ᠰᠣᠶᠣᠯ ᠤᠷᠠᠯᠢᠭ > ᠨᠠᠰᠤᠲᠠᠢᠴᠤᠳ᠎ᠤ᠋ᠨ ᠪᠠᠶᠠᠷ

2023-10-16 19:20:00

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠡᠷᠡᠭᠦᠯ ᠴᠢᠭᠢᠷᠠᠭ ᠵᠣᠯ ᠵᠢᠷᠭᠠᠯ ᠪᠣᠯ ᠬᠥᠮᠦᠰ᠎ᠦᠨ ᠠᠮᠢᠳᠤᠷᠠᠯ᠎ᠳᠤᠬᠠᠮᠤᠭ᠎ᠤᠨ ᠳᠥᠭᠥᠮ ᠮᠥᠷᠲᠡᠭᠡᠨ ᠬᠠᠮᠤᠭ᠎ᠤᠨ ᠰᠠᠢᠨ ᠰᠠᠢᠬᠠᠨ ᠬᠠᠷᠠᠯᠲᠠ᠎ᠶ᠋ᠢᠨ ᠨᠢᠭᠡ᠃ ᠡᠷᠡᠭᠦᠯ ᠴᠢᠭᠢᠷᠠᠭ ᠵᠣᠯᠵᠢᠷᠭᠠᠯ᠎ᠲᠠᠶ ᠨᠢᠭᠡ ᠨᠠᠰᠤ᠎ᠶ᠋ᠢ ᠥᠩᠭᠡᠷᠡᠭᠡᠬᠦ᠌᠎ᠳᠦ᠂ ᠶᠠᠮᠠᠷ ᠡᠯᠧᠮᠧᠨ᠋ᠲ ᠨᠢ ᠨᠠᠩ ᠴᠢᠬᠤᠯᠠ ᠪᠤᠢ? ᠲᠦᠷᠦᠭᠦᠬᠡᠨ᠂ ᠳᠤᠮᠳᠠᠳᠤ ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠥᠪ᠎ᠦᠨᠠᠯᠪᠠᠨ ᠰᠦᠯᠵᠢᠶ᠎ᠡ ᠨᠢ ᠡᠷᠬᠡ ᠰᠦᠷᠲᠦ ᠡᠷᠳᠡᠮ ᠱᠢᠨᠵᠢᠯᠡᠭᠡᠨ᠎ᠦ ᠬᠤᠭᠤᠴᠠᠭᠠᠲᠤ ᠰᠡᠳᠬᠦᠯ《ᠪᠠᠢᠭᠠᠯᠢ》ᠰᠡᠳᠬᠦᠯ᠎ᠳᠦ ᠱᠢᠯᠵᠢᠭᠦᠯᠦᠨ ᠨᠡᠢᠲᠡᠯᠡᠭ᠌ᠰᠡᠨᠨᠢᠭᠡᠨ ᠰᠤᠳᠤᠯᠭᠠᠨ᠎ᠤ ᠰᠠᠨᠠᠭᠤᠯᠤᠮᠵᠢ᠎ᠶ᠋ᠢ ᠨᠡᠢᠲᠡᠯᠡᠪᠡ᠂ ᠬᠥᠮᠦᠨ ᠥᠲᠡᠯᠪᠡᠯ ᠳᠤᠷ᠎ᠠ ᠪᠠᠬ᠎ᠠ᠎ᠲᠠᠶ ᠪᠠᠢᠬᠤᠬᠡᠷᠡᠭ᠌ᠲᠡᠶ᠂ ᠵᠥᠪᠬᠡᠨ ᠨᠢᠭᠡ ᠯᠡ ᠪᠠᠢᠬᠰᠠᠨ᠎ᠴᠦ ᠪᠤᠯᠤᠨ᠎ᠠ᠃ ᠤᠴᠢᠷ ᠨᠢ ᠳᠤᠷ᠎ᠠ ᠪᠠᠬ᠎ᠠ᠎ᠲᠠᠶ ᠨᠠᠰᠤᠲᠠᠨ ᠠᠮᠠᠷᠬᠠᠨᠭᠠᠩᠰᠠᠷᠠᠬᠤ ᠦᠭᠡᠢ᠂ ᠨᠠᠩ ᠡᠷᠡᠭᠦᠯ ᠴᠢᠭᠢᠷᠠᠭ ᠤᠷᠲᠤ ᠨᠠᠰᠤᠯᠠᠨ᠎ᠠ᠃

ᠲᠣᠰ ᠰᠤᠳᠤᠯᠭᠠᠨ᠎ᠢ ᠡᠷᠳᠡᠮ ᠱᠢᠨᠵᠢᠯᠡᠭᠡᠨ᠎ᠦ ᠬᠤᠭᠤᠴᠠᠭᠠᠲᠤᠰᠡᠳᠬᠦᠯ 《ᠪᠠᠢᠭᠠᠯᠢ·ᠠᠨᠠᠭᠠᠬᠤ ᠤᠬᠠᠭᠠᠨ》 ᠳᠡᠭᠡᠷ᠎ᠡ ᠨᠡᠢᠲᠡᠯᠡᠪᠡ᠃ᠰᠤᠳᠤᠯᠤᠭ᠍ᠴᠢᠳ 16 ᠤᠯᠤᠰ᠎ᠤᠨ 9 ᠲᠦᠮᠡ ᠭᠠᠷᠤᠶ ᠨᠠᠰᠤᠲᠠᠢᠴᠤᠳ᠎ᠤᠨ ᠲᠣᠭ᠎ᠠ ᠪᠠᠷᠢᠮᠲᠠ᠎ᠳᠤ ᠵᠠᠳᠠᠯᠤᠯᠲᠠ ᠬᠢᠵᠦ᠍᠂ᠬᠥᠮᠦᠰ ᠨᠠᠰᠤ ᠠᠭᠢᠭ᠍ᠰᠠᠨ ᠴᠤ᠌ ᠠᠵᠢᠯ᠎ᠤᠨ ᠴᠢᠯᠥᠭᠡᠨ᠎ᠦ ᠳᠤᠷ᠎ᠠ ᠰᠣᠨᠢᠷᠬᠠᠯ᠎ᠲᠠᠶ ᠪᠠᠢᠬᠤ᠎ᠶ᠋ᠢᠨ ᠴᠢᠬᠤᠯᠠ ᠴᠢᠨᠠᠷ᠎ᠢᠵᠢᠭᠠᠵᠤ ᠭᠠᠷᠭᠠᠪᠠ᠃ ᠵᠠᠳᠠᠯᠤᠯᠲᠠ᠎ᠶ᠋ᠢᠨ ᠦᠷ᠎ᠡ ᠳ᠋ᠦᠩ᠎ᠳᠦ ᠢᠯᠡᠷᠡᠭᠦᠯᠦᠭ᠌ᠰᠡᠨ᠎ᠢᠶᠡᠷ᠂ ᠳᠤᠷ᠎ᠠ ᠰᠣᠨᠢᠷᠬᠠᠯᠨᠢ ᠨᠡᠯᠢᠶᠡᠳ ᠪᠠᠭ᠎ᠠ ᠭᠠᠩᠰᠠᠷᠠᠬᠤ ᠡᠪᠡᠳᠴᠢᠨ᠎ᠦ ᠢᠯᠡᠷᠡᠯ᠂ ᠨᠠᠩ ᠥᠨᠳᠥᠷ ᠬᠢᠷᠢ ᠲᠦᠪᠱᠢᠨ ᠪᠥᠬᠥᠶ ᠥᠪᠡᠷ᠎ᠦᠨᠪᠡᠶ᠎ᠡ᠎ᠶ᠋ᠢᠨ ᠡᠷᠡᠭᠦᠯ ᠮᠡᠨᠳᠦ᠂ ᠵᠣᠯ ᠵᠢᠷᠭᠠᠯᠲᠤ ᠰᠡᠳᠭᠢᠯᠭᠡ ᠪᠠ ᠠᠮᠢᠳᠤᠷᠠᠯ᠎ᠤᠨ ᠬᠠᠨᠤᠮᠵᠢ᠎ᠶ᠋ᠢᠨ ᠬᠡᠮᠵᠢᠶ᠎ᠡ᠎ᠲᠡᠶᠬᠣᠯᠪᠣᠭ᠎ᠠ᠎ᠲᠠᠶ᠃ ᠬᠣᠷᠸ᠎ᠠ ᠲᠠᠯ᠎ᠠ᠎ᠠᠴᠠ ᠠᠪᠴᠤ᠌ ᠬᠡᠯᠡᠪᠡᠯ᠂ ᠳᠤᠷ᠎ᠠ ᠰᠣᠨᠢᠷᠬᠠᠯ᠎ᠤᠨ ᠲᠦᠭᠡᠮᠡᠯ ᠴᠢᠨᠠᠷ ᠨᠢᠪᠠᠰᠠ ᠠᠷᠠᠳ ᠢᠷᠭᠡᠳ᠎ᠦᠨ ᠵᠣᠯ ᠵᠢᠷᠭᠠᠯ᠎ᠤᠨ ᠬᠢᠷᠢ ᠲᠦᠪᠱᠢᠨ ᠪᠠ ᠵᠢᠱ᠌ᠢᠭ᠌ᠰᠡᠨ ᠨᠠᠰᠤᠨ ᠬᠤᠲᠤᠭ᠎ᠲᠠᠶ ᠬᠣᠯᠪᠣᠭ᠎ᠠ᠎ᠲᠠᠶᠶᠤᠮ᠃

ᠰᠤᠳᠤᠯᠭᠠᠲᠠᠳ᠎ᠤᠨ ᠰᠠᠨᠠᠭᠤᠯᠤᠭ᠍ᠰᠠᠨ᠎ᠢᠶᠠᠷ᠂ ᠡᠨᠳᠡ ᠬᠡᠯᠡᠵᠦ᠍ᠪᠠᠢᠭ᠎ᠠ 《ᠳᠤᠷ᠎ᠠ ᠪᠠᠬ᠎ᠠ》 ᠭᠡᠳᠡᠭ ᠨᠢ ᠬᠥᠮᠦᠰ᠎ᠦᠨ ᠰᠤᠯᠠᠰᠡᠯᠡᠭᠦᠦ ᠴᠠᠭ᠎ᠲᠠᠭᠠᠨ ᠬᠢᠬᠦ᠌ ᠵᠤᠭ᠎ᠠ ᠴᠡᠩᠭᠡᠯ᠎ᠦᠨ ᠠᠵᠢᠯᠯᠠᠭ᠎ᠠ᠂ ᠵᠢᠱ᠌ᠢᠶᠡᠯᠡᠪᠡᠯ ᠤᠷᠠᠯᠢᠭ ᠤᠷᠤᠯᠳᠤᠬᠤ᠂ᠭᠠᠷ ᠤᠷᠠᠯᠠᠯ ᠬᠢᠬᠦ᠌᠂ ᠨᠣᠮ ᠤᠩᠱᠢᠬᠤ᠂ ᠲᠣᠭ᠍ᠯᠠᠭᠠᠮ ᠨᠠᠭᠠᠳᠭᠤ᠂ ᠬᠥᠳᠡᠯᠭᠡᠭᠡᠨ ᠬᠢᠬᠦ᠌᠂ ᠴᠡᠴᠡᠷᠯᠢᠭ᠎ᠦᠨ ᠤᠷᠠᠯᠢᠭᠬᠢᠬᠦ᠌᠂ ᠰᠠᠢᠨ ᠳᠤᠷ᠎ᠠ᠎ᠶ᠋ᠢᠨ ᠦᠶ᠋ᠯᠡᠴᠢᠯᠡᠭᠡ ᠬᠢᠬᠦ᠌᠂ ᠡᠯ᠎ᠡ ᠵᠦᠶ᠋ᠯ᠎ᠦᠨ ᠨᠡᠢᠭᠡᠮᠯᠢᠭ / ᠺᠯᠦᠪ᠎ᠲᠦᠤᠷᠤᠯᠴᠠᠬᠤ ᠵᠡᠷᠭᠡ ᠠᠵᠢᠯᠯᠠᠭ᠎ᠠ ᠪᠣᠯᠤᠨ᠎ᠠ᠃ ᠡᠳᠡᠭᠡᠷ ᠠᠵᠢᠯᠯᠠᠭᠠᠨ ᠨᠢ᠂ ᠬᠥᠮᠦᠰ᠎ᠤᠨ ᠲᠥᠰᠦᠭᠡᠯᠡᠬᠦᠢ ᠴᠢᠳᠠᠪᠤᠷᠢᠪᠠ ᠡᠭᠦᠳᠦᠨ ᠪᠦᠲᠦᠭᠡᠬᠦ᠌ ᠴᠢᠳᠠᠪᠤᠷᠢ᠎ᠶᠢ ᠬᠥᠭ᠌ᠵᠢᠭᠡᠵᠦ᠍᠂ᠰᠡᠷᠡᠯ᠎ᠦᠨ ᠡᠷᠬᠡᠲᠡᠨ ᠪᠠ ᠲᠠᠨᠢᠨ ᠮᠡᠳᠡᠬᠦᠢ᠎ᠳᠦ ᠰᠡᠳᠡᠯᠲᠡ ᠥᠭ᠌ᠴᠦ᠂ ᠬᠤᠪᠢ ᠬᠥᠮᠦᠨ᠎ᠦ ᠥᠪᠡᠷ᠎ᠢ᠎ᠪᠡᠨ ᠢᠯᠡᠳᠭᠡᠬᠦ᠌᠎ᠶ᠋ᠢᠠᠬᠢᠭᠤᠯᠳᠠᠭ᠃ ᠨᠡᠢᠭᠡᠮ᠎ᠦᠨ ᠬᠠᠷᠢᠯᠴᠠᠭᠠᠨ᠎ᠤ ᠱᠢᠨᠵᠢ ᠴᠢᠨᠠᠷ᠎ᠲᠠᠶ ᠠᠵᠢᠯᠯᠠᠭ᠎ᠠ᠎ᠳᠤ ᠣᠷᠣᠯᠴᠠᠬᠤ ᠨᠢ ᠪᠠᠰᠠᠨᠡᠢᠭᠡᠮ᠎ᠦᠨ ᠳᠡᠮᠵᠢᠯᠭᠡ᠎ᠶ᠋ᠢ ᠬᠠᠩᠭᠠᠵᠤ᠂ ᠭᠠᠭ᠍ᠴᠠᠭᠠᠷᠳᠠᠬᠤ ᠰᠡᠳᠭᠢᠯᠭᠡ ᠪᠠ ᠨᠡᠢᠭᠡᠮ᠎ᠦᠨ ᠭᠠᠭ᠍ᠴᠠᠭᠠᠷᠳᠠᠬᠤᠰᠡᠳᠭᠢᠯᠭᠡ᠎ᠶ᠋ᠢ ᠪᠠᠭᠠᠰᠭᠠᠵᠤ ᠴᠢᠳᠠᠨ᠎ᠠ᠃

ᠲᠣᠰ ᠰᠤᠳᠤᠯᠭᠠᠨ᠎ᠤ ᠲᠣᠭ᠎ᠠ ᠪᠠᠷᠢᠮᠲᠠ᠎ᠨᠢ 5 ᠲᠣᠮᠣ ᠬᠡᠯᠪᠡᠷᠢ᠎ᠶ᠋ᠢᠨᠡᠩᠨᠡᠭᠡ᠎ᠶ᠋ᠢᠨ ᠰᠤᠳᠤᠯᠭᠠᠨ᠂ ᠠᠨᠭ᠌ᠭ᠌ᠯᠢ᠎ᠶ᠋ᠢᠨ ᠨᠠᠰᠤᠵᠢᠯᠲᠠ᠎ᠶ᠋ᠢᠨ ᠭᠤᠯᠳᠤ ᠴᠢᠭ᠌ᠯᠡᠯ᠎ᠦᠨ ᠰᠤᠳᠤᠯᠭᠠᠨ(ELSA)᠂ ᠶᠠᠫᠣᠨ᠎ᠤᠨᠠᠰᠤᠲᠠᠢᠴᠤᠳ᠎ᠤᠨ ᠰᠤᠳᠤᠯᠤᠯ᠎ᠤᠨ ᠦᠨᠡᠯᠡᠨ ᠵᠢᠱ᠌ᠢᠬᠦ᠌ ᠰᠤᠳᠤᠯᠭᠠᠨ(JAGES)᠂ ᠠᠮᠧᠷᠢᠺᠠ᠎ᠶ᠋ᠢᠨᠡᠷᠡᠭᠦᠯ ᠮᠡᠨᠳᠦ ᠬᠢᠭᠡᠳ ᠠᠵᠢᠯ᠎ᠠᠴᠠ᠎ᠪᠠᠨ ᠠᠮᠠᠷᠠᠬᠤ ᠭᠤᠯᠳᠤ ᠴᠢᠭ᠌ᠯᠡᠯ᠎ᠦᠨ ᠰᠤᠳᠤᠯᠭᠠᠨ (HRS)᠂ ᠧᠦ᠋ᠷᠣᠫᠠᠲᠢᠪ᠎ᠦᠨ ᠡᠷᠡᠭᠦᠯ ᠮᠡᠨᠳᠦ᠍᠎ᠶ᠋ᠢᠨ ᠨᠠᠰᠤᠵᠢᠯᠲᠠ ᠪᠠ ᠠᠵᠢᠯ᠎ᠠᠴᠠ᠎ᠪᠠᠨ ᠠᠮᠠᠷᠠᠬᠤ ᠪᠠᠢᠴᠠᠭᠠᠯᠲᠠ (SHARE) ᠪᠠᠳᠤᠮᠳᠠᠳᠤ ᠤᠯᠤᠰ᠎ᠤᠨ ᠡᠷᠡᠭᠦᠯ ᠮᠡᠨᠳᠦ ᠬᠢᠭᠡᠳ ᠨᠠᠰᠤᠵᠢᠯ᠎ᠤᠨ ᠠᠰᠠᠷᠠᠮᠵᠢ᠎ᠶ᠋ᠢᠨ ᠮᠥᠷᠳᠡᠨ ᠪᠠᠢᠴᠠᠭᠠᠯᠲᠠ(CHARLS)ᠵᠡᠷᠭᠡ᠎ᠡᠴᠡᠢᠷᠡᠯᠲᠡ᠎ᠲᠡᠶ ᠪᠠᠢᠵᠤ᠂ ᠳᠤᠮᠳᠠᠳᠤ ᠤᠯᠤᠰ᠂ ᠠᠮᠧᠷᠢᠺᠠ᠂ ᠠᠨᠭ᠌ᠭ᠌ᠯᠢ᠂ ᠶᠠᠫᠣᠨ᠂ ᠳ᠋ᠠᠨ᠋ᠮᠠᠷᠺ᠂ ᠭᠸᠷᠮᠠᠨ᠂ ᠰᠸᠢᠰ᠂ᠢᠰᠫᠠᠨᠢ ᠵᠡᠷᠭᠡ 16 ᠤᠯᠤᠰ᠎ᠤᠨ ᠣᠷᠣᠯᠴᠠᠭ᠍ᠴᠢ᠂ ᠠᠳᠠᠯᠢ ᠪᠤᠰᠤ ᠤᠯᠤᠰ᠎ᠤᠨ ᠣᠷᠣᠯᠴᠠᠭ᠍ᠴᠢ᠎ᠶ᠋ᠢᠨ ᠳᠤᠮᠳᠠᠴᠢ ᠨᠠᠰᠤ71.7 — 75.9 ᠵᠢ ᠪᠠᠭ᠍ᠲᠠᠭᠠᠨ᠎ᠠ᠃

ᠶᠡᠷᠦᠩᠬᠡᠶ᠎ᠳᠦᠨᠢ ᠠᠪᠴᠤ᠌ ᠬᠡᠯᠡᠪᠡᠯ᠂ ᠤᠷᠮ᠎ᠠ ᠪᠠᠬ᠎ᠠ ᠪᠠᠭᠠᠩᠰᠠᠷᠠᠯ᠎ᠤᠨ ᠢᠯᠡᠷᠡᠯ᠎ᠲᠡᠶ ᠪᠠᠢᠬᠤ᠎ᠨᠢ ᠰᠥᠭᠡᠷᠭᠦ᠌ ᠢᠯᠡᠷᠡᠯ᠎ᠲᠡᠶ ᠬᠣᠯᠪᠣᠭ᠎ᠠ᠎ᠲᠠᠶ᠂ ᠥᠪᠡᠷ᠎ᠵᠢᠨᠨ ᠮᠡᠳᠡᠭᠦᠯᠬᠦ᠌ᠡᠷᠡᠭᠦᠯ ᠮᠡᠨᠳᠦ᠍᠎ᠶ᠋ᠢᠨ ᠬᠢᠷᠢ ᠲᠦᠪᠱᠢᠨ᠂ ᠵᠣᠯ ᠵᠢᠷᠭᠠᠯᠲᠤ ᠲᠥᠷᠥᠭ᠌ᠳᠡᠯ ᠪᠠ ᠠᠮᠢᠳᠤᠷᠠᠯ᠎ᠤᠨ ᠬᠠᠨᠤᠮᠵᠢ᠎ᠶ᠋ᠢᠨᠬᠡᠮᠵᠢᠶ᠎ᠡ᠎ᠲᠡᠶ ᠱᠢᠭᠤᠳ ᠬᠣᠯᠪᠣᠭ᠎ᠠ᠎ᠲᠠᠶ ᠶᠤᠮ᠃ ᠬᠣᠷᠸ᠎ᠠ ᠳᠠᠪᠬᠤᠷᠭ᠎ᠠ᠎ᠶ᠋ᠢᠨ ᠵᠠᠳᠠᠯᠤᠯᠲᠠ᠎ᠠᠴᠠ ᠦᠵᠡᠪᠡᠯ᠂ᠳᠤᠷ᠎ᠠ ᠪᠠᠬ᠎ᠠ ᠲᠠᠶ ᠬᠥᠮᠦᠰ᠎ᠦᠨ ᠬᠠᠷᠢᠴᠠᠯ ᠨᠢ ᠳᠡᠯᠡᠬᠡᠶ᠎ᠶ᠋ᠢᠨ ᠵᠣᠯ ᠵᠢᠷᠭᠠᠯ᠎ᠤᠨ ᠵᠢᠭᠠᠯᠲᠠ ᠲᠣᠭ᠎ᠠ᠎ᠤᠨᠬᠤᠪᠢ᠂ GDP ᠪᠠᠷ ᠬᠡᠮᠵᠢᠬᠦ ᠤᠯᠤᠰ᠎ᠤᠨ ᠡᠳ᠋ ᠪᠠᠶᠠᠯᠢᠭ ᠪᠠ ᠠᠷᠠᠳ ᠲᠦᠮᠡᠨ᠎ᠦᠵᠢᠱ᠌ᠢᠭ᠌ᠰᠡᠨ ᠨᠠᠰᠤᠨ ᠬᠤᠲᠤᠭ ᠨᠢ ᠡᠶᠡᠷᠭᠦ᠌ ᠬᠣᠯᠪᠣᠭ᠎ᠠ᠎ᠲᠠᠶ ᠪᠠᠢᠵᠤ᠂ ᠺᠢᠨ᠋ᠨᠢ ᠵᠢᠨ ᠵᠢᠭᠠᠯᠲᠠ ᠲᠣᠭ᠎ᠠ᠎ᠲᠠᠶᠰᠥᠭᠡᠷᠭᠦ᠌ ᠬᠤᠯᠪᠤᠭ᠎ᠠ᠎ᠲᠠᠶ ᠪᠠᠢᠳᠠᠭ᠃

( ᠢᠷᠡᠯᠲᠡ ᠄ ᠲᠥᠪ ᠷᠠᠳᠢᠣ᠋᠎ᠶ᠋ᠢᠨ ᠰᠦᠯᠵᠢᠶ᠎ᠡ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面