ᠫᠠᠷᠢᠰ᠎ᠤ᠋ᠨ ᠣᠯᠧᠮᠫᠢᠺ᠎ᠦ᠋ᠨ ᠲᠠᠮᠢᠷ᠎ᠤ᠋ᠨ ᠴᠤᠭᠯᠠᠭᠠᠨ > ᠮᠡᠳᠡᠭᠡᠯᠡᠯ

2024-07-28 17:28:11

ᠵᠣᠬᠢᠶᠠᠭ᠍ᠴᠢ᠄ ​ᠯᠢᠨ ᠳ᠋ᠸ ᠷᠧᠨ ᠸᠠᠩ ᠮᠸᠩ ᠣᠩᠱᠢᠭ᠍ᠰᠠᠨ ᠣᠳᠠᠭ᠎ᠠ᠄ 3

27 ᠤ᠋ ᠡᠳᠦᠷ ᠶᠠᠪᠤᠭ᠍ᠳᠠᠭ᠍ᠰᠠᠨ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠫᠤᠤᠳᠠᠯᠭ᠎ᠠ᠎ᠶ᠋ᠢᠨ 10 ᠮᠧᠲ᠋ᠷ᠎ᠦᠨ ᠬᠡᠢᠲᠦ ᠶᠠᠪᠠᠭᠠᠨ ᠫᠤᠤ᠎ᠶ᠋ᠢᠨ ᠬᠣᠯᠢᠮᠠᠭ ᠨᠢᠭᠡᠴᠢ ᠵᠢᠨ ᠲᠥᠷᠥᠯ ᠵᠦᠶ᠋ᠯ ᠳ᠋ᠤ᠂ ᠳᠤᠮᠳᠠᠳᠤ ᠤᠯᠤᠰ᠎ᠤᠨ ᠲᠠᠮᠢᠷᠴᠢᠨ ᠤ᠋ ᠳᠤᠭᠤᠢᠯᠠᠩ ᠬᠤᠸᠠᠩ ᠢᠦᠶ ᠲᠢᠩ \\ ᠱᠧᠩ ᠯᠢ ᠬᠤᠤ 16᠄ 12 ᠵᠢᠡᠷ ᠺᠣᠷᠢᠶᠠ᠎ᠶ᠋ᠢᠨ ᠠᠩᠭᠢ᠎ᠶ᠋ᠢᠨ ᠵᠢᠨ ᡁᠢ ᠱᠢᠶᠠᠨ \\ ᠫᠢᠶᠣᠣ ᠱᠢ᠎ᠵᠢᠶᠦ᠋ᠨ ᠢ᠋ ᠢᠯᠠᠵᠤ᠂ ᠲᠣᠰ ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠩᠬᠠᠳᠠᠭ᠍ᠴᠢ ᠠᠯᠲᠠᠨ ᠮᠧᠳᠠᠯ᠎ᠢ ᠲᠤᠰᠴᠤ᠌᠂ ᠳᠤᠮᠳᠠᠳᠤ ᠤᠯᠤᠰ᠎ᠤᠨ ᠫᠤᠤᠳᠠᠯᠭ᠎ᠠ᠎ᠶ᠋ᠢᠨ ᠠᠩᠭᠢ᠎ᠶ᠋ᠢᠨ 40 ᠵᠢᠯ᠎ᠦᠨ ᠲᠤᠷᠱᠢᠬᠢ 《ᠠᠩᠬᠠᠳᠠᠬᠴᠢ ᠠᠯᠲᠠᠨ ᠮᠧᠳᠠᠯ᠎ᠢ ᠰᠢᠬᠦᠷᠬᠦ ᠤᠯᠠᠮᠵᠢᠯᠠᠯ》 ᠢ᠋ ᠳᠠᠬᠢᠨᠲᠠ ᠪᠠᠳᠠᠷᠠᠭᠤᠯᠪᠠ᠃


QQ截图20240728173227.png


7 ᠰᠠᠷ᠎ᠠ ᠶ᠋ᠢᠨ 27 ᠤ᠋ ᠡᠳᠦᠷ᠂ ᠤᠯᠢᠮᠫᠢᠺ ᠎ᠤᠨ ᠮᠠᠩᠯᠠᠶ ᠰᠢᠬᠦᠷᠦᠭᠰᠡᠨᠳᠤᠮᠳᠠᠳᠤ ᠤᠯᠤᠰ ᠎ᠤᠨ ᠳᠠᠮᠢᠷᠴᠢᠨᠬᠤᠸᠠᠩᠢᠦᠶ ᠲᠢᠩ (ᠵᠡᠭᠦᠨᠳᠡᠬᠢ) \\ ᠱᠧᠩᠯᠢᠬᠤᠤ ᠱᠠᠩᠨᠠᠯ ᠣᠯᠭᠣᠬᠤ ᠶᠣᠰᠣᠯᠠᠯ ᠳᠡᠭᠡᠷ᠎ᠡ ᠪᠠᠢᠭ᠎ᠠ ᠨᠢ᠃

ᠱᠢᠨᠬᠤᠸᠠ ᠬᠣᠷᠢᠶᠠᠨ ᠎ᠤ ᠰᠤᠷᠪᠤᠯᠵᠢᠯᠠᠭ᠍ᠴᠢ ᠵᠢᠤᠢ ᠬᠤᠸᠠᠨ ᠽᠦᠩ ᠰᠡᠭᠦᠳᠡᠷᠯᠡᠪᠡ


ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠡᠴᠡ ᠡᠮᠦᠨ᠎ᠡ᠂ ᠬᠤᠸᠠᠩ ᠢᠦᠢ ᠲᠢᠩ ᠪᠣᠯᠤᠨ ᠱᠧᠩ ᠯᠢ ᠬᠤᠤ᠎ᠶ᠋ᠢᠨ ᠳᠤᠭᠤᠢᠯᠠᠩ ᠨᠢ ᠡᠯ᠎ᠡ ᠵᠦᠢᠯ᠎ᠦᠨ ᠤᠷᠤᠯᠳᠤᠭᠠᠨ᠎ᠳᠤ ᠬᠠᠨᠳᠤᠭ᠍ᠰᠠᠨ ᠵᠦᠭ᠎ᠲᠦ ᠳᠠᠢᠰᠤᠨ ᠦᠭᠡᠢ ᠪᠠᠢᠪᠠ᠃ ᠲᠡᠳᠡ ᠬᠣᠶᠠᠭᠤᠯᠠ 2023 ᠣᠨ᠎ᠤ ᠫᠤᠤᠳᠠᠯᠭ᠎ᠠ ᠵᠢᠨ ᠳᠡᠯᠡᠬᠡᠶ᠎ᠶ᠋ᠢᠨ ᠮᠠᠩᠯᠠᠶ ᠱᠢᠯᠭᠠᠷᠠᠭᠤᠯᠬᠤ ᠤᠷᠤᠯᠳᠤᠭᠠᠨ᠎ᠤ ᠠᠯᠲᠠᠨ ᠮᠧᠳᠠᠯ᠎ᠢ ᠣᠯᠵᠤ᠂ ᠬᠠᠩᠵᠧᠦ᠍᠎ᠶ᠋ᠢᠨ ᠠᠽᠢᠶ᠎ᠠ ᠲᠢᠪ᠎ᠦᠨ ᠲᠠᠮᠢᠷ᠎ᠤᠨ ᠴᠤᠭ᠍ᠯᠠᠭᠠᠨ ᠳᠡᠭᠡᠷ᠎ᠡ ᠠᠮᠵᠢᠯᠲᠠ᠎ᠲᠠᠶ᠎ᠪᠠᠷ ᠮᠠᠩᠯᠠᠢᠯᠠᠪᠠ᠃ 2024 ᠣᠨ᠎ᠤ ᠬᠣᠶᠠᠷ ᠥᠷᠲᠡᠭᠡᠨ᠎ᠦ ᠫᠤᠤᠳᠠᠯᠭ᠎ᠠ᠎ᠶ᠋ᠢᠨ ᠳᠡᠯᠡᠬᠡᠶ᠎ᠶ᠋ᠢᠨ ᠬᠤᠨᠳᠠᠭᠠᠲᠤ ᠤᠷᠤᠯᠳᠤᠭᠠᠨ᠎ᠤ ᠬᠤᠪᠢᠶᠠᠷᠢ ᠥᠷᠲᠡᠭᠡᠨ᠎ᠦ ᠤᠷᠤᠯᠳᠤᠭᠠᠨ᠎ᠳᠤ ᠲᠡᠳᠡ ᠪᠠᠰᠠ ᠡᠯ᠎ᠡ ᠵᠠᠮ᠎ᠤᠨ ᠰᠠᠢᠨ ᠫᠤᠤᠳᠠᠬᠴᠢ ᠵᠢ ᠵᠠᠯᠭᠠᠭ᠎ᠠ᠎ᠪᠠᠷ ᠢᠯᠠᠵᠤ᠂ ᠲᠤᠰ ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠤᠰ ᠵᠦᠢᠯ᠎ᠦᠨ ᠬᠠᠮᠤᠭ᠎ᠤᠨ ᠶᠡᠬᠡ ᠮᠠᠩᠯᠠᠢᠯᠠᠬᠤ ᠬᠠᠯᠠᠮᠱᠢᠯ ᠪᠣᠯᠤᠭ᠍ᠰᠠᠨ ᠪᠠᠢᠨ᠎ᠠ᠃

ᠤᠷᠤᠯᠳᠤᠭᠠᠨ ᠱᠠᠲ᠋ᠦᠸᠧᠯᠦ᠍ ᠬᠠᠷᠪᠤᠯᠲᠠ᠎ᠶᠢᠨ ᠲᠥᠪ᠎ᠲᠦ᠍ ᠶᠠᠪᠤᠭ᠍ᠳᠠᠵᠤ᠂ ᠬᠢᠷᠢ ᠭᠡᠮ᠎ᠦ᠋ᠨ ᠤᠷᠤᠯᠳᠤᠭᠠᠨ ᠦᠳᠡ᠎ᠶᠢᠨ ᠡᠮᠦᠨᠡᠬᠢ 9 ᠴᠠᠭ᠎ᠠ᠋ᠴᠠ ᠡᠬᠢᠯᠡᠪᠡ᠃ ᠲᠣᠰ ᠲᠣᠰ 30 ᠫᠤᠤ᠎ᠬᠠᠷᠪᠤᠭᠰᠠᠨ᠎ᠤ ᠳᠠᠷᠠᠭ᠎ᠠ᠂ ᠬᠤᠸᠠᠩ ᠢᠦᠶ ᠲᠢᠩ ᠪᠣᠯᠤᠨ ᠱᠧᠩ ᠯᠢ ᠬᠤᠤ 632.2 ᠴᠠᠭᠠᠷᠢᠭ᠎ᠤᠨ ᠶᠡᠷᠦᠩᠬᠡᠢ ᠬᠢᠷᠢ ᠪᠦᠲᠦᠮᠵᠢ ᠣᠯᠵᠤ ᠂ ᠨᠢᠭᠡᠳᠦᠭᠡᠷ᠎ᠲᠤ ᠵᠢᠭ᠍ᠰᠠᠭᠠᠭ᠍ᠳᠠᠵᠤ᠂ ᠠᠯᠲᠠᠨ ᠮᠧᠳᠠᠯ᠎ᠤᠨ ᠤᠷᠤᠯᠳᠤᠭᠠᠨ᠎ᠳᠤ ᠤᠷᠤᠭ᠍ᠰᠢᠲᠠᠶ ᠣᠷᠣᠪᠠ᠃

ᠠᠯᠲᠠᠨ ᠮᠧᠳᠠᠯ᠎ᠤ᠋ᠨ ᠤᠷᠤᠯᠳᠤᠭᠠᠨ᠎ᠳ᠋ᠤ ᠬᠤᠸᠠᠩ ᠢᠦᠢ ᠲᠢᠩ \\ ᠱᠧᠩ ᠯᠢ ᠬᠣᠣ ᠡᠬᠢᠯᠡᠬᠡᠳ ᠤᠷᠤᠭᠰᠢ ᠦᠭᠡᠢ ᠪᠠᠢᠵᠤ᠂ ᠨᠢᠭᠡᠳᠦᠭᠡᠷ ᠡᠭᠡᠯᠵᠢ᠎ᠳᠤ 0᠄ 2 ᠎ᠢ᠋ᠢᠡᠷ ᠢᠯᠠᠭᠳᠠᠪᠠ᠃ ᠰᠠᠨᠠᠭᠠᠴᠢᠯᠠᠭᠠᠲᠦ ᠪᠤᠰᠤ ᠪᠠᠢᠳᠠᠯ ᠳᠣᠣᠷ᠎ᠠ ᠳᠤᠮᠳᠠᠳᠤ ᠤᠯᠤᠰ᠎ᠤ᠋ᠨ ᠲᠠᠮᠢᠷᠴᠢᠨ ᠲᠦᠷᠭᠡᠨ ᠵᠢᠡᠷ ᠲᠣᠬᠢᠷᠠᠭᠤᠯᠤᠯᠲᠠ ᠬᠢᠵᠦ᠍᠂ ᠭᠤᠷᠪᠠᠨ ᠡᠭᠡᠯᠵᠢ ᠳᠠᠷᠠᠭᠠᠯᠠᠨ 6᠄ 2 ᠎ᠢ᠋ᠢᠡᠷ ᠭᠡᠳᠡᠷᠭᠦ᠎ᠪᠠᠨ ᠳᠠᠪᠠᠵᠤ ᠭᠠᠷᠪᠠ᠃ ᠵᠠᠯᠠᠭᠠᠭᠠᠤᠨ ᠶᠡᠷᠦᠩᠬᠡᠢᠯᠡᠭ᠌ᠰᠡᠨ ᠪᠣᠳᠠᠲᠤ ᠬᠦᠴᠦᠨ᠎ᠢᠶᠠᠷ ᠦᠷᠢᠰᠦᠯᠳᠦᠭᠴᠢ ᠡᠲᠡᠭᠡᠳ᠎ᠡᠴᠡ᠎ᠪᠠᠨ ᠴᠢᠩᠭ᠎ᠠ ᠳᠤᠮᠳᠠᠳᠤ ᠤᠯᠤᠰ᠎ᠤᠨ ᠲᠠᠮᠢᠷᠴᠢᠨ᠎ᠤ ᠳᠤᠭᠤᠢᠯᠠᠩ ᠲᠣᠭ᠍ᠲᠠᠭᠤᠨ᠎ᠢᠶᠠᠷ ᠤᠷᠤᠭᠰᠢᠯᠠᠵᠤ᠂ ᠦᠷᠭᠦᠯᠵᠢᠯᠡᠨ ᠴᠢᠷᠮᠠᠢᠵᠤ ᠡᠵᠡᠯᠡᠬᠦ᠌ ᠬᠤᠪᠢ᠎ᠪᠠᠨ 14᠄ 8 ᠪᠣᠯᠭᠠᠨ ᠥᠷᠭᠡᠳᠭᠡᠵᠦ᠍᠂ ᠤᠷᠢᠳ᠎ᠢᠶᠡᠷ ᠤᠷᠤᠯᠳᠤᠭᠠᠨ᠎ᠤ ᠢᠯᠠᠯᠲᠠ᠎ᠶᠢᠨ ᠴᠡᠭ᠎ᠲᠤ ᠬᠦᠷᠪᠡ᠃ ᠮᠤᠬᠤᠷᠳᠠᠯᠲᠦ ᠠᠬᠤᠢ ᠪᠠᠢᠳᠠᠯ᠎ᠤᠨ ᠡᠮᠦᠨ᠎ᠡ᠂ᠺᠣᠷᠢᠶᠠ᠎ᠶᠢᠨ ᠲᠠᠮᠢᠷᠴᠢᠨ᠎ᠤ ᠳᠤᠭᠤᠢᠯᠠᠩ ᠬᠠᠲᠠᠭᠤ ᠰᠢᠷᠭᠠᠭᠤ ᠨᠠᠮᠵᠢᠭᠤᠨ ᠲᠠᠢᠪᠤᠭᠤ ᠪᠠᠢᠵᠤ᠂ ᠦᠷᠭᠦᠯᠵᠢᠯᠡᠨ ᠴᠢᠷᠮᠠᠢᠵᠤ 12᠄ 14 ᠪᠣᠯᠪᠠ᠃ ᠵᠠᠩᠭᠢᠯᠠᠭ᠎ᠠ᠎ᠶ᠋ᠢᠨ ᠦᠶ᠎ᠡ᠎ᠳᠤ᠂ ᠳᠤᠮᠳᠠᠳᠤ ᠤᠯᠤᠰ᠎ᠤᠨ ᠲᠠᠮᠢᠷᠴᠢᠨ᠎ᠤ ᠳᠤᠭᠤᠢᠯᠠᠩ ᠳᠠᠬᠢᠨ ᠵᠥᠭᠡᠯᠡᠨ᠎ᠢᠶᠡᠷ ᠬᠠᠨᠳᠤᠨ ᠨᠠᠢᠷ ᠲᠠᠯᠪᠢᠭᠰᠠᠨ ᠦᠭᠡᠢ᠂ 21.5 ᠴᠠᠭᠠᠷᠢᠭ ᠫᠤᠤᠳᠠᠵᠦ᠂ ᠦᠷᠢᠰᠦᠯᠳᠦᠭᠴᠢ ᠡᠲᠡᠭᠡᠳ᠎ᠦᠨ᠎ᠢᠶᠡᠨ 21.1 ᠴᠠᠭᠠᠷᠢᠭ᠎ᠤᠨ ᠬᠢᠷᠢ ᠪᠦᠲᠦᠮᠵᠢ᠎ᠵᠢ᠎ᠬᠦᠴᠦᠲᠡᠢ ᠳᠠᠷᠤᠵᠤ᠂ ᠤᠷᠤᠯᠳᠤᠭᠠᠨ᠎ᠤ ᠬᠣᠪᠢ᠎ᠵᠢ 16᠄ 12 ᠪᠣᠯᠭᠠᠵᠠᠢ᠃

ᠬᠤᠪᠢ ᠬᠥᠮᠦᠨ᠎ᠦ᠌ ᠠᠩᠬᠠᠨ᠎ᠤ᠋ ᠣᠯᠢᠮᠫᠢᠺ᠎ᠤ᠋ᠨ ᠲᠠᠮᠢᠷ᠎ᠤ᠋ᠨ ᠴᠤᠭ᠍ᠯᠠᠭᠠᠨ᠎ᠤ᠋ ᠠᠯᠲᠠᠨ ᠮᠧᠳᠠᠯ᠎ᠢ᠋ ᠣᠯᠤᠭ᠍ᠰᠠᠨ᠎ᠤ᠋ ᠳᠠᠷᠠᠭ᠎ᠠ᠂ ᠤᠳᠠᠯ ᠦᠭᠡᠢ 18 ᠨᠠᠰᠤᠨ᠎ᠤ᠋ ᠲᠥᠷᠥᠭ᠌ᠰᠡᠨ ᠡᠳᠦᠷ᠎ᠤᠨ ᠪᠠᠶᠠᠷ᠎ᠢᠶᠡᠨ ᠤᠭ᠍ᠲᠤᠬᠤ ᠭᠡᠵᠦ᠍ ᠪᠠᠢᠭ᠎ᠠ ᠬᠤᠸᠠᠩ ᠢᠦᠢ ᠲᠢᠩ ᠄ 《 ᠡᠨᠡ ᠱᠠᠩᠨᠠᠯ᠎ᠤ᠋ᠨ ᠮᠧᠳᠠᠯ ᠪᠣᠯ ᠮᠢᠨᠦ᠍ ᠮᠠᠰᠢ ᠤᠷᠲᠤ ᠬᠤᠭᠤᠴᠠᠭ᠎ᠠ ᠤᠷᠤᠯᠳᠤᠭᠠᠨ᠎ᠳᠤ ᠪᠡᠯᠡᠳᠭᠡᠭᠰᠡᠨ ᠠᠮᠢᠳᠤᠷᠠᠯ᠎ᠤ᠋ᠨ ᠨᠢᠭᠡ ᠦᠷ᠎ᠡ ᠳ᠋ᠦᠩ ᠮᠥᠨ᠂ ᠶᠠᠷᠢᠶᠠᠨ ᠦᠭᠡᠢ ᠪᠠᠰᠠ ᠨᠢᠭᠡᠨ ᠰᠢᠨ᠎ᠡ ᠭᠠᠷᠤᠭ᠎ᠠ ᠪᠣᠯᠤᠨ᠎ᠠ᠃ ᠤᠳᠠᠯ ᠦᠭᠡᠢ 18 ᠨᠠᠰᠤ ᠬᠦᠷᠬᠦ ᠭᠡᠵᠦ ᠪᠤᠢ᠂ ᠥᠪᠡᠷ᠎ᠢ᠎ᠪᠠᠨ ᠮᠥᠨ ᠯᠡ ᠤᠭ ᠰᠠᠨᠠᠭ᠎ᠠ᠎ᠪᠠᠨ ᠦᠯᠦ᠍ ᠮᠠᠷᠲᠠᠵᠤ᠂ ᠥᠪᠡᠷ᠎ᠤᠨ ᠶᠠᠪᠤᠳᠠᠯ᠎ᠢᠶᠠᠨ ᠯᠠᠪᠳᠠᠭᠤᠨ ᠪᠠᠲᠤᠳᠠᠢ ᠰᠠᠢᠲᠤᠷ ᠬᠢᠵᠦ᠍᠂ ᠡᠳᠦᠷ ᠪᠦᠷᠢ᠎ᠶ᠋ᠢᠨ ᠪᠣᠯᠪᠠᠰᠤᠷᠠᠯ᠎ᠢᠶᠠᠨ ᠰᠠᠢᠲᠤᠷ ᠪᠡᠶᠡᠯᠡᠭᠦᠯᠬᠦ᠌᠎ᠶ᠋ᠢ ᠬᠦᠰᠡᠵᠦ᠍ ᠪᠠᠢᠨ᠎ᠠ》 ᠭᠡᠵᠦ᠍ ᠢᠯᠡᠳᠭᠡᠪᠡ᠃

ᠱᠧᠩ ᠯᠢ ᠬᠤᠤ ᠪᠣᠯ ᠬᠣᠶᠠᠳᠠᠬᠢ ᠤᠳᠠᠭ᠎ᠠ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠣᠷᠣᠯᠴᠠᠵᠤ ᠪᠠᠢᠭ᠎ᠠ ᠶᠤᠮ᠃ ᠲᠣᠣᠺᠢᠣ᠋᠎ᠶ᠋ᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ᠂ ᠲᠡᠷᠡ ᠡᠷᠡᠭ᠌ᠲᠡᠶ᠎ᠶ᠋ᠢᠨ 10 ᠮᠧᠲ᠋ᠷ᠎ᠦᠨ ᠬᠡᠢᠲᠦ ᠶᠠᠪᠠᠭᠠᠨ ᠫᠤᠤ᠎ᠶ᠋ᠢᠨ ᠬᠤᠪᠢ ᠬᠥᠮᠦᠨ᠎ᠦ ᠤᠷᠤᠯᠳᠤᠭᠠᠨ᠎ᠤ ᠵᠦᠢᠯ᠎ᠦᠨ ᠮᠥᠩᠭᠥᠨ ᠮᠧᠳᠠᠯ᠎ᠢ ᠣᠯᠵᠤ᠂ 16 ᠨᠠᠰᠤᠲᠠᠶ ᠳ᠋ᠠᠭᠠᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠫᠤᠤᠳᠠᠯᠭ᠎ᠠ᠎ᠶ᠋ᠢᠨ ᠵᠦᠢᠯ᠎ᠦᠨ ᠲᠡᠦᠬᠡᠨ ᠳᠡᠭᠡᠷᠡᠬᠢ ᠬᠠᠮᠤᠭ᠎ᠤᠨ ᠵᠠᠯᠠᠭᠤ ᠱᠠᠩᠨᠠᠯ᠎ᠤᠨ ᠮᠧᠳᠠᠯ ᠬᠦᠷᠲᠡᠭ᠌ᠴᠢ ᠪᠣᠯᠤᠭ᠍ᠰᠠᠨ ᠪᠠᠢᠨ᠎ᠠ᠃ ᠣᠳᠣ ᠲᠡᠷᠡ ᠫᠠᠷᠢᠰ᠎ᠲᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠩᠬᠠᠨ᠎ᠤ ᠠᠯᠲᠠᠨ ᠮᠧᠳᠠᠯ᠎ᠢ ᠣᠯᠪᠠ᠃

40 ᠵᠢᠯ᠎ᠦᠨ ᠡᠮᠦᠨ᠎ᠡ᠂ ᠯᠤᠰ ᠠᠩᠵᠸᠯᠸᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ᠂ ᠡᠷᠡᠭ᠌ᠲᠡᠢ ᠭᠠᠷ ᠫᠤᠤ᠎ᠶ᠋ᠢᠨ ᠲᠠᠮᠢᠷᠴᠢᠨ ᠱᠢᠤᠢ ᠬᠠᠢ ᠹᠸᠩ ᠳᠤᠮᠳᠠᠳᠤ ᠤᠯᠤᠰ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠠᠯᠲᠠᠨ ᠮᠧᠳᠠᠯ ᠤᠯᠤᠭᠠᠳᠤᠢ ᠪᠠᠢᠭ᠍ᠰᠠᠨ ᠲᠡᠦᠬᠡ᠎ᠶ᠋ᠢ ᠡᠴᠦᠰᠯᠡᠭᠦᠯᠪᠡ᠃ ᠡᠭᠦᠨ᠎ᠡᠴᠡ ᠰᠡᠭᠦᠯᠡᠷ᠂ ᠡᠮᠡᠭ᠌ᠲᠡᠶ ᠶᠠᠪᠠᠭᠠᠨ ᠫᠤᠤ᠎ᠶ᠋ᠢᠨ ᠲᠠᠮᠢᠷᠴᠢᠨ ᠳ᠋ᠦ᠋ ᠯᠢ᠂ ᠢ ᠰᠧ ᠯᠢᠩ ᠪᠣᠯᠤᠨ ᠶᠠᠩ ᠴᠢᠶᠠᠨ ᠤᠷᠢᠳ ᠬᠣᠵᠢᠳ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠩᠬᠠᠨ᠎ᠤ ᠠᠯᠲᠠᠨ ᠮᠧᠳᠠᠯ᠎ᠢ ᠣᠯᠵᠤ ᠥᠩᠭᠡᠷᠡᠵᠡᠶ᠃

ᠫᠤᠤᠳᠠᠯᠭ᠎ᠠ᠎ᠶ᠋ᠢᠨ ᠠᠩᠭᠢ᠎ᠶ᠋ᠢᠨ 《ᠠᠩᠬᠠᠳᠠᠬᠴᠢ ᠠᠯᠲᠠᠨ ᠮᠧᠳᠠᠯ᠎ᠢ ᠰᠢᠬᠦᠷᠬᠦ ᠤᠯᠠᠮᠵᠢᠯᠠᠯ》 ᠎ᠤ᠋ᠨ ᠲᠤᠬᠠᠢ᠂ ᠤᠯᠤᠰ᠎ᠤᠨ ᠪᠡᠶ᠎ᠡ᠎ᠶ᠋ᠢᠨ ᠲᠠᠮᠢᠷ᠎ᠤᠨ ᠬᠦᠳᠡᠯᠬᠡᠬᠡᠨ ᠤ᠋ ᠶᠡᠷᠦᠩᠬᠡᠶ ᠲᠣᠪᠴᠢᠶ᠎ᠠ᠎ᠶ᠋ᠢᠨ ᠫᠤᠤᠳᠠᠯᠭ᠎ᠠ ᠰᠤᠷ ᠬᠠᠷᠪᠤᠯᠳᠠ ᠵᠢᠨ ᠬᠥᠳᠡᠯᠭᠡᠭᠡᠨ᠎ᠦ ᠬᠠᠮᠢᠶᠠᠷᠤᠯᠲᠠ᠎ᠶ᠋ᠢᠨ ᠲᠥᠪ᠎ᠦᠨ ᠳᠡᠳ᠋ ᠡᠷᠬᠢᠯᠡᠭ᠌ᠴᠢ ᠸᠠᠩ ᠯᠢᠶᠠᠨ᠄ 《ᠪᠢᠳᠡ ᠣᠳᠣ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠯᠲᠠᠨ ᠮᠧᠳᠠᠯ᠎ᠤᠨ ᠲᠤᠬᠠᠢ ᠲᠥᠷᠥᠭ᠌ᠳᠡᠯ ᠬᠡᠳᠦᠨ ᠠᠷᠪᠠᠨ ᠵᠢᠯ᠎ᠦᠨ ᠡᠮᠦᠨᠡᠬᠢ᠎ᠲᠡᠶ ᠠᠳᠠᠯᠢ ᠦᠭᠡᠢ ᠪᠣᠯᠵᠠᠶ᠂ ᠡᠨᠡ ᠪᠣᠯ ᠮᠠᠨ᠎ᠤ ᠤᠯᠤᠰ᠎ᠤᠨ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ ᠮᠥᠨ᠃ ᠳᠤᠮᠳᠠᠳᠤ ᠤᠯᠤᠰ᠎ᠤᠨ ᠫᠤᠤᠳᠠᠯᠭ᠎ᠠ᠎ᠶ᠋ᠢᠨ ᠲᠠᠮᠢᠷᠴᠢᠳ ᠤ᠋ᠨ ᠥᠨᠥᠳᠦᠷ᠎ᠦᠨ ᠱᠢᠭ ᠡᠢᠮᠦ᠍ ᠢᠲᠡᠭᠡᠯ ᠵᠣᠷᠢᠭ ᠪᠠ ᠠᠭᠤᠳᠠᠮ ᠪᠠᠭ᠍ᠲᠠᠭᠠᠮᠵᠢ ᠵᠢ ᠮᠥᠨ ᠴᠦ᠍ ᠱᠢᠨ᠎ᠡ ᠴᠠᠭ ᠦᠶ᠎ᠡ᠎ᠡᠴᠡ ᠲᠡᠳᠡᠨ᠎ᠳᠦ ᠤᠯᠭᠤᠬᠰᠠᠨ ᠶᠤᠮ》 ᠬᠡᠵᠤ ᠢᠯᠡᠳᠬᠡᠪᠡ᠃

ᠲᠤᠰ ᠲᠠᠯᠠᠪᠤᠷ᠎ᠤᠨ ᠤᠷᠤᠯᠳᠤᠭᠠᠨ ᠳᠠᠭᠤᠰᠤᠭ᠍ᠰᠠᠨ᠎ᠤ ᠳᠠᠷᠠᠭ᠎ᠠ᠂ ᠬᠤᠸᠠᠩ ᠢᠦᠶ ᠲᠢᠩ ᠪᠣᠯᠤᠨ ᠱᠧᠩ ᠯᠢ ᠬᠤᠤ ᠪᠠᠰᠠ ᠬᠤᠪᠢ ᠬᠥᠮᠦᠨ᠎ᠦ ᠤᠷᠤᠯᠳᠤᠭᠠᠨ᠎ᠤ ᠲᠦᠷᠦᠯ᠎ᠳᠦ ᠣᠷᠣᠯᠴᠠᠬᠤ ᠪᠣᠯᠤᠨ᠎ᠠ᠃


(ᠱᠢᠨᠬᠤᠸᠠ ᠬᠣᠷᠢᠶᠠᠨ᠎ᠤ ᠫᠠᠷᠢᠰ᠎ᠤᠨ 7 ᠰᠠᠷ᠎ᠠ᠎ᠶ᠋ᠢᠨ 27 ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面