2024-05-23 19:54:48
ᠪᠤᠭᠤᠲᠤ ᠬᠣᠲᠠ᠎ᠶ᠋ᠢᠨ ᠲᠦᠮᠡᠳ ᠪᠠᠷᠠᠭᠤᠨ ᠬᠣᠱᠢᠭᠤᠨ᠎ᠤ ᠮᠠᠢᠳᠠᠷ ᠵᠣᠣ ᠲᠣᠰᠭᠣᠨ᠎ᠳᠤ ᠬᠦᠷᠬᠦ ᠳ᠋ᠤ᠂ ᠡᠷᠲᠡᠨ᠎ᠦ ᠪᠠᠷᠢᠯᠭ᠎ᠠ ᠬᠠᠷᠠᠭᠠᠨ᠎ᠳᠤ ᠲᠣᠳᠣᠷᠠᠨ᠎ᠠ᠃ ᠡᠨᠡ ᠪᠣᠯ ᠳᠠᠷᠤᠶ ᠨᠢᠭᠡᠳᠦᠭᠡᠷ ᠪᠦᠯᠦᠭ᠎ᠦᠨ ᠳᠤᠮᠳᠠᠳᠤ ᠤᠯᠤᠰ᠎ᠤᠨ ᠤᠯᠠᠮᠵᠢᠯᠠᠯᠲᠤ ᠲᠣᠰᠭᠣᠨ᠂ ᠬᠣᠶᠠᠳᠤᠭᠠᠷ ᠪᠦᠯᠦᠭ᠎ᠦᠨ ᠤᠯᠤᠰ᠎ᠤᠨ ᠲᠡᠦᠬᠡ ᠰᠣᠶᠣᠯ᠎ᠤᠨ ᠨᠠᠷᠠᠲᠤ ᠲᠣᠰᠭᠣᠨ ᠳ᠋ᠤ ᠵᠢᠭᠰᠠᠭᠠᠭᠳᠠᠭᠰᠠᠨ ᠮᠠᠢᠳᠠᠷ ᠵᠣᠣ ᠪᠣᠯᠤᠨ᠎ᠠ᠃
ᠮᠠᠢᠳᠠᠷ ᠵᠣᠣ᠎ᠶ᠋ᠢᠨ ᠲᠡᠦᠬᠡ᠎ᠶ᠋ᠢ ᠮᠢᠩ ᠤᠯᠤᠰ᠎ᠤᠨ ᠳᠤᠮᠳᠠᠴᠢ ᠦᠶ᠎ᠡ ᠬᠦᠷᠲᠡᠯ᠎ᠡ ᠮᠥᠷᠳᠡᠵᠦ᠍ ᠪᠣᠯᠬᠤ ᠶᠤᠮ ᠃ ᠡᠨᠡ ᠬᠦ᠌ ᠬᠡᠢᠳ ᠢ ᠲᠦᠮᠡᠳ ᠤᠨ ᠠᠯᠲᠠᠨ ᠬᠠᠨ ᠪᠣᠯᠤᠨ ᠲᠡᠭᠦᠨ᠎ᠦ ᠬᠠᠳᠤᠨ ᠰᠠᠨ ᠨᠢᠶᠠᠩ ᠽᠢ ᠡᠵᠡᠨ ᠮᠡᠳᠡᠵᠦ ᠡᠷᠬᠢᠯᠡᠨ ᠪᠠᠢᠭᠤᠯᠤᠭ᠍ᠰᠠᠨ ᠶᠤᠮ ᠂ ᠤᠤᠯ ᠨᠡᠷ᠎ᠡ ᠨᠢ ᠯᠢᠩ ᠵᠢᠤᠸᠠᠢ ᠰᠧ ᠰᠦᠮ᠎ᠡ ᠬᠡᠵᠤ ᠪᠠᠢᠬᠰᠠᠨ᠎ᠢᠶᠡᠨ ᠬᠣᠵᠢᠮ ᠨᠢ ᠱᠧᠤ ᠯᠢᠨᠭ ᠰᠧ ᠬᠡᠢᠳ ᠭᠡᠵᠦ᠍ ᠬᠠᠯᠠᠵᠠᠶ᠃ ᠡᠨᠡ ᠬᠦ᠌ ᠬᠤᠳᠠ ᠬᠡᠢᠳ᠎ᠢ ᠨᠢᠭᠡᠳᠭᠡᠭ᠌ᠰᠡᠨ ᠡᠷᠲᠡᠨ᠎ᠦ ᠬᠡᠢᠳ ᠨᠢ ᠥᠪᠡᠷᠮᠢᠴᠡ ᠪᠠᠷᠢᠯᠭ᠎ᠠ᠎ᠶ᠋ᠢᠨ ᠬᠡᠪ ᠨᠠᠮᠪᠠ ᠪᠣᠯᠤᠨ ᠲᠡᠦᠬᠡ ᠰᠣᠶᠣᠯ᠎ᠤᠨ ᠪᠠᠶᠠᠯᠢᠭ ᠠᠭᠤᠯᠭ᠎ᠠ᠎ᠪᠠᠷ᠎ᠢᠶᠠᠨ ᠥᠪᠥᠷ ᠮᠣᠩᠭᠣᠯ᠎ᠤᠨ ᠬᠠᠮᠤᠭ᠎ᠤᠨ ᠲᠥᠯᠥᠭᠡᠯᠡᠬᠦ᠌ ᠴᠢᠨᠠᠷᠲᠠᠶ ᠡᠷᠲᠡᠨ᠎ᠦ ᠪᠠᠷᠢᠯᠭ᠎ᠠ᠎ᠶ᠋ᠢᠨ ᠨᠢᠭᠡ ᠪᠣᠯᠤᠭ᠍ᠰᠠᠨ ᠪᠠᠢᠨ᠎ᠠ᠃
ᠠᠷᠪᠠᠨ ᠵᠢᠷᠭᠤᠳᠤᠭᠠᠷ ᠵᠠᠭᠤᠨ᠎ᠤ ᠳᠤᠮᠳᠠᠴᠢ᠎ᠪᠠᠷ᠂ ᠴᠢᠩᠭᠢᠰ ᠬᠠᠭᠠᠨ᠎ᠤ ᠠᠷᠪᠠᠨ ᠳᠣᠯᠣᠳᠤᠭᠠᠷ ᠦᠶ᠎ᠡ᠎ᠶ᠋ᠢᠨ ᠠᠴᠢ ᠠᠯᠲᠠᠨ ᠬᠠᠨ ᠤᠷᠢᠳ ᠬᠣᠵᠢᠳ ᠠᠷᠪᠠᠨ ᠬᠣᠶᠠᠷ ᠲᠦᠮᠡᠳᠢ ᠨᠢᠭᠡᠳᠭᠡᠵᠦ᠍᠂ ᠲᠦᠮᠡᠳ᠎ᠦᠨ ᠲᠠᠯ᠎ᠠ᠎ᠳᠤ ᠮᠠᠨᠳᠤᠨ ᠪᠣᠰᠴᠤ᠌᠂ ᠲᠡᠭᠦᠨ᠎ᠦ ᠠᠢᠮᠠᠭ᠎ᠤᠨ ᠬᠤᠳᠠ ᠰᠠᠭᠤᠷᠢᠨ ᠪᠤᠯᠬᠤ — ᠶᠡᠬᠡ ᠪᠠᠢᠱᠢᠩ ᠬᠣᠲᠠ᠂ ᠳᠠᠷᠤᠶ ᠮᠠᠢᠳᠠᠷ ᠵᠣᠣ᠎ᠶ᠋ᠢ ᠪᠠᠢᠭᠤᠯᠪᠠ᠃ ᠲᠡᠷᠡ ᠦᠶ᠎ᠡ᠎ᠳᠦ ᠠᠯᠲᠠᠨ ᠬᠠᠨ᠎ᠤ ᠬᠠᠷᠢᠶᠠᠲᠤ ᠣᠷᠣᠨ᠎ᠳᠤ ᠮᠠᠯᠴᠢᠳ ᠲᠠᠯ᠎ᠠ ᠨᠤᠲᠤᠭ᠎ᠲᠤ ᠲᠠᠷᠬᠠᠵᠤ᠂ ᠲᠠᠷᠢᠶᠠᠴᠢᠳ ᠲᠠᠷᠢᠶᠠᠯᠠᠩ ᠮᠠᠯ ᠠᠵᠤ ᠠᠬᠤᠶ᠎ᠶ᠋ᠢᠨ ᠦᠢᠯᠡᠳᠪᠦᠷᠢᠯᠡᠯ ᠬᠢᠵᠦ᠍ ᠪᠠᠢᠪᠠ᠃ ᠬᠥᠪᠡᠭᠡ ᠬᠢᠵᠠᠭᠠᠷ ᠨᠢ ᠬᠠᠷᠠᠭ᠍ᠳᠠᠬᠤ ᠦᠭᠡᠢ ᠲᠦᠮᠡᠳ᠎ᠦᠨ ᠲᠠᠯ᠎ᠠ ᠳᠡᠭᠡᠷ᠎ᠡ ᠂ ᠭᠣᠣᠯ ᠮᠥᠷᠡᠨ ᠨᠡᠯᠤᠢᠵᠤ᠂ ᠬᠥᠨᠳᠡᠯᠡᠨ ᠭᠤᠯᠳᠤ ᠰᠦᠯᠵᠢᠯᠳᠦᠵᠦ᠍᠂ ᠲᠠᠷᠢᠶ᠎ᠠ ᠲᠥᠮᠥᠰᠥ᠍ ᠬᠠᠯᠢᠭᠤᠷᠠᠵᠤ᠂ ᠡᠪᠡᠰᠦ ᠪᠡᠯᠴᠢᠭᠡᠷ ᠬᠥᠬᠡᠷᠡᠨ᠂ ᠪᠠᠢᠱᠢᠩ ᠭᠡᠷ ᠪᠣᠯᠤᠨ ᠮᠣᠩᠭᠣᠯ ᠭᠡᠷ ᠪᠦᠷ ᠬᠠᠷᠠᠭᠠᠨ᠎ᠳᠤ ᠦᠷᠳᠡᠵᠤ᠂ ᠬᠣᠲᠠ᠎ᠶ᠋ᠢᠨ ᠬᠡᠷᠡᠮ ᠪᠣᠯᠤᠨ ᠮᠠᠯ᠎ᠤᠨ ᠪᠡᠯᠴᠢᠭᠡᠷ ᠰᠣᠯᠪᠢᠴᠠᠨ ᠬᠠᠷᠠᠭ᠍ᠳᠠᠨ᠎ᠠ᠃ ᠲᠡᠷᠡ ᠨᠢ ᠦᠨᠭᠭᠡᠷᠡᠭᠰᠡᠨ ᠳ᠋ᠤ ᠮᠣᠩᠭᠣᠯ᠎ᠤᠨ ᠲᠠᠯ᠎ᠠ ᠨᠤᠲᠤᠭ᠎ᠤᠨ ᠤᠯᠤᠰ ᠲᠥᠷᠥ᠍᠂ ᠠᠵᠤ ᠠᠬᠤᠶ᠂ ᠰᠣᠶᠣᠯ᠂ ᠴᠡᠷᠢᠭ᠎ᠦᠨ ᠶᠠᠪᠤᠳᠠᠯ᠂ ᠱᠠᠱᠢᠨ ᠰᠤᠷᠲᠠᠬᠤᠨ᠎ᠤ ᠲᠥᠪ ᠪᠠᠢᠵᠠᠶ᠃
ᠨᠡᠢᠲᠡ᠎ᠶ᠋ᠢᠨ ᠣᠨ ᠲᠣᠭᠠᠯᠠᠯ᠎ᠤᠨ 1571 ᠣᠨ᠎ᠤ 5 ᠰᠠᠷ᠎ᠠ᠎ᠶ᠋ᠢᠨ 21᠎ᠤ᠋ ᠡᠳᠦᠷ᠂ ᠠᠯᠲᠠᠨ ᠬᠠᠨ ᠱᠦᠨ ᠢ ᠸᠠᠩ ᠡᠷᠭᠦᠮᠵᠢᠯᠡᠭ᠌ᠳᠡᠵᠦ᠍᠂ ᠮᠢᠩ ᠤᠯᠤᠰ᠎ᠲᠠᠶ ᠡᠩᠬᠡ ᠲᠠᠢᠪᠤᠩ᠎ᠢ ᠪᠠᠲᠤ ᠰᠠᠬᠢᠵᠤ᠂ ᠪᠤᠯᠢᠶᠠᠨ ᠳᠡᠭᠡᠷᠡᠮᠳᠡᠬᠦ᠌ ᠵᠢ ᠴᠠᠭᠠᠵᠠᠯᠠᠬᠤ ᠪᠠ ᠪᠣᠭᠣᠮᠲᠠ ᠨᠡᠭᠡᠭᠡᠵᠦ᠍ ᠵᠠᠬ᠎ᠠ᠎ᠶ᠋ᠢᠨ ᠠᠷᠠᠯᠵᠢᠶ᠎ᠠ ᠬᠢᠬᠦ᠌ ᠠᠷᠪᠠᠨ ᠭᠤᠷᠪᠠᠨ ᠵᠤᠷᠪᠤᠰ 《ᠯᠦᠩ ᠴᠢᠩ᠎ᠦᠨ ᠨᠠᠢᠷᠠᠮᠳᠠᠯ᠎ᠤᠨ ᠬᠡᠯᠡᠯᠴᠡᠭᠡᠷ》᠎ᠢ᠋ ᠲᠣᠭ᠍ᠲᠠᠨ᠂ ᠲᠠᠯ᠎ᠠ ᠨᠤᠲᠤᠭ ᠪᠠ ᠵᠦᠩᠶᠤᠸᠠᠨ ᠣᠷᠣᠨ᠎ᠢ 60 ᠭᠠᠷᠤᠶ ᠵᠢᠯ ᠳᠠᠢᠨ ᠳᠠᠵᠢᠨ ᠦᠭᠡᠶ ᠡᠩᠬᠡ ᠲᠠᠢᠪᠤᠩ ᠪᠠᠢᠯᠭᠠᠨ᠂ ᠤᠷᠳᠤ ᠴᠠᠭᠠᠨ ᠬᠡᠷᠡᠮ᠎ᠦᠨ ᠳᠣᠲᠣᠨ᠎ᠠ ᠭᠠᠳᠠᠨ᠎ᠠ《ᠭᠤᠷᠪᠠᠨ ᠬᠢᠵᠠᠭᠠᠷ᠎ᠢ ᠠᠮᠤᠷ ᠲᠦᠪᠱᠢᠨ ᠪᠠᠢᠯᠭᠠᠵᠤ᠂ ᠥᠴᠦᠬᠡᠨ ᠴᠦ᠍ ᠦᠢᠮᠡᠭᠡᠨ ᠳᠡᠪᠵᠢᠶᠡᠨ ᠦᠭᠡᠶ᠂ ᠬᠢᠯᠢ ᠬᠢᠵᠠᠭᠠᠷ᠎ᠤᠨ ᠲᠠᠢᠰᠤᠨ᠎ᠢ ᠲᠠᠢᠯᠤᠨ ᠠᠷᠢᠯᠭᠠᠵᠦ᠂ ᠪᠣᠭᠣᠮᠲᠠ᠎ᠶ᠋ᠢᠨ ᠬᠣᠲᠠ᠎ᠶ᠋ᠢ ᠠᠮᠤᠷ ᠲᠠᠢᠪᠤᠩ ᠪᠣᠯᠭᠠᠪᠡ》᠃ 《ᠯᠦᠩ ᠴᠢᠩ᠎ᠤᠨ ᠨᠠᠢᠷᠠᠮᠳᠠᠯ᠎ᠤᠨ ᠬᠡᠯᠡᠯᠴᠡᠭᠡᠷ》᠎ᠨᠢ ᠲᠠᠯ᠎ᠠ ᠨᠤᠲᠤᠭ ᠪᠣᠯᠤᠨ ᠵᠦᠨᠭᠶᠤᠧᠠᠨ ᠣᠷᠣᠨ᠎ᠢ ᠨᠠᠢᠷᠠᠮᠳᠠᠯ᠎ᠢᠶᠠᠷ ᠨᠢᠭᠡᠳᠭᠡᠬᠦ᠌᠎ᠶ᠋ᠢ ᠪᠡᠶᠡᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠲᠡᠦᠬᠡᠨ ᠳᠡᠭᠡᠷᠡᠬᠢ ᠨᠢᠭᠡᠨ ᠰᠠᠢᠬᠠᠨ ᠵᠤᠭᠤᠭ ᠪᠣᠯᠵᠠᠶ᠃
1606 ᠣᠨ᠎ᠳᠤ ᠠᠯᠲᠠᠨ ᠬᠠᠨ ᠨᠡᠢᠰᠯᠡᠯ᠎ᠢᠶᠡᠨ ᠵᠡᠭᠦᠨᠰᠢ ᠬᠥᠬᠡᠬᠣᠲᠠ᠎ᠳᠤ ᠨᠡᠭᠦᠯᠭᠡᠪᠡ᠃ ᠠᠯᠲᠠᠨ ᠬᠠᠨ᠎ᠤ ᠣᠮᠪᠣᠯᠣ ᠪᠡᠷᠢ ᠨᠢ ᠮᠠᠢᠳᠠᠷ ᠵᠣᠣ᠎ᠶ᠋ᠢᠨ ᠴᠣᠭ᠍ᠴᠢᠨ ᠳᠤᠭᠠᠩ᠎ᠤᠨ ᠡᠮᠦᠨ᠎ᠡ ᠳᠤᠭᠠᠩ ᠪᠣᠯᠤᠨ᠎ᠲᠠᠶ ᠾᠧ ᠮᠧᠨ ᠬᠠᠭᠠᠯᠭ᠎ᠠ᠎ᠶ᠋ᠢ ᠡᠷᠬᠢᠯᠡᠨ ᠪᠠᠢᠭᠤᠯᠵᠤ᠂ ᠨᠡᠢᠰᠯᠡᠯ ᠬᠣᠲᠠ᠎ᠶ᠋ᠢ ᠰᠦᠮ᠎ᠡ ᠬᠡᠢᠳ ᠪᠣᠯᠭᠠᠨ ᠥᠷᠭᠡᠳᠭᠡᠵᠦ᠍᠂ ᠮᠠᠢᠳᠠᠷ ᠵᠣᠣ ᠨᠢ ᠪᠦᠬᠦ᠌ ᠤᠯᠤᠰ᠎ᠲᠤ ᠬᠣᠣᠰ ᠦᠭᠡᠶ ᠥᠪᠡᠷᠮᠢᠴᠡ ᠣᠨᠴᠠᠯᠢᠭ᠎ᠢ ᠪᠦᠷᠢᠯᠳᠦᠭᠦᠯᠦᠭᠰᠡᠨ ᠪᠠᠢᠨ᠎ᠠ᠄ ᠬᠣᠲᠠ ᠰᠦᠮ᠎ᠡ᠎ᠶ᠋ᠢ ᠨᠢᠭᠡᠳᠭᠡᠨ᠂ ᠲᠥᠷᠥ᠍ ᠱᠠᠱᠢᠨ᠎ᠢ ᠨᠢᠭᠡ ᠴᠣᠭ᠍ᠴᠠ ᠪᠣᠯᠭᠠᠵᠤ ᠂ ᠬᠥᠮᠦᠨ ᠪᠤᠷᠬ᠎ᠠ᠎ᠨᠢ ᠬᠠᠮᠲᠤ ᠪᠡᠷ ᠰᠠᠭᠤᠷᠢᠰᠢᠭᠤᠯᠪᠠ᠃ ᠲᠠᠢ ᠡᠾᠸ ᠮᠸᠨ ᠬᠠᠭᠠᠯᠭ᠎ᠠ ᠳ᠋ᠤ ᠱᠢᠭᠢᠳᠭᠡᠭ᠌ᠰᠡᠨ ᠴᠢᠯᠠᠭᠤᠨ ᠢᠯᠡᠷᠬᠡᠢᠯᠡᠯ᠎ᠦᠨ ᠪᠢᠴᠢᠭᠡᠰᠦ᠎ᠳᠦ᠂ 《ᠲᠦᠮᠡᠨ ᠢᠷᠭᠡᠳ ᠠᠵᠤ ᠵᠢᠷᠭᠠᠯ ᠳᠠᠢ ᠲᠦᠷᠦ ᠭᠦᠷᠦᠨ ᠠᠮᠤᠷ ᠲᠠᠢᠪᠤᠩ》ᠭᠡᠬᠦ᠌ ᠦᠭᠡ ᠨᠢ ᠲᠥᠪ ᠳᠤᠮᠳᠠ ᠡᠯᠭᠦᠭ᠌ᠳᠡᠵᠦ᠍ ᠂ ᠷᠢᠳᠢ ᠰᠢᠳᠢ ᠲᠠᠢ ᠪᠥᠭᠡᠳ ᠢᠳᠡᠯᠢᠭ ᠵᠢᠪᠬᠤᠭ᠎ᠠ ᠲᠠᠢ ᠪᠠᠢᠯ᠎ᠠ᠃ ᠡᠨᠡ ᠬᠦ᠌ ᠴᠢᠯᠠᠭᠤᠨ ᠢᠯᠡᠷᠬᠡᠢᠯᠡᠯ ᠨᠢᠭᠡ ᠬᠡᠰᠡᠭ ᠴᠢᠬᠤᠯᠠ ᠲᠡᠦᠬᠡ᠎ᠶ᠋ᠢ ᠭᠡᠷᠡᠴᠢᠯᠡᠭ᠌ᠰᠡᠨ᠎ᠡᠴᠡ ᠪᠣᠯᠵᠤ᠂ ᠤᠯᠤᠰ᠎ᠤᠨ ᠨᠢᠭᠡᠳᠦᠭᠡᠷ ᠳᠡᠰ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠢᠶᠡᠷ ᠲᠣᠭ᠍ᠲᠠᠭᠠᠭ᠍ᠳᠠᠪᠠ᠃
ᠮᠠᠢᠳᠠᠷ ᠵᠣᠣ᠎ᠶ᠋ᠢᠨ ᠦᠵᠡᠮᠵᠢ᠎ᠶ᠋ᠢᠨ ᠣᠷᠣᠨ᠎ᠤ ᠲᠠᠢᠯᠪᠤᠷᠢᠯᠠᠭ᠍ᠴᠢ ᠯᠢ ᡁᠢ ᠲᠢᠩ᠂ ᠮᠠᠢᠳᠠᠷ ᠵᠣᠣ᠎ᠶ᠋ᠢᠨ ᠦᠵᠡᠮᠵᠢ᠎ᠶ᠋ᠢᠨ ᠣᠷᠣᠨ᠎ᠤ ᠶᠡᠷᠦᠩᠬᠡᠶ ᠲᠠᠯᠠᠪᠠᠶ᠎ᠨᠢ 20 ᠲᠦᠮᠡᠨ ᠲᠡᠭ᠌ᠰᠢ ᠳᠥᠷᠪᠡᠯᠵᠢᠨ ᠮᠧᠲ᠋ᠷ ᠪᠠᠢᠵᠤ᠂ ᠡᠭᠦᠨ᠎ᠳᠦ ᠮᠦᠽᠧᠶ᠂ ᠦᠵᠡᠰᠭᠦᠯᠡᠩ᠎ᠦᠨ ᠣᠷᠳᠣᠨ᠂ ᠠᠭᠤᠳᠠᠮ ᠲᠠᠯᠠᠪᠠᠶ᠂ ᠡᠷᠲᠡᠨ᠎ᠦ ᠬᠣᠲᠠ ᠪᠠᠯᠭᠠᠰᠤ ᠂ ᠴᠡᠴᠡᠷᠯᠢᠭ᠂ ᠪᠦᠦ ᠹᠸᠩ ᠲᠠ ᠰᠤᠪᠤᠷᠭ᠎ᠠ ᠵᠡᠷᠭᠡ ᠪᠠᠭ᠍ᠲᠠᠨ᠎ᠠ᠃ ᠡᠷᠲᠡᠨ᠎ᠦ ᠬᠣᠲᠠ᠎ᠶ᠋ᠢᠨ ᠳᠣᠲᠣᠷ᠎ᠠ ᠮᠢᠩ ᠤᠯᠤᠰ᠎ᠤᠨ ᠪᠠᠷᠢᠯᠭ᠎ᠠ 12 ᠰᠠᠭᠤᠷᠢ᠂ 256 ᠲᠠᠰᠤᠯᠭ᠎ᠠ ᠪᠠᠢᠵᠤ᠂ ᠡᠯ᠎ᠡ ᠪᠠᠷᠢᠯᠭ᠎ᠠ ᠨᠢ ᠵᠢᠭ᠌ᠳᠡ ᠰᠠᠢᠬᠠᠨ᠂ ᠴᠣᠭ᠍ᠴᠢᠨ ᠳᠤᠭᠠᠩ ᠪᠣᠯᠤᠨ ᠱᠢᠯ ᠸᠠᠭᠠᠷ᠎ᠦᠨ ᠲᠤᠭᠠᠩ᠎ᠢᠶᠡᠷ ᠲᠥᠪ ᠪᠣᠯᠭᠠᠨ᠂ ᠡᠷᠭᠢᠨ ᠲᠣᠭᠣᠷᠢᠨᠳᠤᠨᠢ ᠨᠠᠢ ᠴᠢᠶᠦ᠋ᠩ ᠳ᠋ᠢᠶᠠᠨ ᠬᠠᠷᠰᠢ᠂ ᠲᠠᠢᠬᠡᠦ᠍ᠶ᠋ᠢᠨ ᠰᠦᠮ᠎ᠡ ᠵᠡᠷᠭᠡ ᠪᠠᠢᠳᠠᠭ᠃ ᠮᠠᠢᠳᠠᠷ ᠵᠣᠣ ᠪᠣᠯ ᠮᠣᠩᠭᠣᠯ ᠲᠥᠪᠡᠳ᠎ᠦᠨ ᠬᠡᠪ ᠨᠠᠮᠪᠠ᠎ᠶ᠋ᠢ ᠠᠭᠤᠰᠭᠠᠨ ᠪᠠᠢᠭᠤᠯᠤᠭ᠍ᠰᠠᠨ᠂ ᠮᠣᠩᠭᠣᠯ᠂ ᠲᠥᠪᠡᠳ᠂ ᠬᠢᠲᠠᠳ ᠵᠡᠷᠭᠡ ᠦᠨᠳᠦᠰᠦᠲᠡᠨ᠎ᠦ ᠰᠣᠶᠣᠯ ᠡᠨᠳᠡ ᠬᠠᠮᠲᠤ᠎ᠪᠠᠷ ᠣᠷᠣᠱᠢᠵᠤ ᠬᠠᠮᠲᠤ᠎ᠪᠠᠷ ᠴᠡᠴᠡᠭ᠌ᠯᠡᠨ ᠬᠥᠭ᠌ᠵᠢᠭ᠌ᠰᠡᠨ ᠲᠡᠦᠬᠡ᠎ᠶ᠋ᠢ ᠲᠤᠰᠭᠠᠭ᠍ᠰᠠᠨ ᠪᠥᠭᠡᠳ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠤᠨ ᠠᠮᠢᠳᠤᠯᠢᠭ ᠢᠯᠡᠷᠡᠯ ᠮᠥᠨ ᠬᠡᠵᠤ ᠲᠠᠨᠢᠯᠴᠠᠭᠤᠯᠪᠠ᠃
ᠬᠠᠮᠲᠤ ᠶᠠᠪᠤᠭ᠎ᠠ ᠪᠤᠭᠤᠲᠤ ᠬᠤᠳᠠ᠎ᠶ᠋ᠢᠨ ᠲᠦᠮᠡᠳ ᠪᠠᠷᠠᠭᠤᠨ ᠬᠣᠱᠢᠭᠤᠨ᠎ᠤ ᠨᠠᠮ᠎ᠤᠨ ᠲᠡᠦᠬᠡ ᠣᠷᠣᠨ ᠨᠤᠲᠤᠭ᠎ᠤᠨ ᠣᠢᠯᠠᠯᠭ᠎ᠠ ᠰᠤᠳᠤᠯᠬᠤ ᠲᠠᠰᠤᠭ᠎ᠤᠨ ᠡᠷᠬᠢᠯᠡᠭ᠌ᠴᠢ ᠭᠤᠤ ᠵᠢᠩ ᠵᠧ᠂ ᠮᠠᠢᠳᠠᠷ ᠵᠤᠤ᠎ᠶ᠋ᠢᠨ ᠬᠠᠨ᠎ᠠ᠎ᠶ᠋ᠢᠨ ᠵᠢᠷᠤᠭ ᠭᠤᠢᠳᠠ ᠰᠠᠢᠬᠠᠨ ᠪᠠᠢᠵᠤ᠂ ᠥᠪᠥᠷ ᠮᠣᠩᠭᠣᠯ ᠣᠷᠣᠨ᠎ᠤ ᠰᠦᠮ᠎ᠡ ᠬᠡᠢᠳ᠎ᠲᠦ ᠬᠠᠮᠤᠭ᠎ᠤᠨ ᠡᠷᠲᠡ ᠵᠢᠷᠤᠭ᠍ᠰᠠᠨ᠂ ᠬᠠᠮᠤᠭ᠎ᠤᠨ ᠤᠳᠠᠭᠠᠨ ᠬᠠᠳᠠᠭᠠᠯᠠᠭᠳᠠᠭᠰᠠᠨ᠂ ᠬᠠᠮᠤᠭ᠎ᠤᠨ ᠪᠠᠶᠠᠯᠢᠭ ᠠᠭᠤᠯᠭ᠎ᠠ᠎ᠲᠠᠢ ᠬᠠᠨ᠎ᠠ᠎ᠶ᠋ᠢᠨ ᠵᠢᠷᠤᠭ᠎ᠤᠨ ᠪᠦᠯᠦᠭ ᠪᠣᠯᠤᠨ᠎ᠠ᠃ ᠵᠣᠣ ᠲᠤᠳᠤᠷ᠎ᠠ ᠬᠠᠳᠠᠭᠠᠯᠠᠭᠳᠠᠵᠤ ᠪᠠᠢᠭ᠎ᠠ ᠮᠢᠩ ᠤᠯᠤᠰ᠎ᠤᠨ ᠦᠶ᠎ᠡ᠎ᠶ᠋ᠢᠨ ᠪᠦᠷᠢᠨ ᠪᠦᠲᠦᠨ ᠬᠠᠨ᠎ᠠ ᠵᠢᠨ ᠵᠢᠷᠤᠭ 1650 ᠲᠡᠭ᠌ᠰᠢ ᠳᠥᠷᠪᠡᠯᠵᠢᠨ ᠮᠧᠲ᠋ᠷ ᠲᠸ᠋ ᠬᠦᠷᠴᠤ ᠂ 《ᠬᠠᠨ᠎ᠠ ᠵᠢᠨ ᠵᠢᠷᠤᠭ᠎ᠤᠨ ᠤᠷᠠᠯᠢᠭ᠎ᠤᠨ ᠮᠦᠽᠧᠶ》 ᠬᠡᠮᠡᠭ᠌ᠳᠡᠭ᠌ᠰᠡᠨ ᠶᠤᠮ᠃ ᠡᠳᠡᠭᠡᠷ ᠬᠠᠨ᠎ᠠ ᠵᠢᠨ ᠵᠢᠷᠤᠭ ᠨᠢ ᠮᠢᠩ ᠤᠯᠤᠰ᠎ᠤᠨ ᠦᠶ᠎ᠡ᠎ᠶ᠋ᠢᠨ ᠮᠣᠩᠭᠣᠯ᠎ᠤᠨ ᠲᠡᠦᠬᠡ᠂ ᠪᠤᠳ᠋ᠳ᠋ᠾᠠ᠎ᠶ᠋ᠢᠨ ᠱᠠᠱᠢᠨ᠎ᠤ ᠲᠡᠦᠬᠡ᠂ ᠪᠠᠷᠢᠯᠭ᠎ᠠ᠎ᠶ᠋ᠢᠨ ᠲᠡᠦᠬᠡ᠂ ᠤᠷᠠᠨ ᠵᠢᠷᠤᠭ᠎ᠤᠨ ᠲᠡᠦᠬᠡ ᠵᠡᠷᠭᠡ᠎ᠶ᠋ᠢ ᠰᠤᠳᠤᠯᠬᠤ᠎ᠳᠤ ᠪᠦᠷ ᠴᠢᠬᠤᠯᠠ ᠡᠷᠳᠡᠮ ᠱᠢᠨᠵᠢᠯᠡᠭᠡᠨ᠎ᠦ ᠦᠨ᠎ᠡ ᠴᠡᠨ᠎ᠡ᠎ᠲᠠᠶ ᠪᠥᠭᠡᠳ ᠥᠪᠥᠷ ᠮᠣᠩᠭᠣᠯ ᠣᠷᠣᠨ᠎ᠤ ᠲᠡᠦᠬᠡᠨ᠎ᠳᠡᠬᠢ ᠡᠯ᠎ᠡ ᠦᠨᠳᠦᠰᠦᠲᠡᠨ᠎ᠦ ᠠᠵᠤ ᠠᠬᠤᠢ᠂ ᠰᠣᠶᠣᠯ᠎ᠤᠨ ᠰᠣᠯᠢᠯᠴᠠᠭ᠎ᠠ᠎ᠶ᠋ᠢ ᠰᠤᠳᠤᠯᠬᠤ᠎ᠳᠤ ᠨᠠᠢᠳᠠᠪᠤᠷᠢᠲᠠᠢ ᠨᠤᠲᠠᠯᠠᠯᠲᠠ ᠬᠠᠩᠭᠠᠭ᠍ᠰᠠᠨ ᠪᠠᠢᠨ᠎ᠠ᠃
ᠭᠤᠤ ᠵᠢᠩ ᠵᠧ ᠮᠠᠢᠳᠠᠷ ᠵᠣᠣ᠎ᠶ᠋ᠢᠨ ᠲᠡᠦᠬᠡ᠎ᠶ᠋ᠢᠨ ᠰᠤᠳᠤᠯᠭᠠᠨ᠎ᠤ ᠲᠠᠯ᠎ᠠ᠎ᠪᠠᠷ ᠰᠡᠳᠬᠢᠯ ᠲᠠᠯᠪᠢᠨ ᠰᠤᠳᠤᠯᠭ᠎ᠠ ᠬᠢᠳᠡᠭ ᠪᠠᠢᠵᠠᠢ᠃ ᠲᠡᠷᠡ ᠰᠤᠷᠪᠤᠯᠵᠢᠯᠠᠭ᠍ᠴᠢ᠎ᠳᠤ᠂ ᠠᠯᠢ ᠡᠷᠲᠡ ᠮᠢᠩ ᠤᠯᠤᠰ᠎ᠤᠨ ᠦᠶ᠎ᠡ᠎ᠳᠦ ᠂ ᠲᠦᠮᠡᠳ ᠣᠷᠣᠨ᠎ᠳᠤ ᠳᠠᠷᠤᠶ ᠦᠨᠳᠦᠰᠦᠲᠡᠨ᠎ᠦ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠥᠷᠭᠡᠨ ᠳᠡᠯᠭᠡᠷ ᠪᠥᠭᠡᠳ ᠭᠦᠨ ᠭᠦᠨᠵᠡᠭᠡᠶ ᠬᠢᠵᠦ᠍ ᠡᠬᠢᠯᠡᠭ᠌ᠰᠡᠨ ᠶᠤᠮ᠂ ᠲᠦᠮᠡᠳ ᠠᠢᠮᠠᠭ᠎ᠲᠤ ᠴᠤ᠌ ᠳᠤᠮᠳᠠᠳᠤ᠎ᠶ᠋ᠢᠨ ᠦᠨᠳᠦᠰᠦᠲᠡᠨ ᠂ ᠳᠤᠮᠳᠠᠳᠤ᠎ᠶ᠋ᠢᠨ ᠰᠣᠶᠣᠯ᠎ᠤᠨ ᠲᠤᠬᠠᠶ ᠮᠡᠳᠡᠷᠡᠮᠵᠢ ᠶᠠᠪᠤᠬᠤ ᠲᠤᠲᠤᠮ ᠣᠯᠠᠱᠢᠷᠠᠵᠤ ᠪᠠᠢᠨ᠎ᠠ᠃ ᠡᠭᠦᠨ᠎ᠦ ᠬᠠᠮᠲᠤ᠂ ᠮᠢᠩ ᠤᠯᠤᠰ ᠪᠣᠯᠤᠨ ᠮᠣᠩᠭᠣᠯᠴᠤᠳ ᠤᠨ ᠳᠠᠢᠨ ᠪᠠᠢᠯᠳᠤᠭᠠᠨ᠎ᠠᠴᠠ ᠡᠩᠬᠡ ᠲᠠᠢᠪᠤᠩ ᠵᠦᠭ ᠤᠷᠤᠭ᠍ᠰᠢᠯᠠᠭ᠍ᠰᠠᠨ ᠲᠡᠦᠬᠡ ᠴᠸ᠋ ᠪᠢᠳᠡᠨ᠎ᠳᠦ᠄ ᠡᠯ᠎ᠡ ᠦᠨᠳᠦᠰᠦᠲᠡᠨ ᠭᠠᠭ᠍ᠴᠠ ᠬᠦ᠌ ᠵᠠᠪᠰᠠᠷᠳᠠᠯ᠎ᠢᠶᠠᠨ ᠠᠷᠢᠯᠭᠠᠵᠤ᠂ ᠨᠥᠬᠥᠷᠰᠡᠭ᠎ᠢᠶᠡᠷ ᠬᠠᠪᠰᠤᠷᠤᠯᠴᠠᠪᠠᠯ ᠰᠠᠶᠢ《ᠲᠦᠮᠡᠨ ᠢᠷᠭᠡᠳ ᠠᠵᠤ ᠵᠢᠷᠭᠠᠯ ᠳᠠᠢ ᠲᠦᠷᠦ ᠭᠦᠷᠦᠨ ᠠᠮᠤᠷ ᠲᠠᠢᠪᠤᠩ》ᠡᠶ᠎ᠡ ᠵᠣᠬᠢᠴᠠᠯ᠎ᠲᠠᠶ ᠪᠠᠢᠳᠠᠯ᠎ᠢ ᠪᠤᠶ ᠪᠣᠯᠭᠠᠵᠤ ᠴᠢᠳᠠᠨ᠎ᠠ ᠭᠡᠳᠡᠭ᠎ᠢ ᠬᠡᠯᠡᠵᠦ᠍ ᠥᠭ᠌ᠴᠡᠶ ᠬᠡᠵᠠᠢ᠃ ᠡᠨᠡ ᠪᠣᠯ ᠤᠷᠢᠳᠤᠰ᠎ᠤᠨ ᠪᠢᠳᠡᠨ᠎ᠳᠦ ᠦᠯᠡᠳᠡᠭᠡᠵᠦ᠍ ᠥᠭ᠌ᠭᠦᠭ᠌ᠰᠡᠨ ᠱᠢᠯᠢᠳᠡᠭ ᠤᠯᠠᠮᠵᠢᠯᠠᠯ ᠪᠠ ᠡᠷᠬᠢᠮ ᠨᠠᠨᠳᠢᠨ ᠲᠤᠷᠱᠢᠯᠭ᠎ᠠ ᠮᠥᠨ᠂ ᠪᠠᠰᠠ ᠴᠤ᠌ ᠥᠨᠥᠳᠦᠷ᠎ᠦᠨ ᠮᠠᠨ᠎ᠤ ᠦᠨᠳᠦᠰᠦᠲᠡᠨ᠎ᠨᠦᠭᠦᠳ᠎ᠦᠨ ᠠᠬ᠎ᠠ ᠳᠡᠭᠦᠦ ᠮᠡᠲᠦ ᠳᠣᠲᠣᠨᠣ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠎ᠶ᠋ᠢ ᠪᠡᠶᠡᠯᠡᠭᠦᠯᠬᠦ᠌ ᠤᠶᠤᠨ ᠰᠠᠨᠠᠭᠠᠨ᠎ᠤ ᠬᠥᠳᠡᠯᠭᠡᠬᠦ᠌ ᠬᠦᠴᠦᠨ ᠮᠥᠨ᠃
ᠲᠠᠢᠯᠪᠤᠷᠢᠯᠠᠭ᠍ᠴᠢ᠎ᠶ᠋ᠢᠨ ᠰᠣᠨᠣᠰᠪᠤᠷᠢᠲᠠᠢ ᠳᠠᠢᠯᠪᠤᠷᠢᠯᠠᠯᠳᠠ᠎ᠳᠤ᠂ ᠪᠢᠳᠡ ᠪᠣᠭ᠍ᠳᠠ ᠬᠠᠲᠤᠨ᠎ᠤ ᠰᠦᠮ᠎ᠡ᠎ᠶ᠋ᠢᠨ ᠬᠠᠨ᠎ᠠ᠎ᠶ᠋ᠢᠨ ᠵᠢᠷᠤᠭ᠎ᠢ ᠨᠠᠷᠢᠨ ᠠᠵᠢᠭ᠍ᠯᠠᠬᠤ ᠳ᠋ᠤ᠂ ᠵᠦᠩ ᠱᠦᠨ ᠬᠠᠳᠤᠨ ᠰᠠᠨ ᠨᠢᠶᠠᠩ ᠽᠢ ᠵᠢᠨ ᠢᠨᠢᠶᠠᠮᠰᠤᠨᠭᠬᠦᠢ ᠲᠦᠷᠬᠦ᠎ᠶ᠋ᠢ ᠣᠯᠵᠤ ᠬᠠᠷᠠᠭ᠍ᠰᠠᠨ ᠱᠢᠭ᠋᠎ᠢᠶᠡᠷ᠂ ᠲᠡᠭᠦᠨ᠎ᠦ ᠤᠳᠠᠭᠠᠨ ᠵᠢᠯ ᠡᠩᠬᠡ ᠲᠠᠢᠪᠤᠩ ᠠᠮᠤᠷ ᠲᠣᠭ᠍ᠲᠠᠭᠤᠨ ᠦᠨᠳᠦᠰᠦᠲᠡᠨ᠎ᠦ ᠪᠦᠯᠬᠦᠮᠳᠡᠯ᠎ᠢ ᠬᠠᠮᠠᠭᠠᠯᠠᠭ᠍ᠰᠠᠨ ᠪᠠᠯᠠᠷᠠᠰᠢ ᠦᠭᠡᠢ ᠭᠠᠪᠢᠶ᠎ᠠ ᠵᠢᠳᠬᠦᠯ᠎ᠳᠦ ᠰᠡᠳᠭᠢᠯ ᠬᠦᠳᠡᠯᠵᠤ ᠶᠠᠪᠤᠨ᠎ᠠ ᠪᠢᠯᠡ᠃
ᠰᠠᠯᠬᠢ ᠪᠣᠷᠣᠭᠠᠨ᠎ᠤ ᠳᠠᠪᠲᠠᠯᠲᠠ᠎ᠵᠢ ᠦᠨᠭᠭᠡᠷᠡᠭᠡᠭᠡᠳ᠂ ᠡᠨᠡ ᠬᠦ᠌ ᠡᠷᠲᠡᠨ᠎ᠦ ᠬᠡᠢᠳ᠎ᠲᠦ ᠯᠡ ᠪᠠᠢᠳᠠᠭ 400 ᠭᠠᠷᠤᠢ ᠵᠢᠯ᠎ᠦᠨ ᠲᠡᠦᠬᠡ ᠰᠣᠶᠣᠯ᠎ᠤᠨ ᠠᠭᠤᠷ ᠠᠮᠢᠰᠭᠤᠯ ᠨᠢ ᠨᠠᠢ᠍ᠮᠠᠨ ᠵᠣᠪᠬᠢᠰ᠎ᠤᠨ ᠵᠢᠭᠤᠯᠴᠢᠯᠠᠭᠰᠠᠳ᠎ᠦᠨ ᠠᠩᠬᠠᠷᠤᠯ᠎ᠢ ᠲᠠᠲᠠᠪᠠ᠃ ᠡᠨᠡ ᠬᠦ᠌ ᠣᠯᠠᠨ ᠦᠨᠳᠦᠰᠦᠲᠡᠨ ᠬᠠᠮᠲᠤ᠎ᠪᠠᠷ ᠴᠡᠴᠡᠭ᠌ᠯᠡᠨ ᠬᠥᠭ᠌ᠵᠢᠬᠦ᠌ ᠪᠠ ᠠᠮᠤᠷ ᠵᠢᠮᠦᠷ ᠠᠵᠤ ᠲᠦᠷᠦᠭᠦ᠌᠂ ᠣᠯᠠᠨ ᠵᠢᠯ ᠡᠩᠬᠡ ᠲᠠᠢᠪᠤᠩ ᠠᠮᠤᠷ ᠲᠣᠭ᠍ᠲᠠᠭᠤᠨ ᠪᠠᠢᠬᠤ ᠰᠠᠢᠨ ᠰᠠᠢᠬᠠᠨ ᠵᠢᠷᠤᠬᠯᠠᠯ ᠨᠢ ᠬᠥᠮᠦᠰ᠎ᠦᠨ ᠰᠡᠳᠭᠢᠯ᠎ᠢ ᠶᠠᠭᠠᠬᠢᠬᠤ ᠵᠢᠨ ᠠᠷᠭ᠎ᠠ ᠦᠭᠡᠢ ᠳᠣᠭ᠍ᠳᠣᠯᠤᠭᠤᠯᠤᠨ᠎ᠠ᠃
ᠣᠳᠣᠬᠠᠨ᠎ᠳᠤ᠂ ᠮᠠᠢᠳᠠᠷ ᠵᠣᠣ᠎ᠨᠢ ᠴᠢᠬᠤᠯᠠ ᠲᠡᠦᠬᠡ ᠰᠣᠶᠣᠯ᠎ᠤᠨ ᠦᠯᠡᠳᠡᠭ᠌ᠳᠡᠯ ᠪᠣᠯᠬᠤ᠎ᠪᠠᠷ ᠪᠠᠷᠠᠬᠤ ᠥᠬᠡᠶ᠂ ᠪᠠᠰᠠ ᠡᠨᠳᠡ ᠠᠬᠠᠮᠠᠳ ᠨᠢᠭᠡ ᠦᠶ᠎ᠡ᠎ᠶ᠋ᠢᠨ ᠦᠭᠡᠢᠭᠦᠦ ᠠᠩᠭᠢ᠎ᠶ᠋ᠢᠨ ᠬᠤᠪᠢᠰᠭᠠᠯᠴᠢ ᠤᠯᠠᠭᠠᠨᠬᠦᠦ᠂ ᠸᠠᠩ ᠷᠦᠸᠧ ᠹᠸᠢ ᠵᠡᠷᠭᠡ ᠬᠥᠮᠦᠰ᠎ᠦᠨ ᠡᠷᠲᠡ ᠦᠶ᠎ᠡ᠎ᠶ᠋ᠢᠨ ᠬᠤᠪᠢᠰᠭᠠᠯᠲᠤ ᠠᠵᠢᠯᠯᠠᠭ᠎ᠠ ᠬᠢᠵᠦ᠍ ᠪᠠᠢᠭ᠍ᠰᠠᠨ ᠭᠠᠵᠠᠷ ᠪᠣᠯᠬᠣᠷ ᠥᠪᠥᠷ ᠮᠣᠩᠭᠣᠯ᠎ᠤᠨ ᠬᠤᠪᠢᠰᠭᠠᠯ᠎ᠤᠨ ᠲᠤᠷᠠᠰᠬᠠᠯᠳᠤ ᠵᠢᠭᠤᠯᠴᠢᠯᠠᠯ᠎ᠤᠨ ᠵᠠᠮ ᠱᠤᠭᠤᠮ᠎ᠤᠨ ᠴᠢᠬᠤᠯᠠ ᠦᠵᠡᠮᠵᠢ᠎ᠶ᠋ᠢᠨ ᠭᠠᠵᠠᠷ ᠪᠣᠯᠤᠭ᠍ᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃