2024-08-07 10:19:47
ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠤᠮᠪᠠᠯᠲᠠ᠎ᠶ᠋ᠢᠨ ᠤᠷᠤᠯᠳᠤᠭᠠᠨ᠎ᠤ ᠲᠠᠯᠠᠪᠤᠷ ᠤᠨ ᠬᠠᠮᠤᠭ ᠰᠡᠭᠦᠯᠴᠢ ᠵᠢᠨ ᠨᠢᠭᠡ ᠤᠷᠤᠯᠳᠤᠭᠠᠨ᠎ᠤ ᠡᠳᠦᠷ᠂ ᠳᠤᠮᠳᠠᠳᠤ ᠤᠯᠤᠰ᠎ᠤᠨ ᠠᠩᠭᠢ ᠭᠠᠢᠬᠠᠮᠰᠢᠬᠳᠤ ᠤᠷ᠎ᠠ ᠠᠪᠢᠶᠠᠰ ᠵᠢᠡᠨ ᠭᠠᠢᠬᠠᠭᠤᠯᠪᠠ᠃
ᠡᠷᠡᠭ᠌ᠲᠡᠶ᠎ᠶ᠋ᠢᠨ 4 ×100 ᠮᠧᠲ᠋ᠷ᠎ᠦᠨ ᠬᠣᠯᠢᠮᠠᠭ ᠤᠮᠪᠠᠯᠲᠠ᠎ᠶ᠋ᠢᠨ ᠪᠤᠤᠬᠢᠶ᠎ᠠ ᠤᠷᠤᠯᠳᠤᠭᠠᠨ ᠤ ᠱᠢᠶ᠋ᠳᠪᠦᠷᠢᠲᠦ ᠤᠷᠤᠯᠳᠤᠭᠠᠨ᠎ᠳᠤ᠂ ᠳᠤᠮᠳᠠᠳᠤ ᠤᠯᠤᠰ᠎ᠤᠨ ᠠᠩᠭᠢ ᠲᠤᠰ ᠤᠷᠤᠯᠳᠤᠭᠠᠨ᠎ᠤ ᠵᠦᠢᠯ᠎ᠦᠨ 40 ᠵᠢᠯ᠎ᠦᠨ 《ᠡᠵᠡᠷᠬᠡᠭ᠌ᠴᠢ》 ᠠᠮᠧᠷᠢᠺᠠ᠎ᠶ᠋ᠢᠨ ᠠᠩᠭᠢ ᠪᠠ ᠡᠵᠡᠨ ᠲᠠᠯᠠᠪᠤᠷ᠎ᠤᠨ ᠳᠠᠪᠠᠭᠤᠯᠢᠭ᠎ᠢ ᠡᠵᠡᠯᠡᠭ᠌ᠰᠡᠨ ᠡᠷᠬᠢᠯᠡᠭ᠌ᠴᠢ ᠤᠯᠤᠰ ᠹᠷᠠᠨᠼᠢ᠎ᠶ᠋ᠢᠨ ᠠᠩᠭᠢ᠎ᠶ᠋ᠢ ᠢᠯᠠᠵᠤ᠂ 3 ᠮᠢᠨᠦ᠋ᠲ 27 ᠰᠧᠺᠦ᠋ᠨ᠋ᠳ᠋ 46 ᠵᠢᠨ ᠬᠢᠷᠢ ᠪᠦᠲᠦᠮᠵᠢ᠎ᠪᠡᠷ ᠮᠠᠩᠯᠠᠢᠯᠠᠪᠠ᠃
ᠡᠨᠡ ᠪᠣᠯ ᠨᠢᠭᠡᠨ ᠤᠳᠠᠭ᠎ᠠ ᠵᠢᠨ ᠤᠤᠬᠠᠢᠯᠠᠬᠤ ᠲᠠᠭᠤᠨ ᠲᠤᠢᠯ ᠤᠨ ᠥᠨᠳᠥᠷ ᠦᠵᠡᠯᠴᠡᠭᠡᠨ ᠪᠤᠯᠬᠤ ᠪᠦᠭᠡᠳ ᠪᠠᠰᠠ ᠴᠤ᠌ ᠳᠤᠮᠳᠠᠳᠤ ᠤᠯᠤᠰ᠎ᠤᠨ ᠤᠮᠪᠠᠯᠲᠠ ᠵᠢᠨ ᠠᠩᠬᠢ ᠵᠢᠨ ᠬᠡᠳᠦᠨ ᠡᠳᠦᠷ᠎ᠦᠨ ᠲᠤᠷᠱᠢᠬᠢ ᠬᠠᠮᠤᠭ ᠤᠨ ᠬᠥᠭ᠌ᠵᠢᠶᠡᠨᠲᠡᠶ ᠤᠷᠤᠯᠳᠤᠭᠠᠨ ᠮᠥᠨ᠃ ᠡᠨᠡ ᠨᠢ ᠮᠥᠨ ᠴᠦ᠍ ᠳᠤᠮᠳᠠᠳᠤ ᠤᠯᠤᠰ ᠤᠨ ᠤᠮᠪᠠᠯᠲᠠ ᠶ᠋ᠢᠨ ᠠᠩᠭᠢ ᠠᠩᠬ᠎ᠠ ᠤᠳᠠᠭ᠎ᠠ ᠡᠨᠡ ᠬᠦ᠌ ᠤᠷᠤᠯᠳᠤᠭᠠᠨ ᠤ ᠵᠦᠢᠯ ᠳᠦ ᠣᠯᠢᠮᠫᠢᠺ ᠤᠨ ᠲᠠᠮᠢᠷ᠎ᠤᠨ ᠴᠤᠭ᠍ᠯᠠᠭᠠᠨ ᠤ ᠠᠯᠲᠠᠨ ᠮᠧᠳᠠᠯ᠎ᠢ ᠣᠯᠤᠭ᠍ᠰᠠᠨ ᠶᠠᠪᠤᠳᠠᠯ ᠪᠣᠯᠤᠨ᠎ᠠ᠃
1984 ᠣᠨ᠎ᠤ ᠯᠤᠰ ᠠᠩᠵᠸᠯᠸᠰ᠎ᠤᠨ ᠣᠯᠢᠮᠫᠢᠺ᠎ᠦᠨ ᠲᠠᠮᠢᠷ ᠤ᠋ᠨ ᠴᠤᠭ᠍ᠯᠠᠭᠠᠨ᠎ᠡᠴᠡ ᠨᠠᠭᠠᠰᠢ᠂ ᠳᠤᠮᠳᠠᠳᠤ ᠤᠯᠤᠰ᠎ᠤᠨ ᠤᠮᠪᠠᠯᠲᠠ᠎ᠶ᠋ᠢᠨ ᠠᠩᠬᠢ ᠡᠨᠡ ᠬᠦ᠌ ᠤᠷᠤᠯᠳᠤᠭᠠᠨ᠎ᠤ ᠵᠦᠢᠯ᠎ᠳᠦ ᠶᠡᠷᠦ᠍᠎ᠡᠴᠡ ᠱᠠᠩᠨᠠᠯ᠎ᠤᠨ ᠮᠧᠳᠠᠯ ᠣᠯᠤᠭ᠍ᠰᠠᠨ ᠦᠭᠡᠢ᠃ ᠲᠣᠣᠺᠢᠣ᠋᠎ᠶ᠋ᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ ᠳᠤᠮᠳᠠᠳᠤ ᠤᠯᠤᠰ᠎ᠤᠨ ᠠᠩᠭᠢ ᠨᠠᠢ᠍ᠮᠠᠳᠤᠭᠠᠷ᠎ᠲᠤ ᠣᠷᠣᠵᠤ᠂ ᠨᠢᠭᠡᠨᠲᠡ ᠲᠡᠦᠬᠡ᠎ᠶ᠋ᠢᠨ ᠬᠠᠮᠤᠭ᠎ᠤᠨ ᠰᠠᠢᠨ ᠬᠢᠷᠢ ᠪᠦᠲᠦᠮᠵᠢ᠎ᠶ᠋ᠢ ᠡᠭᠦᠳᠦᠭᠰᠡᠨ ᠪᠠᠢᠨ᠎ᠠ᠃
ᠦᠨᠡᠨ᠎ᠳᠡᠭᠡᠨ᠂ ᠳᠤᠮᠳᠠᠳᠤ ᠤᠯᠤᠰ᠎ᠤᠨ ᠠᠩᠭᠢ ᠱᠢᠶ᠋ᠳᠪᠦᠷᠢᠲᠦ ᠤᠷᠤᠯᠳᠤᠭᠠᠨ ᠳᠤ ᠬᠠᠮᠤᠭ ᠤ᠋ᠨ ᠰᠡᠬᠦᠯ ᠳ᠋ᠤ ᠤᠷᠤᠬᠤ ᠦᠭᠡᠢ ᠯᠡ ᠶᠤᠮ ᠪᠣᠯ ᠨᠢᠭᠡᠨᠲᠡ ᠲᠡᠦᠬᠡᠲᠦ ᠴᠢᠨᠠᠷᠲᠠᠶ ᠱᠢᠪᠲᠤᠯᠤᠯᠲᠠ᠎ᠲᠠᠶ ᠪᠣᠯᠤᠭ᠍ᠰᠠᠨ ᠶᠠᠪᠤᠳᠠᠯ ᠪᠣᠯᠤᠨ᠎ᠠ᠃ ᠭᠡᠪᠡᠴᠦ᠍ ᠳᠤᠮᠳᠠᠳᠤ ᠤᠯᠤᠰ ᠤᠨ ᠠᠩᠭᠢ ᠶᠡᠬᠡ ᠠᠯᠬᠤᠮ ᠢ᠋ ᠠᠯᠬᠤᠵᠤ᠂ ᠬᠢᠷᠢ ᠪᠦᠳᠦᠮᠵᠢ ᠪᠡᠨ ᠲᠡᠭᠡᠭᠰᠢᠯᠡᠬᠦᠯᠬᠦ ᠪᠣᠳᠠᠲᠤ ᠬᠦᠴᠦᠨ᠎ᠲᠡᠶ ᠪᠣᠯᠵᠤ᠂ ᠳᠡᠯᠡᠬᠡᠶ ᠶ᠋ᠢᠨ ᠲᠡᠷᠢᠭᠦᠨ ᠲᠡᠰ᠎ᠤᠨ ᠥᠷᠢᠰᠥᠯᠳᠦᠭ᠌ᠴᠢᠲᠡᠶ ᠥᠷᠢᠰᠦᠯᠳᠦᠬᠦ᠌ ᠪᠤᠳᠠᠳᠤ ᠬᠦᠴᠤᠨ ᠲᠠᠢ ᠪᠣᠯᠵᠠᠶ᠃
ᠳᠤᠮᠳᠠᠳᠤ ᠤᠯᠤᠰ᠎ᠤᠨ ᠠᠩᠭᠢ᠎ᠶ᠋ᠢᠨ ᠨᠢᠰᠭᠦ ᠮᠡᠲᠦ ᠲᠦᠷᠭᠡᠨ ᠳᠠᠪᠱᠢᠯᠲᠠ ᠨᠢ 2023 ᠣᠨ᠎ᠳᠤ ᠨᠢᠭᠡᠨᠲᠡ ᠢᠯᠡᠷᠡᠪᠡ᠃ ᠹᠦᠺᠦᠺᠠ ᠵᠢᠨ ᠳᠡᠯᠡᠬᠡᠶ᠎ᠶ᠋ᠢᠨ ᠮᠠᠩᠯᠠᠶ ᠱᠢᠯᠭᠠᠷᠠᠭᠤᠯᠬᠤ ᠤᠷᠤᠯᠳᠤᠭᠠᠨ᠎ᠳᠤ ᠳᠤᠮᠳᠠᠳᠤ ᠤᠯᠤᠰ ᠤᠨ ᠠᠩᠭᠢ ᠡᠷᠡᠭ᠌ᠲᠡᠶ᠎ᠶ᠋ᠢᠨ 4×100 ᠮᠧᠲ᠋ᠷ᠎ᠦᠨ ᠬᠣᠯᠢᠮᠠᠭ ᠤᠮᠪᠠᠯᠲᠠ᠎ᠶ᠋ᠢᠨ ᠪᠤᠤᠬᠢᠶ᠎ᠠ ᠤᠷᠤᠯᠳᠤᠭᠠᠨ᠎ᠤ ᠵᠦᠢᠯ᠎ᠳᠦ ᠠᠩᠬ᠎ᠠ ᠤᠳᠠᠭ᠎ᠠ ᠮᠥᠩᠭᠥᠨ ᠮᠧᠳᠠᠯ ᠣᠯᠵᠤ᠂ ᠳᠡᠯᠡᠬᠡᠶ ᠳ᠋ᠠᠬᠢᠨ᠎ᠢ ᠭᠠᠢᠬᠠᠰᠢ ᠠᠯᠳᠠᠭᠤᠯᠪᠠ᠃
ᠭᠡᠲᠡᠯ᠎ᠡ᠂ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ ᠡᠷᠡᠭ᠌ᠲᠠᠢ ᠵᠢᠨ ᠬᠤᠯᠢᠮᠠᠭ ᠤᠮᠪᠠᠯᠳᠠ ᠵᠢᠨ ᠪᠤᠤᠬᠢᠶ᠎ᠠ ᠤᠷᠤᠯᠳᠤᠭᠠᠨ ᠳ᠋ᠤ ᠦᠷᠢᠰᠤᠯᠳᠤᠬᠦ ᠨᠢ ᠲᠠᠢᠮᠤ ᠬᠢᠯᠪᠡᠷ ᠪᠢᠰᠢ ᠶᠤᠮ᠂ ᠶᠡᠷᠦ᠍ ᠪᠤᠰᠤ ᠶ᠋ᠢᠨ ᠪᠣᠳᠠᠲᠤ ᠬᠦᠴᠦᠨ ᠱᠠᠭᠠᠷᠳᠠᠭ᠍ᠳᠠᠬᠤ ᠪᠦᠭᠡᠳ ᠪᠠᠰᠠ ᠵᠣᠷᠢᠭ᠍ᠲᠠᠶ ᠪᠠᠷ ᠱᠢᠪᠲᠤᠯᠤᠯᠲᠠ ᠭᠠᠷᠭᠠᠬᠤ ᠰᠥᠰᠥ᠍ ᠵᠣᠷᠢᠭ ᠪᠠ ᠡᠷᠡᠰ ᠵᠣᠷᠢᠭᠲᠠᠶ ᠪᠠᠢᠬᠤ ᠬᠡᠷᠡᠭ᠌ᠲᠡᠶ᠃
ᠡᠷᠡᠭ᠌ᠲᠡᠶ᠎ᠶ᠋ᠢᠨ ᠬᠤᠯᠢᠮᠠᠭ ᠤᠮᠪᠠᠯᠳᠠ ᠵᠢᠨ ᠪᠤᠤᠬᠢᠶ᠎ᠠ ᠤᠷᠤᠯᠳᠤᠭᠠᠨ ᠶᠡᠷᠦ᠍᠎ᠡᠴᠡ ᠠᠮᠧᠷᠢᠺᠠ᠎ᠶ᠋ᠢᠨ ᠠᠩᠭᠢ᠎ᠶ᠋ᠢᠨ 《ᠤᠯᠠᠮᠵᠢᠯᠠᠯᠲᠤ ᠬᠠᠷᠢᠶᠠᠲᠤ ᠭᠠᠵᠠᠷ》 ᠮᠥᠨ᠃ 1960 ᠣᠨ᠎ᠳᠤ ᠲᠤᠰ ᠲᠥᠷᠥᠯ ᠵᠦᠢᠯ᠎ᠢ 《ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠲᠦᠷᠦᠯ ᠵᠦᠢᠯ ᠳ᠋ᠦ ᠤᠷᠤᠭᠤᠯᠤᠭᠰᠠᠨ》᠎ᠡᠴᠡ ᠨᠠᠭᠠᠰᠢ᠂ ᠤᠷᠤᠯᠳᠤᠭᠠᠨ᠎ᠳᠤ ᠣᠷᠣᠯᠴᠠᠭ᠍ᠰᠠᠨ ᠦᠭᠡᠢ 1980 ᠣᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠡᠴᠡ ᠭᠠᠳᠠᠨ᠎ᠠ᠂ ᠠᠮᠧᠷᠢᠺᠠ᠎ᠶ᠋ᠢᠨ ᠠᠩᠭᠢ ᠤᠳᠠᠭ᠎ᠠ ᠪᠦᠷᠢ ᠮᠠᠨᠭᠯᠠᠢᠯᠠᠵᠤ᠂ ᠨᠡᠢ᠌ᠲᠡ 15 ᠠᠯᠲᠠᠨ ᠮᠧᠳᠠᠯ ᠣᠯᠤᠭ᠍ᠰᠠᠨ ᠪᠠᠢᠨ᠎ᠠ᠃
1984 ᠣᠨ ᠡᠴᠡ 2021 ᠣᠨ ᠪᠣᠯᠲᠠᠯ᠎ᠠ᠂ ᠠᠮᠧᠷᠢᠺᠠ᠎ᠶ᠋ᠢᠨ ᠠᠩᠭᠢ ᠵᠠᠯᠭᠠᠭ᠎ᠠ᠎ᠪᠠᠷ 10 ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠮᠠᠩᠯᠠᠢᠯᠠᠵᠤ᠂ ᠶᠠᠮᠠᠷ ᠴᠤ᠌ ᠠᠯᠳᠠᠰᠢ ᠭᠠᠷᠤᠭ᠍ᠰᠠᠨ ᠦᠭᠡᠢ᠃ ᠭᠠᠳᠠᠨᠠᠬᠢ᠎ᠶ᠋ᠢᠨ ᠬᠢᠨ᠎ᠳ᠋ᠤ 《ᠡᠪᠳᠡᠷᠡᠰᠢ ᠦᠭᠡᠢ ᠪᠠᠲᠤ ᠪᠡᠬᠢ》 ᠬᠠᠷᠠᠬᠳᠠᠵᠤ ᠪᠠᠢᠬᠰᠡᠨ ᠭᠡᠷᠡᠮ ᠨᠢ ᠳᠤᠮᠳᠠᠳᠤ ᠤᠯᠤᠰ᠎ᠤᠨ ᠬᠡᠳᠦᠨ ᠵᠠᠯᠠᠭᠤ᠎ᠵᠢᠨ ᠲᠠᠭᠠᠷᠢᠯᠳᠠ ᠳ᠋ᠤ ᠨᠤᠷᠠᠭ᠍ᠰᠠᠨ ᠪᠠᠢᠨ᠎ᠠ᠃ ᠲᠡᠳᠡᠨ᠎ᠦ ᠨᠡᠷ᠎ᠡ᠎ᠶ᠋ᠢ ᠴᠡᠭᠡᠵᠢᠯᠡᠭᠡᠷᠡᠶ᠄ ᠱᠢᠤᠢ ᠵᠢᠶᠠ ᠢᠦᠶ᠂ ᠴᠢᠨ ᠬᠠᠶ ᠶᠠᠩ᠂ ᠰᠦᠨ ᠵᠢᠶᠠ ᠵᠢᠶᠦ᠋ᠨ᠂ ᠫᠠᠨ ᠵᠠᠨ ᠯᠸ᠂ ᠸᠠᠩ ᠴᠠᠩ ᠬᠤᠤ ᠨᠠᠷ ᠪᠤᠯᠤᠨ᠎ᠠ᠃
28 ᠨᠠᠰᠤᠲᠠᠶ ᠱᠢᠤᠢ ᠵᠢᠶᠠ ᠢᠦᠶ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳ᠋ᠤ 4 ᠤᠳᠠᠭ᠎ᠠ ᠤᠷᠤᠯᠴᠠᠵᠤ᠂ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠮᠥᠩᠭᠥᠨ ᠮᠧᠳᠠᠯ᠎ᠢ 3 ᠤᠯᠵᠤ᠂ ᠡᠨᠡ ᠤᠳᠠᠭ᠎ᠠ ᠠᠯᠲᠠᠨ ᠮᠧᠳᠠᠯ ᠤᠯᠪᠠ᠃ ᠲᠡᠷᠡ ᠲᠠᠪᠤᠨ ᠬᠤᠭᠤᠴᠠᠭ᠎ᠠ᠂ ᠴᠢᠨᠠᠭ᠍ᠰᠢᠯᠠᠪᠠᠯ ᠵᠢᠷᠭᠤᠳᠤᠭᠠᠷ ᠬᠤᠭᠤᠴᠠᠭᠠᠨ ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠬᠦᠴᠦᠯᠡᠨ ᠴᠢᠷᠮᠠᠢᠵᠤ᠂ ᠤᠮᠪᠠᠯᠲᠠ᠎ᠶ᠋ᠢᠨ ᠲᠠᠪᠴᠠᠩ᠎ᠤᠨ ᠮᠥᠩᠬᠡ ᠨᠠᠷᠠᠰᠤ ᠪᠣᠯᠵᠤ᠂ ᠳᠤᠮᠳᠠᠳᠤ ᠤᠯᠤᠰ᠎ᠤᠨ ᠵᠠᠯᠠᠭᠤ ᠲᠠᠮᠢᠷᠴᠢᠳ᠎ᠲᠤ ᠦᠯᠢᠭᠡᠷ ᠳᠠᠭᠤᠷᠢᠶᠠᠯ ᠪᠤᠯᠤᠨ᠎ᠠ ᠭᠡᠵᠦ᠍ ᠰᠡᠳᠭᠢᠯ ᠳ᠋ᠡᠭᠡᠨ ᠰᠡᠮ ᠪᠣᠳᠣᠵᠤ ᠪᠠᠢᠪᠠ᠃ ᠲᠡᠷᠡ ᠤᠳᠤ ᠬᠠᠮᠤᠭ᠎ᠤᠨ ᠶᠡᠬᠡ ᠢᠲᠡᠭᠡᠯ ᠵᠣᠷᠢᠭ ᠪᠠ ᠬᠠᠮᠤᠭ᠎ᠤᠨ ᠤᠮᠤᠭᠰᠢᠭᠤᠯᠤᠮᠠ ᠬᠢᠷᠢ ᠬᠡᠮ᠎ᠲᠡᠶ ᠪᠣᠯᠵᠠᠶ᠃
《ᠡᠨᠡ ᠪᠣᠯ ᠮᠢᠨᠦ᠍ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠩᠬᠠᠳᠠᠭ᠍ᠴᠢ ᠠᠯᠲᠠᠨ ᠮᠧᠳᠠᠯ ᠮᠥᠨ᠂ ᠪᠢ ᠪᠠᠰᠠ ᠥᠪᠡᠷ᠎ᠦᠨ ᠳᠠᠯᠳᠠ ᠬᠦᠴᠦᠨ᠎ᠢᠶᠡᠨ ᠦᠷᠭᠦᠯᠵᠢᠯᠡᠨ ᠠᠭᠤᠳᠠᠯᠬᠤ ᠪᠣᠯᠤᠨ᠎ᠠ》 ᠭᠡᠵᠦ᠍ ᠱᠢᠤᠢ ᠵᠢᠶᠠ ᠢᠦᠢ ᠬᠡᠯᠡᠪᠡ᠃
ᠥᠷᠥᠨᠡᠳᠠᠬᠢᠨ᠎ᠤ ᠵᠠᠭᠤᠴᠢᠯᠠᠭᠤᠷ᠎ᠤᠨ ᠬᠢᠨ᠎ᠤ ᠳᠤᠮᠳᠠᠳᠤ ᠤᠯᠤᠰ᠎ᠤᠨ ᠲᠠᠮᠢᠷᠴᠢᠳ᠎ᠤᠨ ᠢᠳᠡᠭᠡᠨ᠎ᠦ ᠪᠣᠬᠢᠷᠲᠤᠯ᠎ᠤᠨ ᠬᠡᠷᠡᠭ᠎ᠲᠦ ᠳᠠᠬᠢᠨ ᠳᠠᠪᠲᠠᠨ ᠵᠠᠭᠤᠷᠠᠯᠳᠤᠵᠤ᠂ ᠬᠥᠭᠡᠷᠦᠭᠦᠯᠬᠦ᠌ ᠡᠮ᠎ᠦᠨ ᠱᠢᠯᠭᠠᠨ ᠪᠠᠢᠴᠠᠭᠠᠯᠲᠠ ᠬᠢᠵᠦ᠍ ᠪᠠᠢᠭ᠎ᠠ ᠠᠱᠢᠭ ᠥᠬᠡᠶ ᠶᠠᠷᠢᠶ᠎ᠠ ᠬᠡᠯᠡᠯᠴᠡᠭᠡᠨ᠎ᠦ ᠡᠮᠦᠨ᠎ᠡ᠂ ᠱᠢᠤᠢ ᠵᠢᠶᠠ ᠢᠦᠶ᠄ 《(ᠥᠷᠥᠨᠡᠳᠠᠬᠢᠨ᠎ᠤ ᠶᠠᠷᠢᠶ᠎ᠠ ᠬᠡᠯᠡᠯᠴᠡᠭᠡ) ᠪᠢᠳᠡᠨ᠎ᠳᠦ ᠠᠪᠴᠤ᠌ ᠬᠡᠯᠡᠪᠡᠯ ᠠᠰᠠᠭᠤᠳᠠᠯ ᠪᠢᠰᠢ᠃ ᠪᠢᠳᠡ ᠶᠡᠷᠦ᠍᠎ᠡᠴᠡ ᠳᠦᠷᠢᠮ᠎ᠢ ᠵᠢᠷᠤᠮᠯᠠᠳᠠᠭ᠂ ᠱᠢᠯᠲᠠᠭ ᠡᠷᠢᠬᠦ᠌ ᠦᠭᠡᠢ᠂ ᠬᠦᠴᠢᠷ ᠪᠡᠷᠬᠡᠱᠢᠶᠡᠯ᠎ᠢ ᠢᠯᠠᠨ ᠳᠠᠪᠠᠬᠤ ᠨᠢ ᠶᠠᠭ ᠲᠠᠢᠯᠠᠯᠳᠤᠭᠠᠨ ᠬᠢᠬᠦ᠌᠎ᠲᠡᠶ ᠠᠳᠠᠯᠢ ᠶᠤᠮ᠃ ᠬᠡᠷᠪᠡ ᠲᠠ ᠳᠤᠮᠳᠠᠳᠤᠴᠤᠳ ᠢ᠋ ᠣᠢᠯᠠᠭᠠᠪᠠᠯ᠂ ᠡᠨᠡ ᠪᠣᠯ ᠪᠢᠳᠡᠨ᠎ᠦ ᠰᠡᠳᠭᠢᠯ᠎ᠳᠦ ᠬᠠᠳᠠᠨᠭᠰᠢᠬᠰᠠᠨ ᠶᠠᠭᠤᠮ᠎ᠠ ᠭᠡᠳᠡᠭ᠎ᠢ ᠮᠡᠳᠡᠵᠦ᠍ ᠪᠣᠯᠤᠨ᠎ᠠ》 ᠭᠡᠵᠤ ᠡᠷᠡᠰ ᠰᠢᠭᠤᠷᠬᠠᠢ ᠬᠠᠷᠢᠭᠤᠯᠪᠠ᠃
ᠴᠢᠨ ᠬᠠᠶ ᠶᠠᠩ᠂ ᠳᠤᠮᠳᠠᠳᠤ ᠤᠯᠤᠰ᠎ᠤᠨ 《ᠮᠡᠯᠡᠬᠡᠶ ᠤᠮᠪᠠᠯᠳᠠ ᠵᠢᠨ ᠸᠠᠩ》᠂ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳᠡᠭᠡᠷ᠎ᠡ ᠬᠢᠷᠢ ᠪᠦᠳᠤᠮᠵᠢ ᠨᠢ ᠰᠡᠳᠬᠢᠯ ᠬᠠᠨᠤᠮᠵᠢ ᠦᠭᠡᠢ ᠪᠠᠢᠵᠤ᠂ ᠵᠠᠯᠭᠠᠭ᠎ᠠ᠎ᠪᠠᠷ 100 ᠮᠧᠲ᠋ᠷ᠎ᠦᠨ ᠮᠡᠯᠡᠬᠡᠶ ᠤᠮᠪᠠᠯᠲᠠ ᠪᠠ 200 ᠮᠧᠲ᠋ᠷ᠎ᠦᠨ ᠮᠡᠯᠡᠬᠡᠶ ᠤᠮᠪᠠᠯᠲᠠ᠎ᠶ᠋ᠢᠨ ᠬᠤᠪᠢ ᠬᠥᠮᠦᠨ᠎ᠦ ᠳᠠᠩ ᠵᠦᠢᠯ᠎ᠦᠨ ᠤᠷᠤᠯᠳᠤᠭᠠᠨ᠎ᠳᠤ ᠢᠯᠠᠬᠳᠠᠪᠠ᠃ ᠭᠡᠪᠡᠴᠦ᠍ ᠬᠣᠶᠠᠷ ᠵᠦᠢᠯ᠎ᠦᠨ ᠪᠤᠤᠬᠢᠶ᠎ᠠ ᠤᠷᠤᠯᠳᠤᠭᠠᠨ᠎ᠳᠤ᠂ ᠲᠡᠷᠡ ᠥᠪᠡᠷ᠎ᠤ᠋ᠨ ᠲᠦᠪᠰᠢᠨ ᠵᠢᠡᠨ ᠪᠠᠳᠠᠷᠠᠭᠤᠯᠵᠤ ᠠᠮᠵᠢᠯᠳᠠ ᠤᠯᠪᠠ᠃
《ᠲᠦᠷᠦᠭᠦᠦ ᠬᠡᠳᠦᠨ ᠡᠳᠦᠷ ᠪᠢ ᠬᠢᠬᠦ᠌ ᠶᠣᠰᠣᠲᠠᠢ ᠠᠵᠢᠯ᠎ᠢᠶᠠᠨ ᠰᠠᠢ᠌ᠨ ᠬᠢᠵᠦ ᠲᠡᠢᠯᠦᠭᠰᠡᠨ ᠦᠭᠡᠢ ᠭᠡᠵᠦ ᠰᠠᠨᠠᠭ᠎ᠠ ᠵᠣᠪᠠᠵᠤ᠂ ᠪᠡᠶ᠎ᠡ᠎ᠪᠡᠨ ᠵᠢᠮᠡᠯᠡᠯᠠ᠃ ᠰᠤᠷᠭᠠᠭ᠍ᠴᠢ ᠪᠣᠯᠤᠨ ᠪᠦᠯᠬᠦᠮ᠎ᠦᠨ ᠭᠡᠱᠢᠭᠦᠨ ᠨᠠᠳᠠ᠎ᠶ᠋ᠢ ᠢᠲᠡᠭᠡᠵᠦ᠂ ᠮᠢᠨᠦ ᠬᠠᠮᠤᠭ ᠬᠦᠴᠢᠷᠲᠡᠯᠲᠡᠢ ᠦᠶ᠎ᠡ᠎ᠳᠤ ᠬᠠᠨᠢ ᠪᠣᠯᠤᠭᠰᠠᠨ ᠳ᠋ᠦ ᠪᠠᠶᠠᠷᠯᠠᠵᠤ ᠪᠠᠢᠨ᠎ᠠ》᠃ ᠴᠢᠨ ᠬᠠᠢ ᠶᠠᠩ᠂ 《ᠪᠢ ᠤᠳᠠᠭ᠎ᠠ ᠪᠦᠷᠢ ᠪᠦᠬᠦ᠌ ᠬᠦᠴᠦ᠍᠎ᠪᠡᠷ᠎ᠢᠶᠡᠨ ᠴᠢᠷᠮᠠᠢᠳᠠᠭ᠂ ᠡᠨᠡ ᠪᠣᠯ ᠤᠷᠤᠯᠳᠤᠭᠠᠨ᠎ᠳᠤ ᠬᠠᠨᠳᠤᠬᠤ ᠶᠣᠰᠣᠲᠠᠢ ᠣᠪᠣᠷ ᠮᠥᠨ᠃ ᠲᠦᠢᠯ᠎ᠤᠨ ᠳᠤᠤᠷ᠎ᠠ ᠬᠢᠷᠢ ᠬᠡᠮᠵᠢᠶ᠎ᠡ᠎ᠡᠴᠡ ᠠᠯᠲᠠᠨ ᠮᠧᠳᠠᠯ ᠤᠯᠬᠤ ᠬᠦᠷᠲᠡᠯ᠎ᠡ᠂ ᠡᠨᠡ ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠪᠣᠯ ᠮᠢᠨᠦ᠍ ᠮᠠᠰᠢ ᠡᠷᠬᠢᠮ ᠨᠠᠨᠳᠢᠨ ᠥᠩᠭᠡᠷᠡᠯᠲᠡ ᠮᠥᠨ》 ᠭᠡᠵᠦ ᠬᠡᠯᠡᠪᠡ᠃
ᠴᠢᠨ ᠬᠠᠶ ᠶᠠᠩ ᠡᠷᠡᠭ᠌ᠲᠡᠶ᠎ᠶ᠋ᠢᠨ ᠤᠮᠪᠠᠯᠲᠠ᠎ᠶᠢᠨ ᠪᠤᠤᠬᠢᠶ᠎ᠠ ᠳᠠᠮᠵᠢᠭᠤᠯᠬᠤ ᠤᠷᠤᠯᠳᠤᠭᠠᠨ᠎ᠳᠤ 57 ᠰᠧᠺᠦ᠋ᠨ᠋ᠳ᠋ 98ᠢ᠋ᠢᠨ ᠬᠢᠷᠢ ᠪᠦᠲᠦᠮᠵᠢ ᠤᠯᠵᠤ᠌᠂ 3 ᠤ᠋ ᠡᠳᠦᠷ᠎ᠦᠨ ᠡᠷᠡᠭ᠌ᠲᠡᠶ ᠡᠮᠡᠭ᠌ᠲᠡᠶ᠎ᠶ᠋ᠢᠨ ᠤᠮᠪᠠᠯᠲᠠ᠎ᠶᠢᠨ ᠪᠤᠤᠬᠢᠶ᠎ᠠ ᠳᠠᠮᠵᠢᠭᠤᠯᠬᠤ ᠤᠷᠤᠯᠳᠤᠭᠠᠨ᠎ᠳᠤ ᠤᠯᠤᠭᠰᠠᠨ 57 ᠰᠧᠺᠦ᠋ᠨ᠋ᠳ᠋ 82 ᠤ᠋ᠨ ᠬᠢᠷᠢ ᠪᠦᠲᠦᠮᠵᠢ ᠡᠴᠡ ᠵᠢᠭᠠᠬᠠᠨ ᠤᠳᠠᠭᠠᠨ ᠪᠣᠯᠵᠠᠶ᠃ ᠤᠷᠤᠯᠳᠤᠭᠠᠨ᠎ᠤ ᠳᠠᠷᠠᠭ᠎ᠠ᠂ ᠴᠢᠨ ᠬᠠᠢ ᠶᠠᠩ ᠥᠪᠡᠷ᠎ᠦᠨ ᠤᠯᠤᠭᠰᠠᠨ ᠬᠢᠷᠢ ᠪᠦᠲᠦᠮᠵᠢ᠎ᠳᠡᠭᠡᠨ ᠬᠠᠨᠤᠮᠵᠢ ᠦᠭᠡᠢ ᠪᠠᠢᠪᠠ᠃ ᠫᠠᠨ ᠵᠠᠨ ᠯᠸ ᠢᠲᠡᠭᠡᠯ ᠵᠤᠷᠢᠭ᠎ᠢ ᠨᠢ ᠬᠦᠪᠴᠢᠯᠡᠨ ᠵᠤᠷᠢᠭᠵᠢᠭᠤᠯᠵᠤ᠄ 《 ᠪᠢᠳᠡ ᠪᠣᠯ ᠮᠠᠩᠯᠠᠢ! ᠬᠠᠨᠤᠮᠵᠢ ᠦᠭᠡᠢ ᠨᠢ ᠥᠭᠡᠷ᠎ᠡ ᠬᠥᠮᠦᠨ ᠪᠠᠢᠬᠤ ᠯᠡ ᠶᠤᠰᠤᠳᠠᠢ! 》 ᠭᠡᠵᠡᠢ᠃
ᠡᠨᠡ ᠪᠣᠯ ᠳᠠᠷᠤᠶ ᠫᠠᠨ ᠵᠠᠨ ᠯᠧ᠂ ᠤᠮᠪᠠᠯᠲᠠ᠎ᠶ᠋ᠢᠨ ᠠᠩᠭᠢ᠎ᠶ᠋ᠢᠨ ᠠᠰᠪᠤᠷ ᠰᠢᠯᠤᠭᠤᠨ ᠵᠠᠩ ᠠᠭᠠᠰᠢ ᠲᠠᠢ ᠲᠠᠮᠢᠷᠴᠢᠨ ᠪᠤᠯᠤᠨ᠎ᠠ᠃ ᠳᠤᠮᠳᠠᠳᠤ ᠤᠯᠤᠰ᠎ᠤᠨ ᠤᠮᠪᠠᠯᠲᠠ᠎ᠶ᠋ᠢᠨ ᠠᠩᠬᠢ᠎ᠶᠢᠨ ᠲᠠᠮᠢᠷᠴᠢᠨ ᠫᠠᠷᠢᠰ᠎ᠲᠤ ᠬᠣᠶᠠᠷ ᠠᠯᠲᠠᠨ ᠮᠧᠳᠠᠯ ᠣᠯᠤᠭ᠍ᠰᠠᠨ ᠳ᠋ᠦ ᠴᠥᠮ ᠲᠡᠭᠦᠨ᠎ᠦ ᠭᠠᠪᠢᠶ᠎ᠠ ᠵᠢᠳᠭᠦᠯ ᠪᠤᠢ᠃
ᠡᠷᠡᠭ᠌ᠲᠡᠶ ᠶ᠋ᠢᠨ 100 ᠮᠧᠲ᠋ᠷ᠎ᠦᠨ ᠴᠢᠯᠥᠭᠡᠲᠦ ᠤᠮᠪᠠᠯᠲᠠ᠎ᠶ᠋ᠢᠨ ᠱᠢᠶ᠋ᠳᠪᠦᠷᠢᠲᠦ ᠤᠷᠤᠯᠳᠤᠭᠠᠨ᠎ᠳᠤ᠂ ᠲᠡᠷᠡ 46 ᠰᠧᠺᠦ᠋ᠨ᠋ᠳ᠋ 40 ᠪᠠᠷ ᠳᠡᠯᠡᠬᠡᠶ᠎ᠶ᠋ᠢᠨ ᠲᠡᠮᠳᠡᠭ᠌ᠯᠡᠯ᠎ᠢ ᠱᠢᠨᠡᠳᠭᠡᠨ ᠮᠠᠩᠯᠠᠢᠯᠠᠵᠤ᠂ ᠠᠮᠧᠷᠢᠺᠠ᠂ ᠠᠦ᠋ᠰᠲ᠋ᠷᠠᠯᠢᠶ᠎ᠠ᠎ᠶ᠋ᠢᠨ ᠲᠠᠮᠢᠷᠴᠢᠳ᠎ᠤᠨ ᠲᠤᠰ ᠲᠦᠷᠦᠯ ᠵᠦᠢᠯ᠎ᠦᠨ ᠨᠣᠶᠠᠷᠬᠠᠯ᠎ᠢ ᠡᠪᠳᠡᠵᠦ᠍ ᠢᠯᠠᠯᠲᠠ ᠣᠯᠵᠠᠶ᠃
ᠡᠷᠡᠭ᠌ᠲᠡᠶ᠎ᠶ᠋ᠢᠨ ᠤᠮᠪᠠᠯᠲᠠ᠎ᠶᠢᠨ ᠪᠤᠤᠬᠢᠶ᠎ᠠ ᠳᠠᠮᠵᠢᠭᠤᠯᠬᠤ ᠱᠢᠶ᠋ᠳᠪᠦᠷᠢᠲᠦ ᠤᠷᠤᠯᠳᠤᠭᠠᠨ᠎ᠳᠤ᠂ ᠫᠠᠨ ᠵᠠᠨ ᠯᠧ ᠬᠠᠮᠤᠭ ᠰᠡᠭᠦᠯ᠎ᠦᠨ ᠪᠤᠤᠬᠢᠶ᠎ᠠ᠎ᠳᠠᠭᠠᠨ ᠬᠦᠮᠦᠰ᠎ᠢ ᠰᠣᠴᠢᠭᠠᠮ᠎ᠠ ᠪᠣᠳᠠᠲᠤ ᠬᠦᠴᠦᠨ᠎ᠢᠶᠡᠨ ᠳᠠᠬᠢᠨᠲᠠ ᠢᠯᠡᠷᠡᠭᠦᠯᠵᠦ᠍᠂ ᠬᠡᠰᠡᠭ ᠬᠤᠭᠤᠴᠠᠭᠠᠨ᠎ᠤ ᠬᠢᠷᠢ ᠪᠦᠲᠦᠮᠵᠢ ᠨᠢ ᠬᠥᠮᠦᠰ᠎ᠢ ᠭᠠᠢᠬᠠᠰᠢ ᠠᠯᠳᠠᠭᠤᠯᠤᠭᠰᠠᠨ 45 ᠰᠧᠺᠦ᠋ᠨ᠋ᠳ᠋ 92 ᠲᠤ᠌ ᠬᠦᠷᠴᠡᠶ᠃
ᠫᠠᠨ ᠵᠠᠨ ᠯᠧ ᠰᠤᠷᠪᠤᠯᠵᠢᠯᠠᠭ᠎ᠠ ᠬᠦᠯᠢᠶᠡᠬᠦ᠌ ᠪᠣᠯᠭᠠᠨ ᠪᠦᠷ ᠪᠠᠷᠳᠠᠮᠨᠠᠬᠤ ᠦᠭᠡᠢ ᠪᠠᠴᠢᠮᠳᠠᠬᠤ ᠦᠭᠡᠢ ᠢᠲᠡᠭᠡᠯ ᠵᠣᠷᠢᠭ᠎ᠢᠶᠠᠨ ᠢᠯᠡᠷᠡᠭᠦᠯᠳᠡᠭ᠂ 《ᠨᠢᠭᠡ ᠵᠢᠯ᠎ᠦᠨ ᠡᠮᠦᠨ᠎ᠡ᠂ ᠡᠨᠡ ᠪᠣᠯ ᠮᠢᠨᠦ᠍ ᠬᠠᠷᠠᠯᠲᠠ᠂ ᠤᠳᠤ ᠪᠣᠯ ᠮᠢᠨᠦ᠍ ᠬᠢᠷᠢ ᠪᠦᠲᠦᠮᠵᠢ᠂ ᠬᠣᠵᠢᠮ ᠨᠠᠩ ᠬᠤᠷᠳᠤᠨ ᠪᠠᠢᠵᠤ ᠮᠠᠭᠠᠳ》᠃
ᠳᠤᠮᠳᠠᠳᠤ ᠤᠯᠤᠰ᠎ᠤᠨ ᠠᠩᠭᠢ ᠠᠯᠲᠠᠨ ᠮᠧᠳᠠᠯ ᠣᠯᠤᠭ᠍ᠰᠠᠨ᠎ᠤ ᠳᠠᠷᠠᠭ᠎ᠠ᠂ 《ᠫᠠᠨ ᠵᠠᠨ ᠯᠧᠳᠦ ᠲᠥᠷᠥᠭ᠌ᠰᠡᠨ ᠡᠳᠦᠷ ᠦᠨ ᠮᠡᠨᠳᠦ ᠬᠦᠷᠭᠡᠶ᠎ᠡ》 ᠭᠡᠬᠦ᠌ ᠶᠠᠷᠢᠶ᠎ᠠ ᠨᠢ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ᠎ᠤᠨ ᠬᠠᠯᠠᠮᠱᠢᠯ ᠶᠠᠷᠢᠶ᠎ᠠ ᠪᠣᠯᠪᠠ᠃ ᠲᠡᠢᠮᠦ᠍ ᠡ᠂ ᠫᠠᠨ ᠵᠠᠨ ᠯᠧ 20 ᠨᠠᠰᠤᠨ᠎ᠤ ᠲᠥᠷᠥᠭ᠌ᠰᠡᠨ ᠡᠳᠦᠷ᠎ᠤᠨ ᠪᠠᠶᠠᠷ᠎ᠤᠨ᠎ᠢᠶᠡᠨ ᠡᠨᠡ ᠡᠳᠦᠷ᠂ ᠬᠥᠮᠦᠨ᠎ᠦ ᠠᠮᠢᠳᠤᠷᠠᠯ᠎ᠤᠨ ᠬᠠᠮᠤᠭ᠎ᠤᠨ ᠴᠢᠬᠤᠯᠠ ᠮᠦᠨ ᠴᠤ᠌ ᠳᠤᠮᠳᠠᠳᠤ ᠤᠯᠤᠰ᠎ᠤᠨ ᠤᠮᠪᠠᠯᠲᠠ᠎ᠶ᠋ᠢᠨ ᠠᠩᠭᠢ᠎ᠶ᠋ᠢᠨ ᠲᠡᠦᠬᠡᠨ ᠳᠡᠭᠡᠷᠡᠬᠢ ᠬᠠᠮᠤᠭ᠎ᠤᠨ ᠴᠢᠬᠤᠯᠠ ᠢᠯᠠᠯᠲᠠ᠎ᠶ᠋ᠢᠨ ᠨᠢᠭᠡ ᠵᠢ ᠤᠭᠳᠤᠨ ᠠᠪᠴᠢᠷᠠᠪᠠ᠃ ᠡᠨᠡ ᠠᠯᠲᠠᠨ ᠮᠧᠳᠠᠯ ᠪᠣᠯ ᠫᠠᠨ ᠵᠠᠨ ᠯᠧᠶ᠋ᠢᠨ ᠥᠪᠡᠷ᠎ᠦᠨ ᠪᠡᠶ᠎ᠡ᠎ᠳᠡᠭᠡᠨ ᠬᠦᠷᠭᠡᠭ᠌ᠰᠡᠨ ᠬᠠᠮᠤᠭ᠎ᠤᠨ ᠦᠨ᠎ᠡ ᠦᠷᠲᠡᠭ ᠲᠠᠢ ᠲᠥᠷᠥᠭ᠌ᠰᠡᠨ ᠡᠳᠦᠷ᠎ᠦᠨ ᠪᠡᠯᠡᠭ ᠪᠣᠯᠤᠨ᠎ᠠ᠃
《ᠨᠢᠭᠡ ᠵᠢᠯ᠎ᠦᠨ ᠡᠮᠦᠨᠡᠬᠢ ᠲᠥᠷᠥᠭ᠌ᠰᠡᠨ ᠡᠳᠦᠷ᠎ᠦᠨ ᠪᠠᠶᠠᠷ᠎ᠲᠠᠭᠠᠨ ᠳᠠᠭᠠᠳᠭᠠᠭᠰᠠᠨ ᠬᠦᠰᠡᠯ ᠨᠢ ᠥᠨᠥᠳᠦᠷ ᠪᠡᠶᠡᠯᠡᠭ᠌ᠳᠡᠯᠡ》᠃ ᠫᠠᠨ ᠵᠠᠨ ᠯᠸ᠄ 《ᠭᠡᠪᠡᠴᠦ᠍ ᠪᠢ ᠥᠨᠥᠳᠦᠷ ᠲᠥᠷᠥᠭ᠌ᠰᠡᠨ ᠡᠳᠦᠷ᠎ᠦᠨ ᠪᠠᠶᠠᠷ᠎ᠢ ᠶᠠᠷᠢᠯᠴᠠᠬᠤ ᠥᠬᠡᠶ᠂ ᠤᠷᠢᠳ᠎ᠢᠶᠡᠷ ᠤᠯᠤᠰ᠎ᠤᠨ ᠲᠥᠯᠥᠭᠡ ᠵᠢᠳᠬᠦᠵᠦ᠍᠂ ᠳᠠᠷᠠᠭ᠎ᠠ ᠨᠢ ᠬᠡᠷ ᠣᠷᠣᠨ᠎ᠢᠶᠠᠨ ᠴᠣᠭ᠍ᠴᠠᠯᠠᠨ᠎ᠠ ᠭᠡᠵᠦ᠍ ᠪᠢ ᠬᠡᠯᠡᠭ᠌ᠰᠡᠭᠡᠷ ᠢᠷᠡᠵᠡᠶ᠃ ᠲᠥᠷᠥᠭ᠌ᠰᠡᠨ ᠡᠳᠦᠷ᠎ᠤᠨ ᠪᠠᠶᠠᠷ ᠪᠣᠯ ᠪᠠᠭ᠎ᠠ ᠶᠠᠪᠤᠳᠠᠯ᠂ ᠣᠯᠠᠨ᠎ᠢᠶᠠᠷ᠎ᠢᠶᠠᠨ ᠬᠠᠮᠲᠤ᠎ᠪᠠᠷ ᠠᠯᠲᠠᠨ ᠮᠧᠳᠠᠯ ᠣᠯᠬᠤ ᠪᠣᠯ ᠰᠠᠶᠢ ᠶᠡᠬᠡ ᠶᠠᠪᠤᠳᠠᠯ ᠮᠥᠨ᠃ ᠤᠮᠪᠠᠯᠲᠠ᠎ᠶ᠋ᠢᠨ ᠠᠩᠭᠢ ᠡᠳᠦᠷ ᠪᠦᠷᠢ ᠲᠡᠦᠬᠡ᠎ᠶ᠋ᠢ ᠡᠭᠦᠳᠦᠨ ᠪᠦᠲᠦᠭᠡᠵᠦ ᠪᠤᠢ》 ᠭᠡᠵᠡᠢ᠃
ᠵᠠᠷᠢᠮ ᠰᠤᠷᠪᠤᠯᠵᠢᠯᠠᠭ᠍ᠴᠢ᠂ ᠠᠮᠧᠷᠢᠺᠠ᠎ᠶ᠋ᠢᠨ ᠠᠩᠭᠢ ᠶ᠋ᠢᠨ ᠡᠴᠢᠨᠡᠭᠡᠨ ᠵᠢᠯ ᠪᠠᠲᠤ ᠰᠠᠬᠢᠭ᠍ᠰᠠᠨ 《ᠵᠢᠭ᠍ᠰᠠᠭᠠᠯ᠎ᠤᠨ ᠭᠠᠵᠠᠷ》 ᠢ᠋ ᠳᠤᠮᠳᠠᠳᠤ ᠤᠯᠤᠰ᠎ᠤᠨ ᠠᠩᠭᠢ 《ᠰᠢᠪᠳᠤᠯᠤᠨ ᠡᠪᠳᠡᠭᠰᠡᠨ》 ᠶᠠᠪᠤᠳᠠᠯ᠎ᠢ ᠬᠡᠷᠬᠢᠨ ᠦᠵᠡᠵᠦ᠍ ᠪᠠᠢᠬᠤ ᠪᠤᠢ? ᠭᠡᠵᠤ ᠠᠰᠠᠭᠤᠭᠰᠠᠨ᠎ᠳᠤ᠂ ᠫᠠᠨ ᠵᠠᠨ ᠯᠧ᠄ 《ᠠᠮᠧᠷᠢᠺᠠ᠎ᠶ᠋ᠢᠨ ᠠᠩᠭᠢ᠎ᠶ᠋ᠢᠨ ᠭᠠᠭᠴᠠᠭᠠᠷ ᠡᠵᠡᠮᠰᠢᠯ ᠡᠪᠳᠡᠭ᠌ᠳᠡᠭ᠌ᠰᠡᠨ ᠶᠠᠪᠤᠳᠠᠯ᠎ᠳᠤ ᠲᠡᠳᠡ ᠥᠪᠡᠷ᠎ᠦᠨ ᠪᠡᠶ᠎ᠡ᠎ᠡᠴᠡ᠎ᠪᠡᠨ ᠱᠢᠯᠲᠠᠭᠠᠨ ᠡᠷᠢᠪᠡᠯ ᠵᠣᠬᠢᠨ᠎ᠠ》 ᠭᠡᠪᠡ᠃
ᠸᠠᠩ ᠴᠠᠩ ᠬᠤᠤ ᠪᠣᠯᠤᠨ ᠰᠦᠨ ᠵᠢᠶᠠ ᠵᠢᠶᠦ᠋ᠨ ᠲᠤᠰ ᠲᠤᠰ ᠪᠡᠯᠡᠳᠭᠡᠯ ᠤᠷᠤᠯᠳᠤᠭᠠᠨ ᠪᠠ ᠱᠢᠢᠳᠪᠦᠷᠢᠲᠦ ᠤᠷᠤᠯᠳᠤᠭᠠᠨ᠎ᠳᠤ ᠡᠷᠪᠡᠬᠡᠶ ᠤᠮᠪᠠᠯᠲᠠ᠎ᠶ᠋ᠢᠨ ᠪᠤᠤᠬᠢᠶ᠎ᠠ ᠳᠠᠮᠵᠢᠭᠤᠯᠤᠭᠴᠢ᠎ᠪᠡᠷ ᠤᠷᠤᠯᠴᠠᠪᠠ᠃ ᠲᠡᠳᠡ ᠴᠥᠮ ᠬᠠᠮᠤᠭ᠎ᠤᠨ ᠰᠠᠢᠨ ᠪᠠᠢᠳᠠᠯ᠎ᠢᠶᠡᠨ ᠦᠵᠡᠭᠦᠯᠵᠦ᠂ ᠳᠠᠷᠤᠯᠲᠠ᠎ᠶ᠋ᠢ ᠲᠤᠯᠵᠤ᠂ ᠡᠷᠡᠭ᠌ᠲᠡᠶ᠎ᠶ᠋ᠢᠨ ᠤᠮᠪᠠᠯᠲᠠ᠎ᠶᠢᠨ ᠪᠤᠤᠬᠢᠶ᠎ᠠ ᠳᠠᠮᠵᠢᠭᠤᠯᠬᠤ ᠤᠷᠤᠯᠳᠤᠭᠠᠨ᠎ᠤ ᠲᠡᠦᠬᠡᠲᠦ ᠴᠢᠨᠠᠷᠲᠠᠶ ᠱᠢᠪᠲᠤᠯᠤᠯᠲᠠ᠎ᠳᠤ ᠬᠦᠴᠦᠨ ᠴᠢᠳᠠᠯ᠎ᠢᠶᠠᠨ ᠡᠷᠭᠦᠪᠡ᠃
ᠡᠷᠡᠭ᠌ᠲᠡᠶ ᠶ᠋ᠢᠨ ᠤᠮᠪᠠᠯᠲᠠ ᠶᠢᠨ ᠪᠤᠤᠬᠢᠶ᠎ᠠ ᠳᠠᠮᠵᠢᠭᠤᠯᠬᠤ ᠱᠢᠶ᠋ᠳᠪᠦᠷᠢᠲᠦ ᠤᠷᠤᠯᠳᠤᠭᠠᠨ᠎ᠳᠤ ᠣᠷᠣᠯᠴᠠᠭ᠍ᠰᠠᠨ ᠠᠮᠧᠷᠢᠺᠠ᠎ᠶ᠋ᠢᠨ ᠲᠠᠮᠢᠷᠴᠢᠨ ᠳ᠋ᠷᠸᠰᠸᠯ᠂ ᠮᠦᠸᠸᠹᠸᠢ ᠴᠥᠮ ᠳᠤᠮᠳᠠᠳᠤ ᠤᠯᠤᠰ᠎ᠤᠨ ᠠᠩᠭᠢ᠎ᠶ᠋ᠢᠨ ᠬᠦᠴᠦᠷᠬᠡᠭᠵᠢᠯ ᠨᠢ ᠡᠨᠡ ᠬᠦ᠌ ᠲᠥᠷᠥᠯ ᠵᠦᠢᠯ᠎ᠳᠦ ᠠᠪᠴᠤ᠌ ᠬᠡᠯᠡᠪᠡᠯ ᠮᠠᠭᠤ ᠶᠠᠪᠤᠳᠠᠯ ᠪᠢᠰᠢ ᠭᠡᠵᠦ᠍ ᠢᠯᠡᠳᠭᠡᠪᠡ᠃
《ᠮᠠᠨ᠎ᠤ ᠬᠠᠷᠠᠯᠲᠠ ᠪᠣᠯ ᠮᠠᠩᠯᠠᠶ ᠪᠣᠯᠤᠨ᠎ᠠ᠂ ᠭᠡᠪᠡᠴᠦ᠍ ᠤᠮᠪᠠᠯᠲᠠ᠎ᠶ᠋ᠢᠨ ᠲᠠᠲᠠᠭᠠᠯ᠎ᠳᠤ ᠪᠠᠰᠠ ᠪᠤᠰᠤᠳ ᠠᠩᠭᠢ ᠨᠣᠶᠠᠷᠬᠠᠬᠤ ᠬᠦᠴᠦᠨ᠎ᠲᠡᠶ᠃ ᠠᠮᠧᠷᠢᠺᠠ ᠪᠣᠯᠤᠨ ᠠᠦ᠋ᠰᠲ᠋ᠷᠠᠯᠢᠶ᠎ᠠ ᠪᠣᠯ ᠮᠥᠨ ᠯᠡ ᠬᠠᠮᠤᠭ᠎ᠤᠨ ᠬᠦᠴᠦᠷᠬᠡᠭ ᠡᠩᠨᠡᠭᠡ ᠮᠥᠨ᠂ ᠭᠡᠪᠡᠴᠦ᠍ ᠡᠨᠡ ᠤᠳᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠠᠴᠠ ᠦᠵᠡᠪᠡᠯ᠂ ᠢᠲ᠋ᠠᠯᠢ᠂ ᠳᠤᠮᠳᠠᠳᠤ ᠤᠯᠤᠰ᠂ ᠹᠷᠠᠨᠼᠢ ᠴᠥᠮ ᠬᠦᠴᠦᠷᠬᠡᠭᠵᠢᠵᠦ ᠪᠠᠢᠨ᠎ᠠ᠃ ᠡᠨᠡ ᠨᠢ ᠮᠠᠭᠤ ᠶᠠᠪᠤᠳᠠᠯ ᠪᠢᠰᠢ᠂ ᠡᠨᠡ ᠬᠥᠳᠡᠯᠭᠡᠭᠡᠨ᠎ᠳᠦ ᠠᠪᠴᠤ᠌ ᠬᠡᠯᠡᠪᠡᠯ ᠰᠠᠢᠨ ᠤᠴᠢᠷ》 ᠭᠡᠵᠦ᠍ ᠮᠦᠸᠸᠹᠧᠢ ᠬᠡᠯᠡᠪᠡ᠃
ᠳᠡᠯᠡᠬᠡᠶ᠎ᠶ᠋ᠢᠨ ᠤᠮᠪᠠᠯᠲᠠ᠎ᠶ᠋ᠢᠨ ᠲᠠᠪᠴᠠᠩ᠎ᠤᠨ ᠪᠠᠢᠷᠢᠱᠢᠯ᠎ᠤᠨ ᠬᠤᠪᠢᠷᠠᠯᠲᠠ᠂ ᠡᠯ᠎ᠡ ᠠᠩᠭᠢ᠎ᠶ᠋ᠢᠨ ᠬᠠᠷᠢᠯᠴᠠᠨ ᠦᠷᠢᠰᠦᠯᠳᠦᠬᠦ ᠶᠠᠪᠤᠴᠠ᠎ᠳᠤ᠂ ᠳᠤᠮᠳᠠᠳᠤ ᠤᠯᠤᠰ᠎ᠤᠨ ᠠᠩᠭᠢ ᠬᠦᠴᠢᠷ ᠪᠡᠷᠬᠡᠱᠢᠶᠡᠯ᠎ᠲᠡᠶ ᠨᠢᠭᠡ ᠤᠳᠠᠭᠠᠨ᠎ᠤ ᠳᠠᠢᠯᠠᠯᠳᠤᠭᠠᠨ᠎ᠳᠤ ᠢᠯᠠᠯᠲᠠ ᠣᠯᠵᠤ᠂ ᠪᠡᠯᠭᠡ ᠲᠡᠮᠳᠡᠭ᠎ᠦᠨ ᠠᠴᠢ ᠬᠣᠯᠪᠣᠭ᠍ᠳᠠᠯ ᠪᠦᠬᠦᠢ ᠢᠯᠠᠯᠲᠠ᠎ᠶ᠋ᠢ ᠣᠯᠪᠠ᠃
(ᠱᠢᠨᠬᠤᠸᠠ ᠬᠣᠷᠢᠶᠠᠨ᠎ᠤ ᠫᠠᠷᠢᠰ᠎ᠤᠨ 8 ᠰᠠᠷ᠎ᠠ᠎ᠶ᠋ᠢᠨ 4 ᠤ᠋ ᠴᠠᠬᠢᠯᠭᠠᠨ ᠮᠡᠳᠡᠭᠡ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃