2024-07-31 17:36:31
ᠪᠡᠭᠡᠵᠢᠩ᠎ᠦᠨ ᠴᠠᠭ᠎ᠢᠶᠠᠷ 7 ᠰᠠᠷ᠎ᠠ᠎ᠶᠢᠨ 30᠎ᠤ ᠡᠳᠦᠷ᠎ᠦᠨ 19 ᠴᠠᠭ 30 ᠮᠢᠨᠦ᠋ᠲ᠎ᠲᠦ᠍ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠤᠮᠪᠠᠯᠲᠠ᠎ᠶᠢᠨ ᠲᠦᠷᠦᠯ᠎ᠦᠨ ᠳᠥᠷᠪᠡᠳᠦᠭᠡᠷ ᠡᠳᠦᠷᠦᠨᠥᠷᠢᠰᠦᠯᠳᠦᠭᠡᠨᠳᠦ ᠥᠪᠥᠷ ᠮᠣᠩᠭᠣᠯ᠎ᠤᠨ ᠲᠠᠮᠢᠷᠴᠢᠨ ᠨᠢᠦ ᠭᠤᠸᠠᠩ ᠱᠧᠩ ᠠᠩᠭᠢ᠎ᠶᠢᠨ ᠨᠥᠬᠥᠳ ᠲᠠᠢ ᠪᠡᠨ ᠳᠤᠮᠳᠠᠳᠤᠤᠯᠤᠰ᠎ᠤᠨ ᠠᠩᠭᠢ᠎ᠶᠢ ᠲᠥᠯᠥᠭᠡᠯᠡᠨ ᠡᠷᠡᠭᠲᠡᠢ᠎ᠶᠢᠨ 4×200 ᠮᠧᠲᠷ᠎ᠦᠨ ᠴᠢᠯᠦᠭᠡᠲᠦ ᠤᠮᠪᠠᠯᠲᠠ᠎ᠶᠢᠨ ᠪᠡᠯᠡᠳᠬᠡᠯᠤᠷᠤᠯᠳᠤᠭᠠᠨᠳᠤ ᠣᠷᠣᠯᠴᠠᠭᠰᠠᠨ ᠪᠥᠭᠡᠳ ᠬᠣᠶᠠᠳᠤᠭᠠᠷ ᠪᠤᠤᠬᠢᠶ᠎ᠠ ᠵᠢ ᠳᠠᠮᠵᠢᠭᠤᠯᠪᠠ᠃ ᠲᠡᠷᠡ ᠲᠤᠰ ᠪᠤᠤᠬᠢᠶᠠᠤᠷᠤᠯᠳᠤᠭᠠᠨᠤ ᠲᠥᠯᠥᠭᠡ ᠡᠭᠦᠨ᠎ᠡᠴᠡ ᠡᠮᠦᠨ᠎ᠡ ᠶᠠᠪᠤᠭᠳᠠᠭᠰᠠᠨ ᠡᠷᠡᠭᠲᠡᠢ ᠶ᠋ᠢᠨ 200 ᠮᠧᠲᠷ᠎ᠦᠨ ᠡᠷᠪᠡᠬᠡᠢᠤᠮᠪᠠᠯᠲᠠᠶᠢᠨ ᠪᠡᠯᠡᠳᠬᠡᠯ ᠤᠷᠤᠯᠳᠤᠭᠠᠨ᠎ᠤ ᠡᠷᠬᠡ ᠪᠠᠨ ᠲᠠᠶᠠᠭᠳᠠᠭᠰᠠᠨ ᠪᠠᠢᠨ᠎ᠠ᠃

ᠳᠤᠮᠳᠠᠳᠤ ᠤᠯᠤᠰ᠎ᠤᠨ ᠠᠩᠭᠢ᠎ᠶᠢᠨ ᠲᠤᠰ ᠤᠳᠠᠭᠠᠨ᠎ᠤ ᠡᠷᠡᠭᠲᠡᠢ᠎ᠶᠢᠨ 4×200ᠮᠧᠲᠷ᠎ᠦᠨ ᠴᠢᠯᠦᠭᠡᠲᠦ ᠤᠮᠪᠠᠯᠲᠠ᠎ᠳᠤ ᠣᠷᠣᠯᠴᠠᠬᠤ ᠡᠩᠨᠡᠭᠡ ᠨᠢᠭᠡᠨᠲᠡ ᠮᠠᠰᠢ ᠪᠣᠯᠪᠠᠰᠤᠷᠠᠩᠭᠤᠢ ᠪᠣᠯᠵᠥ᠂ ᠪᠣᠯᠪᠠᠰᠤᠷᠠᠯᠤᠨᠳᠤᠮᠳᠠ 4 ᠲᠠᠮᠢᠷᠴᠢᠨ ᠲᠠᠯᠠᠪᠤᠷ᠎ᠲᠤ ᠭᠠᠷᠬᠤ ᠳᠡᠰ ᠳᠠᠷᠠᠭ᠎ᠠ ᠪᠠᠨ ᠲᠠᠰᠤᠷᠠᠯᠲᠠ ᠦᠭᠡᠢ ᠰᠣᠯᠢᠵᠤ ᠪᠠᠢᠪᠠ᠃ ᠡᠭᠦᠨᠡᠴᠡᠡᠮᠦᠨᠡᠬᠢ ᠪᠣᠯᠪᠠᠰᠤᠷᠠᠯ᠎ᠳᠤ ᠨᠢᠦ ᠭᠤᠸᠠᠩ ᠱᠧᠩ ᠭᠤᠷᠪᠠᠳᠤᠭᠠᠷ ᠪᠤᠤᠬᠢᠶ᠎ᠠ ᠳ᠋ᠤ ᠣᠯᠠᠨᠲᠠ ᠤᠮᠪᠠᠵᠤ᠂ ᠡᠨᠡ ᠤᠳᠠᠭᠠᠨᠤᠪᠡᠯᠡᠳᠬᠡᠯ ᠤᠷᠤᠯᠳᠤᠭᠠᠨ᠎ᠳᠤ ᠬᠣᠶᠠᠳᠤᠭᠠᠷ ᠪᠤᠤᠬᠢᠶ᠎ᠠ ᠳ᠋ᠤ ᠤᠮᠪᠠᠵᠠᠢ᠃ ᠲᠤᠰ ᠤᠷᠤᠯᠳᠤᠭᠠᠨ ᠳ᠋ᠤ ᠵᠢᠢ ᠰᠢᠨᠵᠢᠶᠧ ᠠᠨᠭᠬᠠᠨ᠎ᠤ ᠪᠤᠤᠬᠢᠶ᠎ᠠ ᠵᠢ ᠳᠠᠮᠵᠢᠭᠤᠯᠵᠤ ᠬᠣᠶᠠᠳᠤᠭᠠᠷ᠎ᠲᠤ ᠤᠷᠤᠪᠠ᠃ ᠳᠠᠷᠠᠭ᠎ᠠ ᠨᠢ ᠨᠢᠦ ᠭᠤᠸᠠᠩ ᠱᠧᠩ ᠪᠤᠤᠬᠢᠶ᠎ᠠ ᠵᠢ ᠳᠠᠮᠵᠢᠭᠤᠯᠵᠤ᠂ ᠳᠠᠪᠠᠭᠤᠯᠢᠭ᠋ ᠲᠠᠯᠠᠪᠠᠨᠬᠠᠳᠠᠭᠠᠯᠠᠵᠤ ᠳᠡᠢᠯᠦᠭᠰᠡᠨ ᠦᠭᠡᠢ ᠵᠢᠷᠭᠤᠳᠤᠭᠠᠷ᠎ᠲᠤ ᠵᠢᠭᠰᠠᠪᠠ᠃ ᠭᠤᠷᠪᠠᠳᠤᠭᠠᠷ ᠪᠤᠤᠬᠢᠶ᠎ᠠ ᠪᠣᠯᠣᠨ ᠳᠥᠷᠪᠡᠳᠦᠭᠡᠷᠪᠤᠤᠬᠢᠶᠠ ᠳ᠋ᠤ ᠹᠧᠢ ᠯᠢ ᠸᠧᠢ᠂ ᠵᠠᠩ ᠵᠠᠨ ᠱᠦᠸᠸ ᠱᠠᠯᠠᠮᠠᠭᠠᠢᠯᠠᠨ ᠨᠡᠬᠡᠵᠦ ᠵᠥᠷᠢᠶ᠎ᠡ᠎ᠪᠡᠨ ᠠᠭᠠᠵᠢᠮᠢᠶᠠᠷᠪᠠᠭᠠᠰᠬᠠᠠ ᠭᠤᠷᠪᠠᠳᠤᠭᠠᠷ᠎ᠲᠤ ᠣᠷᠣᠵᠤ᠂ ᠡᠴᠦᠰ᠎ᠲᠡᠬᠡᠨ ᠳᠤᠮᠳᠠᠳᠤ ᠤᠯᠤᠰ᠎ᠤᠨ ᠠᠩᠭᠢ 7 ᠮᠢᠨᠦ᠋ᠲ 07 ᠰᠧᠺᠦ᠋ᠨ᠋ᠳ᠋72 ᠵᠢᠨ ᠬᠢᠷᠢ ᠪᠦᠲᠦᠮᠵᠢ᠎ᠪᠡᠷ ᠳᠤᠭᠤᠢᠯᠠᠩ᠎ᠳ᠋ᠤ ᠭᠤᠷᠪᠠᠳᠤᠭᠠᠷ᠂ ᠶᠡᠷᠦᠩᠬᠡᠢ ᠵᠢᠭ᠍ᠰᠠᠭᠠᠯᠲᠠ᠎ᠳᠤ ᠵᠢᠷᠭᠤᠳᠤᠭᠠᠷᠲᠤᠤᠷᠤᠭᠰᠠᠨ ᠬᠢᠷᠢ ᠪᠦᠲᠦᠮᠵᠢ ᠪᠡᠷ ᠰᠢᠢᠳᠪᠦᠷᠢᠲᠦ ᠤᠷᠤᠯᠳᠤᠭᠠᠨ᠎ᠳᠤ ᠳᠡᠪᠰᠢᠵᠡᠢ᠃
ᠣᠢᠯᠠᠭᠠᠭᠰᠠᠨ᠎ᠢᠶᠠᠷ ᠨᠢᠦ ᠭᠤᠸᠠᠩ ᠱᠧᠩ 2018 ᠣᠨ᠎ᠳᠤ ᠥᠪᠥᠷ ᠮᠣᠩᠭᠣᠯ᠎ᠤᠨ ᠤᠮᠪᠠᠯᠲᠠᠶᠢᠨᠠᠩᠭᠢ ᠪᠠᠢᠭᠤᠯᠤᠭᠳᠠᠬᠤ ᠦᠶ᠎ᠡ᠎ᠳᠦ ᠰᠣᠩᠭᠣᠭᠳᠠᠵᠦ᠂ 2022 ᠣᠨ᠎ᠳᠤ ᠠᠩᠬ᠎ᠠ ᠤᠳᠠᠭ᠎ᠠ ᠳᠡᠯᠡᠬᠡᠢ᠎ᠶᠢᠨ ᠮᠠᠩᠯᠠᠢᠰᠢᠯᠭᠠᠷᠠᠭᠤᠯᠬᠤ ᠤᠷᠤᠯᠳᠤᠭᠠᠨ᠎ᠳᠤ ᠣᠷᠣᠯᠴᠠᠵᠤ᠂ ᠡᠷᠡᠭᠲᠡᠢ᠎ᠶᠢᠨ 200 ᠮᠧᠲᠷ᠎ᠦᠨ ᠡᠷᠪᠡᠬᠡᠢ ᠤᠮᠪᠠᠯᠲᠠᠶᠢᠨᠤᠷᠤᠯᠳᠤᠭᠠᠨᠳᠤ 1 ᠮᠢᠨᠦ᠋ᠲ 55 ᠰᠧᠺᠦ᠋ᠨ᠋ᠳ᠋ 27 ᠵᠢᠨ ᠬᠤᠪᠢ ᠬᠥᠮᠥᠨ᠎ᠦ ᠬᠠᠮᠤᠭ᠎ᠤᠨ ᠰᠠᠢᠨ ᠬᠢᠷᠢ ᠪᠦᠲᠦᠮᠵᠢ᠎ᠪᠡᠷ10 ᠳ᠋ᠤᠭᠠᠷ᠎ᠲᠤ ᠣᠷᠣᠵᠠᠢ᠃ ᠨᠢᠦ ᠭᠤᠸᠠᠩ ᠱᠧᠩ ᠬᠤᠪᠢ ᠬᠥᠮᠥᠨ᠎ᠦ ᠬᠠᠮᠤᠭ᠎ᠤᠨ ᠰᠠᠢᠨ ᠬᠢᠷᠢ ᠪᠦᠲᠦᠮᠵᠢ᠎ᠪᠡᠨ ᠤᠳᠠᠭᠠᠳᠠᠷᠠᠭᠠᠯᠠᠨ ᠰᠢᠨᠡᠳᠬᠡᠵᠦ᠂ ᠥᠪᠥᠷ ᠮᠣᠩᠭᠣᠯ᠎ᠤᠨ ᠤᠮᠪᠠᠯᠲᠠ᠎ᠶᠢᠨ ᠲᠠᠪᠴᠠᠩ᠎ᠤᠨ ᠰᠢᠨ᠎ᠡ ᠲᠡᠮᠳᠡᠭᠯᠡᠯ᠎ᠢ ᠡᠭᠦᠳᠪᠡ᠃ᠬᠠᠩᠵᠧᠦ᠎ᠶᠢᠨ ᠠᠽᠢᠶ᠎ᠠ ᠲᠢᠪ᠎ᠦᠨ ᠲᠠᠮᠢᠷ᠎ᠤᠨ ᠴᠤᠭᠯᠠᠭᠠᠨ ᠳᠡᠭᠡᠷ᠎ᠡ ᠨᠢᠦ ᠭᠤᠸᠠᠩ ᠱᠧᠩ ᠳᠤᠮᠳᠠᠳᠤ ᠤᠯᠤᠰᠤᠨᠠᠩᠭᠢᠶᠢ ᠲᠥᠯᠥᠭᠡᠯᠡᠨ ᠣᠷᠣᠯᠴᠠᠵᠤ᠂ ᠠᠩᠭᠢ᠎ᠶᠢᠨ ᠨᠠᠢᠵᠠ ᠸᠠᠩ ᠱᠦᠨ᠂ ᠸᠠᠩ ᠬᠤᠤ ᠢᠦᠢ᠂ ᠫᠠᠨ ᠵᠠᠨ ᠯᠸ᠋ ᠲᠠᠢᠡᠷᠡᠭᠲᠡᠢᠶᠢᠨ 4×200ᠮᠧᠲᠷ᠎ᠦᠨ ᠴᠢᠯᠦᠭᠡᠲᠦ ᠤᠮᠪᠠᠯᠲᠠ᠎ᠶᠢᠨ ᠪᠤᠤᠬᠢᠶ᠎ᠠ ᠤᠷᠤᠯᠳᠤᠭᠠᠨ᠎ᠳᠤ 7 ᠮᠢᠨᠦ᠋ᠲ 03 ᠰᠧᠺᠦ᠋ᠨ᠋ᠳ᠋ 40 ᠤᠨᠬᠢᠷᠢ ᠪᠦᠲᠦᠮᠵᠢ᠎ᠪᠡᠷ ᠮᠥᠩᠭᠥᠨ ᠮᠧᠳᠠᠯ ᠣᠯᠪᠠ᠂ ᠡᠨᠡᠬᠦ ᠮᠥᠩᠭᠥᠨ ᠮᠧᠳᠠᠯ ᠪᠣᠯ ᠥᠪᠥᠷ ᠮᠣᠩᠭᠣᠯ᠎ᠤᠨ ᠤᠮᠪᠠᠯᠲᠠᠶᠢᠨᠠᠩᠬᠢ ᠵᠢᠨ ᠳᠡᠯᠡᠬᠡᠢ᠎ᠶᠢᠨ ᠶᠡᠬᠡ ᠤᠷᠤᠯᠳᠤᠭᠠᠨ᠎ᠳᠤ ᠣᠯᠣᠭᠰᠠᠨ ᠬᠠᠮᠤᠭ᠎ᠤᠨ ᠰᠠᠢᠨ ᠬᠢᠷᠢ ᠪᠦᠲᠦᠮᠵᠢ ᠪᠣᠯᠣᠨ᠎ᠠ᠃
ᠢᠷᠡᠯᠳᠡ᠄ ᠳᠠᠯ᠎ᠠ ᠨᠤᠲᠤᠭ᠎ᠤᠨ ᠡᠭᠦᠯᠡ ᠰᠢᠯᠵᠢᠶ᠎ᠠ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃