ᠫᠠᠷᠢᠰ᠎ᠤ᠋ᠨ ᠣᠯᠧᠮᠫᠢᠺ᠎ᠦ᠋ᠨ ᠲᠠᠮᠢᠷ᠎ᠤ᠋ᠨ ᠴᠤᠭᠯᠠᠭᠠᠨ > ᠮᠡᠳᠡᠭᠡᠯᠡᠯ

2024-08-14 09:46:30

ᠵᠣᠬᠢᠶᠠᠭ᠍ᠴᠢ᠄ ᠰᠠᠷᠠᠭᠤᠯᠬᠠᠨ᠂ ᠰᠡᠷᠬᠦᠯᠡᠨᠭᠴᠡᠴᠡᠭ ᠣᠩᠱᠢᠭ᠍ᠰᠠᠨ ᠣᠳᠠᠭ᠎ᠠ᠄ 3

8 ᠰᠠᠷ᠎ᠠ ᠵᠢᠨ 11᠎ᠤ ᠡᠳᠦᠷ᠂ ᠭᠤᠴᠢᠨ ᠭᠤᠷᠪᠠᠳᠤᠭᠠᠷ ᠬᠤᠭᠤᠴᠠᠭᠠᠨ᠎ᠤ ᠵᠤᠨ᠎ᠤ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭᠯᠠᠭᠠᠨ ᠦᠨᠳᠦᠷᠯᠡᠵᠦ᠂ ᠮᠠᠨ᠎ᠤ ᠤᠷᠤᠨ᠎ᠤ ᠲᠠᠮᠢᠷᠴᠢᠨ ᠶᠡᠩ ᠯᠢᠤ ᠡᠮᠡᠭᠳᠡᠢ ᠵᠢᠨ 66 ᠺᠢᠯᠦᠭᠷᠠᠮ᠎ᠤᠨ ᠪᠤᠺᠰ᠎ᠤᠨ ᠲᠡᠮᠡᠴᠡᠭᠡᠨ᠎ᠳᠤ ᠮᠦᠨᠭᠭᠦᠨ ᠮᠸᠲᠠᠯ᠂ ᠯᠢ ᠴᠢᠶᠠᠨ ᠡᠮᠡᠭᠳᠡᠢ ᠵᠢᠨ 75 ᠺᠢᠯᠦᠭᠷᠠᠮ᠎ᠤᠨ ᠲᠡᠰ᠎ᠤᠨ ᠪᠤᠺᠰ᠎ᠤᠨ ᠲᠡᠮᠡᠴᠡᠭᠡᠨ᠎ᠳᠤ ᠠᠯᠲᠠᠨ ᠮᠸᠳᠠᠯ᠂ ᠨᠢᠤ ᠭᠤᠸᠠᠩ ᠱᠸᠩ ᠡᠷᠡᠭᠳᠡᠢ ᠵᠢᠨ 4×200 ᠮᠸᠲᠷ᠎ᠤᠨ ᠴᠢᠯᠦᠭᠡᠲᠤ ᠤᠮᠪᠠᠯᠲᠠ ᠵᠢᠨ ᠪᠡᠯᠡᠳᠭᠡᠯ ᠤᠷᠤᠯᠳᠤᠭᠠᠨ᠎ᠳᠤ ᠤᠷᠤᠯᠴᠠᠵᠤ᠂ ᠬᠤᠶᠠᠳᠤᠭᠠᠷ ᠪᠤᠤᠬᠢᠶ᠎ᠠ ᠵᠢ ᠲᠠᠮᠵᠢᠭᠤᠯᠤᠨ ᠰᠢᠢᠳᠪᠦᠷᠢᠲᠦ ᠤᠷᠤᠯᠳᠤᠭᠠᠨ᠎ᠳᠤ ᠲᠡᠪᠰᠢᠵᠦ᠂ ᠵᠢᠷᠭᠤᠭᠠᠨ ᠠᠨᠭᠬᠠᠳᠠᠭᠴᠢ ᠵᠢ ᠪᠡᠶᠡᠯᠡᠭᠦᠯᠦᠨ᠂ ᠭᠠᠨᠵᠤᠭ᠎ᠠ ᠲᠦᠭᠦᠷᠡᠩ ᠪᠤᠴᠠᠵᠤ ᠢᠷᠡᠯ᠎ᠡ᠃


QQ20240814-094532.png


ᠤᠯᠢᠮᠫᠢᠺ᠎ᠤᠨ ᠲᠠᠮᠢᠷᠴᠢᠳ ᠵᠢᠨᠨ ᠤᠭᠳᠤᠨ᠎ᠠ


QQ20240814-094519.png


ᠶᠠᠩ ᠯᠢᠤ ᠵᠢᠨ ᠠᠪᠤ ᠡᠵᠢ ᠂ ᠠᠨᠳᠠ ᠨᠠᠢᠵᠠ ᠨᠠᠷ ᠨᠢ ᠤᠷᠤᠯᠳᠤᠭᠠᠨ᠎ᠢ ᠰᠤᠨᠢᠷᠬᠠᠨ᠎ᠠ


QQ20240814-094552.png


ᠯᠢ ᠴᠢᠶᠠᠨ ᠠᠯᠳᠠᠨ ᠮᠸᠳᠠᠯ ᠭᠠᠷᠳᠠᠯ᠎ᠠ


ᠦᠪᠤᠷ ᠮᠤᠨᠭᠭᠤᠯ᠎ᠤᠨ ᠲᠠᠮᠢᠷᠴᠢᠳ 《ᠲᠡᠰᠪᠦᠷᠢ ᠬᠠᠳᠠᠭᠤᠵᠢᠯᠳᠠᠢ ᠂ᠴᠤᠴᠠᠯᠲᠠ ᠦᠭᠡᠢ ᠤᠷᠤᠭᠰᠢᠯᠠᠵᠤ᠂ ᠵᠤᠷᠢᠬᠰᠠᠨ ᠎ᠳᠠᠭᠠᠨ ᠵᠠᠪᠠᠯ ᠬᠦᠷᠬᠦ》 ᠮᠤᠨᠭᠭᠤᠯ ᠮᠤᠷᠢᠨ᠎ᠤ ᠵᠤᠷᠢᠭ ᠰᠠᠨᠠᠭ᠎ᠠ ᠵᠢ ᠬᠦᠢᠴᠡᠳ ᠪᠠᠳᠠᠷᠠᠭᠤᠯᠤᠨ᠂ ᠤᠯᠤᠰ ᠤᠷᠤᠨ᠎ᠳᠠᠭᠠᠨ ᠡᠷᠬᠢᠮ ᠲᠡᠭᠡᠳᠤ ᠢᠷᠠᠭᠤ ᠠᠯᠳᠠᠷ᠎ᠢ ᠲᠡᠮᠡᠴᠡᠨ ᠤᠯᠵᠠᠢ᠃


QQ20240814-094505.png


ᠨᠢᠤ ᠭᠤᠸᠠᠩ ᠱᠸᠨᠭ ᠤᠷᠤᠯᠳᠤᠭᠠᠨ ᠎ᠳᠤ


QQ20240814-094543.png


ᠤᠯᠢᠮᠫᠢᠺ᠎ᠤᠨ ᠲᠠᠮᠢᠷᠴᠢᠳ ᠨᠤᠳᠤᠭ ᠪᠤᠴᠠᠯ᠎ᠠ


ᠯᠢ ᠴᠢᠶᠠᠨ᠂ ᠶᠠᠩ ᠯᠢᠤ ᠡᠮᠡᠭᠲᠠᠢ ᠵᠢᠨ ᠪᠤᠺᠰ᠎ᠤᠨ ᠲᠡᠮᠡᠴᠡᠭᠡᠨ᠎ᠳᠤ ᠦᠷᠢᠰᠦᠯᠳᠦᠨ᠂ ᠠᠨᠭᠬ᠎ᠠ ᠤᠳᠠᠭ᠎ᠠ ᠨᠢᠭᠡ ᠲᠦᠷᠦᠯ᠎ᠤᠨ ᠤᠷᠤᠯᠳᠤᠭᠠᠨ᠎ᠳᠤ ᠬᠤᠶᠠᠷ ᠲᠠᠮᠢᠷᠴᠢᠨ ᠤᠷᠤᠯᠴᠠᠭᠰᠠᠨ᠂ ᠬᠤᠶᠠᠭᠤᠯᠠ ᠪᠡᠨ ᠮᠸᠳᠡᠯ ᠲᠤᠰᠤᠭᠰᠠᠨ ᠵᠡᠷᠭᠡ ᠠᠨᠭᠬᠠᠳᠠᠭᠴᠢ ᠵᠢ ᠪᠡᠶᠡᠯᠡᠭᠦᠯᠦᠭᠰᠡᠨ ᠵᠢᠡᠷ ᠪᠠᠷᠠᠬᠤ ᠦᠭᠡᠢ᠂ ᠤᠨᠴᠠᠭᠠᠢᠯᠠᠨ ᠯᠢ ᠴᠢᠶᠠᠨ ᠠᠯᠳᠠᠨ ᠮᠸᠳᠡᠯ ᠰᠢᠬᠦᠷᠴᠤ᠂ ᠪᠦᠬᠦ ᠠᠯᠳᠠᠨ ᠮᠸᠳᠡᠯ᠎ᠢ ᠪᠦᠷᠢᠯᠳᠦᠭᠦᠯᠦᠭᠰᠡᠨ ᠲᠤᠮᠳᠠᠳᠤ ᠤᠯᠤᠰ᠎ᠤᠨ ᠠᠨᠭᠬᠠᠨ᠎ᠤ ᠪᠤᠺᠰᠴᠢᠨ᠂ ᠭᠤᠷᠪᠠ ᠤᠳᠠᠭᠠᠨ᠎ᠤ ᠤᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠭᠤᠷᠪᠠᠨ ᠮᠸᠳᠡᠯ ᠤᠯᠤᠭᠰᠠᠨ ᠮᠠᠨ᠎ᠤ ᠤᠯᠤᠰ᠎ᠤᠨ ᠠᠨᠭᠬᠠᠳᠠᠭᠴᠢ ᠡᠮᠡᠭᠳᠡᠢ ᠪᠤᠺᠰᠴᠢᠨ᠂ ᠬᠢᠯᠢ ᠵᠢᠨ ᠭᠠᠳᠠᠨ᠎ᠠ ᠪᠤᠯᠤᠭᠰᠠᠨ ᠤᠯᠢᠮᠫᠢᠺ᠎ᠤᠨ ᠲᠠᠮᠢᠷ᠎ᠤᠨ ᠴᠤᠭᠯᠠᠭᠠᠨ᠎ᠤ ᠮᠠᠨ᠎ᠤ ᠤᠷᠤᠨ᠎ᠤ ᠠᠨᠭᠬᠠᠨ᠎ᠤ ᠠᠯᠲᠠᠨ ᠮᠸᠳᠡᠯ᠎ᠤᠨ ᠡᠵᠡᠨ᠂ ᠤᠯᠢᠮᠫᠢᠺ᠎ᠤᠨ ᠲᠠᠮᠢᠷ᠎ᠤᠨ ᠴᠤᠭᠯᠠᠭᠠᠨ ᠡᠴᠡ ᠠᠯᠳᠠᠨ ᠮᠸᠳᠡᠯ ᠠᠪᠤᠭᠰᠠᠨ ᠠᠨᠭᠬᠠᠨ᠎ᠤ ᠦᠪᠤᠷ ᠮᠤᠨᠭᠭᠤᠯ᠎ᠤᠨ ᠡᠮᠡᠭᠳᠡᠢ ᠲᠠᠮᠢᠷᠴᠢᠨ ᠪᠤᠯᠤᠭᠰᠠᠨ ᠵᠡᠷᠭᠡ ᠵᠢᠷᠭᠤᠭᠠᠨ ᠠᠨᠭᠬᠠᠳᠠᠭᠴᠢ ᠵᠢ ᠪᠡᠶᠡᠯᠡᠭᠦᠯᠵᠦ᠂ ᠦᠪᠤᠷ ᠮᠤᠨᠭᠭᠤᠯ᠎ᠤᠨ ᠪᠡᠶ᠎ᠡ ᠵᠢᠨ ᠲᠠᠮᠢᠷ᠎ᠤᠨ ᠦᠢᠯᠡᠰ ᠲᠤ᠌ ᠬᠦᠰᠢᠶ᠎ᠡ ᠲᠤᠷᠠᠰᠬᠠᠯ᠎ᠤᠨ ᠠᠴᠢ ᠬᠤᠯᠪᠤᠭᠳᠠᠯ ᠲᠠᠢ ᠭᠠᠪᠢᠶ᠎ᠠ ᠵᠢ ᠪᠠᠢᠭᠤᠯᠤᠭᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面