᠠ᠂ ᠬᠥᠬᠡᠨᠠᠭᠤᠷ ᠤ᠋ᠨ ᠵᠡᠭᠦᠨᠰᠢ ᠵᠥᠭᠡᠭᠡᠪᠦᠷᠢᠯᠡᠬᠦ᠌ ᠡᠳ᠋ ᠪᠠᠷᠠᠭ᠎ᠠ ᠦᠳᠲᠡᠷ ᠪᠠᠭᠠᠰᠴᠤ᠌ ᠂ ᠯᠠᠨᠵᠸᠦ ᠡᠴᠡ ᠵᠡᠭᠦᠨᠱᠢᠬᠢ ᠤᠰᠤᠨ ᠵᠠᠮ ᠤ᠋ᠨ ᠲᠡᠭᠡᠭᠡᠪᠦᠷᠢ ᠮᠠᠭᠤᠳᠠᠵᠤ ᠂ ᠪᠣᠷᠣᠲᠣᠬᠣᠶ ᠣᠷᠣᠨ ᠤ᠋ ᠤᠰᠤᠨ ᠵᠠᠮ ᠤ᠋ᠨ ᠲᠡᠭᠡᠭᠡᠪᠦᠷᠢ ᠡᠬᠢᠯᠡᠨ ᠬᠥᠭ᠌ᠵᠢᠪᠡ᠃ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠢᠯᠠᠯᠭ᠎ᠠ·ᠵᠠᠰᠠᠮᠠᠯ ᠵᠠᠮ ᠤᠰᠤᠨ ᠵᠠᠮ ᠤ᠋ᠨ ᠲᠡᠭᠡᠭᠡᠪᠦᠷᠢ ᠵᠢᠨ ᠵᠠᠮ ᠬᠠᠷᠢᠯᠴᠠᠭᠠᠨ ᠤ᠋ ᠣᠢᠯᠠᠯᠭ᠎ᠠ》 ᠳ᠋ᠤ ᠲᠡᠮᠳᠡᠭ᠌ᠯᠡᠭ᠌ᠰᠡᠨ ᠵᠢᠡᠷ᠂ ᠰᠦᠶ᠋ᠶᠤᠸᠠᠨ ᠮᠤᠵᠢ ᠵᠢᠨ ᠵᠠᠰᠠᠭ ᠤ᠋ᠨ ᠣᠷᠳᠣᠨ ᠱᠠᠮᠪᠠ ᠳ᠋ᠤ ᠨᠡᠭᠦᠵᠦ᠍ ᠢᠷᠡᠭ᠌ᠰᠡᠨ ᠤ᠋ ᠲᠠᠷᠠᠭ᠎ᠠ᠂ ᠹᠦ᠋ ᠽᠦᠸᠧ ᠢ ᠵᠠᠩᠵᠤᠨ 《ᠤᠰᠤᠨ ᠵᠠᠮ ᠤ᠋ᠨ ᠲᠡᠭᠡᠭᠡᠪᠦᠷᠢ ᠪᠡᠷ ᠤᠰᠤᠨ ᠠᠱᠢᠭ᠍ᠯᠠᠯᠲᠠ ᠶ᠋ᠢ ᠠᠬᠢᠭᠤᠯᠵᠤ᠂ ᠤᠰᠤᠨ ᠠᠱᠢᠭ᠍ᠯᠠᠯᠲᠠ ᠪᠠᠷ ᠠᠮᠤ ᠪᠤᠳᠠᠭ᠎ᠠ ᠵᠢᠨ ᠡᠯᠪᠡᠭ ᠬᠤᠷᠢᠶᠠᠯᠲᠠ ᠶ᠋ᠢ ᠠᠬᠢᠭᠤᠯᠬᠤ》 ᠶ᠋ᠢ ᠴᠢᠬᠤᠯᠠᠴᠢᠯᠠᠨ᠂ ᠪᠣᠷᠣᠲᠣᠬᠣᠶ ᠣᠷᠣᠨ ᠤ᠋ ᠤᠰᠤᠨ ᠠᠱᠢᠭ᠍ᠯᠠᠯᠲᠠ ᠶ᠋ᠢ ᠶᠡᠬᠡ ᠪᠡᠷ ᠬᠥᠭ᠌ᠵᠢᠭᠦᠯᠵᠦ — ᠪᠣᠷᠣᠲᠣᠬᠣᠶ ᠵᠢᠨ ᠭᠣᠸ᠋ᠯ ᠪᠣᠯᠬᠤ ᠭᠣᠸ᠋ᠯ ᠰᠤᠪᠠᠭ ᠲᠦ᠍ ᠣᠯᠣᠮ ᠂ ᠭᠠᠷᠠᠮ ᠭᠠᠷᠭᠠᠭ᠍ᠰᠠᠨ ᠪᠠᠢᠨ᠎ᠠ ᠃
《ᠬᠠᠲᠣᠨ ᠭᠣᠣᠯ ᠬᠠᠮᠢᠭ᠎ᠠ ᠡᠴᠡ ᠮᠣᠷᠣᠯᠵᠠᠨ ᠣᠷᠣᠰᠬᠣ ᠪᠣᠢ᠂ ᠬᠠᠯᠬᠢᠯᠠᠬᠣ ᠣᠰᠣᠨ ᠳ᠋ᠣᠨᠢ ᠬᠡᠴᠢᠨᠡᠨ ᠣᠩᠭᠣᠴᠠ ᠬᠠᠷᠠᠬᠲᠠᠬᠣ ᠪᠣᠢ》᠂ 《ᠬᠠᠳᠤᠨ ᠭᠣᠣᠯ ᠤ᠋ᠨ ᠣᠩᠭᠣᠴᠠᠴᠢᠨ ᠤ᠋ ᠠᠶᠠᠯᠭᠤ》 ᠳ᠋ᠦ ᠣᠩᠭᠣᠴᠠᠴᠢᠨᠨᠣᠲᠣᠬ ᠲᠠᠭᠠᠨ ᠪᠤᠴᠠᠬᠤ ᠭᠡᠰᠡᠨ ᠬᠦᠮᠦᠰ ᠢ᠋ ᠭᠣᠣᠯ ᠭᠠᠲᠣᠯᠣᠭᠣᠯᠬᠣ ᠪᠡᠷ ᠪᠠᠢᠭ᠎ᠠ ᠠᠬᠣᠢ ᠦᠵᠡᠮᠵᠢ ᠵᠢᠷᠣᠬᠯᠠᠬᠲᠠᠨᠠ᠃ ᠡᠬᠡ ᠨᠣᠲᠣᠬ ᠶ᠋ᠢᠡᠨ ᠰᠠᠨᠠᠵᠦ ᠮᠦᠷᠦᠭᠡᠲᠦᠭᠰᠡᠨ ᠰᠡᠳᠬᠢᠯᠭᠡ᠂ ᠣᠢᠯᠣᠨ ᠴᠠᠯᠬᠢᠯᠠᠬᠰᠠᠨ ᠣᠰᠣᠨ ᠤ᠋ ᠲᠠᠪᠠᠯᠭᠠᠨ ᠳ᠋ᠦ ᠮᠠᠱᠢᠨ ᠲᠣᠨᠣᠬᠯᠠᠯ ᠭᠡᠵᠦ ᠪᠠᠢᠬᠤ ᠦᠭᠡᠢ ᠲᠣᠯᠠ ᠮᠦᠷᠦ ᠵᠢᠨ ᠬᠦᠴᠦ ᠪᠣᠯᠣᠨ ᠳᠠᠷᠪᠠᠭᠤᠯ ᠳ᠋ᠤ ᠲᠦᠱᠢᠭ᠌ᠯᠡᠨ ᠭᠣᠣᠯ ᠭᠠᠲᠣᠯᠲᠠᠬ᠃ ᠵᠦᠳᠡᠷᠡᠯᠲᠡᠶ ᠮᠦᠷᠲᠡᠭᠡᠨ ᠲᠦᠭᠰᠢᠬᠦᠷᠢᠲᠠᠢ ᠡᠨᠡ ᠠᠶᠠᠯᠠᠯ ᠳ᠋ᠦ ᠣᠩᠭᠣᠴᠠ ᠵᠢᠨ ᠲᠠᠭᠠᠭᠠᠴᠠ ᠨᠢ ᠬᠡᠮᠵᠢᠶ᠎ᠡ ᠬᠢᠵᠠᠭᠠᠷ ᠲᠠᠶ ᠪᠠᠢᠵᠦ᠂ ᠰᠠᠯᠬᠢ ᠰᠢᠭᠣᠷᠭ᠎ᠠ ᠲᠠᠢ ᠡᠳᠦᠷ ᠲᠣᠬᠢᠶᠠᠯᠲᠣᠪᠠᠯ ᠣᠩᠭᠣᠴᠠ ᠬᠦᠲᠡᠯᠬᠦ ᠵᠢᠨ ᠠᠷᠭ᠎ᠠ ᠦᠭᠡᠢ ᠪᠣᠯᠲᠠᠬ ᠶᠤᠮ᠃
ᠬᠤᠵᠢᠮ ᠨᠢ ᠬᠠᠲᠤᠨ ᠭᠣᠣᠯ ᠳᠡᠭᠡᠷ᠎ᠡ ᠠᠶᠠᠨᠴᠢᠨ ᠤ᠋ ᠣᠩᠭᠣᠴᠠ ᠲᠠᠢ ᠪᠤᠯᠤᠭᠰᠠᠨ ᠡᠴᠡ ᠭᠣᠣᠯ ᠭᠠᠳᠤᠯᠬᠤ ᠬᠥᠮᠦᠨ ᠣᠯᠠᠱᠢᠷᠠᠭᠰᠠᠨ ᠪᠦᠭᠡᠳ ᠬᠤᠷᠳᠤᠨ ᠪᠤᠯᠵᠤ᠂ ᠬᠤᠳᠠ ᠳ᠋ᠤ ᠣᠷᠣᠵᠤ ᠮᠠᠢᠮᠠᠶ ᠬᠢᠬᠦ ᠲᠠᠷᠢᠶᠠᠴᠢᠳ ᠠᠮᠤ ᠪᠤᠳᠠᠭ᠎ᠠ᠂ ᠢᠳᠡᠱᠢᠨ ᠨᠣᠭᠣᠭ᠎ᠠ ᠵᠡᠷᠭᠡ ᠶ᠋ᠢ ᠲᠠᠮᠨᠠᠭᠤᠷ ᠲᠠᠭᠠᠨ ᠳᠠᠮᠨᠠᠭᠠᠳ ᠤᠯᠠᠨ ᠶ᠋ᠢᠡᠷ ᠶ᠋ᠢᠡᠨ ᠱᠢᠬᠠᠯᠳᠤᠨ ᠰᠠᠭᠤᠵᠤ᠂ ᠣᠩᠭᠣᠴᠠᠨ ᠤ᠋ ᠱᠦᠭ᠌ᠯᠦ ᠳᠤᠤᠭᠠᠷᠬᠤ ᠵᠢ ᠬᠦᠯᠢᠶᠡᠨ᠎ᠠ᠃ ᠰᠡᠭᠦᠯᠡᠷ ᠨᠢ ᠪᠠᠰᠠ ᠬᠥᠪᠦᠮᠡᠯ ᠬᠥᠭᠥᠷᠭᠡ ᠲᠡᠶ ᠪᠤᠯᠤᠭᠰᠠᠨ ᠴᠦ᠍ ᠡᠪᠦᠯ ᠪᠤᠯᠵᠤ ᠬᠠᠲᠤᠨ ᠭᠣᠣᠯ ᠬᠥᠯᠳᠡᠬᠦ᠌ ᠶ᠋ᠢᠨ ᠦᠶ᠎ᠡ ᠪᠡᠷ ᠬᠥᠪᠦᠮᠡᠯ ᠬᠥᠭᠥᠷᠭᠡ ᠶ᠋ᠢ ᠪᠦᠷ ᠨᠤᠷᠠᠭᠠᠬᠤ ᠬᠡᠷᠡᠭ᠌ᠲᠡᠶ ᠪᠠᠢᠯ᠎ᠠ᠃
《ᠮᠢᠨᠤ ᠡᠯᠤᠨᠴᠠ ᠡᠪᠤᠭᠡ ᠶ᠋ᠢᠨ ᠦᠶ᠎ᠡ ᠡᠴᠡ ᠪᠤᠳᠤᠪᠠᠯ ᠪᠢ ᠴᠢᠨᠢ 〈ᠳᠦᠷᠪᠡᠳᠦᠭᠡᠷ ᠦᠶ᠎ᠠ ᠶ᠋ᠢᠨ ᠣᠩᠭᠣᠴᠠᠴᠢᠨ〉 ᠪᠤᠯᠤᠨ᠎ᠠ᠂ ᠬᠠᠷᠠᠬᠠᠨ ᠪᠠᠭ᠎ᠠ ᠡᠴᠡ ᠪᠡᠨ ᠬᠠᠳᠤᠨ ᠭᠣᠣᠯ ᠤ᠋ᠨ ᠳᠠᠪᠠᠯᠭᠠᠨ ᠤ᠋ ᠲᠠᠭᠤᠨ ᠳ᠋ᠤ ᠪᠦᠪᠠᠢᠯᠡᠭᠳᠡᠨ ᠤᠨᠳᠠᠵᠤ᠂ ᠣᠩᠭᠣᠴᠠᠴᠢᠨ ᠤ᠋ ᠳᠠᠭᠤᠤ ᠶ᠋ᠢ ᠳᠠᠭᠤᠯᠠᠨ ᠥᠰᠴᠠᠢ》 ᠭᠡᠵᠦ ᠡᠨᠡ ᠵᠢᠯ 55 ᠨᠠᠰᠤ ᠲᠠᠶ ᠼᠤᠤ ᠢᠦᠶ ᠴᠦᠨ ᠬᠡᠯᠡᠨ᠎ᠠ ᠃ ᠲᠡᠭᠦᠨ ᠤ᠋ ᠬᠡᠯᠡᠬᠦ ᠪᠡᠷ᠂ ᠴᠢᠩ ᠤᠯᠤᠰ ᠤ᠋ᠨ ᠰᠡᠭᠦᠯᠴᠢ ᠶ᠋ᠢᠨ ᠦᠶ᠎ᠠ ᠪᠡᠷ ᠲᠡᠭᠦᠨ ᠤ᠋ ᠳᠡᠭᠡᠳᠦᠰ ᠨᠢ ᠬᠣᠨᠢᠨ ᠠᠷᠠᠰᠤᠨ ᠰᠠᠯ ᠰᠡᠯᠢᠵᠦ᠍ ᠬᠠᠲᠤᠨ ᠭᠣᠸ᠋ᠯ ᠢ᠋ ᠳᠠᠭᠠᠵᠤ 《ᠪᠠᠷᠠᠭᠤᠨ ᠪᠤᠭᠤᠮᠳᠠ ᠪᠡᠷ ᠤᠷᠤᠵᠦ》 ᠴᠢᠩ ᠱᠦᠶ ᠾᠧ ᠱᠢᠶᠠᠨ ᠤ᠋ ᠬᠡᠪᠳᠡᠭᠡ ᠦᠭᠡᠷ ᠤ᠋ᠨ ᠲᠤᠬᠤᠢ ᠲᠣᠰᠭᠣᠨ ᠳ᠋ᠤ ᠢᠷᠡᠵᠡᠶ᠂ ᠲᠡᠭᠦᠨ ᠤ᠋ ᠡᠪᠦᠭᠡ ᠪᠤᠯᠤᠨ ᠠᠪᠤ ᠨᠢ ᠴᠥᠮ ᠣᠩᠭᠣᠴᠠᠨ ᠤ᠋ ᠠᠵᠢᠯᠴᠢᠨ ᠪᠠᠢᠵᠤ᠂ ᠴᠢᠷᠦᠭᠦᠯ ᠳᠡᠭᠡᠰᠦ ᠪᠡᠷ ᠮᠤᠳᠤᠨ ᠰᠠᠯ ᠢ᠋ ᠴᠢᠷᠦᠨ᠂ ᠬᠣᠨᠢᠨ ᠨᠣᠸ᠋ᠰᠣ ᠠᠷᠠᠰᠤ ᠰᠢᠷᠢ ᠵᠡᠷᠭᠡ ᠶ᠋ᠢᠨ ᠵᠦᠢᠯ ᠢ᠋ ᠨᠢᠩᠱᠢᠶᠠ ᠳ᠋ᠤ ᠬᠦᠷᠭᠡᠵᠦ᠍᠂ ᠪᠤᠴᠠᠬᠤ ᠵᠠᠮ ᠳ᠋ᠠᠭᠠᠨ ᠱᠢᠬᠢᠷ ᠡᠪᠡᠰᠦ ᠪᠠ ᠤᠰᠤᠨ ᠳᠠᠮᠠᠬᠢ ᠵᠡᠷᠭᠡ ᠵᠢ ᠠᠪᠴᠢᠷᠠᠳᠠᠭ᠂ ᠡᠨᠡ ᠨᠢ ᠮᠠᠰᠢ ᠵᠦᠳᠡᠷᠡᠯᠲᠡᠶ ᠪᠥᠭᠡᠳ ᠲᠦᠭ᠌ᠰᠢᠭᠦᠷᠢᠳᠠᠢ ᠪᠣᠯᠪᠠᠴᠤ᠌ ᠳᠡᠮᠡᠢ ᠠᠷᠪᠢᠨ ᠮᠥᠩᠭᠥ᠌ ᠤᠯᠬᠤ ᠦᠭᠡᠢ ᠶᠤᠮ᠃ ᠤᠳᠤ ᠼᠤᠤ ᠢᠦᠢ ᠴᠦᠨ ᠮᠥᠨ ᠬᠦ᠌ 《ᠬᠠᠳᠤᠨ ᠭᠤᠤᠯ ᠢ᠋ ᠲᠦᠰᠢᠨ ᠠᠮᠢᠳᠤᠷᠠᠵᠤ ᠪᠠᠢᠨ᠎ᠠ 》᠂ ᠲᠡᠷᠡ ᠪᠤᠰᠤᠳ ᠲᠠᠶ ᠬᠠᠮᠲᠤᠷᠠᠨ ᠨᠢᠭᠡ ᠬᠤᠷᠳᠤᠨ ᠵᠠᠪᠢ ᠬᠤᠳᠠᠯᠳᠤᠨ ᠠᠪᠴᠤ᠌᠂ ᠬᠡᠪᠳᠡᠭᠡ ᠦᠭᠡᠷ ᠤ᠋ᠨ ᠲᠤᠬᠤᠢ ᠶ᠋ᠢᠨ ᠬᠠᠳᠤᠨ ᠭᠣᠣᠯ ᠤ᠋ᠨ ᠶᠡᠬᠡ ᠬᠠᠪᠴᠢᠯ ᠤ᠋ᠨ ᠦᠵᠡᠮᠵᠢ ᠶ᠋ᠢᠨ ᠣᠷᠣᠨ ᠳ᠋ᠤ ᠵᠢᠭᠤᠯᠴᠢᠯᠠᠯ ᠤ᠋ᠨ ᠦᠢᠯᠡᠴᠢᠯᠡᠭᠡᠨ ᠤ᠋ ᠠᠵᠢᠯ ᠬᠢᠵᠦ᠍᠂ ᠣᠷᠣᠯᠭ᠎ᠠ ᠨᠢ ᠪᠠᠰᠠ ᠨᠡᠯᠢᠶᠡᠳ ᠰᠠᠢᠨ ᠪᠠᠢᠨ᠎ᠠ᠃
ᠶᠡᠬᠡ ᠬᠥᠭᠥᠷᠭᠡ ᠨᠡᠪᠳᠡᠷᠡᠭᠰᠡᠨ ᠶ᠋ᠢᠡᠷ ᠪᠠᠢᠭᠠᠯᠢ ᠶ᠋ᠢᠨ ᠪᠠᠷᠲᠠᠭ᠎ᠠ ᠶ᠋ᠢ ᠠᠵᠢᠭ ᠦᠭᠡᠢ ᠲᠤᠭᠤᠯᠤᠨ᠎ᠠ
ᠴᠠᠭ ᠦᠶ᠎ᠡ ᠶ᠋ᠢ ᠵᠠᠭᠠᠭ᠍ᠯᠠᠭ᠍ᠰᠠᠨ ᠠᠴᠢ ᠬᠣᠯᠪᠣᠭ᠍ᠳᠠᠯ ᠪᠦᠬᠦᠢ ᠬᠠᠳᠦᠠ ᠭᠣᠣᠯ ᠤ᠋ᠨ ᠵᠠᠰᠠᠮᠠᠯ ᠵᠡᠮ ᠤ᠋ᠨ ᠬᠥᠭᠥᠷᠭᠡ ᠪᠠᠷᠢᠬᠤ ᠠᠵᠢᠯ ᠢ᠋ ᠬᠣᠷᠢᠳᠤᠭᠠᠷ ᠵᠠᠭᠤᠨ ᠤ᠋ ᠲᠠᠯᠠᠭᠠᠳ ᠣᠨ ᠤ᠋ ᠦᠶ᠎ᠡ ᠡᠴᠡ ᠶᠠᠷᠢᠬᠤ ᠴᠢᠬᠤᠯᠠᠳᠠᠢ ᠶᠤᠮ᠃ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠶ᠋ᠢᠨ ᠲᠢᠩᠬᠢᠮ ᠦ᠋ᠨ ᠠᠬᠠᠮᠠᠳ ᠠᠵᠢᠯᠳᠠᠨ ᠤ᠋ ᠲᠠᠨᠢᠯᠴᠠᠭᠤᠯᠤᠭ᠍ᠰᠠᠨ ᠶ᠋ᠢᠡᠷ᠂ 1970 ᠣᠨ ᠤ᠋ 3 ᠰᠠᠷ᠎ᠠ ᠳ᠋ᠤ 《70 ᠳ᠋ᠤᠭᠠᠷ ᠬᠠᠲᠤᠨ ᠭᠣᠸ᠋ᠯ ᠤ᠋ᠨ ᠶᠡᠬᠡ ᠬᠥᠭᠥᠷᠭᠡ》 ᠵᠢ 1970 ᠣᠨ ᠤ᠋ ᠠᠷᠪᠠᠨ ᠶᠡᠬᠡ ᠲᠡᠢᠨ ᠤ᠋ ᠪᠡᠯᠡᠳᠭᠡᠯ ᠤ᠋ᠨ ᠢᠨᠵᠸᠨ᠋ᠸᠷᠢᠩ ᠤ᠋ᠨ ᠨᠢᠭᠡᠳᠦᠭᠡᠷ ᠨᠤᠮᠧᠷᠳᠦ ᠪᠠᠷᠢᠯᠭ᠎ᠠ ᠪᠡᠷ ᠳᠤᠭᠳᠠᠭᠠᠵᠤ᠂ 《701 ᠳ᠋ᠤᠭᠠᠷ ᠪᠠᠷᠢᠯᠭ᠎ᠠ》 ᠭᠡᠬᠦ᠌ ᠲᠥᠯᠥᠭᠡᠨ ᠤ᠋ ᠨᠡᠷ᠎ᠠ ᠦᠭᠪᠡ᠃ 3 ᠰᠠᠷ᠎ᠠ ᠶ᠋ᠢᠨ 22 ᠤ᠋ᠨ ᠡᠳᠦᠷ᠂ ᠬᠥᠭᠥᠷᠭᠡ ᠪᠠᠷᠢᠬᠤ ᠠᠵᠢᠯ ᠢ᠋ ᠡᠬᠢᠯᠡᠭᠦᠯᠬᠦ ᠮᠡᠳᠡᠭ᠌ᠳᠡᠯ ᠢ᠋ ᠣᠯᠤᠭ᠍ᠰᠠᠨ ᠤ᠋ ᠲᠠᠷᠠᠭ᠎ᠠ᠂ ᠶᠡᠬᠡ ᠬᠥᠭᠥᠷᠭᠡ ᠶ᠋ᠢ ᠬᠡᠮᠵᠢᠨ ᠵᠢᠷᠤᠬᠤ ᠠᠩᠬᠢ ᠪᠣᠯᠤᠨ ᠪᠠᠷᠢᠯᠭ᠎ᠠ ᠶ᠋ᠢᠨ ᠠᠩᠬᠢ ᠶ᠋ᠢᠨ ᠬᠢᠨ 3 ᠡᠳᠦᠷ ᠦ᠋ᠨ ᠳᠣᠲᠣᠷ᠎ᠠ ᠪᠦᠬᠦᠳᠡᠭᠡᠷ ᠶ᠋ᠢᠡᠨ ᠲᠤᠬᠠᠢ ᠶ᠋ᠢᠨ ᠲᠠᠯᠠᠪᠠᠢ ᠳ᠋ᠤ ᠬᠦᠷᠴᠤ ᠬᠠᠢᠨ ᠬᠡᠮᠵᠢᠬᠦ᠌ ᠶ᠋ᠢᠨ ᠳᠠᠭᠠᠤ ᠵᠢᠷᠤᠵᠤ ᠲᠥᠯᠥᠪᠯᠡᠨ᠂ ᠪᠠᠷᠢᠯᠭ᠎ᠠ ᠶ᠋ᠢᠨ ᠪᠡᠯᠡᠳᠭᠡᠯ ᠠᠵᠢᠯ ᠬᠢᠪᠡ᠃ ᠪᠠᠷᠢᠯᠭ᠎ᠠ ᠨᠢ ᠲᠤᠰ ᠵᠢᠯ ᠦ᠋ᠨ 5 ᠰᠠᠷ᠎ᠠ ᠶ᠋ᠢᠨ 10 ᠤ᠋ ᠡᠳᠦᠷ ᠵᠢᠩᠬᠢᠨᠢ ᠪᠡᠷ ᠡᠬᠢᠯᠡᠵᠦ᠂ 11 ᠰᠠᠷ᠎ᠠ ᠶ᠋ᠢᠨ 30 ᠤ᠋ ᠡᠳᠦᠷ ᠪᠠᠷᠢᠯᠭ᠎ᠠ ᠳᠠᠭᠤᠰᠴᠤ᠌᠂ ᠵᠢᠷᠭᠤᠭᠠᠬᠠᠨ ᠰᠠᠷ᠎ᠠ ᠶ᠋ᠢᠨ ᠬᠤᠭᠤᠴᠠᠭ᠎ᠠ ᠬᠡᠷᠡᠭᠰᠡᠵᠠᠢ᠃ ᠡᠨᠡ ᠪᠣᠯ ᠥᠪᠥᠷ ᠮᠣᠩᠭᠣᠯ ᠤ᠋ᠨ ᠠᠩᠬᠠᠳᠠᠭ᠍ᠴᠢ ᠬᠠᠲᠤᠨ ᠭᠣᠸ᠋ᠯ ᠢ᠋ ᠰᠤᠨᠳᠠᠯᠠᠭ᠍ᠰᠠᠨ ᠵᠠᠰᠠᠮᠠᠯ ᠵᠠᠮ ᠤ᠋ᠨ ᠬᠥᠭᠥᠷᠭᠡ ᠪᠠᠢᠵᠤ᠂ ᠬᠠᠲᠤᠨ ᠭᠣᠸ᠋ᠯ ᠤ᠋ᠨ ᠥᠪᠥᠷ ᠮᠣᠩᠭᠣᠯ ᠳ᠋ᠡᠬᠢ ᠬᠡᠰᠡᠭ ᠦ᠋ᠨ ᠤᠰᠤᠨ ᠵᠠᠮ ᠳ᠋ᠤ ᠥᠨᠢᠳᠡ ᠶ᠋ᠢᠨ ᠮᠠᠶᠢᠭ ᠤ᠋ᠨ ᠵᠠᠰᠠᠮᠠᠯ ᠵᠠᠮ ᠤ᠋ᠨ ᠬᠥᠭᠥᠷᠭᠡ ᠲᠠᠯᠪᠢᠵᠤ ᠡᠬᠢᠯᠡᠭ᠌ᠰᠡᠨ ᠢ᠋ ᠬᠠᠷᠠᠭᠤᠯᠪᠠ᠃ ᠶᠡᠬᠡ ᠬᠥᠭᠥᠷᠭᠡ ᠳ᠋ᠤ 6 ᠭᠣᠣᠯ ᠨᠦᠬᠡ ᠲᠠᠢ᠂ ᠪᠦᠬᠦ᠌ ᠣᠷᠳᠣ ᠨᠢ 342 ᠮᠧᠲ᠋ᠷ ᠪᠠᠢᠵᠤ᠂ ᠶᠡᠷᠦᠩᠬᠡᠶ ᠪᠡᠯᠡ ᠣᠷᠣᠭᠤᠯᠤᠯᠲᠠ ᠨᠢ 459.8 ᠲᠦᠮᠡᠨ ᠲᠥᠭᠥᠷᠢᠭ ᠲᠤ᠌ ᠬᠦᠷᠴᠠᠢ᠃ ᠬᠤᠵᠢᠮ ᠨᠢ ᠣᠯᠠᠨ ᠵᠢᠯ ᠵᠠᠰᠠᠭ᠍ᠰᠠᠨ ᠦᠭᠡᠶ ᠡᠴᠡ ᠪᠣᠯᠵᠤ᠂ ᠬᠥᠭᠥᠷᠭᠡ ᠵᠢᠨ ᠪᠦᠲᠦᠴᠡ ᠨᠢ ᠬᠠᠭᠤᠴᠢᠷᠠᠨ᠂ ᠡᠪᠳᠡᠷᠡᠵᠦ ᠴᠤᠴᠠᠷᠠᠭᠰᠠᠨ ᠨᠢ ᠬᠦᠨᠳᠦ ᠨᠣᠴᠢᠲᠠᠶ ᠪᠤᠯᠤᠭᠰᠠᠨ ᠡᠴᠡ 1998 ᠣᠨ ᠤ᠋ 6 ᠰᠠᠷ᠎ᠠ ᠳ᠋ᠤ ᠳᠡᠯᠪᠡᠴᠢᠨ ᠨᠤᠷᠠᠭᠠᠪᠠ᠃
ᠪᠤᠭᠤᠲᠤ ᠶ᠋ᠢᠨ ᠬᠠᠲᠤᠨ ᠭᠣᠸ᠋ᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠪᠣᠯ ᠥᠭᠡᠷᠡᠴᠢᠯᠡᠯᠲᠡ ᠨᠡᠭᠡᠭᠡᠯᠲᠡ ᠬᠢᠭ᠌ᠰᠡᠨ ᠤ᠋ ᠳᠠᠷᠠᠭ᠎ᠠ ᠥᠪᠥᠷ ᠮᠣᠩᠭᠣᠯ ᠤ᠋ᠨ ᠪᠥᠲᠥᠭᠡᠨ ᠪᠠᠢᠭᠤᠯᠤᠭ᠍ᠰᠠᠨ ᠠᠩᠬᠠᠳᠠᠭ᠍ᠴᠢ ᠬᠠᠲᠤᠨ ᠭᠣᠸ᠋ᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠪᠣᠯᠤᠨ᠎ᠠ᠃ ᠲᠣᠰ ᠬᠥᠭᠥᠷᠭᠡ ᠨᠢ 210 ᠤᠯᠤᠰ ᠤ᠋ᠨ ᠵᠠᠰᠠᠮᠠᠯ ᠵᠠᠮ ᠲᠠᠬᠡᠷ᠎ᠠ ᠪᠠᠢᠷᠢᠯᠠᠵᠤ᠂ ᠪᠥᠬᠥ᠌ ᠣᠷᠳᠣ ᠨᠢ 810 ᠮᠧᠲ᠋ᠷ᠂ ᠥᠷᠭᠡᠨ ᠨᠢ 12 ᠮᠧᠲ᠋ᠷ ᠪᠠᠢᠵᠤ᠂ ᠲᠤᠬᠠᠶ ᠶ᠋ᠢᠨ ᠦᠶ᠎ᠡ ᠳ᠋ᠤ ᠮᠠᠨ ᠤ᠋ ᠤᠯᠤᠰ ᠤ᠋ᠨ ᠠᠯᠭᠠᠰᠠᠯ ᠨᠢ ᠬᠠᠮᠤᠭ ᠤ᠋ᠨ ᠶᠡᠬᠡ ᠣᠯᠠᠨ ᠴᠡᠭ ᠶ᠋ᠢᠡᠷ ᠲᠤᠯᠭᠠᠭᠤᠷᠢᠯᠠᠬᠤ ᠠᠷᠭ᠎ᠠ ᠪᠠᠷ ᠪᠠᠷᠢᠭ᠍ᠰᠠᠨ ᠦᠷᠭᠦᠯᠵᠢᠯᠡᠭ᠌ᠰᠡᠨ ᠬᠥᠭᠥᠷᠭᠡ ᠪᠠᠢᠵᠤ᠂ 1983 ᠣᠨ ᠤ᠋ 10 ᠰᠠᠷ᠎ᠠ ᠳ᠋ᠤ ᠪᠠᠷᠢᠯᠭ᠎ᠠ ᠳᠠᠭᠤᠰᠤᠨ ᠲᠡᠷᠭᠡ ᠨᠡᠪᠲᠡᠷᠡᠵᠠᠢ᠃ ᠪᠤᠭᠤᠲᠤ ᠶ᠋ᠢᠨ ᠬᠠᠲᠤᠨ ᠭᠣᠸ᠋ᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠨᠢ ᠥᠪᠥᠷ ᠮᠣᠩᠭᠣᠯ ᠤ᠋ᠨ ᠬᠥᠬᠡᠬᠣᠲᠠ᠂ ᠪᠤᠭᠤᠲᠤ᠂ ᠣᠷᠳᠣᠰ ᠭᠤᠷᠪᠠᠨ ᠬᠣᠲᠠ ᠶ᠋ᠢ ᠬᠣᠯᠪᠣᠵᠤ᠂ ᠪᠥᠬᠥ᠌ ᠤᠯᠤᠰ ᠤ᠋ᠨ ᠵᠠᠰᠠᠮᠠᠯ ᠵᠠᠮ ᠤ᠋ᠨ ᠲᠣᠸ᠋ᠷ ᠲᠤ᠌ ᠨᠡᠢᠯᠡᠭᠦᠯᠵᠦ ᠣᠷᠣᠭᠤᠯᠪᠠ᠃
110 ᠤᠯᠤᠰ ᠤ᠋ᠨ ᠵᠠᠰᠠᠮᠠᠯ ᠵᠠᠮ ᠤ᠋ᠨ ᠦᠬᠠᠢ ᠶ᠋ᠢᠨ ᠬᠠᠳᠤᠨ ᠭᠣᠣᠯ ᠤ᠋ᠨ ᠶᠡᠬᠡ ᠬᠥᠭᠥᠷᠭᠡ ᠪᠠᠷᠢᠯᠭ᠎ᠠ ᠳᠠᠭᠤᠰᠤᠨ ᠲᠡᠷᠭᠡ ᠨᠡᠪᠲᠡᠷᠡᠬᠦ᠌ ᠡᠴᠡ ᠡᠮᠦᠨ᠎ᠡ᠂ ᠲᠤᠬᠠᠢ ᠵᠢᠨ ᠭᠠᠵᠠᠷ ᠤ᠋ᠨ ᠤᠯᠠᠨ ᠲᠦᠮᠡᠨ ᠤᠩᠭᠤᠴᠠ ᠪᠡᠷ ᠭᠣᠣᠯ ᠭᠠᠲᠤᠯᠵᠤ ᠪᠠᠢᠪᠠ᠃ ᠨᠠᠰᠤ ᠪᠠᠷ ᠶ᠋ᠢᠡᠨ ᠵᠠᠮ ᠵᠠᠰᠠᠬᠤ ᠠᠵᠢᠯᠴᠢᠨ ᠪᠣᠯᠤᠭᠰᠠᠨ ᠯᠢᠦ ᠴᠦᠨ ᠶᠠᠨ ᠤ᠋ ᠴᠡᠭᠡᠵᠢᠯᠡᠵᠦ᠍ ᠪᠠᠢᠬᠤ ᠪᠠᠷ᠂ ᠦᠬᠠᠢ ᠬᠤᠳᠠ ᠶ᠋ᠢᠨ ᠠᠩᠬᠠᠨ ᠤ᠋ ᠬᠥᠪᠦᠮᠡᠯ ᠬᠥᠭᠥᠷᠭᠡ ᠶ᠋ᠢ 1985 ᠣᠨ ᠤ᠋ 9 ᠰᠠᠷ᠎ᠠ ᠳ᠋ᠤ ᠪᠤᠰᠭᠠᠵᠠᠢ᠂ ᠲᠡᠬᠦᠨ ᠢ᠋ ᠥᠪᠥᠷ ᠮᠣᠩᠭᠣᠯ ᠤ᠋ᠨ ᠬᠠᠳᠤᠨ ᠭᠣᠣᠯ ᠤ᠋ᠨ ᠤᠰᠤᠨ ᠵᠠᠮ ᠤ᠋ᠨ ᠲᠡᠭᠡᠭᠡᠪᠦᠷᠢ ᠶ᠋ᠢᠨ ᠬᠠᠮᠢᠶᠠᠷᠤᠯᠲᠠ ᠶ᠋ᠢᠨ ᠭᠠᠵᠠᠷ ᠡᠴᠡ ᠪᠠᠢᠭᠤᠯᠵᠤ᠂ ᠪᠦᠬᠦ᠌ ᠤᠷᠳᠤ ᠨᠢ 120 ᠮᠸᠲᠷ ᠪᠠᠢᠵᠤ᠂ ᠬᠥᠪᠦᠮᠡᠯ ᠬᠠᠢᠷᠴᠠᠭ ᠨᠢᠭᠡᠪᠦᠷᠢ ᠶ᠋ᠢ ᠪᠦᠷ ᠪᠤᠯᠤᠳ ᠬᠠᠪᠲᠠᠰᠤ ᠪᠠᠷ ᠦᠢᠯᠡᠳᠴᠦ᠍ ᠤᠭᠰᠠᠷᠠᠭᠤᠯᠤᠨ ᠵᠠᠯᠭᠠᠪᠠ᠂ ᠡᠨᠡ ᠨᠢ ᠲᠦᠷ ᠴᠠᠭ ᠤ᠋ᠨ ᠬᠡᠷᠡᠭᠴᠡᠭᠡᠨ ᠤ᠋ ᠴᠢᠨᠠᠷᠲᠠᠢ ᠬᠥᠭᠥᠷᠭᠡ ᠪᠤᠯᠪᠠᠴᠤ ᠲᠤᠬᠠᠢ ᠶ᠋ᠢᠨ ᠦᠶ᠎ᠡ ᠳ᠋ᠤ ᠣᠮᠲᠣᠭᠠᠢᠯᠠᠵᠤ ᠪᠣᠯᠤᠰᠢ ᠦᠭᠡᠢ ᠦᠢᠯᠡᠳᠦᠯ ᠦᠵᠡᠭᠦᠯᠦᠭᠰᠡᠨ ᠪᠢᠯᠡ᠃ 《ᠦᠬᠠᠶ ᠵᠢᠨ ᠵᠠᠰᠠᠮᠠᠯ ᠵᠠᠮ ᠤ᠋ᠨ ᠵᠠᠮ ᠬᠠᠷᠢᠯᠴᠠᠭᠠᠨ ᠤ᠋ ᠣᠢᠯᠠᠯᠭ᠎ᠠ》 ᠳ᠋ᠤ ᠄ 《ᠦᠬᠠᠶ ᠶ᠋ᠢᠨ ᠬᠠᠲᠤᠨ ᠭᠣᠸ᠋ᠯ ᠤ᠋ᠨ ᠲᠡᠢᠨ ᠤ᠋ ᠪᠡᠯᠡᠳᠭᠡᠯ ᠦ᠋ᠨ ᠬᠥᠪᠦᠮᠡᠯ ᠬᠠᠢ᠌ᠷᠴᠠᠭ᠍ᠳᠤ ᠬᠥᠭᠥᠷᠭᠡ ᠶ᠋ᠢ ᠲᠠᠯᠪᠢᠭᠰᠠᠨ ᠨᠢ ᠤᠳᠠ ᠶ᠋ᠢᠨ ᠲᠤᠬᠤᠢ᠂ ᠬᠠᠢ᠌ᠷᠤᠪ ᠤ᠋ᠨ ᠲᠣᠬᠣᠶ ᠬᠣᠶᠠᠷ ᠲᠤᠭᠤᠷᠢᠭ ᠤ᠋ᠨ ᠬᠣᠭᠣᠷᠣᠨᠳᠣᠬᠢ ᠵᠠᠮ ᠬᠠᠷᠢᠯᠴᠠᠭᠠᠨ ᠤ᠋ ᠨᠡᠪᠳᠡᠷᠡᠯᠬᠡ ᠪᠤᠯᠤᠨ ᠦᠬᠠᠶ ᠬᠣᠲᠠ ᠶ᠋ᠢᠨ ᠠᠵᠤ ᠠᠬᠤᠶ ᠶ᠋ᠢᠨ ᠪᠥᠲᠥᠭᠡᠨ ᠪᠠᠢᠭᠤᠯᠤᠯᠲᠠ ᠳ᠋ᠤ ᠴᠢᠬᠤᠯᠠ ᠦᠢᠯᠡᠳᠦᠯ ᠦᠵᠡᠭᠦᠯᠪᠡ》 ᠭᠡᠵᠦ᠍ ᠲᠣᠳᠣᠷᠬᠠᠶ ᠲᠡᠮᠳᠡᠭ᠌ᠯᠡᠵᠤ ᠪᠠᠢᠨ᠎ᠠ᠃
110 ᠤᠯᠤᠰ ᠤ᠋ᠨ ᠵᠠᠰᠠᠮᠠᠯ ᠵᠠᠮ ᠤ᠋ᠨ ᠦᠬᠠᠶ ᠶ᠋ᠢᠨ ᠬᠠᠲᠤᠨ ᠭᠣᠸ᠋ᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠶ᠋ᠢ 1988 ᠣᠨ ᠤ᠋ 9 ᠰᠠᠷ᠎ᠠ ᠳ᠋ᠤ ᠪᠦᠳᠦᠬᠡᠨ ᠪᠠᠢᠭᠤᠯᠵᠤ ᠳᠠᠭᠤᠰᠤᠨ ᠲᠡᠷᠭᠡ ᠨᠡᠪᠲᠡᠷᠡᠭᠦᠯᠪᠡ᠃ ᠲᠣᠰ ᠬᠥᠭᠥᠷᠭᠡ ᠪᠣᠯ ᠤᠯᠤᠰ ᠤ᠋ᠨ 《ᠳᠣᠯᠣᠳᠤᠭᠠᠷ ᠲᠠᠪᠤᠨ ᠵᠢᠯ》 ᠤ᠋ᠨ ᠬᠤᠭᠤᠴᠠᠭᠠᠨ ᠤ᠋ ᠭᠣᠸ᠋ᠯᠳᠠᠯᠭᠠ ᠲᠠᠶ ᠪᠥᠲᠥᠭᠡᠨ ᠪᠠᠢᠭᠤᠯᠤᠯᠳᠠ ᠵᠢᠨ ᠲᠦᠷᠦᠯ ᠵᠦᠢᠯ ᠮᠥᠨ᠂ ᠭᠣᠸ᠋ᠯ ᠬᠥᠭᠥᠷᠭᠡ ᠶ᠋ᠢᠨ ᠣᠷᠳᠣ ᠨᠢ 530 ᠮᠧᠲ᠋ᠷ᠂ ᠲᠡᠭᠡᠷ᠎ᠡ ᠬᠡᠰᠡᠭ ᠦ᠋ᠨ ᠪᠦᠲᠦᠴᠡ ᠨᠢ ᠨᠠᠶ᠋ᠮᠠᠨ ᠨᠦᠬᠡ ᠨᠢᠭᠡ ᠬᠣᠯᠪᠣᠭᠠᠲᠤ ᠴᠤᠭᠴᠠ ᠪᠦᠬᠦᠢ ᠪᠡᠯᠡᠳᠭᠡᠯ ᠬᠤᠪᠢᠷᠠᠭᠠᠭ᠍ᠳᠠᠯ ᠤ᠋ᠨ ᠬᠦᠴᠦᠯᠡᠴᠡ ᠲᠡᠶ ᠪᠧᠲ᠋ᠤᠨ ᠤ᠋ ᠦᠷᠭᠦᠯᠵᠢᠯᠡᠭ᠌ᠰᠡᠨ ᠠᠪᠳᠠᠷᠠᠳᠤ ᠨᠢᠷᠤᠭᠤ ᠪᠠᠢᠵᠤ᠂ ᠤᠳᠠ ᠶ᠋ᠢᠨ ᠲᠤᠬᠤᠢ ᠪᠣᠯᠤᠨ ᠬᠠᠢ᠌ᠷᠤᠪ ᠤ᠋ᠨ ᠲᠤᠬᠤᠢ ᠲᠤᠭᠤᠷᠢᠭ ᠤ᠋ᠨ ᠵᠢᠩᠬᠢᠨᠢ ᠰᠠᠭᠠᠳ ᠥᠬᠡᠶ ᠨᠡᠪᠲᠡᠷᠡᠯᠴᠡᠭᠡ ᠶ᠋ᠢ ᠪᠡᠶᠡᠯᠡᠭᠦᠯᠵᠡᠶ᠃ ᠦᠬᠠᠶ ᠶ᠋ᠢᠨ ᠵᠠᠰᠠᠮᠠᠯ ᠵᠠᠮ ᠤ᠋ᠨ ᠲᠡᠭᠡᠭᠡᠪᠦᠷᠢ ᠶ᠋ᠢᠨ ᠬᠥᠭ᠌ᠵᠢᠯᠲᠡ ᠶ᠋ᠢ ᠳᠠᠭᠠᠯᠳᠤᠨ᠂ ᠡᠳᠦᠷ ᠢᠷᠡᠬᠦᠶ᠎ᠡ ᠨᠡᠮᠡᠭ᠌ᠳᠡᠭᠰᠡᠨ ᠨᠠᠭᠠᠰᠢ ᠴᠠᠭᠠᠰᠢ ᠵᠤᠷᠴᠢᠬᠤ ᠮᠠᠱᠢᠨ ᠲᠡᠷᠭᠡ ᠨᠢ ᠨᠢᠬᠡᠨᠳᠡ 29 ᠵᠢᠯ ᠬᠡᠷᠡᠭᠯᠡᠭᠰᠡᠨ ᠦᠬᠠᠶ ᠶ᠋ᠢᠨ ᠬᠠᠲᠤᠨ ᠭᠣᠸ᠋ᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠳ᠋ᠤ ᠡᠪᠳᠡᠯᠡᠭᠡ ᠬᠤᠬᠢᠷᠠᠯ ᠤᠴᠠᠷᠠᠭᠤᠯᠪᠠ᠃ 2017 ᠣᠨ ᠤ᠋ 1 ᠰᠠᠷ᠎ᠠ ᠵᠢᠨ 7 ᠤ᠋ ᠡᠳᠦᠷ᠂ ᠦᠬᠠᠢ ᠵᠢᠨ ᠬᠠᠳᠤᠨ ᠭᠣᠣᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠶ᠋ᠢ ᠵᠠᠮ ᠳᠠᠭᠠᠭᠤᠯᠤᠨ ᠨᠤᠷᠠᠭᠠᠵᠤ᠂ ᠭᠣᠣᠯ ᠬᠥᠭᠥᠷᠭᠡ ᠶ᠋ᠢ ᠦᠬᠠᠢ ᠶ᠋ᠢᠨ ᠲᠡᠦᠬᠡ ᠶ᠋ᠢᠨ ᠬᠥᠭ᠌ᠵᠢᠯᠲᠡ ᠶ᠋ᠢ ᠭᠡᠷᠡᠴᠢᠯᠡᠬᠦ᠌ ᠦᠵᠡᠮᠵᠢ ᠶ᠋ᠢᠨ ᠬᠥᠭᠥᠷᠭᠡ ᠪᠣᠯᠭᠠᠨ ᠦᠯᠡᠳᠡᠭᠡᠭᠰᠡᠨ ᠠᠵᠢ᠃
ᠱᠢᠨ᠎ᠡ ᠬᠥᠭᠥᠷᠭᠡ ᠵᠠᠯᠭᠠᠭ᠎ᠠ ᠪᠡᠷ ᠰᠡᠬᠦᠢᠨ ᠰᠦᠨᠳᠡᠷᠯᠡᠵᠤ ᠴᠠᠭ ᠦᠶ᠎ᠠ ᠢ᠋ᠢᠨ ᠬᠦᠭᠵᠢᠯᠲᠡ ᠢ᠋ᠢ ᠬᠠᠷᠠᠭᠤᠯᠤᠨ᠎ᠠ
ᠴᠠᠭ ᠦᠶ᠎ᠡ ᠢ᠋ᠢᠨ ᠬᠥᠭ᠌ᠵᠢᠯᠲᠡ ᠢ᠋ᠢ ᠳᠠᠭᠠᠯᠳᠤᠨ ᠥᠪᠥᠷ ᠮᠣᠩᠭᠣᠯ ᠤ᠋ᠨ ᠬᠠᠲᠤᠨ ᠭᠤᠤᠯ ᠤ᠋ᠨ ᠶᠡᠬᠡ ᠬᠥᠭᠥᠷᠭᠡ ᠢ᠋ᠢᠨ ᠪᠥᠲᠥᠭᠡᠨ ᠪᠠᠢᠭᠤᠯᠤᠯᠲᠠ ᠨᠢ ᠤᠤᠯ ᠤ᠋ᠨ ᠲᠠᠩ ᠭᠠᠭ᠍ᠴᠠ ᠠᠶᠠᠯᠠᠯ ᠲᠡᠭᠡᠭᠡᠪᠦᠷᠢ ᠵᠢᠨ ᠬᠡᠷᠡᠭ᠌ᠴᠡᠭᠡ ᠢ᠋ᠢ ᠬᠠᠩᠭᠠᠵᠤ ᠪᠠᠢᠭ᠍ᠰᠠᠨ ᠡᠴᠡ ᠪᠠᠨ ᠬᠥᠭᠥᠷᠭᠡ ᠢ᠋ᠢᠨ ᠵᠢᠷᠤᠭ ᠲᠥᠯᠥᠪᠯᠡᠭᠡ ᠢ᠋ᠢ ᠬᠠᠮᠲᠤ ᠳ᠋ᠤᠨᠢ ᠬᠠᠷᠠᠭᠠᠯᠵᠠᠬᠤ᠂ ᠰᠠᠭᠠᠳ ᠥᠬᠡᠶ ᠨᠡᠪᠲᠡᠷᠡᠬᠦ᠌ ᠴᠢᠳᠠᠮᠵᠢ ᠲᠠᠢ ᠪᠤᠯᠤᠨ ᠬᠤᠪᠢᠷᠠᠵᠤ᠂ ᠨᠠᠩ ᠠᠮᠤᠷ ᠲᠦᠪᠱᠢᠨ᠂ ᠨᠡᠩ ᠳᠠᠭᠠᠭᠠᠮᠠᠭᠠᠶ᠂ ᠨᠠᠩ ᠲᠣᠬᠢᠷᠠᠮᠵᠢᠲᠠᠶ᠂ ᠨᠠᠩ ᠦᠵᠡᠮᠦᠷᠢᠲᠡᠢ ᠪᠤᠯᠪᠠ᠃
— 2004 ᠣᠨ ᠤ᠋ 6 ᠰᠠᠷ᠎ᠠ ᠳ᠋ᠤ ᠪᠡᠭᠡᠵᠢᠩ — ᠲᠥᠪᠡᠳ ᠬᠦᠷᠬᠦ ᠳᠦᠷᠭᠡᠨ ᠤ᠋ ᠵᠠᠰᠠᠮᠠᠯ ᠵᠠᠮ ᠤ᠋ᠨ ᠳ᠋ᠸᠩᠺᠸᠤ ᠡᠴᠡ ᠪᠠᠯᠭᠤᠨ᠎ᠠ ᠬᠦᠷᠬᠦ᠌ ᠬᠡᠰᠡᠭ ᠤ᠋ᠨ ᠳ᠋ᠸᠩᠺᠸᠤ ᠵᠢᠨ ᠬᠠᠳᠤᠨ ᠭᠣᠣᠯ ᠤ᠋ᠨ ᠶᠡᠬᠡ ᠬᠥᠭᠥᠷᠭᠡ ᠢ᠋ᠢ ᠪᠠᠢᠭᠤᠯᠵᠤ ᠳᠠᠭᠤᠰᠬᠠᠪᠠ᠂ ᠲᠤᠰ ᠶᠡᠬᠡ ᠬᠥᠭᠥᠷᠭᠡ ᠢ᠋ᠢᠨ ᠪᠦᠬᠦ᠌ ᠤᠷᠳᠤ ᠨᠢ 1579 ᠮᠸᠲᠷ ᠪᠠᠢᠵᠤ ᠂ ᠲᠤᠬᠠᠢ ᠢ᠋ᠢᠨ ᠦᠶ᠎ᠡ ᠢ᠋ᠢᠨ ᠥᠪᠥᠷ ᠮᠣᠩᠭᠣᠯ ᠤ᠋ᠨ ᠪᠦᠳᠦᠬᠡᠨ ᠪᠠᠢᠭᠤᠯᠤᠭ᠍ᠰᠠᠨ ᠠᠡᠭᠬᠠᠨ ᠤ᠋ ᠬᠦᠬᠦᠷᠭᠡ ᠪᠤᠯᠵᠠᠢ ᠃ ᠶᠡᠬᠡ ᠬᠥᠭᠥᠷᠭᠡ ᠢ᠋ᠢᠨ ᠡᠮᠦᠨ᠎ᠡ ᠲᠠᠯ᠎ᠠ ᠢ᠋ᠢᠨ 《ᠬᠠᠲᠤᠨ ᠭᠣᠣᠯ ᠤ᠋ᠨ ᠬᠥᠪᠡᠭᠦᠳ ᠥᠬᠢᠳ》 ᠬᠡᠬᠦ ᠲᠣᠮᠣ ᠬᠡᠯᠪᠡᠷᠢ ᠢ᠋ᠢᠨ ᠱᠤᠭᠤᠮᠠᠯ ᠨᠢ ᠠᠮᠢᠳᠤ ᠳᠦᠷᠰᠦᠯᠢᠭ ᠪᠠᠢᠵᠤ ᠂ ᠰᠦᠷᠯᠢᠭ ᠰᠠᠢᠬᠠᠨ ᠶᠡᠬᠡ ᠬᠥᠭᠥᠷᠭᠡ ᠳ᠋ᠤ ᠱᠢᠨ᠎ᠡ ᠭᠡᠷᠡᠯ ᠭᠢᠯᠪᠠᠭ᠎ᠠ ᠨᠡᠮᠡᠷᠢᠯᠡᠨ᠎ᠠ ᠃
— 2010 ᠣᠨ ᠳ᠋ᠤ ᠤᠷᠠᠳ ᠤ᠋ᠨ ᠡᠮᠦᠨᠡᠲᠦ ᠬᠣᠱᠢᠭᠤᠨ ᠤ᠋ ᠢ ᠯᠢ ᠬᠠᠲᠤᠨ ᠭᠤᠤᠯ ᠤ᠋ᠨ ᠲᠣᠮᠣ ᠬᠥᠭᠥᠷᠭᠡ ᠢ᠋ᠢ ᠪᠦᠳᠦᠬᠡᠨ ᠪᠠᠢᠭᠤᠯᠵᠤ ᠳᠠᠭᠤᠰᠬᠠᠪᠠ ᠃ ᠲᠣᠰ ᠬᠥᠭᠥᠷᠭᠡ ᠨᠢ 109 ᠤᠯᠤᠰ ᠤ᠋ᠨ ᠵᠠᠰᠠᠮᠠᠯ ᠵᠠᠮ ᠪᠠ 110 ᠤᠯᠤᠰ ᠤ᠋ᠨ ᠵᠠᠰᠠᠮᠠᠯ ᠵᠠᠮ ᠢ᠋ ᠬᠣᠯᠪᠣᠭ᠍ᠰᠠᠨ ᠴᠢᠬᠤᠯᠠ ᠬᠥᠭᠥᠷᠭᠡ ᠪᠣᠯᠵᠣ ᠂ 93 ᠲᠣᠮᠣ ᠬᠡᠯᠪᠡᠷᠢ ᠢ᠋ᠢᠨ ᠰᠠᠯᠬᠢᠨ ᠬᠦᠴᠦ ᠪᠠ ᠨᠠᠷᠠᠨ ᠤ᠋ ᠡᠨ᠋ᠸᠷᠬᠢ ᠵᠢᠨ ᠴᠠᠬᠢᠯᠭᠠᠨ ᠢ᠋ ᠬᠠᠷᠢᠯᠴᠠᠨ ᠨᠥᠬᠥᠪᠥᠷᠢᠯᠡᠬᠦ᠌ ᠬᠡᠯᠪᠡᠷᠢ ᠢ᠋ᠢᠨ ᠡᠨᠧᠷᠭᠢ ᠠᠷᠪᠢᠯᠠᠬᠤ ᠴᠠᠬᠢᠯᠭᠠᠨ ᠳ᠋ᠧᠩ ᠨᠢ ᠶᠠᠭ ᠯᠠ ᠲᠥᠪ ᠶᠡᠬᠡᠮᠰᠦᠭ ᠬᠠᠮᠠᠭᠠᠯᠠᠭ᠍ᠴᠢ ᠱᠢᠭ᠋ ᠶᠡᠬᠡ ᠬᠥᠭᠥᠷᠭᠡ ᠢ᠋ᠢᠨ ᠬᠣᠶᠠᠷ ᠲᠠᠯ᠎ᠠ ᠪᠡᠷ ᠡᠩᠨᠡᠷᠡᠨᠠ ᠃
— 2011 ᠣᠨ ᠤ᠋ 7 ᠰᠠᠷ᠎ᠠ ᠳ᠋ᠤ ᠪᠤᠭᠤᠲᠤ — ᠱᠠᠭ᠍ᠵᠠᠮᠤᠨᠢ ᠬᠥᠷᠬᠥ᠌ ᠲᠦᠷᠭᠡᠨ ᠤ᠋ ᠵᠠᠰᠠᠮᠠᠯ ᠵᠠᠮ ᠤ᠋ᠨ ᠬᠠᠲᠤᠨ ᠭᠤᠤᠯ ᠤ᠋ᠨ ᠶᠡᠬᠡ ᠬᠥᠭᠥᠷᠭᠡ ᠲᠡᠷᠭᠡ ᠨᠡᠪᠲᠡᠷᠡᠪᠠ᠂ ᠲᠣᠰ ᠬᠥᠭᠥᠷᠭᠡ ᠢ᠋ᠢᠨ ᠣᠷᠳᠣ ᠨᠢ ᠪᠠᠷᠤᠭ 5500 ᠮᠧᠲ᠋ᠷ ᠪᠠᠢᠵᠤ᠂ ᠬᠠᠲᠤᠨ ᠭᠤᠤᠯ ᠤ᠋ᠨ ᠶᠡᠬᠡ ᠬᠥᠭᠥᠷᠭᠡ ᠢ᠋ᠢᠨ ᠬᠣᠶᠠᠳᠤᠭᠠᠷ ᠬᠥᠭᠥᠷᠭᠡ ᠢ᠋ᠢᠨ ᠨᠡᠪᠲᠡᠷᠡᠬᠦ᠌ ᠳᠠᠷᠤᠯᠲᠠ ᠢ᠋ᠢ ᠪᠦᠲᠦᠮᠵᠢᠲᠡᠢ ᠨᠠᠮᠳᠠᠭᠤᠯᠪᠠ᠃
— 2012 ᠣᠨ ᠤ᠋ 8 ᠰᠠᠷ᠎ᠠ ᠢ᠋ᠢᠨ 29 ᠤ᠋ ᠡᠳᠦᠷ ᠯᠢᠨ ᠾᠧ ᠢ᠋ᠢᠨ ᠬᠠᠲᠤᠨ ᠭᠣᠣᠯ ᠤ᠋ᠨ ᠵᠠᠰᠠᠮᠠᠯ ᠵᠠᠮ ᠤ᠋ᠨ ᠶᠡᠬᠡ ᠬᠥᠭᠥᠷᠭᠡ ᠲᠡᠷᠭᠡ ᠨᠡᠪᠲᠡᠷᠡᠪᠠ᠂ ᠲᠤᠰ ᠬᠥᠭᠥᠷᠭᠡ ᠢ᠋ᠢᠨ ᠤᠷᠲᠤ ᠨᠢ ᠪᠠᠷᠤᠭ 4200 ᠮᠧᠲ᠋ᠷ ᠪᠠᠢᠵᠤ᠂ ᠣᠨᠴᠠ ᠲᠣᠮᠣ ᠬᠡᠯᠪᠡᠷᠢ ᠢ᠋ᠢᠨ ᠵᠠᠰᠠᠮᠠᠯ ᠵᠠᠮ ᠤ᠋ᠨ ᠬᠥᠭᠥᠷᠭᠡ ᠳ᠋ᠤ ᠬᠠᠷᠢᠶᠠᠯᠠᠭ᠍ᠳᠠᠬᠤ ᠶᠤᠮ᠃
— ᠦᠬᠠᠶ ᠨᠠᠭᠤᠷ ᠤ᠋ᠨ ᠶᠡᠬᠡ ᠬᠥᠭᠥᠷᠭᠡ ᠦᠬᠠᠶ ᠨᠠᠭᠤᠷ ᠢ᠋ ᠰᠤᠨᠳᠠᠯᠠᠨ᠂ ᠪᠥᠬᠥ᠌ ᠣᠷᠳᠣ ᠨᠢ 6151 ᠮᠧᠲ᠋ᠷ ᠪᠠᠢᠵᠤ᠂ ᠬᠠᠲᠤᠨ ᠭᠤᠤᠯ ᠤ᠋ᠨ ᠳᠡᠭᠡᠷ᠎ᠠ ᠳᠤᠮᠳᠠ ᠤᠷᠤᠰᠭᠠᠯ ᠤ᠋ᠨ ᠰᠠᠪᠠ ᠭᠠᠵᠠᠷ ᠤ᠋ᠨ ᠬᠠᠮᠤᠭ ᠤ᠋ᠨ ᠥᠷᠭᠡᠨ ᠬᠥᠭᠥᠷᠭᠡ ᠪᠠᠢᠵᠤ᠂ 2016 ᠣᠨ ᠤ᠋ 11 ᠰᠠᠷ᠎ᠠ ᠢ᠋ᠢᠨ 29 ᠤ᠋ ᠡᠳᠦᠷ ᠲᠡᠷᠭᠡ ᠨᠡᠪᠲᠡᠷᠡᠪᠡ᠃ ᠦᠬᠠᠶ ᠨᠠᠭᠤᠷ ᠤ᠋ᠨ ᠶᠡᠬᠡ ᠬᠥᠭᠥᠷᠭᠡ ᠪᠠᠢᠭᠰᠠᠨ ᠡᠴᠡ ᠦᠬᠠᠶ ᠬᠣᠲᠠ ᠢ᠋ᠢᠨ ᠠᠭᠤᠯᠠ ᠨᠠᠭᠤᠷ ᠢ᠋ ᠲᠣᠭᠣᠷᠢᠭ᠍ᠰᠠᠨ ᠣᠷᠣᠨ ᠪᠦᠰᠡ ᠢ᠋ᠢᠨ 《ᠠᠭᠤᠯᠠ ᠤᠰᠤ ᠵᠠᠯᠭᠠᠯᠳᠤᠵᠤ᠂ ᠨᠠᠭᠤᠷ ᠴᠦᠯ ᠬᠤᠯᠪᠤᠯᠳᠤᠨ᠂ ᠶᠡᠬᠡ ᠬᠥᠭᠥᠷᠭᠡ ᠰᠣᠯᠣᠩᠭᠠᠷᠠᠭ᠍ᠰᠠᠨ》 ᠬᠣᠲᠠ ᠢ᠋ᠢᠨ ᠦᠵᠡᠮᠵᠢ ᠢ᠋ᠢᠨ ᠪᠠᠢᠷᠢᠱᠢᠯ ᠢ᠋ ᠪᠦᠷᠢᠯᠳᠦᠭᠦᠯᠵᠦ᠍᠂ ᠦᠬᠠᠶ ᠢ᠋ᠢᠨ ᠬᠥᠮᠦᠰ ᠴᠦ᠍ 《ᠨᠢᠭᠡ ᠮᠥᠴᠡ ᠢ᠋ᠢᠨ ᠠᠮᠢᠳᠤᠷᠠᠯ ᠤ᠋ᠨ ᠴᠠᠭᠠᠷᠢᠭ》᠂ 《ᠬᠠᠭᠠᠰ ᠴᠠᠭ ᠤ᠋ᠨ ᠠᠵᠤ ᠠᠬᠤᠶ ᠢ᠋ᠢᠨ ᠴᠠᠭᠠᠷᠢᠭ》᠂《ᠨᠢᠭᠡ ᠴᠠᠭ ᠤ᠋ᠨ ᠬᠣᠲᠠ ᠢ᠋ᠢᠨ ᠴᠠᠭᠠᠷᠢᠭ》 ᠤ᠋ᠨ ᠬᠣᠲᠠ ᠢ᠋ᠢᠨ ᠠᠮᠢᠳᠤᠷᠠᠯ ᠢ᠋ ᠦᠨᠡᠨ ᠬᠦ᠌ ᠡᠳ᠋ᠯᠡᠬᠦ ᠪᠤᠯᠵᠠᠢ ᠃
— 110 ᠤᠯᠤᠰ ᠤ᠋ᠨ ᠵᠠᠰᠠᠮᠠᠯ ᠵᠠᠮ ᠤ᠋ᠨ ᠦᠬᠠᠶ ᠢ᠋ᠢᠨ ᠬᠠᠲᠤᠨ ᠭᠤᠤᠯ ᠤ᠋ᠨ ᠣᠨᠴᠠ ᠶᠡᠬᠡ ᠬᠥᠭᠥᠷᠭᠡ ᠪᠣᠯ ᠦᠬᠠᠶ ᠬᠣᠲᠠ ᠢ᠋ᠢᠨ 《ᠬᠣᠶᠠᠷ ᠡᠷᠭᠢ ᠭᠤᠷᠪᠠᠨ ᠲᠣᠭᠣᠷᠢᠭ》 ᠤ᠋ᠨ ᠭᠤᠤᠯ ᠬᠣᠯᠪᠣᠭᠠᠰᠤ ᠪᠣᠯᠤᠨ᠎ᠠ᠂ ᠶᠡᠬᠡ ᠬᠥᠭᠥᠷᠭᠡ ᠢ᠋ᠢᠨ ᠪᠥᠬᠥ᠌ ᠣᠷᠳᠣ ᠨᠢ 2650 ᠮᠧᠲ᠋ᠷ ᠪᠠᠢᠵᠤ᠂ ᠭᠤᠷᠪᠠ ᠵᠢ ᠰᠤᠨᠳᠠᠯᠠᠭ᠍ᠰᠠᠨ ᠬᠤᠤᠰ ᠰᠤᠪᠤᠷᠭ᠎ᠠ ᠢ᠋ᠢᠨ ᠲᠥᠪ ᠤ᠋ᠨ ᠬᠤᠤᠰ ᠭᠢᠨᠵᠢᠲᠦ ᠪᠧᠲ᠋ᠤᠨ ᠤ᠋ ᠲᠠᠱᠢᠭᠤ ᠲᠠᠲᠠᠮᠠᠯ ᠬᠥᠭᠥᠷᠭᠡ ᠪᠣᠯᠤᠨ᠎ᠠ᠂ ᠲᠡᠷᠡ ᠨᠢ ᠤᠯᠤᠰ ᠤ᠋ᠨ ᠳᠣᠲᠣᠭᠠᠳᠤ ᠢ᠋ᠢᠨ ᠠᠳᠠᠯᠢ ᠲᠥᠷᠥᠯ ᠤ᠋ᠨ ᠪᠦᠲᠦᠴᠡ ᠳ᠋ᠡᠬᠢ ᠠᠯᠭᠠᠰᠠᠯ ᠵᠢᠡᠷ ᠬᠠᠮᠤᠭ ᠤ᠋ᠨ ᠶᠡᠬᠡ ᠬᠠᠲᠤᠨ ᠭᠤᠤᠯ ᠤ᠋ᠨ ᠬᠥᠭᠥᠷᠭᠡ ᠪᠠᠢᠵᠤ᠂ 2018 ᠣᠨ ᠤ᠋ 8 ᠰᠠᠷ᠎ᠠ ᠢ᠋ᠢᠨ 15 ᠤ᠋ ᠡᠳᠦᠷ ᠠᠰᠢᠭᠯᠠᠯᠳᠠ ᠳ᠋ᠤ ᠤᠷᠤᠵᠠᠢ ᠃
— 2022 ᠣᠨ ᠤ᠋ 9 ᠰᠠᠷ᠎ᠠ ᠢ᠋ᠢᠨ 28 ᠤ᠋ ᠡᠳᠦᠷ ᠵᠣᠣ ᠵᠢᠶᠦ᠋ᠨ ᠤ᠋ ᠬᠠᠲᠤᠨ ᠭᠤᠤᠯ ᠤ᠋ᠨ ᠣᠨᠴᠠ ᠶᠡᠬᠡ ᠬᠥᠭᠥᠷᠭᠡ ᠢ᠋ᠢ ᠪᠦᠬᠦᠨ ᠢ᠋ ᠳᠡᠪᠢᠰᠴᠤ ᠳᠠᠭᠤᠰᠬᠠᠪᠠ᠃ ᠲᠣᠰ ᠶᠡᠬᠡ ᠬᠥᠭᠥᠷᠭᠡ ᠢ᠋ᠢ ᠪᠦᠳᠦᠬᠡᠨ ᠪᠠᠢᠭᠤᠯᠤᠭᠰᠠᠨ ᠨᠢ ᠤᠯᠤᠰ ᠤ᠋ᠨ ᠳᠣᠲᠣᠭᠠᠳᠤ ᠢ᠋ᠢᠨ ᠬᠠᠮᠤᠭ ᠤ᠋ᠨ ᠣᠷᠳᠣ ᠳᠣᠯᠭᠢᠶᠠᠯᠢᠭ ᠪᠣᠯᠣᠳ ᠬᠡᠪᠡᠯᠢ ᠬᠠᠪᠲᠠᠰᠤᠲᠤ ᠬᠥᠭᠥᠷᠭᠡ ᠢ᠋ᠢ ᠪᠥᠬᠥ᠌ ᠲᠠᠯ᠎ᠠ ᠪᠠᠷ ᠪᠦᠳᠦᠬᠡᠨ ᠪᠠᠢᠭᠤᠯᠤᠭ᠍ᠰᠠᠨ ᠢ᠋ ᠬᠠᠷᠠᠭᠤᠯᠵᠤ ᠪᠠᠢᠨ᠎ᠠ᠃ ᠵᠣᠣ ᠵᠢᠶᠦ᠋ᠨ ᠤ᠋ ᠬᠠᠲᠤᠨ ᠭᠣᠣᠯ ᠤ᠋ᠨ ᠣᠨᠴᠠ ᠶᠡᠬᠡ ᠬᠥᠭᠥᠷᠭᠡ ᠠᠷᠢᠭᠤᠨ ᠬᠠᠳᠠᠭ ᠮᠡᠲᠦ ᠬᠠᠲᠤᠨ ᠭᠣᠣᠯ ᠤ᠋ᠨ ᠳᠡᠭᠡᠭᠦᠷ ᠬᠥᠨᠳᠡᠯᠢᠰᠴᠦ᠍᠂ ᠰᠦᠷᠯᠢᠭ ᠬᠠᠷᠠᠭᠳᠠᠨ᠎ᠠ᠃
ᠵᠣᠣ ᠵᠢᠶᠦ᠋ᠨ ᠬᠠᠲᠤᠨ ᠭᠤᠤᠯ ᠤ᠋ᠨ ᠣᠨᠴᠠ ᠶᠡᠬᠡ ᠬᠥᠭᠥᠷᠭᠡ ᠪᠠᠢᠭᠤᠯᠤᠭ᠍ᠳᠠᠭ᠍ᠰᠠᠨ ᠤ᠋ ᠳᠠᠷᠠᠭ᠎ᠠ᠂ ᠪᠤᠭᠤᠲᠤ ᠪᠣᠯᠤᠨ ᠣᠷᠳᠣᠰ ᠤ᠋ᠨ ᠬᠠᠲᠤᠨ ᠭᠤᠤᠯ ᠤ᠋ᠨ ᠬᠣᠶᠠᠷ ᠡᠷᠭᠢ ᠢ᠋ᠢ ᠬᠣᠯᠪᠣᠨ ᠨᠡᠪᠲᠡᠷᠡᠭᠦᠯᠦᠭ᠌ᠰᠡᠨ ᠢ᠋ᠢᠡᠷ ᠪᠠᠷᠠᠬᠤ ᠥᠬᠡᠶ᠂ ᠪᠤᠭᠤᠲᠤ — ᠳᠠᠷᠬᠠᠨ ᠮᠤᠤᠮᠢᠡᠭᠭᠠᠨ ᠬᠥᠷᠬᠥ᠌ ᠲᠦᠷᠭᠡᠨ ᠤ᠋ ᠵᠠᠰᠠᠮᠠᠯ ᠵᠠᠮ ᠵᠡᠷᠭᠡ ᠬᠣᠯᠪᠣᠭ᠍ᠳᠠᠯ ᠪᠥᠬᠥᠶ ᠵᠠᠰᠠᠮᠠᠯ ᠵᠠᠮ ᠤ᠋ᠨ ᠵᠠᠮ ᠬᠠᠷᠢᠯᠴᠠᠭᠠᠨ ᠤ᠋ ᠳᠠᠷᠤᠭᠠᠰᠤ ᠢ᠋ᠢ ᠶᠡᠬᠡ ᠪᠡᠷ ᠬᠦᠡᠭᠭᠡᠷᠡᠭᠦᠯᠵᠤ᠂ ᠪᠤᠭᠤᠲᠤ ᠢ᠋ᠢᠨ ᠪᠠᠷᠠᠭᠤᠨ ᠬᠣᠢᠲᠤ ᠪᠡᠶ᠎ᠠ ᠵᠢᠴᠢ ᠡᠮᠦᠨ᠎ᠠ ᠪᠡᠶ᠎ᠠ ᠢ᠋ᠢᠨ ᠭᠠᠵᠠᠷ ᠣᠷᠣᠨ ᠤ᠋ ᠮᠠᠰᠢᠨ ᠲᠡᠷᠭᠡ ᠢ᠋ᠢᠨ ᠪᠡᠭᠡᠵᠢᠩ — ᠲᠥᠪᠡᠳᠬᠦᠷᠬᠦ ᠲᠦᠷᠭᠡᠨ ᠤ᠋ ᠵᠠᠰᠠᠮᠠᠯ ᠵᠠᠮ᠂ ᠪᠤᠭᠤᠲᠤ — ᠳ᠋ᠦᠩᠱᠧᠩ ᠬᠦᠷᠬᠦ ᠲᠦᠷᠭᠡᠨ ᠤ᠋ ᠵᠠᠰᠠᠮᠠᠯ ᠵᠠᠮ᠂ 210 ᠤᠯᠤᠰ ᠤ᠋ᠨ ᠵᠠᠰᠠᠮᠠᠯ ᠵᠠᠮ ᠵᠡᠷᠭᠡ ᠪᠡᠷ ᠲᠤᠭᠤᠷᠢᠵᠤ ᠶᠠᠪᠤᠬᠤ ᠵᠠᠶ ᠢ᠋ᠢ ᠪᠦᠲᠦᠮᠵᠢᠲᠡᠶ ᠪᠠᠭᠠᠰᠭᠠᠵᠤ᠂ ᠬᠥᠬᠡᠬᠣᠲᠠ ᠪᠤᠭᠤᠲᠤ ᠣᠷᠳᠣᠰ ᠲᠡᠮᠡᠭᠡᠲᠦ᠍ ᠢ᠋ᠢᠨ ᠬᠣᠲᠠ ᠢ᠋ᠢᠨ ᠪᠦᠯᠦᠭᠵᠢᠯ ᠤ᠋ᠨ ᠬᠠᠮᠵᠢᠯᠴᠠᠨ ᠬᠥᠭ᠌ᠵᠢᠬᠦ᠌ ᠢ᠋ᠢ ᠠᠬᠢᠭᠤᠯᠬᠤ᠂ ᠵᠠᠰᠠᠮᠠᠯ ᠵᠠᠮ ᠳᠠᠭᠠᠤ ᠢ᠋ᠢᠨ ᠠᠵᠤ ᠠᠬᠤᠶ ᠢ᠋ᠢᠨ ᠬᠥᠭ᠌ᠵᠢᠯᠲᠡ ᠢ᠋ᠢ ᠳᠠᠢᠴᠢᠯᠠᠬᠤ ᠳ᠋ᠤ ᠴᠢᠬᠤᠯᠠ ᠠᠴᠢ ᠬᠣᠯᠪᠣᠭ᠍ᠳᠠᠯ ᠦᠵᠡᠬᠦᠯᠪᠡ ᠃
《ᠥᠩᠭᠡᠷᠡᠭ᠌ᠰᠡᠨ ᠳ᠋ᠤ ᠪᠤᠭᠤᠲᠤ ᠡᠴᠡ ᠳᠠᠯᠠᠳ ᠬᠣᠱᠢᠭᠤ ᠪᠤᠶᠤ ᠳ᠋ᠦᠩᠱᠧᠩ ᠬᠦᠷᠲᠡᠯ᠎ᠡ᠂ 210 ᠤᠯᠤᠰ ᠤ᠋ᠨ ᠵᠠᠰᠠᠮᠠᠯ ᠵᠠᠮ ᠪᠤᠶᠤ ᠪᠤᠭᠤᠲᠤ — ᠳ᠋ᠦᠩᠱᠧᠩ ᠬᠦᠷᠬᠦ ᠲᠦᠷᠭᠡᠨ ᠤ᠋ ᠵᠠᠰᠠᠮᠠᠯ ᠵᠠᠮ ᠢ᠋ᠢᠡᠷ ᠲᠤᠭᠤᠷᠢᠵᠤ ᠶᠠᠪᠤᠳᠠᠭ᠂ ᠶᠡᠬᠡ ᠬᠥᠭᠥᠷᠭᠡ ᠢ᠋ᠢ ᠪᠦᠳᠦᠬᠡᠨ ᠪᠠᠢᠭᠤᠯᠵᠤ ᠳᠠᠭᠤᠰᠤᠭᠰᠠᠨ ᠤ᠋ ᠳᠠᠷᠠᠭ᠎ᠠ ᠮᠠᠰᠢᠨ ᠲᠡᠷᠭᠡ ᠪᠡᠷ ᠪᠤᠭᠤᠲᠤ ᠢ᠋ᠢᠨ ᠬᠠᠲᠤᠨ ᠭᠤᠤᠯ ᠤ᠋ᠨ ᠦᠵᠡᠮᠵᠢ ᠢ᠋ᠢᠨ ᠵᠠᠮ ᠤ᠋ᠨ ᠬᠥᠭᠥᠷᠭᠡ ᠢ᠋ᠢᠨ ᠠᠮᠠ ᠡᠴᠡ ᠳᠠᠯᠠᠳ ᠬᠣᠱᠢᠭᠤ ᠬᠦᠷᠲᠡᠯ᠎ᠡ ᠵᠥᠪᠬᠡᠨ 3 ᠮᠢᠨᠦ᠋ᠲ ᠬᠡᠷᠡᠭᠰᠡᠵᠤ᠂ ᠥᠪᠡᠷ ᠤ᠋ᠨ ᠥᠷᠲᠡᠭ ᠪᠠ ᠴᠠᠭ ᠢ᠋ ᠶᠡᠬᠡ ᠪᠡᠷ ᠠᠷᠪᠢᠯᠠᠬᠤ ᠪᠤᠯᠪᠠ》 ᠭᠡᠵᠦ᠍ ᠣᠯᠠᠨ ᠵᠢᠯ ᠤ᠋ᠨ ᠲᠤᠷᠰᠢ ᠠᠴᠢᠶ᠎ᠠ ᠲᠡᠭᠡᠭᠡᠪᠦᠷᠢᠯᠡᠵᠤ ᠶᠠᠪᠤᠭᠰᠠᠨ ᠠᠴᠢᠶᠠᠨ ᠤ᠋ ᠮᠠᠱᠢᠨ ᠤ᠋ ᠵᠢᠯᠣᠭᠣᠴᠢ ᠵᠣᠣ ᠶᠦᠩ ᠯᠠᠶ ᠪᠠᠶᠠᠷᠲᠠᠢ ᠬᠡᠯᠡᠨ᠎ᠠ᠃
ᠣᠳᠣ ᠥᠪᠥᠷ ᠮᠣᠩᠭᠣᠯ ᠤ᠋ᠨ ᠬᠠᠲᠤᠨ ᠭᠤᠤᠯ ᠤ᠋ᠨ ᠬᠡᠰᠡᠭ ᠲᠤ᠌ ᠨᠡᠢᠲᠡ 40 ᠱᠢᠬᠠᠮ ᠵᠠᠰᠠᠮᠠᠯ ᠵᠠᠮ ᠤ᠋ᠨ ᠶᠡᠬᠡ ᠬᠥᠭᠥᠷᠭᠡ ᠲᠡᠶ ᠪᠤᠯᠪᠠ᠃ ᠬᠦᠬᠦᠷᠬᠡᠨ ᠲᠤᠤᠷᠠᠬᠢ ᠭᠤᠤᠯ ᠤ᠋ᠨ ᠤᠰᠤᠨ ᠦᠶ᠎ᠠ ᠦᠶ᠎ᠠ ᠰᠢᠷᠦᠭᠦᠰᠤᠨ ᠤᠢᠯᠵᠤ᠂ ᠦᠶ᠎ᠠ ᠦᠶ᠎ᠠ ᠳᠦᠯᠭᠡᠭᠡᠨ ᠳᠤᠯᠭᠢᠶᠠᠯᠠᠨ᠎ᠠ᠃ ᠨᠢᠭᠡ ᠭᠠᠵᠠᠷ ᠨᠤᠳᠤᠭ ᠲᠦ᠍ ᠤᠰᠤ ᠲᠠᠢ ᠪᠤᠯ ᠠᠮᠢ ᠠᠮᠢᠵᠢᠷᠠᠯ ᠲᠠᠢ ᠶᠤᠮ᠂ ᠬᠠᠲᠤᠨ ᠭᠤᠤᠯ ᠳᠡᠭᠡᠷᠡᠬᠢ ᠵᠠᠰᠠᠮᠠᠯ ᠵᠠᠮ ᠤ᠋ᠨ ᠬᠥᠭᠥᠷᠭᠡ ᠨᠢᠭᠡᠪᠦᠷᠢ ᠨᠢ ᠴᠥᠮ ᠦᠪᠡᠷ ᠦᠪᠡᠷ ᠤ᠋ᠨ ᠬᠡᠪ ᠨᠠᠮᠪᠠ ᠪᠠ ᠡᠭᠦᠷᠭᠡ ᠬᠠᠷᠢᠭᠤᠴᠠᠯᠭ᠎ᠠ ᠲᠠᠢ ᠪᠠᠢᠵᠤ᠂ ᠥᠪᠡᠷ ᠦᠪᠡᠷ ᠤ᠋ᠨ ᠥᠪᠡᠷᠮᠢᠴᠡ ᠠᠷᠭ᠎ᠠ ᠬᠡᠯᠪᠡᠷᠢ ᠪᠡᠷ ᠴᠠᠭ ᠦᠶ᠎ᠡ ᠢ᠋ᠢᠨ ᠴᠤᠭ ᠵᠢᠪᠬᠤᠭ᠎ᠠ ᠪᠠ ᠬᠥᠭ᠌ᠵᠢᠯ ᠪᠠᠳᠠᠷᠠᠯ ᠢ᠋ ᠬᠦᠤᠷᠨᠢᠨ ᠰᠦᠨᠳᠡᠷᠯᠡᠨᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃