2024-08-02 11:03:46
ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 27᠎ᠤ ᠡᠳᠦᠷ᠂ 10 ᠮᠧᠲ᠋ᠷ᠎ᠦᠨ ᠬᠡᠢᠲᠦ ᠶᠠᠪᠠᠭᠠᠨ ᠫᠤᠤ᠎ᠶᠢᠨ ᠬᠣᠯᠢᠮᠠᠭ ᠤᠷᠤᠯᠳᠤᠭᠠᠨ᠎ᠳᠤ ᠱᠧᠩ ᠯᠢ ᠬᠤᠤ \\ ᠬᠤᠸᠠᠩ ᠢᠦᠶ ᠲᠢᠩ ᠲᠣᠭᠲᠠᠭᠤᠨ ᠪᠥᠭᠡᠳ ᠭᠣᠢᠳᠠ ᠬᠠᠷᠪᠤᠯᠲᠠ᠎ᠪᠡᠷ ᠮᠠᠨ᠎ᠤ ᠤᠯᠤᠰ᠎ᠤᠨ ᠲᠥᠯᠥᠭᠡᠯᠡᠭᠴᠢᠳ᠎ᠦᠨ ᠪᠦᠯᠬᠦᠮ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠠᠩᠬᠠᠨ᠎ᠤ ᠠᠯᠲᠠᠨ ᠮᠧᠳᠠᠯ᠎ᠢ ᠬᠦᠷᠲᠡᠭᠰᠡᠨ ᠪᠢᠯᠡ᠃


ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 27᠎ᠤ ᠡᠳᠦᠷ᠂ ᠣᠰᠣ ᠬᠠᠷᠠᠢᠯᠲᠠ᠎ᠶᠢᠨ ᠡᠮᠡᠭᠲᠡᠶ᠎ᠶᠢᠨ ᠬᠣᠶᠠᠷ ᠬᠥᠮᠦᠨ᠎ᠦ ᠭᠤᠷᠪᠠᠨ ᠮᠧᠲ᠋ᠷᠦᠨᠬᠠᠪᠲᠠᠰᠤ ᠬᠠᠷᠠᠢᠯᠲᠠ᠎ᠶᠢᠨ ᠰᠢᠢᠳᠪᠦᠷᠢᠲᠦ ᠤᠷᠤᠯᠳᠤᠭᠠᠨ᠎ᠳᠤ ᠮᠠᠨ᠎ᠤ ᠤᠯᠤᠰ᠎ᠤᠨ ᠠᠩᠭᠢ᠎ᠶᠢᠨ ᠴᠧᠨ ᠢ ᠸᠸᠨ᠂ ᠴᠠᠩ ᠶᠠ ᠨᠢ ᠬᠤᠶᠠᠭᠤᠯᠠ ᠮᠠᠨ᠎ᠤ ᠤᠯᠤᠰ᠎ᠤᠨ ᠪᠡᠶ᠎ᠡ᠎ᠶᠢᠨ ᠲᠠᠮᠢᠷᠤᠨᠲᠥᠯᠥᠭᠡᠯᠡᠭᠴᠢᠳᠦᠨ ᠪᠦᠯᠬᠦᠮ᠎ᠦᠨ ᠬᠣᠶᠠᠳᠠᠬᠢ ᠠᠯᠲᠠᠨ ᠮᠧᠳᠠᠯ᠎ᠤᠨ ᠡᠵᠡᠨ ᠪᠤᠯᠤᠭᠰᠠᠨ ᠶᠤᠮ᠃

ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 28᠎ᠤ ᠡᠳᠦᠷ᠂ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠷᠡᠭᠲᠡᠶ᠎ᠶᠢᠨ 10 ᠮᠧᠲ᠋ᠷᠦᠨᠬᠡᠢᠲᠦ ᠭᠠᠷ ᠫᠤᠤ᠎ᠶᠢᠨ ᠰᠢᠢᠳᠪᠦᠷᠢᠲᠦ ᠤᠷᠤᠯᠳᠤᠭᠠᠨ᠎ᠳᠤ ᠮᠠᠨ᠎ᠤ ᠤᠯᠤᠰ᠎ᠤᠨ ᠲᠠᠮᠢᠷᠴᠢᠨ ᠰᠢᠶᠧ ᠢᠦᠶ ᠠᠯᠲᠠᠨ ᠮᠧᠳᠠᠯ ᠣᠯᠵᠤ᠂ ᠮᠠᠨ᠎ᠤ ᠤᠯᠤᠰ᠎ᠤᠨ ᠪᠡᠶ᠎ᠡ᠎ᠶᠢᠨ ᠲᠠᠮᠢᠷᠤᠨᠲᠥᠯᠥᠭᠡᠯᠡᠭᠴᠢᠳᠦᠨ ᠪᠦᠯᠬᠦᠮ᠎ᠳᠦ ᠭᠤᠷᠪᠠᠳᠠᠬᠢ ᠠᠯᠲᠠᠨ ᠮᠧᠳᠠᠯ᠎ᠢ ᠠᠪᠴᠢᠷᠠᠵᠠᠢ᠃

ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 29᠎ᠦ ᠡᠳᠦᠷ᠂ ᠫᠠᠷᠢᠰ᠎ᠤᠨ ᠣᠯᠢᠮᠫᠢᠺ᠎ᠤᠨ ᠳᠠᠮᠢᠷ ᠤ᠋ᠨ ᠴᠤᠭᠯᠠᠭᠠᠨ᠎ᠤ ᠤᠰᠤ ᠬᠠᠷᠠᠢᠯᠲᠠᠶᠢᠨᠤᠷᠤᠯᠳᠤᠭᠠᠨᠳᠤ ᠮᠠᠨ᠎ᠤ ᠤᠯᠤᠰ᠎ᠤᠨ ᠠᠩᠭᠢ᠎ᠶᠢᠨ ᠯᠢᠶᠠᠨ ᠵᠢᠶᠦ᠋ᠨ ᠵᠢᠶᠧ᠂ ᠶᠠᠩ ᠬᠤᠤ ᠬᠤᠶᠠᠭᠤᠯᠠ ᠤᠰᠤᠨ᠎ᠳᠤ ᠬᠠᠷᠠᠢᠬᠤ ᠡᠷᠡᠭᠲᠡᠶᠶᠢᠨᠬᠣᠶᠠᠷ ᠬᠥᠮᠦᠨ᠎ᠦ 10 ᠮᠧᠲ᠋ᠷ᠎ᠦᠨ ᠲᠠᠪᠴᠠᠩ᠎ᠳᠤ ᠮᠠᠩᠯᠠᠢᠯᠠᠪᠠ᠃ ᠡᠨᠡ ᠪᠣᠯ ᠮᠠᠨ᠎ᠤ ᠤᠯᠤᠰ᠎ᠤᠨ ᠪᠡᠶᠡᠶᠢᠨᠲᠠᠮᠢᠷᠤᠨ ᠲᠥᠯᠥᠭᠡᠯᠡᠭᠴᠢᠳ᠎ᠦᠨ ᠪᠦᠯᠬᠦᠮ᠎ᠤᠨ ᠳᠦᠷᠪᠡᠳᠡᠬᠢ ᠠᠯᠲᠠᠨ ᠮᠧᠳᠠᠯ ᠪᠣᠯᠤᠨ᠎ᠠ᠃

ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 29 ᠦ ᠡᠳᠦᠷ᠂ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠷᠡᠭᠲᠡᠶ᠎ᠶᠢᠨ 10 ᠮᠧᠲ᠋ᠷᠦᠨᠬᠡᠢᠲᠦ ᠶᠠᠪᠠᠭᠠᠨ ᠫᠤᠤ᠎ᠶᠢᠨ ᠰᠢᠢᠳᠪᠦᠷᠢᠲᠦ ᠤᠷᠤᠯᠳᠤᠭᠠᠨ᠎ᠳᠤ ᠮᠠᠨ᠎ᠤ ᠤᠯᠤᠰ᠎ᠤᠨ 19 ᠨᠠᠰᠤᠲᠠᠶ ᠲᠠᠮᠢᠷᠴᠢᠨ ᠱᠧᠩ ᠯᠢ ᠬᠤᠤ ᠲᠠᠬᠢᠨᠲᠠ ᠠᠯᠲᠠᠨ ᠮᠧᠳᠠᠯ ᠣᠯᠪᠠ᠃ ᠡᠨᠡ ᠪᠣᠯ ᠲᠤᠰ ᠬᠤᠭᠤᠴᠠᠭᠠᠨᠤᠣᠯᠢᠮᠫᠢᠺᠤᠨ ᠲᠠᠮᠢᠷ᠎ᠤᠨ ᠴᠤᠭᠯᠠᠭᠠᠨ ᠡᠴᠡ ᠣᠯᠤᠭᠰᠠᠨ ᠲᠡᠭᠦᠨ᠎ᠦ ᠬᠣᠶᠠᠳᠡᠬᠢ ᠠᠯᠲᠠᠨ ᠮᠧᠳᠠᠯ᠂ ᠮᠦᠨᠴᠤ ᠮᠠᠨ᠎ᠤ ᠤᠯᠤᠰᠤᠨᠲᠦᠯᠦᠭᠡᠯᠡᠭᠴᠢᠳᠤᠨ ᠪᠦᠯᠬᠦᠮ᠎ᠤᠨ ᠲᠤᠰ ᠬᠤᠭᠤᠴᠠᠭᠠᠨ᠎ᠤ ᠤᠯᠢᠮᠫᠢᠺ ᠡᠴᠡ ᠤᠯᠤᠭᠰᠠᠨ ᠲᠠᠪᠤᠳᠠᠬᠢ ᠠᠯᠲᠠᠨ ᠮᠧᠳᠠᠯ ᠶᠤᠮ᠃

ᠲᠤᠬᠠᠢ᠎ᠶᠢᠨ ᠭᠠᠵᠠᠷ᠎ᠤᠨ ᠴᠠᠭ᠎ᠢᠶᠡᠷ7ᠰᠠᠷ᠎ᠠ᠎ᠶ᠋ᠢᠨ 30 ᠤ᠋ ᠡᠳᠦᠷ᠂ ᠫᠠᠷᠢᠰ᠎ᠤᠨ ᠣᠯᠢᠮᠫᠢᠺᠤᠨᠲᠠᠮᠢᠷᠤᠨ ᠴᠤᠭ᠍ᠯᠠᠭᠠᠨ᠎ᠤ ᠫᠢᠩᠫᠠᠩ ᠪᠥᠮᠪᠥᠭᠡ ᠶ᠋ᠢᠨ ᠡᠷᠡᠭᠲᠡᠢ ᠡᠮᠡᠭᠲᠡᠢ ᠬᠤᠯᠢᠯᠳᠤᠵᠤ ᠬᠤᠤᠰᠯᠠᠨᠴᠤᠬᠢᠬᠤ ᠰᠢᠢᠳᠪᠦᠷᠢᠲᠦ ᠤᠷᠤᠯᠳᠤᠭᠠᠨ᠎ᠳᠤ᠂ ᠳᠤᠮᠳᠠᠳᠤᠤᠯᠤᠰ᠎ᠤᠨ ᠠᠩᠬᠢ ᠵᠢᠨ ᠸᠠᠩ ᠴᠦ ᠴᠢᠨ \\ ᠰᠦᠨ ᠶᠢᠩ ᠱᠠ 4᠄ 2 ᠤ᠋ᠨ ᠬᠢᠷᠢ ᠪᠦᠲᠦᠮᠵᠢ ᠪᠡᠷ ᠰᠣᠯᠣᠩᠭᠣᠰ᠎ᠤᠨ ᠠᠩᠬᠢ ᠵᠢᠨ ᠯᠢ ᠵᠧᠩᡁᠢ \\ ᠵᠢᠨ ᠴᠢᠨ ᠶᠢᠩ᠎ᠢ ᠢᠯᠠᠵᠤ ᠮᠠᠩᠯᠠᠢᠯᠠᠪᠠ᠃ᠡᠨᠡ ᠪᠣᠯ ᠳᠤᠮᠳᠠᠳᠤᠤᠯᠤᠰ᠎ᠤᠨ ᠫᠢᠩᠫᠠᠩ ᠪᠥᠮᠪᠥᠭᠡ ᠶ᠋ᠢᠨ ᠠᠩᠭᠢ᠎ᠶ᠋ᠢᠨ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷᠡᠬᠢ ᠠᠩᠬᠠᠳᠠᠭ᠍ᠴᠢ ᠠᠯᠲᠠᠨ ᠮᠧᠳᠠᠯ ᠪᠤᠯᠤᠨ᠎ᠠ᠂ ᠨᠠᠩ ᠴᠤ᠌ᠮᠠᠨᠤᠤᠯᠤᠰᠤᠨ ᠪᠡᠶ᠎ᠡ᠎ᠶᠢᠨ ᠲᠠᠮᠢᠷ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠦᠷᠲᠡᠭᠰᠡᠨ ᠵᠢᠷᠭᠤᠳᠠᠬᠢ ᠠᠯᠲᠠᠨ ᠮᠧᠲᠠᠯ ᠶᠤᠮ᠃

ᠲᠤᠬᠠᠢ᠎ᠶᠢᠨ ᠭᠠᠵᠠᠷ᠎ᠤᠨ ᠴᠠᠭ᠎ᠢᠶᠡᠷ7ᠰᠠᠷ᠎ᠠ᠎ᠶ᠋ᠢᠨ 31 ᠤ᠋ ᠡᠳᠦᠷ᠂ ᠮᠠᠨ᠎ᠤ ᠤᠯᠤᠰ᠎ᠤᠨ ᠴᠧᠨ ᠢᠤᠢ ᠰᠢ \\ ᠴᠢᠤᠸᠠᠨ ᠬᠤᠩ ᠴᠠᠨ ᠫᠠᠷᠢᠰ᠎ᠤᠨ ᠣᠯᠢᠮᠫᠢᠺ᠎ᠤᠨ ᠲᠠᠮᠢᠷᠤᠨᠴᠤᠭᠯᠠᠭᠠᠨᠳᠤ ᠤᠰᠤᠨ᠎ᠳᠤ ᠬᠠᠷᠠᠢᠬᠤ ᠡᠮᠡᠭᠲᠡᠶ᠎ᠶᠢᠨ ᠬᠣᠣᠰ ᠬᠥᠮᠦᠨ᠎ᠦ 10 ᠮᠧᠲ᠋ᠷ᠎ᠦᠨ ᠰᠢᠢᠳᠪᠦᠷᠢᠲᠦ ᠤᠷᠤᠯᠳᠤᠭᠠᠨᠳᠤᠠᠯᠲᠠᠨ ᠮᠧᠳᠠᠯ ᠣᠯᠪᠠ᠃ ᠡᠨᠡ ᠪᠣᠯ ᠳᠤᠮᠳᠠᠳᠤ ᠤᠯᠤᠰ᠎ᠤᠨ ᠤᠰᠤ ᠬᠠᠷᠠᠢᠯᠲᠠ᠎ᠶᠢᠨ ᠠᠩᠭᠢ᠎ᠶᠢᠨ ᠲᠤᠰ ᠬᠤᠭᠤᠴᠠᠭᠠᠨᠤᠣᠯᠢᠮᠫᠢᠺᠤᠨ ᠲᠠᠮᠢᠷ᠎ᠤᠨ ᠴᠤᠭᠯᠠᠭᠠᠨ ᠳᠡᠭᠡᠷᠡᠬᠢ ᠭᠤᠷᠪᠠᠳᠤᠭᠠᠷ ᠠᠯᠲᠠᠨ ᠮᠧᠳᠠᠯ ᠪᠣᠯᠤᠨ᠎ᠠ᠂ ᠮᠦᠨᠴᠤ ᠳᠤᠮᠳᠠᠳᠤᠤᠯᠤᠰ᠎ᠤᠨ ᠪᠡᠶ᠎ᠡ᠎ᠶᠢᠨ ᠲᠠᠮᠢᠷ᠎ᠤᠨ ᠲᠥᠯᠥᠭᠡᠯᠡᠭᠴᠢᠳ᠎ᠦᠨ ᠪᠦᠯᠬᠦᠮ᠎ᠦᠨ ᠳᠣᠯᠣᠳᠤᠭᠠᠷ ᠠᠯᠲᠠᠨ ᠮᠧᠳᠠᠯ ᠪᠣᠯᠤᠨ᠎ᠠ᠃

ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 31᠎ᠦ ᠡᠳᠦᠷ᠂ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠮᠡᠭᠲᠡᠶ᠎ᠶᠢᠨ ᠴᠢᠯᠥᠭᠡᠲᠦᠬᠡᠯᠪᠡᠷᠢᠶᠢᠨ ᠵᠢᠵᠢᠭ ᠬᠦᠷᠳᠦᠲᠦ ᠲᠡᠷᠭᠡ᠎ᠶᠢᠨ ᠴᠡᠴᠡᠷᠯᠢᠭ ᠲᠡᠬᠢ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨ᠎ᠳᠤ᠂ ᠳ᠋ᠧᠩ ᠶᠠ ᠸᠸᠨ ᠠᠯᠲᠠᠨ ᠮᠧᠳᠠᠯ ᠣᠯᠵᠠᠢ᠂ ᠡᠨᠡ ᠨᠢ ᠮᠥᠨᠴᠦ ᠳᠤᠮᠳᠠᠳᠤ ᠤᠯᠤᠰᠤᠨᠠᠩᠬᠢᠶᠢᠨ ᠣᠯᠤᠭᠰᠠᠨ ᠠᠩᠬᠠᠳᠠᠭᠴᠢ ᠵᠢᠵᠢᠭ ᠬᠦᠷᠳᠦᠲᠦ ᠲᠡᠷᠭᠡᠨ᠎ᠦ ᠤᠷᠤᠯᠳᠤᠭᠠᠨ᠎ᠤ ᠠᠯᠲᠠᠨ ᠮᠧᠳᠠᠯ᠂ ᠮᠦᠨᠴᠤᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠲᠥᠯᠥᠭᠡᠯᠡᠭᠴᠢᠳ᠎ᠦᠨ ᠪᠦᠯᠬᠦᠮ᠎ᠦᠨ ᠨᠠᠢ᠍ᠮᠠᠳᠤᠭᠠᠷ ᠠᠯᠲᠠᠨ ᠮᠧᠳᠠᠯ ᠪᠣᠯᠤᠨ᠎ᠠ᠃

ᠲᠤᠬᠠᠶ᠎ᠶᠢᠨ ᠭᠠᠵᠠᠷ᠎ᠤᠨ ᠴᠠᠭ᠎ᠢᠶᠠᠷ7 ᠰᠠᠷ᠎ᠠ᠎ᠶᠢᠨ 31᠎ᠦ ᠡᠳᠦᠷ᠂ ᠫᠠᠨ ᠵᠠᠨ ᠯᠸ 46 ᠰᠧᠺᠦ᠋ᠨ᠋ᠳ᠋40᠎ᠶᠢᠨ ᠬᠢᠷᠢ ᠪᠦᠲᠦᠮᠵᠢ᠎ᠪᠡᠷ ᠡᠷᠡᠭᠲᠡᠶ᠎ᠶᠢᠨ 100 ᠮᠧᠲ᠋ᠷ᠎ᠦᠨ ᠴᠢᠯᠥᠭᠡᠲᠦ ᠤᠮᠪᠠᠯᠲᠠ᠎ᠶᠢᠨ ᠠᠯᠲᠠᠨ ᠮᠧᠳᠠᠯᠣᠯᠤᠭᠰᠠᠨᠪᠥᠭᠡᠳ ᠥᠪᠡᠷ᠎ᠦᠨ ᠪᠠᠷᠢᠮᠲᠠᠯᠠᠵᠤ ᠪᠠᠢᠭᠰᠠᠨ ᠳᠡᠯᠡᠬᠡᠶᠶᠢᠨᠲᠡᠮᠳᠡᠭᠯᠡᠯᠢᠶᠡᠨ ᠰᠢᠨᠡᠳᠬᠡᠪᠡ︕ᠡᠨᠡ ᠨᠢ ᠮᠦᠨᠴᠤ ᠤᠯᠤᠰ᠎ᠤᠨ ᠤᠮᠪᠠᠯᠲᠠ᠎ᠶᠢᠨ ᠠᠩᠭᠢ᠎ᠶᠢᠨ ᠲᠤᠰ ᠬᠤᠭᠤᠴᠠᠭᠠᠨ᠎ᠤ ᠣᠯᠢᠮᠫᠢᠺᠤᠨᠲᠠᠮᠢᠷᠤᠨ ᠴᠤᠭᠯᠠᠭᠠᠨ ᠳᠡᠭᠡᠷ᠎ᠡ ᠡᠴᠡ ᠤᠯᠤᠭᠰᠠᠨ ᠠᠩᠬᠠᠳᠠᠭᠴᠢ ᠠᠯᠲᠠᠨ ᠮᠧᠳᠠᠯ ᠪᠠᠢᠵᠤ᠂ ᠳᠤᠮᠳᠠᠳᠤ ᠤᠯᠤᠰᠤᠨᠪᠡᠶᠡᠶᠢᠨ ᠲᠠᠮᠢᠷ᠎ᠤᠨ ᠲᠥᠯᠥᠭᠡᠯᠡᠭᠴᠢᠳ᠎ᠦᠨ ᠪᠦᠯᠬᠦᠮ᠎ᠦᠨ ᠶᠢᠰᠦᠳᠦᠭᠡᠷ ᠠᠯᠲᠠᠨ ᠮᠧᠳᠠᠯ ᠪᠣᠯᠤᠨ᠎ᠠ᠃

ᠢᠷᠡᠯᠲᠡ᠄ ᠰᠢᠨᠬᠤᠸᠠ ᠬᠤᠷᠢᠶ᠎ᠠ᠂ ᠠᠷᠠᠳ᠎ᠤᠨ ᠡᠳᠦᠷ᠎ᠤᠨ ᠰᠤᠨᠢᠨ᠎ᠤ ᠵᠢᠷᠭᠢᠶ᠎ᠡ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃