2024-08-30 16:28:30
ᠲᠤᠬᠠᠢ᠎ᠶᠢᠨ ᠭᠠᠵᠠᠷ᠎ᠤᠨ ᠴᠠᠭ᠎ᠢᠶᠠᠷ8 ᠰᠠᠷ᠎ᠠ᠎ᠶᠢᠨ 29᠎ᠦ ᠡᠳᠦᠷ᠂ ᠫᠠᠷᠢᠰ᠎ᠤᠨ ᠵᠡᠮᠳᠡᠭᠴᠦᠳ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠠᠩᠬᠠᠨᠤᠤᠷᠤᠯᠳᠤᠭᠠᠨᠤ ᠡᠳᠦᠷ᠂ ᠲᠠᠯᠠᠪᠤᠷ᠎ᠤᠨ ᠳᠤᠭᠤᠢ ᠲᠡᠷᠭᠡᠨ᠎ᠦ ᠡᠷᠡᠭᠲᠡᠢ᠎ᠶᠢᠨ C1 ᠲᠠᠰ᠎ᠤᠨ3000 ᠮᠧᠲᠷ᠎ᠦᠨ ᠬᠤᠪᠢ ᠬᠥᠮᠥᠨ᠎ᠦ ᠤᠷᠤᠯᠳᠤᠭᠠᠨ᠎ᠤ ᠬᠢᠷᠢ ᠬᠡᠮ᠎ᠦᠨ ᠤᠷᠤᠯᠳᠤᠭᠠᠨ᠎ᠳᠤ ᠯᠢ ᠵᠠᠩ ᠢᠤᠢ ᠲᠣᠰᠲᠥᠷᠥᠯᠦᠨ ᠳᠡᠯᠡᠬᠡᠢ᠎ᠶᠢᠨ ᠲᠡᠮᠳᠡᠭᠯᠡᠯ᠎ᠢ ᠰᠢᠨᠡᠳᠬᠡᠵᠤ᠂ ᠰᠢᠢᠳᠪᠦᠷᠢᠲᠦ ᠤᠷᠤᠯᠳᠤᠭᠠᠨ᠎ᠳᠤ ᠠᠯᠲᠠᠨ ᠮᠧᠳᠠᠯᠭᠠᠷᠳᠠᠵᠠᠢ᠃ ᠡᠨᠡ ᠨᠢ ᠮᠥᠨ ᠴᠦ᠍ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠲᠥᠯᠥᠭᠡᠯᠡᠭᠴᠢᠳ᠎ᠦᠨ ᠪᠦᠯᠬᠦᠮᠦᠨᠲᠣᠰ ᠬᠤᠭᠤᠴᠠᠭᠠᠨ᠎ᠤ ᠵᠡᠮᠳᠡᠭᠴᠦᠳ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ ᠳᠡᠭᠡᠷ᠎ᠡ ᠣᠯᠣᠭᠰᠠᠨ ᠠᠩᠬᠠᠨᠤᠠᠯᠲᠠᠨ ᠮᠧᠳᠠᠯ ᠪᠣᠯᠣᠨ᠎ᠠ᠃ ᠳᠤᠮᠳᠠᠳᠤ ᠤᠯᠤᠰ᠎ᠤᠨ ᠠᠩᠭᠢ᠎ᠶᠢᠨ ᠨᠥᠬᠥᠭᠡ ᠨᠢᠭᠡ ᠲᠠᠮᠢᠷᠴᠢᠨ ᠯᠢᠶᠠᠩ ᠸᠧᠢ ᠼᠦᠩᠮᠥᠩᠭᠥᠨ ᠮᠧᠳᠠᠯ ᠣᠯᠪᠠ᠃

36 ᠨᠠᠰᠤᠲᠠᠢ ᠯᠢ ᠵᠠᠩ ᠢᠤᠢᠵᠡᠮᠳᠡᠭᠴᠤᠳᠦᠨ ᠳᠤᠭᠤᠢ ᠲᠡᠷᠭᠡᠨ᠎ᠦ ᠲᠥᠷᠥᠯ ᠵᠦᠢᠯ᠎ᠳᠦ ᠣᠯᠠᠨ ᠵᠢᠯ ᠲᠡᠮᠡᠴᠡᠵᠡᠢ᠃ 2012 ᠣᠨ᠎ᠤ ᠯᠤᠨᠲᠤᠨᠤᠵᠡᠮᠳᠡᠭᠴᠦᠳᠦᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠲᠡᠷᠡ ᠠᠩᠬ᠎ᠠ ᠤᠳᠠᠭ᠎ᠠ ᠵᠡᠮᠳᠡᠭᠴᠦᠳ᠎ᠦᠨ ᠣᠯᠢᠮᠫᠢᠺᠤᠨᠲᠠᠮᠢᠷᠤᠨ ᠴᠤᠭᠯᠠᠭᠠᠨ᠎ᠤ ᠮᠠᠩᠯᠠᠢ ᠪᠣᠯᠬᠤ ᠬᠦᠰᠡᠯ᠎ᠢᠶᠡᠨ ᠪᠡᠶᠡᠯᠡᠭᠦᠯᠵᠡᠢ᠃ ᠵᠠᠯᠭᠠᠭᠠᠳ ᠷᠢᠦ᠋ ᠳᠢ ᠿᠸᠨ᠋ᠸᠢᠢᠷᠦ᠋ᠡᠴᠡ ᠲᠣᠣᠺᠢᠤ᠋ ᠬᠦᠷᠲᠡᠯ᠎ᠡ᠂ ᠳᠠᠬᠢᠨ ᠫᠠᠷᠢᠰ ᠬᠦᠷᠲᠡᠯ᠎ᠡ᠂ ᠬᠤᠭᠤᠴᠠᠭ᠎ᠠ ᠪᠦᠷᠢ᠎ᠶᠢᠨ ᠵᠡᠮᠳᠡᠭᠴᠦᠳ᠎ᠦᠨ ᠣᠯᠢᠮᠫᠢᠺᠤᠨᠲᠠᠮᠢᠷᠤᠨ ᠴᠤᠭᠯᠠᠭᠠᠨ᠎ᠳᠤ ᠴᠥᠮ ᠠᠯᠲᠠᠨ ᠮᠧᠳᠠᠯ ᠣᠯᠣᠭᠰᠠᠨ ᠪᠠᠢᠨ᠎ᠠ᠃ ᠲᠠᠨᠢᠯᠴᠠᠭᠤᠯᠤᠭᠰᠠᠨ᠎ᠢᠶᠠᠷ᠂ ᠯᠢ ᠵᠠᠩᠢᠤᠢ ᠵᠢᠨ ᠣᠯᠣᠭᠰᠠᠨ ᠡᠯ᠎ᠡ ᠲᠥᠷᠥᠯ᠎ᠦᠨ ᠣᠯᠠᠨ ᠤᠯᠤᠰ᠎ᠤᠨ ᠤᠷᠤᠯᠳᠤᠭᠠᠨ᠎ᠤ ᠱᠠᠩᠨᠠᠯ᠎ᠤᠨ ᠮᠧᠳᠠᠯ ᠨᠢᠭᠡᠨᠲᠡ50 ᠭᠠᠷᠤᠢ ᠪᠣᠯᠵᠠᠢ᠃

ᠢᠷᠡᠯᠲᠡ ᠄ ᠠᠷᠠᠳᠤᠨᠡᠳᠦᠷᠤᠨ ᠰᠤᠨᠢᠨ᠎ᠤ ᠰᠢᠯᠵᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃