2024-08-02 17:35:17
ᠲᠤᠬᠠᠢ᠎ᠶᠢᠨ ᠭᠠᠵᠠᠷ᠎ᠤᠨ ᠴᠠᠭ᠎ᠢᠶᠠᠷ8 ᠰᠠᠷ᠎ᠠ᠎ᠶᠢᠨ 1᠎ᠦ ᠡᠳᠦᠷ᠎ᠦᠨ ᠦᠳᠡ᠎ᠶᠢᠨ ᠡᠮᠦᠨ᠎ᠡ᠂ ᠲᠸᠷᠤᠺᠠᠳ᠋ᠸᠷᠤ᠋ ᠠᠭᠤᠳᠠᠮ ᠲᠠᠯᠠᠪᠠᠢ᠎ᠳᠤ ᠶᠠᠪᠤᠭᠳᠠᠭᠰᠠᠨᠫᠠᠷᠢᠰᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠮᠡᠭᠲᠡᠢ᠎ᠶᠢᠨ 20 ᠺᠢᠯᠣᠮᠧᠲᠷ᠎ᠦᠨ ᠠᠯᠬᠤᠭ᠎ᠠ ᠤᠷᠤᠯᠳᠤᠭᠠᠨᠤᠰᠢᠢᠳᠪᠦᠷᠢᠲᠦ ᠤᠷᠤᠯᠳᠤᠭᠠᠨ᠎ᠳᠤ ᠳᠡᠯᠡᠬᠡᠢ᠎ᠶᠢᠨ ᠲᠡᠮᠳᠡᠭᠯᠡᠯ᠎ᠢ ᠬᠠᠳᠠᠭᠠᠯᠠᠭᠴᠢ᠂ ᠳᠤᠮᠳᠠᠳᠤ ᠤᠯᠤᠰ᠎ᠤᠨ ᠲᠠᠮᠢᠷᠴᠢᠨᠶᠠᠩ ᠵᠢᠶᠠ ᠢᠦᠢ ᠮᠠᠩᠯᠠᠢᠯᠠᠪᠠ᠃ ᠡᠨᠡ ᠨᠢ ᠮᠥᠨ ᠴᠦ᠍ ᠳᠤᠮᠳᠠᠳᠤ ᠤᠯᠤᠰ᠎ᠤᠨ ᠠᠩᠭᠢ᠎ᠶᠢᠨ ᠡᠮᠡᠭᠲᠡᠢ᠎ᠶᠢᠨ 20ᠺᠢᠯᠣᠮᠧᠲᠷ᠎ᠦᠨ ᠠᠯᠬᠤᠭ᠎ᠠ ᠤᠷᠤᠯᠳᠤᠭᠠᠨ᠎ᠤ ᠲᠥᠷᠥᠯ᠎ᠳᠦ ᠣᠯᠣᠭᠰᠠᠨ ᠣᠯᠢᠮᠫᠢᠺ᠎ᠤᠨ ᠲᠠᠮᠢᠷ᠎ᠤᠨ ᠴᠤᠭᠯᠠᠭᠠᠨᠤᠳᠥᠷᠪᠡᠳ᠋ᠡᠬᠢ ᠠᠯᠲᠠᠨ ᠮᠧᠳᠠᠯ ᠪᠣᠯᠣᠨ᠎ᠠ᠃ ᠶᠠᠩ ᠵᠢᠶᠠ ᠢᠦᠢ ᠴᠦ᠍ ᠲᠤᠰ ᠤᠷᠤᠯᠳᠤᠭᠠᠨ᠎ᠤ ᠲᠦᠷᠦᠯ᠎ᠳᠦ ᠣᠯᠢᠮᠫᠢᠺᠤᠨᠲᠠᠮᠢᠷᠤᠨ ᠴᠤᠭᠯᠠᠭᠠᠨ᠎ᠤ ᠮᠠᠩᠯᠠᠢ᠂ ᠳᠡᠯᠡᠬᠡᠢ᠎ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ᠎ᠤ ᠮᠠᠩᠯᠠᠢ ᠪᠠᠳᠡᠯᠡᠬᠡᠢᠶᠢᠨ ᠲᠡᠮᠳᠡᠭᠯᠡᠯ᠎ᠢ ᠡᠭᠦᠳᠦᠭᠰᠡᠨ ᠵᠡᠷᠭᠡ ᠠᠯᠳᠠᠷ ᠭᠠᠪᠢᠶ᠎ᠠ ᠵᠢ ᠪᠦᠷᠢᠳᠦᠭᠦᠯᠦᠭᠰᠡᠨ ᠪᠠᠢᠨ᠎ᠠ᠃



ᠶᠠᠩ ᠵᠢᠶᠠ ᠢᠦᠢ ᠵᠢ ᠲᠠᠨᠢᠯᠴᠠᠭᠤᠪᠠᠯ᠄
ᠶᠠᠩ ᠵᠢᠶᠠ ᠢᠦᠢ 1996 ᠣᠨ᠎ᠳᠤ ᠦᠬᠠᠢᠬᠤᠳᠠᠳᠤ ᠲᠦᠷᠦᠪᠡ᠂ ᠭᠤᠴᠢᠨ ᠨᠠᠰᠤ ᠬᠦᠷᠦᠭᠡᠳᠦᠢ ᠲᠡᠷᠡ ᠤᠳᠤ ᠨᠢᠭᠡᠨᠲᠡ ᠮᠠᠰᠢ ᠤᠯᠠᠨ ᠢᠷᠠᠭᠤ ᠠᠯᠳᠠᠷᠤᠨᠡᠵᠡᠨ ᠪᠣᠯᠵᠠᠢ᠃
ᠶᠠᠩ ᠵᠢᠶᠠ ᠢᠦᠢ 14 ᠨᠠᠰᠤᠲᠠᠢ ᠲᠡᠷᠡᠵᠢᠯᠳᠡᠭᠡᠨ ᠰᠤᠷᠭᠠᠭᠤᠯᠢ ᠡᠴᠡ ᠨᠢ ᠵᠣᠬᠢᠶᠠᠨ ᠪᠠᠢᠭᠤᠯᠤᠭᠰᠠᠨ ᠨᠢᠭᠡ ᠤᠳᠠᠭᠠᠨ᠎ᠤ ᠬᠡᠭᠡᠷᠡᠯᠡᠬᠦ ᠤᠷᠤᠯᠳᠤᠭᠠᠨᠳᠤᠬᠣᠶᠠᠳᠤᠭᠠᠷᠲᠤ ᠣᠷᠣᠵᠤ᠂ ᠳᠠᠰᠬᠠᠯᠵᠢᠭᠤᠯᠤᠭ᠍ᠴᠢ᠎ᠡᠴᠡ ᠲᠡᠭᠦᠨ᠎ᠢ ᠲᠤᠰᠬᠠᠢ ᠪᠤᠯᠪᠠᠰᠤᠷᠠᠯ᠎ᠤᠨ ᠮᠡᠷᠭᠡᠵᠢᠯᠦᠨᠠᠩᠭᠢᠳᠤ ᠬᠦᠷᠭᠡᠪᠡ᠃
ᠶᠠᠩ ᠵᠢᠶᠠ ᠢᠦᠢ 2013 ᠣᠨ᠎ᠤ 1 ᠰᠠᠷᠠᠳᠤᠠᠦ᠋ᠰᠲᠷᠠᠯᠢᠶᠠᠳᠤ ᠶᠠᠪᠤᠭᠳᠠᠭᠰᠠᠨ 5 ᠺᠢᠯᠣᠮᠧᠲᠷ᠎ᠦᠨ ᠠᠯᠬᠤᠭ᠎ᠠ ᠤᠷᠤᠯᠳᠤᠭᠠᠨ᠎ᠳᠤ ᠨᠢᠭᠡᠳᠦᠭᠡᠷ᠎ᠲᠦ ᠣᠷᠣᠪᠠ᠂ᠡᠨᠡ ᠪᠣᠯ ᠲᠡᠭᠦᠨ᠎ᠦ ᠪᠡᠶ᠎ᠡ᠎ᠶᠢᠨ ᠲᠠᠮᠢᠷ᠎ᠤᠨ ᠦᠢᠯᠡᠰ᠎ᠤᠨ ᠠᠩᠬᠠᠨ᠎ᠤ ᠣᠯᠠᠨ ᠤᠯᠤᠰ᠎ᠤᠨ ᠤᠷᠤᠯᠳᠤᠭᠠᠨ᠎ᠤ ᠮᠠᠩᠯᠠᠢᠪᠣᠯᠣᠨᠠ᠃


2016 ᠣᠨ᠎ᠤ 3 ᠰᠠᠷ᠎ᠠ᠎ᠳᠤ᠂ ᠶᠠᠩ ᠵᠢᠶᠠᠢᠦᠢ ᠪᠦᠬᠦ ᠤᠯᠤᠰ᠎ᠤᠨ ᠠᠯᠬᠤᠭ᠎ᠠ ᠤᠷᠤᠯᠳᠤᠭᠠᠨ᠎ᠤ ᠱᠠᠩᠨᠠᠯᠲᠤ ᠤᠷᠤᠯᠳᠤᠭᠠᠨ ᠵᠢᠴᠢ ᠣᠯᠢᠮᠫᠢᠺ᠎ᠤᠨ ᠲᠠᠮᠢᠷᠤᠨᠴᠤᠭᠯᠠᠭᠠᠨᠤ ᠰᠢᠯᠭᠠᠷᠠᠭᠤᠯᠬᠤ ᠤᠷᠤᠯᠳᠤᠭᠠᠨ᠎ᠳᠤ 1 ᠴᠠᠭ 28 ᠮᠢᠨᠦ᠋ᠲ 12 ᠰᠧᠺᠦ᠋ᠨ᠋ᠳ᠋᠎ᠢᠶᠡᠷ ᠡᠮᠡᠭᠲᠡᠢ᠎ᠵᠢᠨ ᠨᠠᠰᠤᠨ᠎ᠳᠤ ᠬᠦᠷᠦᠭᠰᠡᠳ᠎ᠦᠨ ᠳᠤᠭᠤᠢᠯᠠᠩ᠎ᠤᠨ 20 ᠺᠢᠯᠤᠮᠸᠲᠷ᠎ᠤᠨ ᠤᠷᠤᠯᠳᠤᠭᠠᠨ᠎ᠳᠦ ᠭᠤᠷᠪᠠᠳᠤᠭᠠᠷ᠎ᠲᠤ ᠣᠷᠣᠵᠤ᠂ᠷᠢᠦ᠋ ᠳ᠋ᠸ ᠿᠸᠨ᠋ᠦᠷᠦ᠋ ᠵᠢᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠤᠷᠤᠯᠴᠠᠬᠤ ᠡᠷᠭᠡ ᠵᠢ ᠣᠯᠵᠠᠢ᠃ ᠡᠨᠡᠪᠣᠯ ᠶᠠᠩ ᠵᠢᠶᠠ ᠢᠦᠢ᠎ᠶᠢᠨ ᠨᠠᠰᠤᠨ᠎ᠳᠤ ᠬᠦᠷᠦᠭᠰᠡᠨ᠎ᠤ ᠲᠠᠷᠠᠭᠠᠬᠢ ᠠᠩᠬᠠᠨ᠎ᠤ ᠲᠠᠯᠠᠪᠠᠢ 20 ᠺᠢᠯᠣᠮᠧᠲᠷᠦᠨᠠᠯᠬᠤᠭᠠ ᠤᠷᠤᠯᠳᠤᠭᠠᠨ ᠪᠣᠯᠣᠨ᠎ᠠ᠃
2017 ᠣᠨ᠎ᠤ ᠳᠡᠯᠡᠬᠡᠢ᠎ᠶᠢᠨ ᠬᠦᠨᠳᠦ ᠬᠥᠩᠭᠡᠨ ᠪᠡᠶ᠎ᠡ ᠵᠢᠨ ᠲᠠᠮᠢᠷ᠎ᠤᠨ ᠮᠠᠩᠯᠠᠢᠰᠢᠯᠭᠠᠷᠠᠭᠤᠯᠬᠤ ᠤᠷᠤᠯᠳᠤᠭᠠᠨ ᠳᠡᠭᠡᠷ᠎ᠡ ᠶᠠᠩ ᠵᠢᠶᠠ ᠢᠦᠢ ᠦᠪᠡᠷ᠎ᠤᠨ ᠠᠩᠬᠠᠳᠠᠭ᠍ᠴᠢ ᠳᠡᠯᠡᠬᠡᠢ᠎ᠶᠢᠨ ᠮᠠᠩᠯᠠᠢ᠎ᠵᠢ ᠰᠢᠭᠦᠷᠴᠡᠢ᠃
2018 ᠣᠨ᠎ᠤ ᠵᠠᠺᠠᠷᠲ᠋ᠠ᠎ᠶᠢᠨ ᠠᠽᠢᠶᠠᠲᠢᠪᠦᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠳᠤ ᠶᠠᠩ ᠵᠢᠶᠠ ᠢᠦᠢ ᠡᠮᠡᠭᠲᠡᠢ᠎ᠶᠢᠨ 20 ᠺᠢᠯᠣᠮᠧᠲᠷ᠎ᠦᠨ ᠠᠯᠬᠤᠭᠠᠤᠷᠤᠯᠳᠤᠭᠠᠨᠤ ᠠᠽᠢᠶ᠎ᠠ ᠲᠢᠪ᠎ᠦᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠮᠠᠩᠯᠠᠢ ᠪᠣᠯᠪᠠ᠃
2019 ᠣᠨ᠎ᠤ ᠳᠣᠯᠣᠳᠤᠭᠠᠷ ᠬᠤᠭᠤᠴᠠᠭᠠᠨᠤᠳᠡᠯᠡᠬᠡᠢᠶᠢᠨ ᠴᠡᠷᠢᠭ ᠤᠨ ᠲᠠᠮᠢᠷ᠎ᠤᠨ ᠴᠤᠭᠯᠠᠭᠠᠨ ᠳᠡᠭᠡᠷ᠎ᠡ ᠶᠠᠩ ᠵᠢᠶᠠ ᠢᠦᠢ ᠡᠮᠡᠭᠲᠡᠢ᠎ᠶᠢᠨ 20 ᠺᠢᠯᠤᠮᠸᠲᠷᠤᠨᠠᠯᠬᠤᠭᠠ ᠤᠷᠤᠯᠳᠤᠭᠠᠨ᠎ᠤ ᠲᠡᠷᠢᠭᠦᠨ ᠱᠠᠩᠨᠠᠯ᠎ᠢ ᠣᠯᠵᠠᠢ᠃
2021 ᠣᠨ᠎ᠤ ᠪᠦᠬᠦ ᠤᠯᠤᠰ᠎ᠤᠨ ᠠᠯᠬᠤᠭ᠎ᠠ ᠤᠷᠤᠯᠳᠤᠭᠠᠨ᠎ᠤ ᠮᠠᠩᠯᠠᠢ ᠰᠢᠯᠭᠠᠷᠠᠭᠤᠯᠬᠤᠤᠷᠤᠯᠳᠤᠭᠠᠨ ᠵᠢᠴᠢ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠮᠡᠭᠲᠡᠢ᠎ᠶᠢᠨ 20 ᠺᠢᠯᠣᠮᠧᠲᠷ᠎ᠦᠨ ᠤᠷᠤᠯᠳᠤᠭᠠᠨᠤᠲᠦᠷᠦᠯᠳᠦ ᠶᠠᠩ ᠵᠢᠶᠠ ᠢᠦᠢ 1 ᠴᠠᠭ 23 ᠮᠢᠨᠦ᠋ᠲ 49 ᠰᠧᠺᠦ᠋ᠨ᠋ᠳ᠋᠎ᠦᠨ ᠬᠢᠷᠢ ᠪᠦᠲᠦᠮᠵᠢ᠎ᠪᠡᠷ ᠮᠠᠩᠯᠠᠢᠯᠠᠭᠰᠠᠨᠪᠥᠭᠡᠳ ᠲᠤᠰ ᠤᠷᠤᠯᠳᠤᠭᠠᠨ᠎ᠤ ᠲᠦᠷᠦᠯ᠎ᠦᠨ ᠳᠡᠯᠡᠬᠡᠢ᠎ᠶᠢᠨ ᠲᠡᠮᠳᠡᠭᠯᠡᠯ᠎ᠢ ᠡᠭᠦᠳᠦᠭᠰᠡᠨᠦ ᠬᠠᠮᠲᠤ ᠲᠣᠣᠺᠢᠤ᠋ᠶᠢᠨᠣᠯᠢᠮᠫᠢᠺᠤᠨ ᠲᠠᠮᠢᠷ᠎ᠤᠨ ᠴᠤᠭᠯᠠᠭᠠᠨ᠎ᠳᠤ ᠣᠷᠣᠯᠴᠠᠬᠤ ᠬᠢᠷᠢ ᠬᠡᠮ᠎ᠢ ᠣᠯᠣᠭᠰᠠᠨ ᠪᠠᠢᠨ᠎ᠠ᠃
2020 ᠣᠨ᠎ᠤ ᠲᠣᠣᠺᠢᠤ᠋᠎ᠶᠢᠨ ᠣᠯᠢᠮᠫᠢᠺᠤᠨᠲᠠᠮᠢᠷᠤᠨ ᠴᠤᠭᠯᠠᠭᠠᠨ᠎ᠤ ᠡᠮᠡᠭᠲᠡᠢ᠎ᠶᠢᠨ 20 ᠺᠢᠯᠣᠮᠧᠲᠷ᠎ᠦᠨ ᠠᠯᠬᠤᠭ᠎ᠠ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨᠳᠤᠶᠠᠩ ᠵᠢᠶᠠ ᠢᠦᠢ ᠭᠤᠷᠪᠠᠳᠤᠭᠠᠷ ᠤᠯᠠᠭᠠᠨ ᠺᠠᠷᠲ ᠣᠯᠣᠭᠰᠠᠨ᠎ᠠᠴᠠ 2 ᠮᠢᠨᠦ᠋ᠲ ᠵᠣᠭᠰᠣᠭᠠᠬᠤ ᠪᠡᠷᠲᠤᠷᠭᠠᠭᠳᠠᠵᠤ᠂ ᠠᠯᠲᠠᠨ ᠮᠧᠳᠠᠯ᠎ᠤᠨ ᠲᠡᠮᠡᠴᠡᠭᠡᠨ᠎ᠳᠦ ᠤᠷᠤᠯᠴᠠᠵᠦ ᠲᠡᠢᠯᠦᠭᠰᠡᠨ ᠦᠭᠡᠢ᠃
2023 ᠣᠨ᠎ᠤ ᠬᠠᠩᠵᠧᠦ᠎ᠶᠢᠨ ᠠᠽᠢᠶᠠᠲᠢᠪᠦᠨ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠡᠮᠡᠭᠲᠡᠢ᠎ᠶᠢᠨ 20 ᠺᠢᠯᠣᠮᠧᠲᠷ᠎ᠦᠨ ᠠᠯᠬᠤᠭ᠎ᠠ ᠤᠷᠤᠯᠳᠤᠭᠠᠨᠳᠤᠶᠠᠩ ᠵᠢᠶᠠ ᠢᠦᠢ ᠲᠦᠷᠦᠭᠦᠯᠡᠪᠡ᠃
2024 ᠣᠨ᠎ᠤ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠡᠮᠡᠭᠲᠡᠢ᠎ᠶᠢᠨ20 ᠺᠢᠯᠣᠮᠧᠲᠷ᠎ᠦᠨ ᠠᠯᠬᠤᠭ᠎ᠠ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨ᠎ᠳᠤ ᠶᠠᠩ ᠵᠢᠶᠠ ᠢᠦᠢ ᠮᠠᠩᠯᠠᠢᠯᠠᠵᠤ᠂ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠮᠠᠩᠯᠠᠢ᠂ ᠳᠡᠯᠡᠬᠡᠢ᠎ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨᠤᠮᠠᠩᠯᠠᠢ ᠪᠠ ᠳᠡᠯᠡᠬᠡᠢ᠎ᠶᠢᠨ ᠲᠡᠮᠳᠡᠭᠯᠡᠯ᠎ᠢ ᠡᠭᠦᠳᠦᠭᠰᠡᠨ ᠵᠡᠷᠭᠡ ᠠᠯᠳᠠᠷ ᠭᠠᠪᠢᠶ᠎ᠡ ᠵᠢ ᠪᠦᠷᠢᠳᠦᠭᠦᠯᠦᠭᠰᠡᠨᠪᠠᠢᠨᠠ᠃



ᠶᠠᠩ ᠵᠢᠶᠠ ᠢᠦᠢ᠎ᠳᠦ ᠪᠠᠶᠠᠷᠬᠦᠷᠭᠡᠶᠡ᠃
ᠢᠷᠡᠯᠲᠡ᠄ ᠦᠪᠦᠷ ᠮᠤᠨᠭᠭᠤᠯ᠎ᠤᠨ ᠡᠳᠦᠷ᠎ᠤᠨ ᠰᠤᠨᠢᠨ᠎ᠤ ᠵᠢᠷᠭᠢᠶ᠎ᠡ ᠵᠢᠨ ᠲᠡᠪᠴᠡᠨᠭ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃